ᠤᠪᠤᠭ᠎ᠠ ᠲᠠᠬᠢᠬᠤ ᠶᠤᠰᠤ ᠪᠠ ᠶᠠᠪᠤᠴᠠ
ᠨᠡᠶᠢᠲᠡᠯᠡᠭᠰᠡᠨ ᠴᠠᠭ᠄
2017/10/10
   ᠤᠪᠤᠭᠠᠨ ᠲᠠᠬᠢᠯᠭ᠎ᠠ ᠶᠢ ᠲᠤᠬᠢᠯᠢᠭ ᠪᠡᠯᠡᠳᠭᠡᠬᠦ ᠶᠢᠨ ᠲᠤᠰᠠᠳᠠ᠂ ᠵᠢᠯ ᠪᠦᠷᠢ ᠶᠢᠨ ᠤᠪᠤᠭᠠᠨ ᠲᠠᠬᠢᠯᠭ᠎ᠠ ᠪᠤᠯᠬᠤ ᠳᠤ  ᠯᠠᠮᠠ ᠬᠤᠪᠢᠯᠭᠠᠨ ᠴᠤᠭᠯᠠᠷᠠᠵᠤ ᠨᠤᠮ ᠤᠩᠰᠢᠵᠤ ᠪᠦᠳᠦᠭᠡᠯᠭᠡ ︵ᠪᠦᠳᠦᠭᠡᠬᠦ︶ ᠵᠡᠷᠭᠡ ᠶᠢᠨ ᠦᠢᠯᠡ ᠶᠢ ᠬᠢᠵᠤ᠂ ᠳ᠋ᠧᠩᠯᠤ ᠡᠯᠭᠦᠵᠤ᠂ ᠬᠦᠵᠢ ᠵᠤᠯᠠ ᠤᠨᠳᠠᠷᠠᠭᠠᠳᠠᠭ ᠦᠭᠡᠢ᠃ ᠲᠠᠬᠢᠭᠠᠳ ᠬᠡᠯᠡᠪᠡᠯ᠂ ᠤᠪᠤᠭᠠᠨ ᠤ ᠲᠠᠬᠢᠯᠭ᠎ᠠ ᠨᠢ ᠭᠠᠭᠴᠠ ᠭᠠᠵᠠᠷ  ᠤᠰᠤ ᠶᠢ ᠲᠠᠬᠢᠵᠤ ᠪᠠᠶᠢᠭ᠎ᠠ ᠪᠢᠰᠢ᠂ ᠬᠠᠷᠢᠨ ᠲᠡᠭᠷᠢ᠂ ᠤᠳᠤᠨ ᠭᠠᠷᠠᠭ᠂ ᠲᠡᠭᠡᠳᠦᠰ  ᠂ ᠰᠦᠨᠡᠰᠦ ᠶᠢ ᠴᠦᠮ ᠲᠠᠬᠢᠳᠠᠭ ᠪᠦᠭᠡᠳ ᠤᠪᠤᠭᠠᠨ ᠳᠤ ᠪᠠᠨ ᠦᠴᠢᠭ ᠲᠠᠭᠠᠳᠬᠠᠯ ᠬᠢᠳᠡᠭ ᠪᠠᠶᠢᠨ᠎ᠠ᠃ ᠲᠡᠭᠡᠬᠦ ᠳᠤ ᠪᠠᠨ ᠲᠡᠳᠡᠭᠡᠷ ᠪᠠᠶᠢᠭᠠᠯᠢ ᠶᠢᠨ ᠪᠤᠳᠠᠰ ᠢ ᠭᠠᠭᠴᠠ ᠭᠠᠭᠴᠠ ᠪᠠᠷ ᠨᠢ ᠰᠢᠳᠦᠵᠤ ᠲᠠᠬᠢᠬᠤ ᠪᠢᠰᠢ᠂ ᠬᠠᠷᠢᠨ  ᠪᠠᠶᠢᠭᠠᠯᠢ ᠶᠢᠨ ᠤᠯᠠᠨ ᠲᠠᠬᠢᠯᠭ᠎ᠠ ᠶᠢ ᠤᠪᠤᠭᠠᠨ ᠲᠡᠭᠡᠷ᠎ᠠ ᠲᠦᠪᠯᠡᠷᠡᠭᠦᠯᠵᠤ ᠲᠠᠬᠢᠳᠠᠭ᠃ ᠤᠪᠤᠭᠠᠨ ᠤ ᠲᠠᠬᠢᠯᠭ᠎ᠠ ᠡᠬᠢᠯᠡᠬᠦ ᠦᠶ᠎ᠠ ᠳᠤ ᠲᠠᠬᠢᠯᠭ᠎ᠠ ᠳᠤ ᠤᠷᠤᠯᠴᠠᠬᠤ ᠪᠠᠷ ᠢᠷᠡᠭᠰᠡᠨ ᠤᠪᠤᠭᠠᠨ ᠳᠤ ᠪᠠᠨ ᠮᠦᠷᠬᠦᠬᠦ ᠶᠢᠨ ᠤᠷᠢᠳ ᠤᠪᠤᠭᠠᠨ ᠤ ᠲᠠᠬᠢᠯᠭ᠎ᠠ ᠶᠢᠨ ᠦᠴᠢᠭ ᠤᠩᠰᠢᠵᠤ᠂ ᠨᠤᠳᠤᠭ ᠤᠰᠤᠨ ᠤ ᠰᠠᠬᠢᠭᠤᠰᠤ᠂ ᠲᠡᠭᠷᠢ ᠳᠤ ᠰᠦᠰᠦᠭᠯᠡᠨ ᠮᠦᠷᠭᠦᠵᠤ ᠤᠪᠤᠭᠠᠨ ᠳᠤ ᠪᠠᠨ ᠪᠤᠷᠭᠠᠰᠤ᠂ ᠴᠢᠯᠠᠭᠤ ᠵᠡᠷᠭᠡ ᠶᠢ ᠨᠡᠮᠡᠷᠢᠯᠡᠭᠡᠳ ᠲᠠᠷᠠᠭ᠎ᠠ ᠨᠢ ᠠᠪᠴᠢᠷᠠᠭᠰᠠᠨ ᠲᠡᠭᠡᠵᠢ ᠪᠠᠨ ᠤᠪᠤᠭᠠᠨ ᠳᠤ ᠡᠷᠭᠦᠬᠦ ᠦᠶ᠎ᠠ ᠳᠤ ᠲᠠᠭᠠᠳᠬᠠᠯ ᠤᠩᠰᠢᠳᠠᠭ᠃                   ᠤᠪᠤᠭᠠᠨ ᠤ ᠦᠴᠢᠭ ︵ᠲᠠᠬᠢᠯᠭ᠎ᠠ︶ ᠨᠢ ᠭᠤᠤᠯᠳᠠᠭᠤ ᠲᠡᠭᠷᠢ ︵ᠤᠳᠤᠨ ᠭᠠᠷᠠᠭ︶᠂ ᠭᠠᠵᠠᠷ ᠪᠠ ᠨᠤᠳᠤᠭ ᠤᠰᠤᠨ ᠤ ᠰᠠᠶᠢᠨ ᠰᠠᠶᠢᠬᠠᠨ ᠢ ᠵᠢᠷᠤᠭᠯᠠᠨ ᠲᠦᠷᠰᠦᠯᠡᠬᠦ᠂ ᠮᠦᠨ ᠲᠡᠭᠦᠨ ᠤ ᠭᠠᠪᠢᠶ᠎ᠠ ᠵᠢᠳᠭᠦᠯ ᠢ ᠢᠷᠦᠭᠡᠨ ᠮᠠᠭᠳᠠᠵᠤ ᠰᠢᠯᠦᠭᠯᠡᠨ᠂ ᠦᠪᠡᠷᠰᠡᠳ ᠤᠨ ᠢᠶᠠᠨ ᠡᠩᠭᠡ ᠮᠡᠨᠳᠦ᠂ ᠡᠯᠪᠡᠭ ᠪᠠᠶᠠᠨ ᠠᠮᠢᠳᠤᠷᠠᠯ ᠪᠠ ᠠᠵᠠ ᠵᠢᠷᠭᠠᠯ ᠢ ᠵᠦᠩᠨᠡᠨ  ᠪᠡᠯᠭᠡᠳᠡᠭᠰᠡᠨ ᠠᠭᠤᠯᠭ᠎ᠠ ᠲᠠᠢ ᠪᠠᠶᠢᠳᠠᠭ᠃ ᠤᠪᠤᠭᠠᠨ ᠤ ᠲᠠᠭᠠᠳᠬᠠᠯ ᠨᠢ ᠭᠤᠤᠯᠳᠠᠭᠤ ᠲᠠᠬᠢᠯᠭ᠎ᠠ ᠳᠤ ᠤᠷᠤᠯᠴᠠᠭᠰᠠᠳ ᠦᠪᠡᠷ ᠤᠨ ᠰᠠᠳᠤᠨ ᠲᠦᠷᠦᠯ᠂ ᠠᠶᠢᠯ  ᠠᠶᠢᠮᠠᠭ᠂ ᠤᠪᠤᠭ ᠤᠭᠰᠠᠭᠠᠳᠠᠨ ᠤ ᠪᠠᠨ ᠬᠠᠷᠢ ᠶᠢᠨ ᠲᠠᠶᠢᠰᠤᠨ ᠤ ᠠᠶᠤᠯ ᠦᠭᠡᠢ᠂ ᠡᠷᠡᠭᠦᠯ ᠡᠩᠭᠡ ᠪᠦᠭᠡᠳ ᠨᠤᠳᠤᠭ ᠤᠰᠤ ᠨᠢ ᠬᠤᠷ᠎ᠠ ᠪᠤᠷᠤᠭᠠᠨ ᠲᠠᠢ ᠦᠩᠰᠢᠭ ᠰᠠᠶᠢᠬᠠᠨ ᠪᠠᠶᠢᠬᠤ ᠶᠢ ᠵᠦᠩᠨᠡᠵᠤ᠂ ᠮᠦᠨ ᠲᠡᠳᠡᠭᠡᠷ ᠤᠨ ᠠᠯᠢᠪᠠ ᠠᠵᠢᠯ ᠦᠢᠯᠡᠰ ᠤᠨ ᠦᠭᠡᠳᠡ ᠡᠰᠡᠷᠡᠭ᠂ ᠦᠪᠡᠷ ᠤᠨ ᠠᠯᠢᠪᠠ ᠦᠢᠯᠡᠰ ᠰᠡᠳᠬᠢᠯᠴᠢᠯᠡᠨ ᠪᠦᠳᠦᠬᠦ᠂ ᠠᠴᠢᠷ ᠬᠡᠦᠭᠡᠳ ᠨᠤᠮ ᠰᠤᠷᠭᠠᠯ ᠲᠠᠢ ᠪᠠᠶᠢᠬᠤ ᠵᠡᠷᠭᠡ ᠶᠢ ᠵᠠᠯᠪᠠᠷᠢᠨ ᠲᠠᠭᠠᠳᠬᠠᠭᠰᠠᠨ ᠠᠭᠤᠯᠭ᠎ᠠ ᠲᠠᠢ ᠪᠠᠶᠢᠳᠠᠭ᠃ ᠤᠪᠤᠭ᠎ᠠ ᠶᠢ ᠲᠠᠬᠢᠬᠤ ᠳᠤ ᠦᠴᠢᠭ ᠲᠠᠭᠠᠳᠬᠠᠯ ᠨᠢ ᠦᠨᠳᠦᠰᠦᠨ ᠳᠤ ᠪᠠᠨ ᠠᠳᠠᠯᠢ ᠪᠠᠶᠢᠳᠠᠭ ᠪᠤᠯᠪᠠᠴᠤ ᠭᠠᠩ ᠭᠠᠴᠢᠭ ᠲᠠᠢ ᠵᠢᠯ ᠪᠤᠯ ᠯᠠᠮᠠ ᠨᠠᠷ ᠢᠶᠠᠷ  ᠨᠤᠮ ᠤᠩᠰᠢᠭᠤᠯᠵᠤ ᠲᠡᠭᠷᠢ ᠪᠤᠷᠬᠠᠨ ᠠᠴᠠ ᠪᠤᠷᠤᠭᠠᠨ ᠬᠠᠶᠢᠷᠠᠯᠠᠬᠤ ᠶᠢ ᠭᠤᠶᠤᠵᠤ ᠮᠦᠷᠭᠦᠯ ᠲᠠᠭᠠᠳᠬᠠᠯ ᠬᠢᠳᠡᠭ᠃ ᠢᠩᠬᠢᠭᠰᠡᠨ ᠤ ᠲᠠᠷᠠᠭ᠎ᠠ ᠤᠪᠤᠭᠠᠨ ᠤ ᠲᠠᠬᠢᠯᠭ᠎ᠠ ᠶᠢᠨ ᠲᠠᠭᠠᠭᠠᠮᠠᠯ ᠪᠤᠶᠤ ᠨᠤᠳᠤᠭ ᠤᠨ ᠠᠬᠠᠯᠠᠭᠴᠢ ᠨᠢ ᠵᠢᠯ ᠲᠤᠷᠰᠢᠬᠢ ᠨᠤᠳᠤᠭ ᠤᠷᠤᠨ ᠤ ᠭᠡᠷᠡᠭ ᠵᠢᠭᠤᠷᠠᠭᠠᠨ᠂ ᠬᠡᠷ ᠪᠦᠯᠢ ᠶᠢᠨ ᠪᠠ ᠠᠶᠢᠯ ᠠᠶᠢᠮᠠᠭ ᠤᠨ ᠡᠪᠳᠡᠷᠡᠯ ᠬᠠᠭᠠᠴᠠᠯ ᠢ ᠰᠢᠳᠤᠷᠭᠤ ᠪᠠᠷ ᠰᠢᠢᠳᠪᠤᠷᠢᠯᠡᠵᠤ ᠲᠠᠰᠤᠯᠤᠭᠠᠳ ᠭᠡᠷᠡᠭ ᠲᠤ ᠰᠢᠢᠳᠭᠡᠭᠳᠡᠭᠰᠡᠳ ᠢ ᠤᠪᠤᠭᠠᠨ ᠳᠤ ᠮᠦᠷᠭᠦᠭᠦᠯᠵᠤ ᠵᠠᠷᠭᠤ ᠲᠠᠰᠤᠯᠳᠠᠭ᠃ ᠢᠢᠮᠦᠷᠭᠦᠤ ᠵᠠᠩᠰᠢᠯ ᠰᠡᠭᠦᠯᠳᠡᠵᠤ ᠦᠨᠳᠦᠰᠦᠨ ᠳᠤ ᠪᠠᠨ ᠬᠠᠶᠠᠭᠳᠠᠭᠰᠠᠨ ᠪᠠᠶᠢᠨ᠎ᠠ᠃ ᠢᠩᠬᠢᠭᠡᠳ ︽ᠤᠪᠤᠭᠠᠨ ᠤ ᠰᠤᠭ︾ ᠢ ᠤᠪᠤᠭᠠᠨ ᠳᠤ ᠲᠡᠭᠡᠵᠢᠯᠡᠭᠦᠯᠦᠭᠰᠡᠨ ᠤ ᠲᠠᠷᠠᠭ᠎ᠠ ᠤᠪᠤᠭᠠᠨ ᠤ ᠨᠠᠶᠢᠷ ᠡᠬᠢᠯᠡᠨ᠎ᠠ᠃                   ᠤᠪᠤᠭᠠᠨ ᠤ ᠨᠠᠶᠢᠷ ᠤᠨ ᠭᠤᠤᠯ ᠠᠭᠤᠯᠭ᠎ᠠ ᠨᠢ ᠤᠪᠤᠭᠠᠨ ᠤ ᠦᠴᠢᠭ ᠲᠠᠭᠠᠳᠬᠠᠯ ᠬᠢᠬᠦ ᠪᠠ ︽ᠡᠷ᠎ᠠ ᠶᠢᠨ ᠭᠤᠷᠪᠠᠨ ᠨᠠᠭᠠᠳᠤᠮ︾ ᠶᠤᠮ᠃ ᠮᠤᠷᠢ ᠤᠷᠤᠯᠳᠤᠬᠤ ᠳᠤ ᠪᠠᠨ ᠠᠵᠢᠷᠭ᠎ᠠ ᠪᠠ ᠠᠭᠳᠠ ᠮᠤᠷᠢᠳ ᠢ ᠤᠷᠤᠯᠳᠤᠭᠤᠯᠬᠤ ᠪᠤᠯᠪᠠᠴᠤ ᠠᠭᠳᠠ ᠮᠤᠷᠢᠳ ᠢ ᠠᠵᠢᠷᠭ᠎ᠠ ᠲᠠᠢ ᠨᠡᠶᠢᠯᠡᠭᠦᠯᠬᠦ ᠦᠭᠡᠢ ᠪᠠᠷ ᠠᠰ ᠲᠤ ᠨᠢ ᠤᠷᠤᠯᠳᠤᠭᠤᠯᠤᠭᠠᠳ ᠬᠤᠷᠳᠤᠨ ᠮᠤᠷᠢᠳ ᠢ ᠰᠢᠯᠭᠠᠷᠠᠭᠤᠯᠳᠠᠭ᠃ ᠡᠭᠦᠨ ᠤ ᠲᠠᠭᠠᠤ ᠵᠢᠷᠤᠭ᠎ᠠ ᠮᠤᠷᠢᠳ ᠢ ᠰᠢᠯᠭᠠᠷᠠᠭᠤᠯᠳᠠᠭ᠃ ᠲᠡᠷᠢᠭᠦᠯᠡᠭᠰᠡᠨ ᠮᠤᠷᠢᠳ ᠲᠤ ᠤᠪᠤᠭᠠᠨ ᠤ ᠲᠠᠬᠢᠯᠭ᠎ᠠ ᠶᠢᠨ ᠲᠠᠭᠠᠭᠠᠮᠠᠯ ᠠᠴᠠ ᠱᠠᠩᠨᠠᠯ ᠬᠦᠷᠳᠡᠭᠡᠨ᠎ᠠ᠃ ᠪᠦᠭᠡ ᠨᠢ ᠭᠤᠤᠯᠳᠠᠭᠤ ᠤᠷᠳᠤᠰ ᠪᠦᠭᠡ ᠮᠦᠷᠦ᠋ᠢᠴᠡᠵᠤ᠂ ᠲᠡᠷᠢᠭᠦᠨ᠂ ᠲᠡᠳ᠋᠂ ᠰᠢᠷᠤᠢ ᠶᠢᠨ ᠪᠦᠭᠡ ᠳᠤ ᠱᠠᠩᠨᠠᠯ ᠤᠯᠭᠤᠨ᠎ᠠ᠃  ᠬᠤᠰᠢᠭᠤ ᠲᠡᠰ ᠤᠨ ᠤᠪᠤᠭᠠᠨ ᠤ ᠲᠠᠬᠢᠯᠭ᠎ᠠ ᠲᠡᠭᠡᠷ᠎ᠠ  ᠪᠦᠭᠡ ᠲᠠᠷᠬᠠᠯᠠᠬᠤ ᠶᠤᠰᠤᠨ ᠪᠠᠶᠢᠳᠠᠭ᠃ ᠨᠤᠮᠤ ᠰᠤᠮᠤ  ᠬᠠᠷᠪᠤᠬᠤ ᠨᠢ ᠪᠠᠰᠠ ᠭᠤᠷᠪᠠᠨ ᠲᠡᠰ‌‍ᠤᠨ ᠱᠠᠩᠨᠠᠯ ᠲᠠᠢ᠃ ᠰᠡᠭᠦᠯ ᠤᠨ ᠦᠶ᠎ᠠ ᠪᠤᠯᠵᠤ ᠢᠷᠡᠭᠡᠳ ᠡᠨᠡ ᠬᠦ ᠨᠠᠭᠠᠳᠤᠮ ᠴᠦᠭᠡᠷᠡᠵᠡᠢ᠃ ᠱᠠᠩᠨᠠᠯ ᠢ ᠤᠪᠤᠭᠠᠨ ᠳᠤ ᠡᠷᠭᠦᠭᠰᠡᠨ ᠡᠳ᠋ ᠲᠠᠧᠠᠷ ᠤᠨ ᠪᠠᠶᠢᠳᠠᠯ ᠢ ᠦᠨᠳᠦᠰᠦᠯᠡᠵᠤ ᠲᠤᠭᠳᠠᠭᠠᠳᠠᠭ᠃ ᠶᠡᠭᠡ ᠳᠤ ᠪᠠᠨ ᠦᠭᠡᠷ᠂ ᠬᠤᠨᠢ᠂ ᠮᠤᠷᠢ ᠱᠠᠩᠨᠠᠬᠤ᠂ ᠤᠯᠠᠩᠬᠢ ᠳᠤ ᠪᠠᠨ ᠬᠡᠪ‌‍ᠤᠨ ᠴᠠᠢ᠂ ᠬᠤᠨᠢᠨ ᠲᠤᠯᠤᠭᠠᠢ᠂ ᠪᠡᠯᠡᠨ ᠮᠦᠩᠭᠦ ᠵᠡᠷᠭᠡ ᠪᠠᠷ ᠱᠠᠩᠨᠠᠨ᠎ᠠ᠃
 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09002379号