ᠲᠠᠭᠤᠷᠢᠶᠠᠯ ᠤᠨ ᠦᠢᠯᠡᠳᠦᠯ ᠪᠦᠬᠦᠢ ᠲᠤᠷᠪᠢᠯᠢᠭ ᠨᠢᠭᠡᠨ ᠪᠦᠲᠦᠭᠡᠯ
ᠨᠡᠶᠢᠲᠡᠯᠡᠭᠰᠡᠨ ᠴᠠᠭ᠄
2017/10/10
                      ᠵᠣᠬᠢᠶᠠᠭᠴᠢ᠄  ᠱᠠᠭᠳᠠᠷ ᠤᠨ ᠰᠣᠩᠳᠤᠢ                                  
         
—  ᠨᠡᠬᠡᠶᠢᠲᠦ ᠶᠢᠨ ᠭᠤᠤᠯᠯᠠᠨ ᠨᠠᠶᠢᠷᠠᠭᠤᠯᠤᠭᠰᠠᠨ ︽ᠰᠢᠨ᠎ᠡ ᠪᠠᠷᠭᠤ ᠪᠠᠷᠠᠭᠤᠨ
      ᠬᠤᠰᠢᠭᠤᠨ ᠤ ᠭᠠᠵᠠᠷ ᠤᠨ ᠨᠡᠷᠡᠰ ᠤᠨ ᠦᠢᠯᠠᠯᠭ᠎ᠠ︾ ᠶᠢ ᠤᠩᠰᠢᠭᠠᠳ
     ᠣᠶᠢᠷ᠎ᠠ ᠶᠢᠨ ᠵᠢᠯ ᠤᠳ ᠠᠴᠠ ᠨᠣᠳᠤᠭ ᠣᠰᠣᠨ ᠤ ᠲᠡᠦᠬᠡ ᠰᠣᠶᠣᠯ ᠳᠤ ᠬᠤᠯᠪᠣᠭᠳᠠᠬᠤ ᠨᠣᠮ ᠪᠦᠲᠦᠭᠡᠯ  
ᠠᠷᠦ ᠠᠷᠦ ᠠᠴᠠ ᠪᠠᠨ ᠵᠠᠯᠭᠠᠯᠳᠣᠨ ᠬᠡᠪᠯᠡᠭᠳᠡᠵᠣ᠂ ᠦᠨᠳᠣᠰᠣᠳᠠᠨ ᠶᠠᠰᠣᠳᠠᠨ ᠤ ᠲᠡᠦᠬᠡ ᠰᠣᠶᠣᠯ ᠢ ᠡᠮᠬᠢᠳᠬᠡᠬᠦ ᠪᠠ  ᠰᠣᠳᠣᠯᠬᠤ ᠳᠤ ᠯᠣᠳᠣ ᠶᠡᠭᠡ ᠦᠢᠯᠡᠳᠣᠯ ᠭᠠᠷᠭᠠᠵᠣ ᠪᠠᠶᠢᠭ᠎ᠠ ᠶᠤᠮ᠃ ᠡᠭᠦᠨ ᠳᠤ ᠣᠨᠴᠠᠭᠠᠶᠢᠯᠠᠨ ᠬᠤᠰᠢᠭᠤ  ᠱᠠᠳᠣᠨ ᠳᠤ ᠰᠠᠭᠤᠭ᠎ᠠ ᠦᠨᠳᠣᠰᠣᠳᠠᠨ ᠤ ᠰᠣᠶᠣᠯ ᠲᠡᠦᠬᠡ ᠪᠠᠨ ᠡᠮᠬᠢᠳᠬᠡᠨ ᠰᠣᠳᠣᠯᠣᠭᠠᠴᠢᠳ ᠤᠨ ᠪᠦᠲᠦᠭᠡᠯ ᠤᠳ  ᠦᠨᠡᠨ ᠪᠣᠳᠠᠳᠣ ᠰᠢᠨᠵᠢ᠂ ᠨᠣᠳᠤᠭ ᠣᠰᠣᠨ ᠤ ᠣᠨᠴᠠᠯᠢᠭ ᠬᠢᠭᠡᠳ ᠰᠣᠶᠣᠯ ᠵᠦᠢ ᠶᠢᠨ ᠭᠦᠨ  ᠠᠭᠤᠯᠣᠭᠳᠠᠴᠠ ᠪᠠᠷ ᠢᠶᠠᠨ ᠦᠨᠳᠦᠷ ᠦᠨ᠎ᠡ ᠴᠠᠨ᠎ᠠ ᠲᠠᠢ ᠪᠣᠯᠵᠣ ᠪᠠᠶᠢᠭ᠎ᠠ ᠪᠢᠯᠡ᠃ ᠲᠡᠳᠡᠭᠡᠷ‌‍ᠤᠨ ᠳᠣᠳᠣᠷ᠎ᠠ ᠠᠴᠠ  ᠨᠡᠭᠡᠶᠢᠳᠤ ᠶᠢᠨ ᠭᠤᠤᠯᠯᠠᠨ ᠨᠠᠶᠢᠷᠠᠭᠤᠯᠤᠭᠰᠠᠨ ︽ᠰᠢᠨ᠎ᠡ ᠪᠠᠷᠭᠤ ᠪᠠᠷᠠᠭᠤᠨ ᠬᠤᠰᠢᠭᠤᠨ ᠤ ᠭᠠᠵᠠᠷ ᠤᠨ ᠨᠡᠷᠡᠰ ᠤᠨ  ᠣᠶᠢᠯᠠᠯᠭ᠎ᠠ︾ ︵2011ᠤᠨ ᠳᠤ ᠦᠪᠤᠷ ᠮᠤᠩᠭᠤᠯ ᠤᠨ ᠰᠤᠶᠤᠯ ᠤᠨ ᠭᠡᠪᠯᠡᠯ ᠤᠨ ᠬᠤᠷᠢᠶ᠎ᠡ ᠭᠡᠪᠯᠡᠭᠰᠡᠨ︶ ᠶᠢ  ᠠᠮᠳᠠᠷᠬᠠᠨ ᠣᠩᠰᠢᠬᠤ ᠶᠢᠨ ᠳᠣᠮᠳᠠ ᠰᠡᠳᠬᠢᠭᠳᠡᠭᠰᠡᠨ ᠪᠣᠳᠣᠯ ᠢᠶᠠᠨ ᠲᠠᠷᠠᠭᠠᠬᠢ ᠬᠡᠳᠣᠨ ᠲᠠᠯ᠎ᠠ ᠳᠤ ᠪᠠᠭᠴᠠᠯᠠᠪᠠ᠃              ᠨᠢᠭᠡ᠂ ᠦᠷᠭᠡᠨ ᠪᠠᠭᠳᠠᠭᠠᠮᠵᠢ                            ᠨᠡᠭᠦᠳᠡᠯᠴᠢᠨ ᠣᠭᠰᠠᠭᠠᠳᠠᠳ ᠤᠨ ᠨᠣᠳᠤᠭ ᠣᠰᠣ ᠭᠡᠪᠡᠯ᠂ ᠠᠭᠤᠯᠠ ᠬᠠᠶᠢᠷᠬᠠᠨ᠂ ᠭᠤᠪᠢ ᠬᠠᠩᠭᠠᠢ᠂  ᠭᠤᠣᠯ ᠮᠦᠷᠡᠨ᠂ ᠨᠠᠭᠤᠷ ᠪᠣᠯᠠᠭ ᠠᠴᠠ ᠡᠬᠢᠯᠡᠭᠡᠳ ᠪᠣᠳᠠ ᠲᠣᠪᠣᠴᠠᠭ ᠲᠤ ᠬᠦᠷᠳᠡᠯ᠎ᠠ ᠴᠦᠮ ᠨᠢᠭᠡ ᠨᠢᠭᠡ ᠪᠠᠷ ᠢᠶᠠᠨ  ᠳᠣᠳᠣᠷᠬᠠᠢ ᠨᠡᠷᠡᠶᠢᠳᠣᠯ ᠲᠠᠢ ᠪᠠᠶᠢᠳᠠᠭ᠃ ᠨᠡᠭᠦᠳᠡᠯᠴᠢᠳ ᠤᠨ ᠨᠣᠳᠤᠭ ᠣᠰᠣᠨ ᠤ ᠨᠡᠷᠡᠶᠢᠳᠣᠯ ᠨᠢ ᠣᠷᠳᠣ  ᠬᠤᠭᠤᠴᠠᠭ᠎ᠠ ᠪᠠᠷ ᠣᠯᠠᠮᠵᠢᠯᠠᠭᠳᠠᠨ ᠵᠠᠯᠭᠠᠮᠵᠢᠯᠠᠭᠳᠠᠬᠤ ᠪᠠᠷ ᠵᠣᠭᠰᠣᠬᠤ ᠦᠭᠡᠢ ᠨᠠᠷᠢᠰᠣᠨ ᠪᠠᠶᠠᠯᠢᠭᠵᠢᠭᠰᠠᠭᠠᠷ  ᠢᠷᠡᠭᠰᠡᠨ ᠲᠡᠦᠬᠡ ᠲᠠᠢ᠃ ᠨᠡᠭᠦᠳᠡᠯᠴᠢᠨ ᠮᠣᠩᠭᠤᠯᠴᠣᠳ ᠤᠨ ᠨᠣᠳᠤᠭ ᠣᠰᠣᠨ ᠤ ᠨᠡᠷᠡᠶᠢᠳᠣᠯ ᠨᠢ ᠡᠷᠳᠡ  ᠲᠡᠭᠡᠳᠣ ᠠᠴᠠ ᠣᠯᠠᠮᠵᠢᠯᠠᠯ ᠲᠠᠢ ᠪᠠᠶᠢᠵᠣ᠂ ᠲᠡᠳᠡᠭᠡᠷ ᠨᠡᠷᠡᠰ ᠨᠢ ᠮᠣᠩᠭᠤᠯᠴᠣᠳ ᠤᠨ ᠠᠳᠠᠯᠢ ᠪᠣᠰᠣ ᠴᠠᠭ  ᠬᠤᠭᠤᠴᠠᠭᠠᠨ ᠤ ᠲᠡᠦᠬᠡ ᠰᠣᠶᠣᠯ ᠤᠨ ᠦᠪ ᠬᠦᠷᠦᠩᠭᠡ ᠶᠢ ᠬᠠᠳᠠᠭᠠᠯᠠᠨ ᠪᠠᠶᠢᠭ᠎ᠠ ᠪᠠᠶᠠᠨ ᠬᠦᠮᠦᠷᠭᠡ ᠶᠤᠮ᠃ ︽ ᠰᠢᠨ᠎ᠡ ᠪᠠᠷᠭᠤ ᠪᠠᠷᠠᠭᠤᠨ ᠬᠤᠰᠢᠭᠤᠨ ᠤ ᠭᠠᠵᠠᠷ ᠤᠨ ᠨᠡᠷᠡᠰ ᠤᠨ ᠣᠶᠢᠯᠠᠯᠭ᠎ᠠ︾ ︵ᠲᠣᠷᠣᠭᠰᠢ ︽ᠣᠶᠢᠯᠠᠯᠭ᠎ᠠ︾  ᠬᠡᠮᠡᠨ ᠲᠦᠬᠦᠮᠴᠢᠯᠡᠨ᠎ᠡ︶ ᠳᠤ ᠨᠡᠶᠢᠳᠡ 3313 ᠭᠠᠵᠠᠷ ᠣᠰᠣᠨ ᠤ ᠨᠡᠷ᠎ᠡ ᠶᠢ ᠡᠮᠬᠢᠳᠬᠡᠨ ᠣᠷᠣᠭᠤᠯᠤᠭᠰᠠᠨ ᠢᠶᠠᠷ  ᠵᠣᠭᠰᠣᠬᠤ ᠦᠭᠡᠢ᠂ ᠭᠠᠵᠠᠷ ᠣᠰᠣᠨ ᠳᠤ ᠬᠤᠯᠪᠣᠭᠳᠠᠬᠤ ᠮᠠᠰᠢ ᠦᠷᠭᠡᠨ ᠠᠭᠤᠯᠭ᠎ᠠ ᠪᠦᠬᠦᠢ ᠲᠡᠦᠬᠡ ᠰᠣᠶᠣᠯ ᠤᠨ  ᠲᠠᠶᠢᠯᠦᠮᠵᠢ ᠶᠢ ᠪᠠᠭᠳᠠᠭᠠᠨ ᠣᠣᠯ ᠪᠦᠲᠦᠭᠡᠯ ᠤᠨ ᠠᠭᠤᠯᠭ᠎ᠠ ᠶᠢ ᠪᠠᠶᠠᠯᠢᠭᠵᠢᠭᠤᠯᠣᠭᠰᠠᠨ ᠪᠠᠶᠢᠨ᠎ᠠ᠃             ︵ᠨᠢᠭᠡ︶ ᠨᠡᠭᠦᠳᠡᠯ ᠨᠣᠳᠤᠭ ᠤᠨ ᠬᠦᠷᠢᠶ᠎ᠡ ᠬᠡᠪᠴᠢᠶ᠎ᠡ                          ᠨᠡᠭᠦᠳᠡᠯᠴᠢᠨ ᠣᠭᠰᠠᠭᠠᠳᠠᠨ ᠤ ᠰᠣᠶᠣᠯ ᠲᠡᠦᠬᠡ ᠨᠢ ᠳᠡᠳᠡᠨ ᠤ ᠨᠡᠭᠦᠳᠡᠯᠯᠡᠵᠣ ᠦᠩᠭᠡᠷᠡᠭᠰᠡᠨ ᠨᠣᠳᠤᠭ  ᠣᠰᠣᠨ ᠳᠤ ᠰᠢᠩᠭᠡᠵᠣ ᠪᠠᠶᠢᠳᠠᠭ᠃ ᠣᠣᠯ ︽ᠣᠶᠢᠯᠠᠯᠭ᠎ᠠ︾ ᠳᠤ ᠰᠢᠨ᠎ᠡ ᠪᠠᠷᠭᠤ ᠪᠠᠷᠠᠭᠤᠨ ᠬᠤᠰᠢᠭᠤᠨ ᠤ 11  ᠰᠣᠮᠣ᠂ ᠨᠢᠭᠡ ᠪᠠᠯᠭᠠᠰᠣ ᠠᠳᠣᠭᠤᠨᠴᠢᠯᠠᠭᠤ ᠰᠣᠮᠣ᠂ ᠷᠠᠰᠢᠶᠠᠨ ᠰᠣᠮᠣ᠂ ᠡᠷᠳᠡᠨᠢᠬᠠᠨᠭᠤᠯᠠ ᠰᠣᠮᠣ᠂ ᠲᠠᠯᠠᠢ ᠰᠣᠮᠣ᠂  ᠲᠠᠯᠠᠢ ᠵᠡᠭᠦᠨ ᠰᠣᠮᠣ᠂ ᠬᠡᠷᠦᠯᠦᠨ ᠰᠣᠮᠣ᠂ ᠰᠠᠶᠢᠬᠠᠨᠳᠠᠯ᠎ᠠ ᠰᠣᠮᠣ᠂ ᠬᠠᠭᠨᠭᠤᠯᠠ ᠰᠣᠮᠣ᠂ ᠬᠦᠯᠦᠨ ᠰᠣᠮᠣ᠂  ᠪᠣᠭᠳ᠋ᠬᠠᠭᠤᠯᠠ ᠰᠣᠮᠣ᠂ ᠪᠤᠶᠢᠷ ᠰᠣᠮᠣ᠂ ᠠᠯᠳ᠋ᠬᠠᠮᠡᠭᠡᠯ ᠪᠠᠯᠭᠠᠰᠣ︶ ᠶᠢᠨ ᠬᠤᠶᠠᠷ ᠵᠠᠭᠤ ᠭᠠᠷᠦᠢ ᠵᠢᠯ ᠠᠴᠠ ᠨᠠᠭᠠᠰᠢᠬᠢ  ᠨᠡᠭᠦᠳᠡᠯ ᠤᠨ ᠨᠣᠳᠤᠭ ᠢ ᠬᠤᠷᠢᠶᠠᠩᠭᠤᠢ ᠪᠦᠭᠡᠳ ᠲᠣᠳᠣᠷᠬᠠᠢ ᠲᠣᠰᠢᠶᠠᠪᠠ᠃ ᠡᠨᠡ ᠨᠢ ᠲᠣᠰ ᠨᠣᠳᠤᠭ ᠤᠨ  ᠪᠠᠷᠭᠤᠴᠣᠳ ᠤᠨ ᠲᠡᠦᠬᠡ ᠰᠣᠶᠣᠯ ᠢ ᠡᠮᠬᠢᠳᠬᠡᠵᠣ ᠰᠣᠳᠣᠯᠬᠤ ᠳᠤ ᠲᠦᠬᠦᠮ ᠪᠣᠯᠭᠠᠭᠰᠠᠨ ᠢᠶᠠᠷ ᠪᠠᠷᠠᠬᠤ ᠦᠬᠡᠢ᠂  ᠠᠳᠠᠯᠢ ᠪᠣᠰᠣ ᠴᠠᠭ ᠬᠤᠭᠤᠴᠠᠭᠠᠨ ᠳᠠᠬᠢ ᠨᠡᠭᠦᠳᠡᠯ ᠤᠨ ᠪᠠᠶᠢᠳᠠᠯ ᠢ ᠭᠠᠵᠠᠷ ᠣᠰᠣᠨ ᠤ ᠨᠡᠷ᠎ᠡ ᠪᠠᠷ ᠲᠣᠪᠴᠢ  ᠢᠯᠡᠷᠬᠡᠶᠢᠯᠡᠭᠰᠡᠨ ᠨᠢ ᠠᠮᠢᠳᠣ ᠨᠡᠭᠦᠳᠡᠯ ᠤᠨ ᠲᠡᠦᠬᠡ ᠪᠣᠯᠣᠭᠰᠠᠨ ᠪᠠᠶᠢᠨ᠎ᠠ᠃                            ︵ᠬᠤᠶᠠᠷ︶ ᠦᠨᠡᠨ ᠪᠣᠳᠠᠳᠣ ᠲᠡᠦᠬᠡᠨ ᠲᠡᠮᠳᠡᠭᠯᠡᠯ                        ᠰᠣᠮᠣ ᠪᠦᠷᠢ ᠶᠢᠨ ᠲᠡᠦᠬᠡᠨ ᠡᠭᠦᠰᠣᠯ ᠬᠤᠪᠢᠷᠠᠯ ᠵᠢᠴᠢ ᠣᠣᠯ ᠰᠣᠮᠣᠨ ᠳᠤ ᠬᠠᠷᠢᠶᠠᠯᠠᠭᠳᠠᠬᠤ  ᠭᠠᠴᠠᠭ᠎ᠠ ᠨᠤᠭᠤᠳ ᠤᠨ ᠲᠡᠦᠬᠡᠨ ᠬᠦᠭᠵᠢᠯ ᠢ ᠲᠣᠪᠴᠢᠯᠠᠨ ᠲᠣᠰᠢᠶᠠᠭᠰᠠᠨ ᠨᠢ ᠬᠦᠮᠣᠰ ᠤᠨ ᠭᠠᠵᠠᠷ ᠣᠷᠣᠨ ᠤ  ᠲᠣᠬᠠᠢ ᠣᠶᠢᠯᠠᠭᠠᠯᠳᠠ ᠶᠢ ᠣᠯᠠᠮ ᠠᠮᠢᠳᠣᠯᠢᠭ ᠪᠣᠯᠭᠠᠭᠰᠠᠨ ᠶᠤᠮ᠃ ᠲᠠᠬᠢᠪᠠᠯ᠂ ᠰᠢᠨ᠎ᠡ ᠪᠠᠷᠭᠤ ᠪᠠᠷᠠᠭᠤᠨ  ᠬᠤᠰᠢᠭᠤᠨ ᠤ ᠨᠣᠳᠤᠭ ᠲᠤ ᠬᠠᠷᠢᠶᠠᠯᠠᠭᠳᠠᠬᠤ ᠨᠡᠷᠡᠳᠣ ᠠᠭᠤᠯᠠ ᠣᠰᠣᠨ ᠤ ᠲᠣᠬᠠᠢ ᠲᠡᠦᠬᠡᠴᠢᠯᠡᠨ  ᠲᠠᠨᠢᠯᠴᠠᠭᠤᠯᠣᠭᠰᠠᠨ ᠨᠢ ᠲᠣᠰ ︽ᠣᠶᠢᠯᠠᠯᠭ᠎ᠠ︾ ᠶᠢᠨ ᠠᠭᠤᠯᠭ᠎ᠠ ᠶᠢ ᠠᠮᠢᠨ ᠰᠦᠨᠡᠰᠣ ᠲᠠᠢ ᠪᠣᠯᠭᠠᠵᠣ᠂ ᠮᠣᠩᠭᠤᠯ  ᠲᠣᠭᠤᠷᠭᠠᠳᠠᠨ ᠤ ᠨᠣᠳᠤᠭ ᠣᠰᠣ ᠪᠠᠨ ᠲᠡᠭᠡᠵᠢᠯᠡᠨ ᠬᠠᠮᠠᠭᠠᠯᠠᠭᠰᠠᠭᠠᠷ ᠢᠷᠡᠭᠰᠡᠨ ᠲᠡᠦᠬᠡᠨ ᠪᠠᠶᠢᠳᠠᠯ ᠢ ᠲᠡᠷᠡ ᠬᠡᠪ ᠢᠶᠠᠷ  ᠲᠡᠮᠳᠡᠭᠯᠡᠨ ᠦᠯᠡᠳᠡᠭᠡᠪᠡ᠃ ᠲᠡᠯᠡᠬᠡᠢ ᠲᠡᠭᠡᠷᠡᠬᠢ ᠠᠯᠢᠪᠠ ᠣᠭᠰᠠᠭᠠᠳᠠᠨ ᠶᠠᠰᠣᠳᠠᠳ ᠴᠦᠮ ᠠᠳᠠᠯᠢ ᠪᠣᠰᠣ ᠶᠢᠨ  ᠰᠦᠰᠦᠭ ᠪᠢᠰᠢᠷᠡᠯ ᠢ ᠡᠷᠳᠡᠨ ᠠᠴᠠ ᠡᠳᠦᠭᠡ ᠳᠤ ᠬᠦᠷᠳᠡᠯ᠎ᠠ ᠬᠠᠳᠠᠭᠠᠯᠠᠭᠰᠠᠭᠠᠷ ᠪᠦᠭᠡᠳ ᠲᠡᠳᠡᠨ ᠤ ᠰᠦᠰᠦᠭ   ᠪᠢᠰᠢᠷᠡᠯ ᠨᠢ ᠠᠳᠠᠯᠢ ᠪᠣᠰᠣ ᠲᠡᠦᠬᠡᠨ ᠬᠤᠭᠤᠴᠠᠭᠠᠨ ᠳᠤ ᠠᠳᠠᠯᠢ ᠪᠣᠰᠣ ᠪᠠᠷ ᠬᠤᠪᠢᠷᠠᠬᠤ ᠵᠡᠷᠭᠡ ᠨᠡᠶᠢᠭᠡᠮ ᠤᠨ   ᠬᠤᠪᠢᠷᠠᠯ ᠬᠦᠭᠵᠢᠯ‌‍ᠤᠨ ᠠᠯᠬᠤᠮ ᠲᠠᠢ ᠨᠢᠭᠳᠠ ᠬᠤᠯᠪᠣᠭᠳᠠᠯ ᠲᠠᠢ ᠶᠤᠮ᠃ ︽ᠣᠶᠢᠯᠠᠯᠭ᠎ᠠ︾ ᠳᠤ ᠲᠠᠬᠢᠯᠠᠭ᠎ᠠ ᠲᠠᠢ  ᠠᠭᠤᠯᠠ ᠣᠪᠣᠭ᠎ᠠ ᠬᠢᠭᠡᠳ ᠰᠦᠮ᠎ᠡ ᠬᠡᠶᠢᠳ ᠤᠨ ᠢᠷᠡᠯᠳᠡ ᠬᠦᠭᠵᠢᠯ ᠢ ᠨᠠᠷᠢᠨ ᠲᠣᠳᠣᠷᠬᠠᠢ ᠲᠣᠰᠢᠶᠠᠭᠰᠠᠨ ᠨᠢ  ᠬᠤᠵᠢᠮ ᠤᠨ ᠬᠦᠮᠣᠰ ᠲᠤ ᠲᠣᠯᠢ ᠪᠣᠯᠬᠤ ᠦᠢᠯᠡᠳᠣᠯ ᠲᠠᠢ ᠪᠣᠯᠵᠡᠢ᠃                              ︵ᠭᠤᠷᠪᠠ︶ ᠬᠡᠯᠡ ᠰᠣᠶᠣᠯ ᠤᠨ ᠦᠷᠭᠡᠨ ᠴᠠᠷ᠎ᠠ                        ᠶᠠᠮᠠᠷᠪᠡ ᠦᠨᠳᠣᠰᠣᠳᠠᠨ ᠶᠠᠰᠣᠳᠠᠨ ᠤ ᠰᠣᠶᠣᠯ ᠨᠢ ᠦᠪᠡᠷ ᠤᠨ ᠦᠪᠡᠷᠮᠢᠴᠡ ᠣᠨᠴᠠᠯᠢᠭ ᠲᠠᠷᠦᠢ  ᠪᠣᠰᠣᠳ ᠠᠴᠠ ᠢᠯᠭᠠᠭᠳᠠᠬᠤ ᠦᠩᠭᠡ ᠪᠣᠳᠤᠭ ᠢᠶᠠᠷ ᠢᠶᠠᠨ ᠦᠨᠢ ᠮᠦᠩᠬᠡ ᠶᠢᠨ ᠠᠮᠢ ᠨᠠᠰᠣ ᠪᠠᠨ ᠣᠯᠳᠠᠭ᠃ ︽ ᠣᠶᠢᠯᠠᠯᠭ᠎ᠠ︾ ᠳᠤ ᠣᠣᠯ ᠨᠣᠳᠤᠭ ᠣᠰᠣᠨ ᠤ ᠨᠡᠷ᠎ᠡ ᠶᠢ ᠲᠣᠰ ᠭᠠᠵᠠᠷ ᠲᠣ ᠦᠶ᠎ᠡ ᠲᠠᠮᠵᠢᠨ ᠨᠣᠳᠣᠭᠯᠠᠭᠰᠠᠭᠠᠷ  ᠢᠷᠡᠭᠰᠡᠨ ᠣᠣᠭᠠᠯ ᠠᠷᠠᠳ ᠤᠨ ᠬᠡᠯᠡ ᠶᠠᠷᠢᠶᠠᠨ ᠤ ᠬᠢᠨᠢ ᠲᠠᠭᠤᠳᠠᠯᠭ᠎ᠠ ᠪᠠᠷ ᠲᠡᠮᠳᠡᠭᠯᠡᠨ ᠠᠪᠣᠭᠰᠠᠨ ᠨᠢ ᠭᠠᠵᠠᠷ  ᠣᠰᠣᠨ ᠤ ᠨᠡᠷ᠎ᠡ ᠶᠢᠨ ᠣᠣᠯ ᠬᠡᠪ ᠢ ᠬᠠᠳᠠᠭᠠᠯᠠᠵᠣ ᠴᠢᠳᠠᠭᠰᠠᠨ ᠪᠠᠶᠢᠳᠠᠭ᠃ ︽ᠬᠦᠯᠦᠨ︾᠂ ︽ᠬᠡᠷᠦᠯᠦᠨ︾᠂ ︽  ᠨᠠᠭᠠᠴᠣᠯᠠᠶᠢᠳᠣ︾᠂ ︽ᠨᠠᠩᠽᠠᠩᠳᠣ︾᠂ ︽ᠪᠤᠷᠮᠡᠢ︾᠂ ︽ᠪᠢᠯᠢᠺ︾ ᠁ ᠵᠡᠷᠭᠡ ᠭᠠᠷᠦᠯ ᠡᠭᠦᠰᠦᠯ ᠠᠳᠠᠯᠢ  ᠪᠣᠰᠣ ᠶᠢᠨ ᠨᠡᠷᠡᠰ ᠨᠢ ᠰᠢᠨ᠎ᠡ ᠪᠠᠷᠭᠤᠴᠣᠳ ᠤᠨ ᠬᠡᠯᠡ ᠶᠠᠷᠢᠶᠠᠨ ᠤ ᠰᠣᠳᠣᠯᠭᠠᠨ ᠤ ᠴᠢᠬᠤᠯᠠ ᠮᠠᠲᠧᠷᠢᠶᠠᠯ ᠪᠣᠯᠵᠣ  ᠠᠰᠢᠭᠯᠠᠭᠳᠠᠬᠤ ᠨᠢ ᠲᠠᠮᠵᠢᠭ ᠦᠭᠡᠢ᠃                        ᠠᠷᠠᠳ ᠤᠨ ᠰᠢᠳᠦᠯᠭᠡ ᠪᠢᠰᠢᠷᠡᠯ ᠤᠨ ᠠᠵᠢᠯᠯᠠᠭ᠎ᠠ ᠨᠢ ᠡᠭᠦᠰᠴᠣ ᠬᠦᠭᠵᠢᠭᠰᠡᠨ ᠴᠠᠭ‌ᠡᠴᠠ ᠪᠠᠨ ᠠᠪᠣᠭᠠᠳ  ᠲᠡᠦᠬᠡ ᠶᠢᠨ ᠠᠳᠠᠯᠢ ᠪᠣᠰᠣ ᠶᠢᠨ ᠬᠤᠭᠤᠴᠠᠭᠠᠨ ᠳᠤ ᠦᠪᠡᠷᠮᠢᠴᠡ ᠬᠤᠪᠢᠷᠠᠯ ᠬᠦᠭᠵᠢᠯ ᠤᠨ ᠲᠡᠦᠬᠡ ᠲᠠᠢ ᠪᠠᠶᠢᠳᠠᠭ᠃  ᠰᠢᠲᠦᠯᠭᠡ ᠪᠢᠰᠢᠷᠡᠯ ᠤᠨ ᠵᠠᠩᠰᠢᠯ ᠠᠵᠢᠯᠯᠠᠭ᠎ᠠ ᠨᠢ ᠮᠥᠨ ᠴᠦ ᠨᠢᠬᠡᠨ ᠣᠭᠰᠠᠭᠠᠳᠠᠨ ᠶᠠᠰᠣᠳᠠᠨ ᠤ ᠣᠶᠣᠨ ᠤ  ᠰᠣᠶᠣᠯ ᠤᠨ ᠴᠢᠮᠣᠭᠡ ᠪᠣᠯᠳᠠᠭ ᠶᠣᠮᠰᠠᠨ᠃ ︽ᠣᠶᠢᠯᠠᠯᠭ᠎ᠠ︾ ᠳᠤ ᠰᠢᠨ᠎ᠡ ᠪᠠᠷᠭᠤ ᠪᠠᠷᠠᠭᠤᠨ ᠬᠤᠰᠢᠭᠤᠨ ᠤ  ᠪᠠᠷᠭᠤᠴᠣᠳ ᠤᠨ ᠪᠠᠶᠢᠭᠠᠯᠢᠯᠢᠭ ᠰᠢᠲᠦᠭᠡᠨ ᠤ ᠪᠠᠶᠢᠳᠠᠯ ᠢ ᠮᠠᠰᠢ ᠨᠠᠷᠢᠯᠢᠭ ᠲᠡᠮᠳᠡᠭᠯᠡᠵᠣ᠂ ᠣᠶᠢᠷ᠎ᠠ ᠶᠢᠨ ᠬᠡᠳᠣᠨ  ᠵᠠᠭᠤᠨ ᠵᠢᠯ ᠤᠨ ᠲᠣᠷᠰᠢ ᠲᠠᠬᠢᠭᠰᠠᠭᠠᠷ ᠢᠷᠡᠭᠰᠡᠨ ᠣᠪᠣᠭ᠎ᠠ ᠨᠤᠭᠤᠳ ᠤᠨ ᠪᠠᠶᠢᠷᠢᠰᠢᠯ ᠬᠢᠭᠡᠳ ᠲᠠᠬᠢᠯᠭ᠎ᠠ ᠶᠢᠨ  ᠡᠭᠦᠰᠣᠯ ᠢ ᠨᠠᠷᠢᠯᠢᠭ ᠲᠠᠨᠢᠯᠴᠠᠭᠤᠯᠪᠠ᠃ ᠰᠢᠨ᠎ᠡ ᠪᠠᠷᠭᠤ ᠪᠠᠷᠠᠭᠤᠨ ᠬᠤᠰᠢᠭᠤᠨ ᠤ ᠨᠣᠳᠤᠭ ᠲᠤ ᠪᠠᠭᠳᠠᠬᠤ ᠨᠡᠶᠢᠳᠡ  ᠲᠠᠯᠠᠭᠠᠳ ᠣᠪᠣᠭᠠᠨ ᠤ ᠲᠠᠨᠢᠯᠴᠠᠭᠤᠯᠭ᠎ᠠ ᠲᠠᠶᠢᠯᠪᠣᠷᠢ ᠪᠠᠭᠳᠠᠵᠡᠢ᠃ ᠡᠶᠢᠮᠣᠷᠬᠡᠦ ᠦᠨ᠎ᠡ ᠴᠠᠨ᠎ᠠ ᠲᠠᠢ ᠲᠡᠮᠳᠡᠭᠯᠡᠯ ᠨᠢ  ᠪᠠᠷᠭᠤᠴᠣᠳ ᠤᠨ ᠰᠢᠳᠦᠯᠭᠡ ᠪᠢᠰᠢᠷᠡᠯ ᠤᠨ ᠵᠠᠩ ᠦᠢᠯᠡ ᠶᠢ ᠡᠮᠬᠢᠳᠬᠡᠨ ᠰᠣᠳᠣᠯᠬᠤ ᠶᠢᠨ ᠨᠠᠶᠢᠳᠠᠪᠣᠷᠢᠳᠠᠢ ᠰᠠᠭᠤᠷᠢ  ᠪᠣᠯᠣᠭᠰᠠᠨ ᠶᠤᠮ᠃ ᠲᠠᠬᠢᠪᠠᠯ ᠰᠢᠨ᠎ᠡ ᠪᠠᠷᠭᠤ ᠪᠠᠷᠠᠭᠤᠨ ᠬᠤᠰᠢᠭᠤᠨ ᠤ ᠨᠣᠳᠤᠭ ᠲᠤ ᠪᠠᠶᠢᠭᠤᠯᠣᠭᠳᠠᠵᠣ  ᠦᠩᠭᠡᠷᠡᠭᠰᠡᠨ ᠲᠦᠴᠢ ᠭᠠᠷᠦᠢ ᠰᠦᠮ᠎ᠡ ᠬᠡᠶᠢᠳ ᠢ ᠨᠢᠭᠡ ᠨᠢᠭᠡ ᠪᠠᠷ ᠲᠣᠪᠴᠢ ᠲᠣᠳᠣᠷᠬᠠᠢ ᠲᠣᠭᠠᠴᠢᠵᠣ᠂ ᠰᠢᠨ᠎ᠡ  ᠪᠠᠷᠭᠤᠴᠣᠳ ᠤᠨ ᠱᠠᠰᠢᠨ ᠰᠢᠳᠦᠯᠭᠡ ᠶᠢ ᠮᠦᠷᠳᠡᠨ ᠰᠣᠳᠣᠯᠬᠤ ᠳᠤ ᠪᠡᠯᠡᠨ ᠵᠢᠯᠦᠭᠤᠳᠣᠮᠵᠢ ᠶᠢ ᠬᠠᠩᠭᠠᠨ ᠦᠭᠪᠡ᠃           ᠨᠡᠭᠦᠳᠡᠯᠴᠢᠳ ᠤᠨ ᠡᠬᠡ ᠪᠠᠶᠢᠭᠠᠯᠢ ᠳᠤ ᠬᠠᠶᠢᠷᠠᠳᠠᠢ ᠪᠠᠶᠢᠳᠠᠭ ᠨᠢ ᠳᠡᠳᠡᠨ ᠤ ᠨᠣᠳᠣᠭᠴᠢ ᠰᠡᠳᠬᠢᠯᠭᠡ ᠪᠠᠷ  ᠲᠠᠮᠵᠢᠨ ᠢᠯᠡᠷᠡᠳᠡᠭ᠃ ︽ᠣᠶᠢᠯᠠᠯᠭ᠎ᠠ︾ ᠳᠤ ᠪᠠᠷᠭᠤᠴᠣᠳ ᠤᠨ ᠡᠬᠡ ᠨᠣᠳᠤᠭ᠂ ᠡᠬᠡ ᠪᠠᠶᠢᠭᠠᠯᠢ ᠪᠠᠨ ᠬᠢᠵᠠᠭᠠᠷᠯᠠᠰᠢ  ᠦᠭᠡᠢ ᠬᠠᠶᠢᠷᠠᠯᠠᠵᠣ ᠶᠠᠪᠣᠳᠠᠭ ᠰᠡᠳᠬᠢᠯᠭᠡ‌ᠨᠢ ᠣᠣᠯ ᠬᠡᠪ ᠢᠶᠠᠷ ᠰᠢᠩᠭᠡᠵᠦ ᠪᠠᠶᠢᠬᠤ ᠨᠢ ᠣᠩᠰᠢᠭᠰᠠᠨ ᠪᠦᠬᠦᠨ ᠳᠤ  ᠮᠡᠳᠡᠷᠡᠭᠳᠡᠨ᠎ᠡ᠃ ᠵᠢᠱᠢᠶᠡᠯᠡᠬᠦ ᠳᠤ᠂ ᠨᠣᠳᠤᠭ ᠣᠰᠣᠨ ᠤ ᠲᠣᠮᠤᠭ ᠣᠯᠠᠮᠵᠢᠯᠠᠯ ᠳᠤ ᠢᠯᠡᠷᠡᠵᠦ ᠪᠠᠶᠢᠭ᠎ᠠ ᠰᠡᠳᠬᠢᠯᠭᠡ᠂  ᠠᠭᠤᠯᠠ ᠣᠰᠣ ᠪᠠᠨ ᠰᠢᠳᠦᠨ ᠲᠠᠬᠢᠳᠠᠭ ᠵᠠᠩ ᠵᠠᠩᠰᠢᠯ ᠵᠡᠷᠭᠡ ᠳᠤ ᠨᠣᠳᠣᠭᠴᠢ ᠬᠠᠯᠠᠭᠤᠨ ᠰᠡᠳᠬᠢᠯᠭᠡ ᠠᠭᠤᠰᠣᠨ᠂  ᠦᠶ᠎ᠡ ᠶᠢᠨ ᠦᠶ᠎ᠡ ᠣᠯᠠᠮᠵᠢᠯᠠᠭᠳᠠᠭᠰᠠᠭᠠᠷ ᠢᠷᠡᠭᠰᠡᠨ ᠶᠤᠮ᠃                              ᠬᠤᠶᠠᠷ᠂ ᠪᠦᠲᠦᠭᠡᠯᠴᠢ ᠰᠢᠨᠵᠢ                          ᠮᠣᠩᠭᠤᠯ ᠨᠣᠳᠤᠭ ᠤᠨ ᠭᠠᠵᠠᠷ ᠣᠰᠣᠨ ᠤ ᠣᠶᠢᠯᠠᠯᠭ᠎ᠠ ᠶᠢᠨ ᠪᠢᠴᠢᠭ ᠤᠳ ᠤᠨ ᠳᠣᠳᠣᠷ᠎ᠠ ᠣᠣᠯ ︽ ᠣᠶᠢᠯᠠᠯᠭ᠎ᠠ︾ ᠨᠢ ᠠᠭᠤᠯᠭ᠎ᠠ ᠪᠠ ᠬᠡᠯᠪᠡᠷᠢ ᠶᠢᠨ ᠬᠤᠪᠢ ᠳᠤ ᠪᠦᠲᠦᠭᠡᠯᠴᠢ ᠲᠠᠯ᠎ᠠ ᠲᠠᠢ ᠨᠢ ᠢᠯᠡᠷᠬᠡᠢ ᠬᠠᠷᠠᠭᠳᠠᠵᠣ  ᠪᠣᠢ᠃ ᠲᠣᠰ ︽ᠣᠶᠢᠯᠠᠯᠭ᠎ᠠ︾ ᠨᠢ ᠭᠠᠵᠠᠷ ᠤᠨ ᠨᠡᠷᠡᠰ ᠢ ᠲᠣᠳᠣᠷᠬᠠᠶᠢᠯᠠᠨ ᠲᠡᠮᠳᠡᠭᠯᠡᠬᠦ ᠲᠣᠭᠳᠠᠭᠠᠯ ᠪᠠᠷᠢᠮᠵᠢᠶ᠎ᠡ ᠶᠢ  ᠵᠢᠷᠦᠮᠯᠠᠨ ᠭᠦᠢᠴᠡᠳᠬᠡᠭᠰᠡᠨ‌ᠡᠴᠠ ᠭᠠᠳᠠᠨ᠎ᠠ ᠮᠣᠩᠭᠤᠯ ᠨᠣᠳᠤᠭ ᠤᠨ ᠭᠠᠵᠠᠷ ᠤᠨ ᠨᠡᠷ᠎ᠡ ᠶᠢ ᠢᠯᠡᠳᠬᠡᠬᠦ ᠳᠤ  ᠲᠣᠬᠢᠷᠠᠬᠤᠶᠢᠴᠠ ᠠᠮᠢᠳᠣᠯᠢᠭ ᠠᠷᠭ᠎ᠠ ᠬᠡᠯᠪᠡᠷᠢ ᠶᠢ ᠠᠰᠢᠭᠯᠠᠭᠰᠠᠨ ᠪᠢᠯᠡ᠃ ᠲᠠᠷᠦᠢ ︽ᠣᠶᠢᠯᠠᠯᠭ᠎ᠠ︾ ᠶᠢᠨ ᠬᠡᠪ  ᠵᠠᠭᠪᠣᠷ ᠢ ᠠᠭᠤᠯᠭ᠎ᠠ ᠪᠠᠨ ᠦᠨᠳᠣᠰᠣᠯᠡᠨ ᠠᠮᠢᠳᠣᠯᠢᠭ ᠲᠣᠬᠢᠷᠠᠭᠤᠯᠵᠣ ᠴᠢᠳᠠᠭᠰᠠᠨ ᠪᠠᠶᠢᠨ᠎ᠠ᠃ ︽ᠣᠶᠢᠯᠠᠯᠭ᠎ᠠ︾ ᠨᠢ  ᠣᠯᠠᠨ ᠵᠦᠢᠯ ᠤᠨ ᠪᠢᠴᠢᠯᠭᠡ ᠶᠢᠨ ᠠᠷᠭ᠎ᠠ ᠶᠢ ᠬᠡᠷᠡᠭᠯᠡᠭᠰᠡᠨ ᠠᠲᠠᠯ᠎ᠠ ᠪᠠᠨ ᠪᠣᠰᠣᠳ ᠲᠤ ᠡᠷᠦᠢ ᠬᠤᠷᠦᠢ ᠦᠭᠡᠢ  ᠬᠤᠯᠢᠵᠣ ᠬᠤᠳᠬᠤᠭᠰᠠᠨ ᠰᠠᠭᠤᠭᠳᠠᠯ‌ᠢ ᠦᠭᠬᠦ ᠦᠭᠡᠢ᠂ ᠬᠠᠷᠢᠨ ᠨᠢᠭᠡᠨ ᠪᠦᠷᠢᠨ ᠪᠦᠲᠦᠨ ᠰᠠᠯᠭᠠᠵᠣ ᠪᠣᠯᠣᠰᠢ  ᠨᠢᠭᠡᠳᠣᠮᠡᠯ ᠴᠣᠭᠴᠠ ᠪᠣᠯᠣᠭᠰᠠᠨ ᠶᠤᠮ᠃                                  ︵ᠨᠢᠭᠡ︶ ᠰᠢᠨ᠎ᠡ ᠰᠲ᠋ᠢᠯᠢ                           ᠭᠠᠵᠠᠷ ᠣᠰᠣᠨ ᠤ ᠣᠶᠢᠯᠠᠯᠭ᠎ᠠ ᠪᠣᠯ ᠨᠢᠭᠡᠨ ᠪᠡᠶ᠎ᠡ ᠪᠠᠨ ᠲᠠᠭᠠᠭᠠᠭᠰᠠᠨ ᠰᠲ᠋ᠢᠯᠢ ᠶᠢᠨ ᠵᠣᠬᠢᠶᠠᠯ ᠪᠣᠯᠣᠨ᠎ᠠ᠃  ᠭᠠᠵᠠᠷ ᠣᠰᠣᠨ ᠤ ᠣᠶᠢᠯᠠᠯᠭ᠎ᠠ ᠨᠢ ᠪᠢᠴᠢᠯᠭᠡ ᠶᠢᠨ ᠬᠤᠪᠢ ᠳᠤ ᠦᠪᠡᠷᠮᠢᠴᠡ ᠱᠠᠭᠠᠷᠳᠠᠯᠭ᠎ᠠ ᠲᠠᠢ ᠪᠠᠶᠢᠳᠠᠭ ᠪᠣᠯᠪᠠᠴᠣ  ᠪᠣᠳᠠᠳᠠᠢ ᠠᠭᠤᠯᠭ᠎ᠠ ᠳᠠᠭᠠᠨ ᠲᠣᠬᠢᠷᠠᠭᠤᠯᠵᠣ᠂ ᠠᠮᠢᠳᠣᠯᠢᠭ ᠰᠡᠪᠡᠭᠦᠨ ᠠᠷᠭ᠎ᠠ ᠪᠠᠷᠢᠯ ᠤᠳ ᠢ ᠬᠡᠷᠡᠭᠯᠡᠵᠦ ᠪᠣᠯᠳᠠᠭ᠃  ᠣᠨᠴᠠᠭᠠᠶᠢᠯᠠᠨ ᠮᠣᠩᠭᠤᠯ ᠨᠣᠳᠤᠭ ᠤᠨ ᠭᠠᠵᠠᠷ ᠣᠰᠣᠨ ᠤ ᠣᠶᠢᠯᠠᠯᠭ᠎ᠠ ᠨᠢ ᠡᠷᠬᠡᠪᠰᠢ ᠣᠣᠯ ᠨᠣᠳᠤᠭ ᠤᠨ ᠲᠡᠦᠬᠡ  ᠰᠣᠶᠣᠯ ᠤᠨ ᠦᠪᠡᠷᠮᠢᠴᠡ ᠪᠠᠶᠢᠳᠠᠯ ᠢ ᠢᠯᠡᠷᠡᠭᠦᠯᠵᠦ ᠴᠢᠳᠠᠬᠤ ᠶᠢ ᠱᠠᠭᠠᠷᠳᠠᠳᠠᠭ᠃ ᠡᠶᠢᠮᠣ ᠪᠠᠶᠢᠳᠠᠯ ᠲᠣᠣᠷ᠎ᠠ  ᠮᠣᠩᠭᠤᠯ ᠨᠣᠳᠤᠭ ᠤᠨ ᠭᠠᠵᠠᠷ ᠣᠰᠣᠨ ᠤ ᠣᠶᠢᠯᠠᠯᠭ᠎ᠠ ᠶᠢ ᠪᠢᠴᠢᠬᠦ ᠠᠷᠭ᠎ᠠ ᠪᠠᠷᠢᠯ ᠨᠢ ᠦᠪᠡᠷᠮᠢᠴᠡ  ᠪᠠᠶᠢᠪᠠᠯ  ᠵᠣᠬᠢᠨ᠎ᠠ᠃                       ︽ᠣᠶᠢᠯᠠᠯᠭ᠎ᠠ︾ ᠨᠢ ᠶᠠᠭᠤᠨ ᠤ ᠡᠮᠣᠨ᠎ᠡ ᠣᠳᠣ ᠳᠤ ᠬᠦᠷᠳᠡᠯ᠎ᠡ ᠣᠯᠠᠮᠵᠢᠯᠠᠭᠳᠠᠭᠰᠠᠭᠠᠷ ᠪᠦᠬᠦᠢ ᠭᠠᠵᠠᠷ  ᠣᠰᠣᠨ ᠤ ᠪᠦᠬᠦ᠋ᠢᠯᠡ ᠨᠡᠷ᠎ᠡ ᠶᠢ ᠴᠣᠭᠯᠠᠭᠤᠯᠣᠨ ᠲᠡᠮᠳᠡᠭᠯᠡᠵᠦ᠂ ᠲᠡᠳᠡᠭᠡᠷ ᠤᠨ ᠪᠠᠶᠢᠷᠢᠰᠢᠯ ᠢ ᠨᠢᠭᠡ ᠨᠢᠭᠡ ᠪᠠᠷ  ᠭᠠᠵᠠᠷ ᠤᠨ ᠵᠢᠷᠤᠭ ᠢᠶᠠᠷ ᠢᠯᠡᠷᠡᠭᠦᠯᠦᠭᠰᠡᠨ ᠨᠢ ᠮᠣᠩᠭᠤᠯ ᠨᠣᠳᠤᠭ ᠤᠨ ᠣᠨᠴᠠᠯᠢᠭ ᠲᠠᠢ ᠲᠣᠬᠢᠷᠠᠯᠴᠠᠵᠣ ᠪᠠᠶᠢᠭ᠎ᠠ ᠶᠤᠮ᠃  ᠣᠴᠢᠷ ᠨᠢ ᠮᠣᠩᠭᠤᠯ ᠨᠣᠳᠤᠭ ᠪᠣᠯ ᠡᠷᠳᠡ ᠲᠡᠭᠡᠳᠦ ᠦᠶ᠎ᠡ ᠠᠴᠠ ᠪᠠᠨ ᠨᠡᠭᠦᠳᠡᠯᠴᠢᠳ ᠤᠨ ᠣᠷᠣᠰᠢᠨ ᠰᠠᠭᠤᠭᠰᠠᠭᠠᠷ  ᠢᠷᠡᠭᠰᠡᠨ ᠭᠠᠵᠠᠷ ᠪᠣᠯᠬᠤᠷ ᠪᠠᠷᠤᠭ ᠯᠡ ᠪᠠᠭ᠎ᠠ ᠲᠣᠮᠣ ᠭᠤᠣᠯ ᠭᠤᠷᠤᠬ᠎ᠠ᠂ ᠠᠭᠤᠯᠠ ᠲᠣᠪᠣᠴᠠᠭ ᠪᠦᠬᠦᠨ ᠨᠢ ᠴᠦᠮ  ᠦᠪᠡᠷ ᠤᠨ ᠨᠡᠷᠡᠶᠢᠳᠦᠯ ᠲᠠᠢ ᠪᠠᠶᠢᠳᠠᠭ᠃ ᠡᠭᠦᠨ ᠢᠶᠠᠷ ᠵᠣᠭᠰᠣᠬᠤ ᠦᠭᠡᠢ ᠲᠡᠳᠡᠭᠡᠷ ᠨᠡᠷᠡᠶᠢᠳᠣᠯ ᠨᠢ ᠣᠯᠠᠮᠵᠢᠯᠠᠯ  ᠰᠢᠨᠵᠢ ᠪᠠᠷ ᠮᠠᠰᠢ ᠴᠢᠩᠭ᠎ᠠ ᠪᠠᠶᠢᠵᠣ᠂ ᠡᠷᠳᠡ ᠦᠶ᠎ᠡ ᠶᠢᠨ ᠬᠦᠮᠣᠰ ᠤᠨ ᠬᠡᠷᠡᠭᠯᠡᠵᠦ  ᠪᠠᠶᠢᠭ᠎ᠠ ᠭᠠᠵᠠᠷ ᠣᠰᠣᠨ ᠤ  ᠨᠡᠷ᠎ᠡ ᠨᠢ ᠦᠨᠦᠳᠦᠷ ᠲᠤ ᠬᠦᠷᠳᠡᠯ᠎ᠡ ᠣᠷᠣᠰᠢᠭᠰᠠᠭᠠᠷ ᠪᠠᠶᠢᠭ᠎ᠠ ᠪᠢᠯᠡ᠃ ᠡᠨᠡ ᠪᠦᠬᠦᠢ  ᠣᠨᠴᠠᠭᠠᠢ ᠪᠠᠶᠢᠳᠠᠯ ᠢ  ᠢᠯᠡᠷᠡᠭᠦᠯᠬᠦ ᠳᠤ ᠣᠶᠢᠯᠠᠯᠭ᠎ᠠ ᠶᠢᠨ ᠰᠲᠢᠯᠢ ᠶᠢ ᠣᠨᠣᠪᠴᠢᠲᠡᠢ ᠬᠡᠷᠡᠭᠯᠡᠬᠦ ᠶᠠᠪᠣᠳᠠᠯ ᠶᠠᠭᠤᠨ ᠤ ᠡᠮᠣᠨ᠎ᠡ ᠲᠣᠬᠢᠶᠠᠯᠳᠣᠨ᠎ᠠ᠃  ᠲᠣᠰ ︽ᠣᠶᠢᠯᠠᠯᠭ᠎ᠠ︾ ᠨᠢ ᠲᠠᠶᠢᠯᠪᠣᠷᠢ᠂ ᠪᠦᠷᠢᠳᠬᠡᠯ᠂ ᠲᠣᠮᠤᠭ ᠣᠯᠠᠮᠵᠢᠯᠠᠯ᠂ ᠦᠪᠡᠷᠮᠢᠴᠡ ᠬᠡᠯᠪᠡᠷᠢ ᠪᠦᠬᠦᠢ  ᠭᠠᠵᠠᠷ ᠤᠨ ᠵᠢᠷᠤᠭ᠂ ᠲᠡᠦᠬᠡᠨ ᠲᠠᠨᠢᠯᠴᠠᠭᠤᠯᠭ᠎ᠠ᠂ ᠭᠠᠵᠠᠷ ᠤᠨ ᠵᠢᠷᠤᠭ ᠤᠨ ᠣᠨᠣᠪᠴᠢᠳᠠᠢ ᠪᠠᠶᠢᠷᠢᠰᠢᠯ ᠤᠨ  ᠲᠣᠳᠣᠷᠬᠠᠶᠢᠯᠠᠯᠳᠠ ᠵᠡᠷᠭᠡ ᠣᠯᠠᠨ ᠠᠷᠭ᠎ᠠ ᠣᠶᠠᠯᠳᠣᠭᠤᠯᠣᠨ ᠠᠰᠢᠭᠯᠠᠭᠰᠠᠨ ᠨᠢ ᠬᠡᠯᠪᠡᠷᠢ ᠰᠲ᠋ᠢᠯᠢ ᠶᠢᠨ ᠬᠤᠪᠢ ᠳᠤ  ᠰᠢᠨ᠎ᠡ ᠰᠣᠷᠭᠤᠭ ᠪᠣᠯᠵᠡᠢ᠃                              ︵ᠬᠤᠶᠠᠷ︶ ᠣᠨᠴᠠᠭᠠᠢ ᠪᠦᠲᠦᠴᠡ ᠪᠦᠬᠦᠢ ᠭᠠᠵᠠᠷ ᠤᠨ ᠵᠢᠷᠤᠭ                        ᠨᠣᠳᠤᠭ ᠣᠰᠣᠨ ᠤ ᠣᠶᠢᠯᠠᠯᠭ᠎ᠠ ᠳᠤ ᠭᠠᠵᠠᠷ ᠤᠨ ᠵᠢᠷᠤᠭ ᠬᠠᠪᠰᠣᠷᠭᠠᠬᠤ ᠡᠰᠡᠬᠦ ᠨᠢ ᠨᠠᠶᠢᠷᠠᠭᠤᠯᠣᠭᠴᠢ ᠶᠢᠨ  ᠲᠦᠰᠦᠪ ᠢᠶᠠᠷ ᠲᠣᠭᠳᠠᠭᠠᠭᠳᠠᠨ᠎ᠠ᠃ ᠲᠡᠭᠡᠬᠦ ᠳᠡᠭᠡᠨ ᠭᠠᠵᠠᠷ ᠤᠨ ᠵᠢᠷᠤᠭ ᠢ ᠬᠡᠷᠬᠢᠨ ᠵᠢᠷᠣᠬᠤ ᠨᠢ ᠮᠥᠨ ᠴᠦ ᠣᠣᠯ  ᠣᠶᠢᠯᠠᠯᠭ᠎ᠠ ᠶᠢ ᠨᠠᠶᠢᠷᠠᠭᠤᠯᠵᠣ ᠪᠠᠶᠢᠬᠤ ᠬᠦᠮᠣᠨ ᠤ ᠰᠢᠢᠳᠪᠣᠷᠢᠯᠡᠬᠦ ᠶᠠᠪᠣᠳᠠᠯ ᠮᠥᠨ᠃ ︽ᠣᠶᠢᠯᠠᠯᠭ᠎ᠠ︾ ᠳᠤ  ᠮᠣᠩᠭᠤᠯ ᠨᠣᠳᠤᠭ ᠤᠨ ᠭᠠᠵᠠᠷ ᠤᠨ ᠨᠡᠷ᠎ᠡ ᠶᠢ ᠣᠨᠣᠪᠴᠢᠳᠡᠢ ᠪᠦᠭᠡᠳ ᠣᠶᠢᠯᠠᠭᠠᠮᠵᠢᠳᠡᠢ ᠢᠯᠡᠷᠡᠭᠦᠯᠵᠦ ᠴᠢᠳᠠᠬᠤᠶᠢᠴᠠ  ᠵᠢᠷᠤᠭ ᠢ ᠡᠭᠦᠳᠥᠨ ᠠᠰᠢᠭᠯᠠᠭᠰᠠᠨ ᠨᠢ ᠬᠤᠵᠢᠮ ᠤᠨ ᠭᠠᠵᠠᠷ ᠤᠨ ᠨᠡᠷᠡᠰ ᠢ ᠡᠮᠬᠢᠳᠭᠡᠭᠴᠢᠳ ᠲᠤ ᠲᠠᠭᠤᠷᠢᠶᠠᠯ  ᠪᠣᠯᠬᠤᠶᠢᠴᠡ ᠣᠶᠢᠯᠡᠳᠦᠯ ᠲᠠᠢ᠃ ᠡᠭᠦᠨ ᠢ ︽ᠬᠡᠷᠦᠯᠦᠨ ᠭᠠᠴᠠᠭᠠᠨ ᠤ ᠭᠠᠵᠠᠷ ᠤᠨ ᠵᠢᠷᠤᠭ︾ ᠢᠶᠠᠷ ᠵᠢᠱᠢᠶᠡᠯᠡᠪᠡᠯ᠂  ᠲᠡᠭᠡᠷᠡᠬᠢ ᠵᠢᠷᠤᠭ ᠲᠤ ᠨᠣᠳᠤᠭ ᠣᠰᠣᠨ ᠤ ᠭᠠᠵᠠᠷ ᠤᠨ ᠨᠡᠷᠡᠰ ᠢ ᠲᠡᠮᠳᠡᠭᠯᠡᠬᠦ ᠳᠤ ᠡᠷᠬᠡᠪᠰᠢ ᠲᠣᠳᠣᠷᠬᠠᠶᠢᠯᠠᠪᠠᠰᠣ  ᠵᠣᠬᠢᠬᠤ ᠠᠰᠠᠭᠤᠳᠠᠯ ᠤᠳ ᠴᠦᠮ ᠢᠯᠡᠷᠬᠡᠢ ᠪᠣᠯᠣᠭᠰᠠᠨ ᠪᠠᠶᠢᠨ᠎ᠠ᠃ ᠲᠠᠷᠦᠢ ᠨᠢᠭᠡ ᠳᠤ  ᠂ ᠭᠠᠴᠠᠭᠠᠨ ᠤ ᠭᠠᠵᠠᠷ ᠤᠨ  ᠶᠡᠷᠦᠩᠬᠡᠢ ᠲᠦᠯᠦᠪ︔ ᠬᠤᠶᠠᠷ ᠲᠤ᠂ ᠭᠠᠴᠠᠭᠠᠨ ᠤ ᠨᠣᠳᠤᠭ ᠲᠤ ᠪᠠᠶᠢᠬᠤ ᠭᠠᠵᠠᠷ ᠤᠨ  ᠪᠦᠬᠦ ᠨᠡᠷᠡᠰ︔  ᠭᠤᠷᠪᠠ ᠳᠤ᠂ ᠵᠠᠰᠠᠭ ᠵᠠᠬᠢᠷᠭᠠᠨ ᠤ ᠨᠢᠭᠡᠴᠡ ᠨᠦᠭᠦᠳ︔ ᠲᠦᠷᠪᠡ ᠳᠤ᠂ ᠬᠢᠯᠢ ᠵᠠᠭᠠᠭ ᠤᠨ ᠱᠣᠭᠤᠮ︔ ᠲᠡᠪᠤ ᠳᠤ᠂  ᠬᠢᠳᠠᠳ ᠮᠣᠩᠭᠤᠯ ᠪᠢᠴᠢᠯᠭᠡ︔ ᠵᠢᠷᠭᠤᠭ᠎ᠠ ᠳᠤ᠂ ᠲᠡᠦᠬᠡ ᠲᠣᠮᠣᠭᠳᠣ ᠭᠠᠵᠠᠷ︔ ᠲᠣᠯᠤᠭ᠎ᠠ ᠳᠤ᠂ ᠠᠭᠤᠯᠠ ᠣᠰᠣ  ᠣᠪᠣᠭ᠎ᠠ︔ ᠨᠠᠢᠮᠠ ᠳᠤ᠂ ᠭᠠᠵᠠᠷ ᠤᠨ ᠪᠠᠶᠢᠴᠠ ᠶᠢᠨ ᠳᠣᠳᠣᠷᠬᠠᠶᠢᠯᠠᠯᠳᠠ ︵ᠠᠭᠤᠯᠠ᠂ ᠭᠤᠣᠯ᠂ ᠪᠣᠯᠠᠭ᠂  ᠬᠤᠳᠳᠤᠭ᠂ ᠲᠣᠭᠤᠷᠢᠮ ᠬᠡᠬᠦ ᠮᠡᠳᠦ︶᠃ ᠡᠳᠡᠭᠡᠷ ᠢ ᠣᠯᠠᠨ ᠵᠦᠢᠯ ᠤᠨ ᠲᠡᠮᠳᠡᠭ ᠢᠶᠠᠷ ᠨᠠᠷᠢᠯᠢᠭ ᠲᠡᠶᠢᠯᠪᠣᠷᠢᠯᠠᠪᠠ᠃  ᠲᠣᠰ ᠵᠢᠷᠤᠭ ᠬᠢᠭᠡᠳ ᠵᠢᠷᠤᠭ ᠤᠨ ᠲᠠᠶᠢᠯᠪᠣᠷᠢ ᠨᠢ ᠨᠡᠭᠦᠳᠡᠯᠴᠢᠨ ᠮᠣᠩᠭᠤᠯᠴᠣᠳ ᠤᠨ ᠨᠣᠳᠤᠭ ᠣᠰᠣᠨ ᠤ ᠪᠦᠬᠦ  ᠪᠠᠶᠢᠳᠠᠯ ᠢ ᠪᠦᠷᠢᠨ ᠲᠠᠨᠢᠭᠤᠯᠬᠤ ᠵᠣᠷᠢᠯᠭ᠎ᠠ ᠳᠤ ᠬᠦᠷᠦᠭᠰᠡᠨ ᠨᠢ ᠢᠯᠡᠷᠬᠡᠢ᠃                            ︵ᠭᠤᠷᠪᠠ︶ ᠪᠠᠷᠭᠤ ᠨᠣᠳᠤᠭ ᠤᠨ ᠣᠨᠴᠠᠯᠢᠭ                      ᠪᠠᠷᠭᠤᠴᠣᠳ ᠪᠣᠯ ᠬᠦᠯᠦᠨ ᠪᠤᠶᠢᠷ ᠨᠣᠳᠤᠭ ᠤᠨ ᠣᠣᠭᠠᠯ ᠢᠷᠭᠡᠳ ᠪᠣᠯᠣᠨ᠎ᠠ᠃ ᠲᠡᠶᠢᠮᠣ ᠠᠴᠠ  ᠪᠠᠷᠭᠤᠴᠣᠳ ᠤᠨ ᠬᠦᠯᠦᠨ ᠪᠤᠶᠢᠷ ᠨᠣᠳᠤᠭ ᠲᠤ ᠡᠷᠬᠢᠨ ᠲᠣᠭᠤᠷᠢᠨ ᠨᠡᠭᠦᠳᠡᠯᠯᠡᠭᠰᠡᠨ ᠲᠡᠦᠬᠡ ᠰᠣᠶᠣᠯ ᠨᠢ ᠣᠣᠯ  ᠨᠣᠳᠤᠭ ᠤᠨ ᠭᠠᠵᠠᠷ ᠣᠰᠣᠨ ᠤ ᠨᠡᠷᠡᠶᠢᠳᠣᠯ ᠳᠤ ᠲᠣᠷᠠᠶᠢᠳᠠᠯ᠎ᠠ ᠲᠠᠮᠠᠭᠠᠯᠠᠭᠳᠠᠵᠣ ᠪᠠᠶᠢᠭ᠎ᠠ ᠪᠢᠯᠡ᠃ ᠪᠠᠷᠭᠤᠴᠣᠳ ᠤᠨ  ᠲᠣᠮᠳᠠ ᠣᠯᠠᠮᠵᠢᠯᠠᠭᠳᠠᠭᠰᠠᠭᠠᠷ ᠢᠷᠡᠭᠰᠡᠨ ᠭᠠᠵᠠᠷ ᠣᠰᠣᠨ ᠤ ᠲᠣᠬᠠᠢ ᠲᠣᠮᠤᠭ᠂ ᠪᠠᠷᠭᠤᠴᠣᠳ ᠤᠨ ᠨᠡᠭᠦᠳᠡᠯ ᠤᠨ  ᠲᠡᠦᠬᠡᠨ ᠣᠯᠠ ᠮᠦᠷ᠂ ᠪᠠᠷᠭᠤᠴᠣᠳ ᠤᠨ ᠬᠡᠯᠡ ᠶᠠᠷᠢᠶᠠᠨ ᠤ ᠣᠨᠴᠠᠯᠢᠭ ᠲᠠᠢ ᠭᠠᠵᠠᠷ ᠣᠰᠣᠨ ᠤ ᠨᠡᠷᠡᠶᠢᠳᠣᠯ ᠁  ᠵᠡᠷᠭᠡ ᠪᠦᠬᠦ ᠲᠠᠯ᠎ᠠ ᠳᠤ ᠴᠦᠮ ᠪᠠᠷᠭᠤ ᠬᠦᠮᠣᠰ ᠤᠨ ᠲᠡᠦᠬᠡ ᠰᠣᠶᠣᠯ ᠤᠨ ᠣᠨᠴᠠᠯᠢᠭ ᠰᠢᠩᠭᠡᠨ ᠠᠭᠤᠰᠴᠣ ᠪᠠᠶᠢᠭ᠎ᠠ  ᠶᠤᠮ᠃ ᠣᠨᠴᠠᠭᠠᠶᠢᠯᠠᠨ ᠣᠣᠯ ᠨᠣᠳᠤᠭ ᠣᠰᠣᠨ ᠤ ᠣᠣᠭᠠᠯ ᠣᠨᠴᠠᠯᠢᠭ ᠰᠢᠨᠵᠢ ᠶᠢ ᠢᠯᠡᠷᠡᠭᠦᠯᠦᠭᠰᠡᠨ ᠭᠠᠵᠠᠷ  ᠣᠰᠣᠨ ᠤ ᠵᠠᠷᠢᠮ ᠨᠡᠷᠡᠶᠢᠳᠦᠯ ᠢ ᠪᠦᠷᠢᠳᠬᠡᠨ ᠲᠡᠮᠳᠡᠭᠯᠡᠭᠰᠡᠨ ᠨᠢ ᠲᠣᠩ ᠦᠨ᠎ᠡ ᠴᠠᠨ᠎ᠠ ᠲᠠᠢ ᠵᠦᠢᠯ ᠪᠣᠯᠵᠡᠢ᠃  ᠵᠢᠱᠢᠶᠡᠯᠡᠬᠦ ᠳᠤ᠂ ︽ᠮᠠᠩᠭᠢᠷᠳᠦ︾᠂ ︽ᠠᠬᠢᠳᠣ︾᠂ ︽ᠭᠠᠩᠭᠠᠳᠣ︾ ᠵᠡᠷᠭᠡ ᠭᠠᠵᠠᠷ ᠲᠤ ᠣᠣᠯ ᠨᠢ ᠡᠳᠡᠭᠡᠷ  ᠣᠷᠭᠤᠮᠣᠯ ᠡᠯᠪᠡᠭ ᠪᠠᠶᠢᠭᠰᠠᠨ ᠨᠢ ᠶᠠᠷᠢᠶᠠᠨ ᠦᠭᠡᠢ᠃ ᠲᠡᠭᠡᠬᠦ ᠳᠤ ᠣᠳᠣᠬᠠᠨ ᠳᠤ ᠪᠠᠶᠢᠭᠠᠯᠢ ᠠᠮᠢ ᠠᠬᠤᠢ ᠶᠢᠨ ᠶᠡᠭᠡ  ᠡᠪᠳᠡᠭᠳᠡᠯ ᠠᠴᠠ ᠪᠣᠯᠵᠣ᠂ ᠲᠡᠳᠡᠭᠡᠷ ᠭᠠᠵᠠᠷ ᠲᠤ ᠵᠦᠪᠬᠡᠨ ᠣᠷᠭᠤᠮᠠᠯ ᠤᠨ ᠨᠡᠷ᠎ᠡ ᠨᠢ ᠦᠯᠡᠳᠡᠵᠦ ᠪᠠᠶᠢᠬᠤ ᠠᠴᠠ ᠪᠢᠰᠢ᠂  ᠪᠣᠳᠠᠳᠣ ᠣᠷᠭᠤᠮᠠᠯ ᠨᠢ ᠶᠡᠷᠦ ᠣᠷᠭᠤᠬᠤ ᠪᠠᠨ ᠪᠣᠯᠢᠭᠰᠠᠨ ᠪᠠᠶᠢᠳᠠᠯ ᠮᠣᠩᠭᠤᠯ ᠨᠣᠳᠤᠭ ᠲᠤ ᠵᠦᠩᠳᠡᠭᠡᠨ  ᠬᠠᠷᠠᠭᠳᠠᠵᠣ ᠪᠣᠢ᠃ ᠡᠭᠦᠨ ᠲᠠᠢ ᠠᠳᠠᠯᠢᠬᠠᠨ ᠢᠶᠠᠷ ︽ᠬᠤᠯᠠᠨᠳᠣ︾᠂ ︽ᠲᠠᠷᠪᠠᠭᠠᠳᠣ︾᠂ ︽ᠲᠣᠭᠤᠳᠠᠭᠳᠣ︾᠂ ︽ ᠦᠨᠡᠭᠡᠳᠣ︾ ᠭᠡᠬᠦ ᠮᠡᠳᠣ ᠬᠡᠬᠡᠷ᠎ᠡ ᠶᠢᠨ ᠠᠮᠢᠳᠠᠳ ᠢᠶᠠᠷ ᠨᠡᠷᠡᠯᠡᠭᠳᠡᠭᠰᠡᠨ ᠭᠠᠵᠠᠷ ᠤᠳ ᠲᠤ ᠲᠡᠳᠡᠭᠡᠷ ᠠᠮᠢᠳᠠᠳ ᠣᠯᠠᠨ  ᠲᠤᠭ᠎ᠠ ᠪᠠᠷ ᠣᠷᠣᠰᠢᠵᠦ ᠪᠠᠶᠢᠭᠰᠠᠨ ᠨᠢ ᠲᠠᠮᠵᠢᠭ ᠦᠭᠡᠢ᠃ ᠬᠡᠬᠡᠷ᠎ᠡ ᠶᠢᠨ ᠠᠮᠢᠳᠠᠨ ᠣᠭ ᠲᠠᠰᠣᠷᠠᠵᠣ ᠪᠠᠶᠢᠭ᠎ᠠ  ᠦᠨᠦᠳᠦᠷ ᠬᠦᠮᠦᠰ ᠲᠦᠷᠦᠯᠬᠢ ᠨᠣᠳᠤᠭ ᠤᠨ ᠢᠶᠠᠨ ᠣᠣᠯ ᠦᠩᠬᠡ ᠵᠢᠰᠣ ᠶᠢ ᠭᠠᠵᠠᠷ ᠣᠰᠣᠨ ᠤ ᠲᠡᠳᠡᠭᠡᠷ  ᠨᠡᠷᠡᠶᠢᠳᠦᠯ ᠤᠨ ᠬᠠᠪᠰᠣᠷᠣᠯᠭ᠎ᠠ ᠲᠠᠢ ᠪᠠᠷ ᠲᠠᠭᠠᠮᠠᠭᠯᠠᠨ ᠲᠠᠨᠢᠵᠣ ᠪᠣᠯᠬᠤ ᠶᠤᠮ᠃ ᠡᠶᠢᠮᠤᠷᠬᠡᠤ ᠨᠡᠷᠡᠶᠢᠳᠤᠯ ᠨᠦᠭᠦᠳ ᠨᠢ  ᠮᠥᠨ ᠣᠣᠯ ᠨᠣᠳᠤᠭ ᠤᠨ ᠦᠵᠡᠮᠵᠢ ᠪᠠᠶᠢᠳᠠᠯ᠂ ᠲᠡᠦᠬᠡᠨ ᠬᠤᠪᠢᠰᠣᠯ ᠢ ᠰᠣᠳᠣᠯᠬᠤ ᠳᠤ ᠲᠣᠳᠠᠭᠳᠠᠵᠣ ᠪᠣᠯᠣᠰᠢ  ᠦᠭᠡᠢ ᠪᠠᠷᠢᠮᠳᠠ ᠨᠤᠭᠤᠳ ᠢ ᠬᠠᠩᠭᠠᠬᠤ ᠪᠣᠯᠣᠯᠴᠠᠭ᠎ᠠ ᠪᠣᠢ᠃                                 ᠭᠤᠷᠪᠠ᠂ ᠦᠨᠳᠦᠷ ᠦᠨ᠎ᠡ ᠴᠠᠨ᠎ᠠ                        ︽ᠣᠶᠢᠯᠠᠯᠭ᠎ᠠ︾ ᠨᠢ ᠭᠠᠵᠠᠷ ᠣᠰᠣᠨ ᠤ ᠨᠡᠷ᠎ᠡ ᠶᠢ ᠨᠠᠷᠢᠨ ᠬᠢᠨᠠᠮᠠᠭᠠᠢ ᠦᠪᠯᠡᠨ   ᠬᠤᠷᠢᠶᠠᠩᠭᠤᠶᠢᠯᠠᠭᠰᠠᠨ ᠠᠴᠠ ᠪᠣᠯᠵᠣ᠂ ᠦᠨᠳᠣᠰᠣᠳᠠᠨ ᠶᠠᠰᠣᠳᠠᠨ ᠤ ᠲᠡᠦᠬᠡ ᠰᠣᠶᠣᠯ ᠤᠨ ᠰᠣᠳᠣᠯᠭᠠᠨ ᠬᠢᠭᠡᠳ  ᠭᠠᠵᠠᠷ ᠣᠰᠣᠨ ᠤ ᠣᠶᠢᠯᠠᠯᠭ᠎ᠠ ᠶᠢ ᠪᠢᠴᠢᠬᠦ ᠵᠡᠷᠭᠡ ᠠᠵᠢᠯ ᠳᠤ ᠦᠷᠭᠡᠨ ᠢᠶᠠᠷ ᠠᠰᠢᠭᠯᠠᠭᠳᠠᠬᠤ ᠦᠨᠳᠦᠷ ᠦᠨ᠎ᠡ  ᠴᠠᠨ᠎ᠠ ᠲᠠᠢ ᠪᠦᠲᠦᠭᠡᠯ ᠪᠣᠯᠣᠯ᠎ᠠ ᠭᠡᠵᠦ ᠦᠵᠡᠨ᠎ᠡ᠃                               ︵ᠨᠢᠭᠡ︶ ᠭᠠᠵᠠᠷ ᠣᠰᠣᠨ ᠤ ᠨᠡᠷᠡᠶᠢᠳᠣᠯ ᠢ ᠦᠪᠯᠡᠭᠰᠡᠨ                       ᠪᠠᠷᠭᠤᠴᠣᠳ ᠤᠨ ᠨᠡᠭᠦᠳᠡᠯ ᠮᠠᠯᠵᠢᠯ ᠵᠣᠭᠰᠣᠬᠤ ᠶᠢ ᠲᠠᠭᠠᠯᠳᠣᠨ᠂ ᠬᠠᠮᠳᠣ ᠨᠡᠶᠢᠳᠡ ᠶᠢᠨ ᠨᠡᠭᠦᠳᠡᠯ  ᠨᠣᠳᠤᠭ ᠨᠢ ᠬᠦᠨᠳᠡᠯᠡᠨ ᠭᠤᠣᠯᠳᠣ ᠪᠠᠷ ᠬᠡᠰᠡᠭᠯᠡᠭᠳᠡᠭᠰᠡᠨ ᠲᠠᠭᠠᠭᠠᠴᠢᠯᠠᠯᠳᠠ ᠶᠢᠨ ᠭᠠᠵᠠᠷ ᠪᠣᠯᠵᠣ ᠬᠤᠪᠢᠷᠠᠪᠠ᠃  ᠬᠠᠮᠳᠣ ᠪᠠᠷ ᠨᠡᠭᠦᠳᠡᠯᠯᠡᠵᠦ᠂ ᠨᠡᠶᠢᠳᠡ ᠣᠯᠠᠨ ᠤ ᠡᠵᠡᠮᠰᠢᠯ ᠪᠠᠶᠢᠭᠰᠠᠨ ᠨᠣᠳᠤᠭ ᠣᠰᠣ ᠨᠢ ᠬᠡᠰᠡᠭᠯᠡᠭᠳᠡᠨ  ᠲᠠᠰᠣᠳᠠᠭᠳᠠᠬᠤ ᠶᠢ ᠲᠠᠭᠠᠯᠳᠣᠨ᠂ ᠭᠠᠵᠠᠷ ᠣᠰᠣᠨ ᠤ ᠣᠣᠯ ᠤᠨ ᠨᠡᠷ᠎ᠡ ᠴᠦ ᠦᠢᠯᠡᠳᠦᠯ ᠢᠶᠠᠨ ᠠᠯᠳᠠᠪᠠ᠃ ᠦᠨᠡᠨ ᠢ  ᠬᠡᠯᠡᠬᠦ ᠳᠤ ᠡᠷᠳᠡ ᠢᠵᠠᠭᠤᠷ ᠠᠴᠠ ᠠᠪᠣᠭᠠᠳ ᠨᠡᠭᠦᠳᠡᠯᠴᠢᠳ ᠤᠨ ᠨᠣᠳᠤᠭ ᠨᠢ ᠬᠠᠮᠳᠣ ᠪᠠᠷ ᠠᠰᠢᠭᠯᠠᠬᠤ ᠵᠢᠮ᠎ᠡ ᠪᠠᠷ  ᠦᠷᠬᠦᠯᠵᠢᠯᠡᠭᠰᠡᠭᠡᠷ ᠢᠷᠡᠭᠰᠡᠨ ᠶᠤᠮ᠃ ᠨᠡᠭᠦᠳᠡᠯᠴᠢᠳ ᠤᠨ ᠨᠣᠳᠤᠭ ᠣᠰᠣ ᠨᠢ ︽ᠮᠢᠨᠣ᠂ ᠴᠢᠨᠣ︾ ᠬᠡᠮᠡᠬᠦ  ᠬᠤᠪᠢᠶᠠᠷᠢ ᠲᠠᠢ ᠪᠣᠯᠣᠭᠰᠠᠨ ᠨᠢ ᠲᠡᠷᠦᠢ ᠪᠠᠶᠢᠭᠠᠯᠢᠯᠢᠭ ᠠᠮᠢ ᠠᠬᠤᠢ ᠶᠢᠨ ᠲᠡᠩᠴᠡᠭᠦᠷᠢ ᠶᠢ ᠡᠪᠳᠡᠵᠦ ᠪᠠᠶᠢᠭ᠎ᠠ ᠶᠢᠨ  ᠲᠣᠳᠣᠷᠬᠠᠢ ᠢᠯᠡᠷᠡᠯ ᠪᠣᠯᠵᠣ ᠪᠣᠢ᠃ ᠮᠣᠩᠭᠤᠯ ᠣᠷᠣᠨ ᠤ ᠨᠡᠭᠦᠳᠡᠯ ᠤᠨ ᠨᠣᠳᠤᠭ ᠢ ᠦᠷᠬᠦᠯᠵᠢᠯᠡᠨ ᠣᠳᠣᠬᠢ  ᠠᠷᠭ᠎ᠠ ᠪᠠᠷ ᠠᠰᠢᠭᠯᠠᠬᠤ ᠳᠤ ᠬᠦᠷᠪᠡᠯ᠂ ᠭᠠᠵᠠᠷ ᠣᠰᠣᠨ ᠤ ᠣᠣᠯ ᠨᠡᠷᠡᠰ ᠨᠢ ᠣᠷᠬᠢᠭᠳᠠᠬᠤ ᠶᠢᠨ ᠰᠠᠴᠠᠭᠤ ᠡᠳᠦᠷ  ᠣᠳᠠᠭᠠᠨ ᠳᠠᠭᠠᠨ ᠲᠠᠯ᠎ᠠ ᠨᠣᠳᠤᠭ ᠤᠨ ᠪᠠᠶᠢᠭᠠᠯᠢ ᠶᠢᠨ ᠨᠢᠭᠤᠷ ᠲᠦᠷᠰᠦ ᠴᠦ ᠲᠠᠨᠢᠭᠳᠠᠬᠤ ᠪᠠᠨ ᠪᠣᠯᠢᠵᠦ᠂ ᠬᠤᠶᠢᠴᠢ  ᠦᠶ᠎ᠡ ᠶᠢᠨ ᠣᠷᠣᠰᠢᠨ ᠲᠣᠭᠳᠠᠨᠢᠯ ᠳᠤ ᠯᠣᠳᠣ ᠶᠡᠭᠡ ᠰᠦᠷᠳᠡᠭᠦᠯᠦᠯ ᠪᠣᠯᠬᠤ ᠶᠤᠮ᠃              ᠣᠯᠠᠨ ᠤ ᠮᠡᠳᠡᠭᠡᠵᠢ ᠪᠠᠷ ᠮᠣᠩᠭᠤᠯᠴᠣᠳ ᠤᠨ ᠭᠠᠵᠠᠷ ᠣᠰᠣᠨ ᠤ ᠨᠡᠷᠡᠶᠢᠳᠣᠯ ᠤᠨ ᠠᠭᠤᠯᠣᠭᠳᠠᠬᠤᠨ ᠮᠠᠰᠢ  ᠦᠷᠭᠡᠨ᠃ ᠲᠠᠷᠦᠢ ᠭᠠᠵᠠᠷ ᠣᠰᠣᠨ ᠤ ᠪᠠᠶᠢᠴᠠ᠂ ᠣᠨᠴᠠᠯᠢᠭ ᠰᠢᠨᠵᠢ ᠪᠠᠷ ᠢᠯᠡᠳᠬᠡᠭᠰᠡᠨ ᠠᠴᠠ ᠭᠠᠳᠠᠨ᠎ᠠ  ᠦᠨᠳᠣᠰᠣᠳᠠᠨ ᠶᠠᠰᠣᠳᠠᠨ ᠤ ᠲᠡᠦᠬᠡ ᠰᠣᠶᠣᠯ ᠤᠨ ᠦᠷᠭᠡᠨ ᠴᠠᠷ᠎ᠠ ᠶᠢ ᠬᠠᠮᠣᠷᠴᠣ ᠪᠠᠶᠢᠳᠠᠭ ᠶᠤᠮ᠃ ᠲᠡᠶᠢᠮᠣ ᠠᠴᠠ  ᠭᠠᠵᠠᠷ ᠣᠰᠣᠨ ᠤ ᠣᠶᠢᠯᠠᠯᠭ᠎ᠠ ᠶᠢ ᠨᠠᠷᠢᠨ ᠣᠨᠣᠪᠴᠢᠲᠡᠢ ᠨᠠᠶᠢᠷᠠᠭᠤᠯᠬᠤ ᠨᠢ ᠨᠣᠳᠤᠭ ᠣᠰᠣ᠂ ᠲᠡᠦᠬᠡ ᠰᠣᠶᠣᠯ ᠤᠨ   ᠢᠶᠠᠨ ᠦᠪ ᠢ ᠬᠦᠮᠦᠷᠭᠡᠯᠡᠨ ᠬᠠᠳᠠᠭᠠᠯᠠᠵᠣ ᠪᠠᠶᠢᠭ᠎ᠠ ᠶᠠᠪᠣᠳᠠᠯ ᠪᠢᠯᠡ᠃ ︽ᠣᠶᠢᠯᠠᠯᠭ᠎ᠠ︾ ᠳᠤ ᠰᠢᠨ᠎ᠡ ᠪᠠᠷᠭᠤ  ᠪᠠᠷᠠᠭᠤᠨ ᠬᠤᠰᠢᠭᠤᠨ ᠤ ᠬᠠᠷᠢᠶᠠᠨ ᠳᠤ ᠪᠠᠭᠳᠠᠬᠤ ᠭᠠᠵᠠᠷ ᠣᠰᠣᠨ ᠤ ᠬᠡᠳᠦᠨ ᠮᠢᠩᠭᠠᠨ ᠨᠡᠷᠡᠰ ᠢ ᠪᠦᠷᠢᠳᠬᠡᠨ᠂  ᠲᠡᠳᠡᠭᠡᠷ ᠤᠨ ᠪᠠᠶᠢᠷᠢᠰᠢᠯ ᠢ ᠨᠢᠭᠡᠳ ᠨᠢᠭᠡ ᠪᠠᠷ ᠨᠠᠷᠢᠨ ᠲᠣᠳᠣᠷᠬᠠᠶᠢᠯᠠᠵᠣ᠂ ᠬᠤᠯᠪᠣᠭᠳᠠᠯ ᠪᠦᠬᠦᠢ ᠲᠡᠦᠬᠡ  ᠰᠣᠶᠣᠯ ᠤᠨ ᠠᠭᠤᠯᠭ᠎ᠠ ᠶᠢ ᠡᠮᠬᠢᠳᠬᠡᠨ ᠣᠷᠣᠭᠤᠯᠣᠭᠰᠠᠨ ᠨᠢ ᠡᠭᠦᠷᠢᠳᠡ ᠪᠠᠯᠠᠷᠠᠰᠢ ᠦᠭᠡᠢ ᠰᠣᠶᠣᠯ ᠣᠯᠠᠮᠵᠢᠯᠠᠯ ᠤᠨ  ᠦᠪ ᠪᠣᠯᠵᠣ ᠰᠦᠨᠳᠡᠷᠯᠡᠭᠰᠡᠨ ᠭᠡᠬᠦ ᠳᠤ ᠢᠯᠡᠭᠦᠳᠡᠬᠦ ᠦᠭᠡᠢ᠃                            ︵ᠬᠤᠶᠠᠷ︶ ᠰᠣᠷᠭᠠᠨ ᠬᠦᠮᠦᠵᠢᠯ ᠪᠠ ᠰᠣᠳᠣᠯᠭᠠᠨ ᠤ ᠰᠢᠨᠵᠢ                        ᠦᠨᠳᠣᠰᠣᠳᠠᠨ ᠶᠠᠰᠣᠳᠠᠨ ᠤ ᠣᠯᠠᠮᠵᠢᠯᠠᠯ ᠰᠣᠶᠣᠯ ᠨᠢ ᠬᠤᠶᠢᠴᠢ ᠶᠢᠨ ᠦᠷ᠎ᠡ ᠠᠴᠢᠨᠠᠷ ᠲᠠᠭᠠᠨ ᠦᠶ᠎ᠡ  ᠲᠠᠮᠵᠢᠨ ᠵᠠᠯᠭᠠᠮᠵᠢᠯᠠᠭᠳᠠᠵᠣ᠂ ᠲᠠᠨᠢᠭᠤᠯᠣᠨ ᠬᠦᠮᠦᠵᠢᠭᠦᠯᠬᠦ ᠣᠶᠢᠯᠡᠳᠣᠯ ᠦᠵᠡᠭᠦᠯᠳᠡᠭ᠃ ᠬᠦᠮᠣᠨ ᠲᠦᠷᠦᠯᠬᠢᠳᠡᠨ ᠤ  ᠠᠵᠣ ᠪᠠᠶᠢᠳᠠᠯ ᠨᠢ ᠴᠦᠮ ᠯᠡ ᠭᠠᠵᠠᠷ ᠨᠣᠳᠤᠭ‌ᠡᠴᠠ ᠡᠬᠢᠯᠡᠨ᠎ᠡ᠃ ᠲᠡᠶᠢᠮᠣ ᠠᠴᠠ ᠨᠣᠳᠤᠭ ᠣᠰᠣᠨ ᠤ ᠪᠠᠨ ᠲᠣᠬᠠᠢ  ᠮᠡᠳᠡᠯᠭᠡ ᠮᠦᠴᠢᠳ ᠶᠤᠮ ᠪᠣᠯ ᠦᠨᠳᠣᠰᠣᠳᠠᠨ ᠶᠠᠰᠣᠳᠠᠨ ᠤ ᠲᠡᠦᠬᠡ ᠰᠣᠶᠣᠯ ᠢᠶᠠᠨ ᠴᠢᠨᠠᠭᠰᠢᠳᠠ ᠭᠦᠨᠵᠡᠭᠡᠢ  ᠣᠶᠢᠯᠠᠭᠠᠬᠤ ᠪᠣᠯᠦᠮᠵᠢ ᠦᠭᠡᠢ ᠶᠤᠮ᠃ ︽ᠣᠶᠢᠯᠠᠯᠭ᠎ᠠ︾ ᠳᠤ ᠪᠠᠷᠭᠤᠴᠣᠳ ᠤᠨ ᠲᠡᠦᠬᠡ ᠰᠣᠶᠣᠯ‌‍ᠤᠨ ᠦᠷᠭᠡᠨ  ᠪᠠᠶᠠᠯᠢᠭ ᠠᠭᠤᠯᠭ᠎ᠠ ᠬᠠᠮᠣᠷᠣᠭᠳᠠᠨ ᠣᠷᠣᠭᠰᠠᠨ ᠪᠣᠯᠬᠤᠷ ᠲᠡᠷᠡ ᠨᠢ ᠮᠥᠨ ᠴᠦ ᠪᠠᠷᠭᠤ ᠰᠣᠶᠣᠯ ᠤᠨ ᠵᠢᠭᠠᠬᠤ  ᠮᠠᠲᠧᠷᠢᠶᠠᠯ ᠤᠨ ᠦᠢᠯᠡᠳᠦᠯ ᠲᠠᠢ ᠪᠣᠯᠣᠭᠰᠠᠨ ᠪᠠᠶᠢᠳᠠᠭ᠃ ᠵᠢᠱᠢᠶᠡᠯᠡᠬᠦ ᠳᠤ᠂ ᠣᠳᠣᠬᠠᠨ ᠳᠤ ᠪᠦᠬᠦ ᠬᠦᠯᠦᠨ  ᠪᠤᠶᠢᠷ ᠢᠶᠠᠷ ᠢᠶᠠᠨ ᠰᠦᠰᠦᠭᠯᠡᠨ ᠲᠠᠬᠢᠬᠤ ᠪᠣᠯᠣᠭᠰᠠᠨ ︽ᠪᠠᠷᠭᠤ ᠶᠢᠨ ᠪᠣᠭᠳᠠ ᠠᠭᠤᠯᠠ︾ ᠶᠢᠨ ᠲᠣᠬᠠᠢ ᠲᠡᠦᠬᠡᠨ  ᠲᠠᠨᠢᠯᠴᠠᠭᠤᠯᠭ᠎ᠠ ᠨᠢ ᠨᠠᠷᠢᠯᠢᠭ ᠪᠦᠭᠡᠳ ᠪᠣᠳᠠᠳᠠᠢ ᠪᠣᠯᠪᠠ᠃ ᠲᠠᠷᠦᠢ ᠪᠣᠭᠳᠠ ᠠᠭᠤᠯᠠ ᠶᠢᠨ ᠪᠠᠶᠢᠷᠢᠰᠢᠯ᠂ ᠪᠣᠭᠳᠠ  ᠠᠭᠤᠯᠠ ᠶᠢᠨ ᠣᠷᠴᠢᠮ ᠳᠤ ᠶᠠᠪᠣᠭᠳᠠᠭᠰᠠᠨ ᠲᠡᠦᠬᠡ ᠶᠢᠨ ᠴᠢᠬᠤᠯᠠ ᠡᠷᠭᠢᠴᠡᠭᠦᠯᠦᠯ ᠤᠳ ᠵᠢᠴᠢ ᠪᠠᠷᠭᠤᠴᠣᠳ ᠤᠨ  ᠪᠣᠭᠳᠠ ᠠᠭᠤᠯᠠ ᠶᠢ ᠲᠠᠬᠢᠵᠣ ᠪᠠᠶᠢᠭᠰᠠᠨ ᠶᠠᠪᠣᠴᠠ ᠶᠢ ᠪᠣᠳᠠᠳᠣ ᠪᠠᠷᠢᠮᠳᠠ ᠪᠠᠷ ᠨᠣᠳᠠᠯᠠᠨ ᠲᠠᠨᠢᠯᠴᠠᠭᠤᠯᠪᠠ᠃  ᠲᠠᠬᠢᠪᠠᠯ ᠭᠠᠵᠠᠷ ᠣᠰᠣᠨ ᠤ ᠨᠡᠷ᠎ᠡ ᠪᠦᠷᠢ ᠳᠤ ᠬᠢᠳᠠᠳ ᠲᠠᠭᠤᠳᠠᠯᠭ᠎ᠠ ᠶᠢ ᠬᠠᠳᠠᠭᠰᠠᠨ ᠨᠢ ᠭᠠᠵᠠᠷ ᠣᠰᠣᠨ ᠤ  ᠨᠡᠷ᠎ᠡ ᠶᠢ ᠬᠠᠵᠠᠭᠠᠢ ᠪᠣᠷᠣᠭᠤ ᠲᠡᠮᠳᠡᠭᠯᠡᠬᠦ ᠦᠵᠡᠭᠳᠡᠯ ᠭᠠᠷᠬᠤ ᠠᠴᠠ ᠰᠡᠷᠭᠡᠶᠢᠯᠡᠵᠦ ᠴᠢᠳᠠᠨ᠎ᠠ᠃ ᠲᠡᠷᠦᠢ ᠭᠠᠵᠠᠷ  ᠣᠰᠣᠨ ᠤ ᠨᠡᠷ᠎ᠡ ᠲᠣᠮᠢᠶ᠎ᠡ ᠶᠢ ᠲᠦᠷᠢᠮᠵᠢᠭᠦᠯᠬᠦ ᠳᠤ ᠠᠰᠢᠭ ᠲᠠᠢ ᠶᠤᠮ᠃                                ︵ᠭᠤᠷᠪᠠ︶ ᠬᠡᠪ ᠲᠠᠭᠤᠷᠢᠶᠠᠯ ᠤᠨ ᠦᠢᠯᠡᠳᠣᠯ ᠲᠠᠢ                        ᠭᠠᠵᠠᠷ ᠣᠰᠣᠨ ᠤ ᠨᠡᠷᠡᠶᠢᠳᠦᠯ ᠢ ᠰᠣᠶᠣᠯ ᠲᠡᠦᠬᠡ ᠶᠢᠨ ᠡᠭᠦᠳᠡᠨ ᠠᠴᠠ ᠴᠣᠭᠯᠠᠭᠤᠯᠣᠨ ᠡᠮᠬᠢᠳᠬᠡᠬᠦ ᠠᠵᠢᠯ  ᠦᠷᠭᠡᠨ ᠬᠡᠪᠴᠢᠶ᠎ᠡ ᠪᠠᠷ ᠦᠷᠬᠦᠯᠵᠢᠯᠡᠭᠰᠡᠭᠡᠷ ᠪᠠᠶᠢᠭ᠎ᠠ ᠶᠤᠮ᠃ ᠡᠭᠦᠨ ᠳᠤ ᠬᠦᠮᠣᠰ ᠠᠳᠠᠯᠢ ᠪᠣᠰᠣ ᠶᠢᠨ ᠠᠷᠭ᠎ᠠ  ᠬᠡᠯᠪᠡᠷᠢ ᠶᠢ ᠠᠰᠢᠭᠯᠠᠵᠣ ᠬᠡᠷᠡᠭᠯᠡᠭᠰᠡᠭᠡᠷ ᠪᠣᠢ᠃ ᠲᠣᠰ ︽ᠣᠶᠢᠯᠠᠯᠭ᠎ᠠ︾ ᠨᠢ ᠮᠣᠩᠭᠤᠯ ᠨᠣᠳᠤᠭ ᠤᠨ ᠭᠠᠵᠠᠷ  ᠣᠰᠣᠨ ᠤ ᠨᠡᠷ᠎ᠡ ᠶᠢ ᠰᠣᠶᠣᠯ ᠲᠡᠦᠬᠡ ᠶᠢᠨ ᠡᠭᠦᠳᠡᠨ ᠠᠴᠠ ᠪᠦᠷᠢᠳᠬᠡᠨ ᠡᠮᠬᠢᠳᠬᠡᠬᠦ ᠳᠤ ᠬᠡᠯᠪᠡᠷᠢ ᠰᠲᠢᠯᠢ ᠶᠢᠨ  ᠬᠤᠪᠢ ᠳᠤ ᠲᠠᠭᠤᠷᠢᠶᠠᠯ ᠪᠣᠯᠬᠤ ᠦᠢᠯᠡᠳᠦᠯ ᠲᠠᠢ ᠭᠡᠵᠦ ᠦᠵᠡᠨ᠎ᠡ᠃ ᠣᠴᠢᠷ ᠨᠢ ᠣᠣᠯ ︽ᠣᠶᠢᠯᠠᠯᠭ᠎ᠠ︾ ᠨᠢ  ᠠᠭᠤᠯᠭ᠎ᠠ ᠬᠡᠯᠪᠡᠷᠢ ᠠᠯᠢ ᠲᠠᠯ᠎ᠠ ᠠᠴᠠ ᠦᠵᠡᠭᠰᠡᠨ ᠴᠦ ᠦᠭᠡᠯᠡᠵᠦ ᠬᠠᠶᠠᠮᠠᠷ ᠢᠯᠡᠭᠦᠦ ᠵᠦᠢᠯ ᠦᠭᠡᠢ᠂ ᠲᠡᠭᠡᠳᠦ  ᠬᠡᠮᠵᠢᠶᠡᠨ ᠤ ᠲᠡᠭᠦᠯᠳᠡᠷᠵᠢᠭᠰᠡᠨ ᠬᠡᠪ ᠲᠤ ᠬᠦᠷᠦᠭᠰᠡᠨ ᠪᠠᠶᠢᠳᠠᠭ᠃ ᠣᠳᠣᠬᠠᠨ ᠳᠤ ᠭᠠᠵᠠᠷ ᠣᠰᠣᠨ ᠤ ᠣᠶᠢᠯᠠᠯᠭ᠎ᠠ᠂  ᠭᠠᠵᠠᠷ ᠣᠰᠣᠨ ᠤ ᠲᠣᠮᠤᠭ ᠢ ᠴᠣᠭᠯᠠᠭᠤᠯᠣᠨ ᠨᠠᠶᠢᠷᠠᠭᠤᠯᠵᠣ ᠪᠠᠶᠢᠭ᠎ᠠ ᠪᠢᠴᠢᠭᠳᠡᠳ ᠲᠤ ᠲᠤᠳᠠᠭᠳᠠᠵᠣ ᠪᠣᠯᠣᠰᠢ  ᠦᠭᠡᠢ ᠭᠠᠷ ᠠᠪᠣᠯᠭ᠎ᠠ ᠪᠣᠯᠬᠤ ᠪᠣᠯᠣᠮᠵᠢ ᠪᠦᠷᠢᠨ ᠪᠣᠢ᠃ ᠶᠠᠷᠢᠶᠠᠨ ᠦᠭᠡᠢ ᠲᠣᠳᠠᠭᠤ ᠶᠢ ᠨᠦᠬᠦᠪᠣᠷᠢᠯᠡᠵᠦ  ᠴᠢᠨᠠᠭᠰᠢᠳᠠ ᠴᠢᠨᠠᠷᠵᠢᠭᠤᠯᠵᠣ ᠪᠣᠯᠬᠤ ᠪᠣᠯᠦᠮᠵᠢ ᠶᠠᠮᠠᠷ ᠴᠦ ᠪᠦᠲᠦᠭᠡᠯ ᠳᠤ ᠣᠷᠣᠰᠢᠳᠠᠭ ᠶᠤᠮ᠃ ᠲᠡᠶᠢᠮᠣ ᠠᠴᠠ  ᠭᠠᠵᠠᠷ ᠣᠰᠣᠨ ᠤ ᠨᠡᠷ᠎ᠡ ᠶᠢ ᠡᠮᠬᠢᠳᠬᠡᠭᠴᠢᠳ ᠠᠴᠠ ︽ᠣᠶᠢᠯᠠᠯᠭ᠎ᠠ︾ ᠶᠢᠨ ᠪᠦᠲᠦᠴᠡ ᠬᠡᠯᠪᠡᠷᠢ ᠶᠢ  ᠪᠦᠲᠦᠭᠡᠯᠴᠢ ᠪᠠᠷ ᠠᠰᠢᠭᠯᠠᠵᠣ᠂ ᠬᠦᠭᠵᠢᠭᠦᠯᠦᠨ ᠰᠢᠨᠡᠴᠢᠯᠡᠪᠡᠯ ᠨᠡᠩ ᠰᠠᠶᠢᠨ ᠦᠷ᠎ᠡ ᠪᠦᠲᠦᠮᠵᠢ ᠣᠯᠬᠤ ᠪᠢᠵᠡ᠃  ᠶᠠᠮᠠᠷ ᠪᠠᠶᠢᠭᠰᠠᠨ ᠴᠦ ᠲᠣᠰ ︽ᠣᠶᠢᠯᠠᠯᠭ᠎ᠠ︾ ᠨᠢ ᠣᠶᠣᠳᠠᠨ ᠰᠣᠷᠣᠭᠴᠢ᠂ ᠨᠣᠳᠤᠭ ᠣᠰᠣᠨ ᠤ ᠲᠡᠦᠬᠡ ᠰᠣᠶᠣᠯ ᠢ  ᠡᠮᠬᠢᠳᠬᠡᠭᠴᠢᠳ᠂ ᠰᠣᠳᠣᠯᠭᠠᠳᠠᠳ ᠲᠤ ᠦᠷᠭᠡᠨ ᠠᠰᠢᠭᠯᠠᠭᠳᠠᠬᠤ ᠭᠠᠷ ᠠᠪᠣᠯᠭ᠎ᠠ ᠶᠢᠨ ᠪᠢᠴᠢᠭ ᠪᠣᠯᠬᠤ  ᠬᠡᠮᠵᠢᠶᠡᠨ ᠳᠤ ᠬᠦᠷᠦᠭᠰᠡᠨ ᠭᠡᠵᠦ ᠦᠵᠡᠨ᠎ᠡ᠃                          ᠬᠤᠷᠢᠶᠠᠩᠭᠤᠶᠢᠯᠠᠪᠠᠯ᠂ ᠨᠡᠭᠡᠶᠢᠳᠤ ᠭᠤᠤᠯᠯᠠᠨ ᠨᠠᠶᠢᠷᠠᠭᠤᠯᠤᠭᠰᠠᠨ ︽ᠰᠢᠨ᠎ᠡ ᠪᠠᠷᠭᠤ ᠪᠠᠷᠠᠭᠤᠨ ᠬᠤᠰᠢᠭᠤᠨ ᠤ  ᠭᠠᠵᠠᠷ ᠤᠨ ᠨᠡᠷᠡᠰ ᠤᠨ ᠣᠶᠢᠯᠠᠯᠭ᠎ᠠ︾ ᠨᠢ ᠨᠣᠳᠤᠭ ᠣᠰᠣᠨ ᠤ ᠭᠠᠵᠠᠷ ᠤᠨ ᠨᠡᠷᠡᠰ ᠤᠨ ᠣᠶᠢᠯᠠᠯᠭ᠎ᠠ ᠶᠢᠨ ᠳᠣᠳᠣᠷ᠎ᠠ  ᠦᠪᠡᠷᠮᠢᠴᠡ ᠦᠩᠭᠡ ᠪᠤᠳᠤᠭ ᠢ ᠨᠡᠮᠡᠷᠢᠯᠡᠭᠰᠡᠨ ᠲᠣᠷᠪᠢᠯᠢᠭ ᠪᠦᠲᠦᠭᠡᠯ ᠪᠣᠯᠣᠭᠰᠠᠨ ᠪᠠᠶᠢᠨ᠎ᠠ᠃ ᠦᠭᠡᠷ᠎ᠡ ᠪᠠᠷ ᠬᠡᠯᠡᠪᠡᠯ᠂  ᠭᠠᠵᠠᠷ ᠣᠰᠣᠨ ᠤ ᠨᠡᠷᠡᠶᠢᠳᠣᠯ ᠳᠤ ᠬᠤᠯᠪᠣᠭᠳᠠᠭᠰᠠᠨ ᠠᠳᠠᠯᠢ ᠰᠡᠳᠣᠪᠳᠣ ᠣᠯᠠᠨ  ᠪᠦᠲᠦᠭᠡᠯ ᠤᠨ ᠳᠣᠳᠣᠷ᠎ᠠ  ᠣᠨᠴᠠᠭᠠᠢ ᠲᠣᠳᠣᠷᠠᠨ ᠬᠠᠷᠠᠭᠳᠠᠬᠤ ᠰᠣᠳᠣᠨ ᠪᠦᠲᠦᠭᠡᠯ ᠪᠣᠯᠪᠠ᠃    
 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09002379号