ᠵᠣᠬᠢᠶᠠᠭᠴᠢ᠄ ᠰ᠊ · ᠡᠷᠳᠡᠨᠢ | | | ᠵᠠᠪ ᠭᠤᠸᠠᠢ ᠨᠠᠷᠠ ᠬᠠᠨ᠎ᠠ ᠶᠢᠨ ᠲᠤᠯᠤᠭᠠᠢ ᠳᠤ ᠳᠤᠰᠴᠤ ᠪᠠᠶᠢᠬᠤ ᠳᠤ ᠨᠢᠳᠦ ᠪᠠᠨ ᠨᠡᠭᠡᠭᠡᠯ᠎ᠡ᠃ ᠵᠤᠪᠬᠢ ᠨᠢ ᠬᠦᠭᠡ ᠨᠢᠴᠠ ᠪᠤᠯᠤᠨ ᠬᠠᠪᠤᠩᠨᠠᠵᠤ | ᠤᠭᠤᠷᠬᠠᠢ ᠳᠠᠭᠠᠨ ᠬᠤᠩᠬᠤᠶᠢᠨ ᠰᠢᠷᠬᠢᠭᠰᠡᠨ ᠭᠡᠷᠡᠯ ᠦᠭᠡᠢ ᠨᠢᠳᠦ ᠪᠠᠷ ᠭᠡᠷ ᠤᠨ ᠲᠤᠳᠤᠷᠠᠬᠢ ᠶᠢ ᠲᠤᠭᠤᠷᠢᠭᠤᠯᠤᠨ ᠬᠠᠷᠠᠬᠤ ᠭᠡᠵᠦ ᠶᠡᠬᠡᠳᠡ ᠬᠦᠨᠳᠦᠷᠦᠭᠰᠡᠨ | ᠲᠤᠯᠤᠭᠠᠢ ᠪᠠᠨ ᠠᠷᠠᠶᠢᠬᠢᠨ ᠡᠷᠬᠢᠬᠦᠯᠪᠡ᠃ ᠬᠢᠩᠭᠠᠨ ᠬᠠᠮᠠᠷ ᠤᠨ ᠰᠠᠮᠰᠠᠨ ᠤ ᠮᠦᠭᠡᠷᠡᠰᠦ ᠨᠡᠪᠳᠡ ᠭᠡᠷᠡᠯᠳᠦᠨ ᠰᠢᠨ᠎ᠠ ᠶᠢᠨ ᠬᠢᠨᠢ ᠶᠠᠰᠤ ᠠᠷᠠᠰᠤ ᠪᠠᠨ ᠴᠤᠭᠤ ᠳᠠᠳᠠᠬᠤ | ᠪᠤᠢ ᠭᠡᠮᠡᠷ ᠶᠤᠷᠳᠦ᠋ᠢᠵᠠᠢ᠃ ᠴᠢᠷᠠᠢ ᠶᠢᠨ ᠬᠢᠨᠢ ᠦᠩᠭᠡ ᠡᠨᠡ ᠨᠢᠬᠦᠯᠲᠦ ᠶᠢᠷᠳᠢᠨᠴᠦ ᠳᠤ ᠠᠮᠢᠳᠤᠷᠠᠬᠤ ᠡᠳᠦᠷ ᠲᠤᠭ᠎ᠠ ᠲᠠᠢ ᠬᠦᠮᠦᠨ ᠭᠡᠳᠡᠭ ᠢ ᠢᠯᠡᠳᠭᠡᠨ᠎ᠡ᠃ | ᠶᠠᠰᠤ ᠠᠷᠠᠰᠤ ᠪᠤᠯᠤᠭᠰᠠᠨ ᠭᠠᠷ ᠢᠶᠠᠷ ᠢᠶᠠᠨ ᠤᠷᠤᠨ ᠤ ᠬᠦᠯ ᠠᠴᠠ ᠤᠶᠠᠭᠰᠠᠨ ᠲᠠᠳᠠᠭᠤᠷᠭᠠ ᠠᠴᠠ ᠴᠢᠩᠭᠠᠭᠠᠵᠤ ᠪᠠᠶᠢᠵᠤ ᠪᠡᠶ᠎ᠡ ᠪᠠᠨ ᠬᠠᠭᠠᠰ ᠡᠷᠬᠢᠬᠦᠯᠦᠭᠡᠳ | ᠶᠠᠪᠠᠭᠠᠨ ᠰᠢᠷᠡᠭᠡᠨ ᠳᠡᠭᠡᠷᠡᠬᠢ ᠱᠠᠭᠠᠵᠠᠩ ᠲᠠᠢ ᠴᠢᠢᠳᠡᠮ ᠢᠶᠠᠷ ᠠᠮᠠ ᠪᠠᠨ ᠲᠡᠪᠳᠡᠭᠡᠪᠡ᠃ | ᠲᠡᠭᠡᠭᠡᠳ ᠬᠠᠨ᠎ᠠ ᠶᠢᠨ ᠲᠤᠯᠤᠭᠠᠢ ᠳᠤ ᠲᠤᠰᠤᠭᠰᠠᠨ ᠨᠠᠷᠠᠨ ᠤ ᠭᠡᠷᠡᠯ ᠢ ᠬᠡᠰᠡᠭ ᠰᠢᠷᠳᠡᠪᠡ᠃ ᠭᠠᠳᠠᠭ᠎ᠠ ᠵᠤᠨ ᠤ ᠰᠠᠶᠢᠬᠠᠨ ᠡᠳᠦᠷ᠂ ᠵᠠᠪ ᠭᠤᠸᠠᠢ ᠲᠡᠭᠷᠢ ᠶᠢ | ᠲᠤᠭᠤᠨᠤ ᠪᠠᠷ᠂ ᠭᠠᠵᠠᠷ ᠢ ᠡᠭᠦᠳᠡ ᠪᠠᠷ ᠬᠠᠷᠠᠬᠤ ᠲᠡᠳᠦᠢ ᠪᠤᠯᠤᠭᠰᠠᠭᠠᠷ ᠤᠳᠠᠵᠠᠢ᠃ ᠭᠡᠪᠡᠴᠦ ᠬᠠᠨ᠎ᠠ ᠶᠢᠨ ᠲᠤᠯᠤᠭᠠᠢ ᠳᠤ ᠲᠤᠰᠤᠭᠰᠠᠨ ᠨᠠᠷᠠᠨ ᠤ ᠭᠡᠷᠡᠯ ᠤᠨ ᠰᠢᠷ᠎ᠠ | ᠲᠤᠯᠪᠤᠨ ᠳᠤ ᠪᠦᠬᠦ᠋ᠢᠯᠡ ᠭᠠᠵᠠᠷ ᠳᠡᠯᠡᠬᠡᠢ ᠶᠢ ᠪᠠᠰᠠ ᠬᠠᠷᠠᠵᠤ ᠪᠤᠯᠤᠨ᠎ᠠ᠃ ᠨᠠᠰᠤ ᠪᠠᠷ ᠢᠶᠠᠨ ᠬᠦᠨᠳᠡᠯᠡᠨ ᠭᠤᠯᠳᠤ ᠳᠠᠪᠬᠢᠭᠰᠠᠨ ᠲᠠᠯ᠎ᠠ ᠨᠤᠳᠤᠭ᠂ ᠦᠵᠡᠵᠦ | ᠦᠩᠭᠡᠷᠡᠭᠦᠯᠦᠭᠰᠡᠨ ᠠᠮᠢᠳᠤᠷᠠᠯ ᠨᠢ ᠡᠭᠦᠷᠢᠳᠡ ᠨᠢᠳᠦ ᠪᠠᠨ ᠠᠨᠢᠬᠤ ᠠᠴᠠ ᠨᠠᠰᠢ ᠶᠠᠭᠠᠬᠢᠵᠦ ᠪᠠᠯᠠᠷᠠᠨ ᠠᠷᠢᠯᠬᠤ ᠪᠢᠯᠡ᠃ ᠦᠷᠯᠦᠭᠡ ᠪᠤᠯᠭᠠᠨ ︽ᠤᠳᠤ ᠢᠩᠬᠢᠭᠡᠳ | ᠵᠤᠪᠠᠯᠠᠩ ᠳᠠᠭᠤᠰᠬᠤ ᠴᠠᠭ ᠢᠷᠡᠭᠡ ᠦᠭᠡᠢ︾ ᠭᠡᠵᠦ ᠭᠤᠷᠢᠳᠠᠬᠤ ᠪᠤᠯᠪᠠᠴᠤ ᠡᠳᠦᠷ ᠬᠤᠨᠤᠭ ᠦᠩᠭᠡᠷᠡᠭᠰᠡᠭᠡᠷ ᠯᠡ ᠪᠠᠶᠢᠨ᠎ᠠ᠃ ᠬᠦᠮᠦᠨ ᠭᠡᠳᠡᠭ ᠮᠦᠨ ᠴᠤ | ᠪᠦᠬᠡ ᠭᠤᠤᠯ ᠲᠠᠢ ᠶᠠᠭᠤᠮ᠎ᠠ᠃ ᠤᠳᠠᠰᠤᠨ ᠴᠢᠨᠡᠬᠡᠨ ᠤᠯᠠᠭᠠᠨ ᠠᠮᠢ ᠭᠡᠪᠡᠴᠦ ᠳᠠᠰᠤᠷᠠᠵᠤ ᠦᠭᠬᠦ ᠦᠭᠡᠢ ᠨᠢ ᠭᠠᠶᠢᠬᠠᠯᠳᠠᠢ᠃ ᠡᠪᠡᠳᠴᠢᠨ ᠤᠢ ᠳᠠᠭᠠᠨ ᠬᠦᠷᠦᠯ᠎ᠡ᠃ | ᠵᠠᠪ ᠭᠤᠸᠠᠢ ᠦᠩᠭᠡᠷᠡᠭᠰᠡᠨ ᠬᠠᠪᠤᠷ ᠤᠨ ᠴᠠᠭᠠᠨ ᠬᠠᠭᠳᠠ ᠢᠶᠠᠷ ᠬᠠᠳᠠᠨ ᠭᠡᠷ ᠲᠡᠭᠡᠨ ᠬᠠᠷᠢᠨ᠎ᠠ ᠭᠡᠵᠦ ᠪᠤᠳᠤᠵᠤ ᠪᠠᠶᠢᠭᠰᠠᠨ ᠪᠤᠯᠪᠠᠴᠤ ᠪᠦᠳᠦᠭᠰᠡᠨ ᠦᠭᠡᠢ᠃ ︽ | ᠪᠢ ᠶᠡᠷᠦ ᠨᠢ ᠳᠤᠯᠤᠭᠠᠨ ᠭᠤᠤᠯ ᠲᠠᠢ ᠠᠮᠢᠳᠠᠨ ᠶᠤᠮ ᠡ︾ ᠭᠡᠵᠦ ᠬᠦᠮᠦᠨ ᠳᠤ ᠶᠠᠷᠢᠨ᠎ᠠ᠃ ᠦᠬᠦᠬᠦ ᠶᠢᠨ ᠲᠤᠬᠠᠢ ᠪᠤᠳᠤᠵᠤ ᠶᠠᠪᠤᠭ᠎ᠠ ᠦᠭᠡᠢ ᠪᠤᠯᠪᠠᠴᠤ | ᠦᠬᠦᠬᠦᠡᠴᠠ ᠨᠢᠭᠡ ᠶᠡᠭᠡ ᠠᠶᠤᠬᠤ ᠦᠭᠡᠢ ᠬᠦᠮᠦᠨ ᠪᠠᠶᠢᠵᠤ᠂ ᠡᠬᠦᠨ ᠢ ᠪᠠᠨ ᠤᠶᠢᠯᠠᠭᠠᠬᠤ ᠳᠠᠭᠠᠨ ᠰᠠᠨᠠᠭ᠎ᠠ ᠠᠮᠠᠷᠠᠭᠰᠠᠨ ᠪᠦᠭᠡᠳ ᠡᠯᠳᠡᠪ ᠵᠤᠪᠠᠯᠠᠩ ᠭᠠᠰᠠᠯᠠᠩ | ᠪᠤᠯᠵᠤ ᠬᠢᠩᠰᠢᠭᠨᠡᠯ ᠦᠭᠡᠢ ᠵᠤᠷᠢᠭᠳᠠᠢ ᠲᠠᠶᠢᠪᠤᠩ ᠢᠶᠠᠷ ᠦᠬᠦᠯ ᠢᠶᠠᠨ ᠬᠦᠯᠢᠶᠡᠵᠦ ᠪᠠᠶᠢᠨ᠎ᠠ᠃ ᠰᠡᠳᠬᠢᠯ ᠢᠶᠠᠷ ᠮᠠᠰᠢᠳᠠ ᠬᠠᠳᠠᠭᠤᠵᠢᠨ ᠴᠢᠳᠠᠬᠤ ᠳᠤ ᠪᠡᠶ᠎ᠡ ᠶᠢᠨ | ᠰᠢᠨᠠᠯᠤᠯ ᠬᠦᠷᠳᠡᠯ᠎ᠡ ᠨᠠᠮᠳᠠᠭᠠᠳ ᠶᠠᠪᠤᠴᠢᠬᠠᠨ᠎ᠠ᠃ ︽ᠡᠶᠢᠮᠦ ᠰᠠᠶᠢᠬᠠᠨ ᠡᠳᠦᠷ ᠪᠠᠶᠢᠳᠠᠯ᠎ᠠ ᠡᠭᠦᠳᠡ ᠪᠠᠨ ᠪᠢᠳᠡᠭᠦᠯᠡᠭᠡᠳ ᠭᠠᠷᠳᠠᠭ ᠨᠢ ᠶᠠᠭᠤ ᠪᠤᠢ︖︾ ᠭᠡᠵᠦ | ᠡᠬᠡᠨᠡᠷ ᠲᠡᠭᠡᠨ ᠠᠭᠤᠷ ᠬᠦᠷᠦᠮᠡᠷ ᠠᠶᠠᠳᠠᠭᠰᠠᠨ ᠢᠶᠠᠨ ︽ᠵᠠᠪ ᠭᠤᠸᠠᠢ ᠪᠤᠤ ᠪᠤᠬᠢᠮᠳᠠᠭᠠᠳ ᠪᠠᠢ︾ ᠭᠡᠵᠦ ᠦᠪᠡᠷ ᠲᠡᠭᠡᠨ ᠲᠤᠰᠢᠶᠠᠪᠠ᠃ ᠲᠡᠭᠡᠭᠡᠳ ᠡᠪᠡᠳᠴᠢᠨ ᠳᠤ | ᠨᠡᠷᠪᠡᠭᠳᠡᠭᠰᠡᠨ ᠪᠡᠶ᠎ᠡ ᠶᠢᠨ ᠤᠢ ᠭᠤᠳᠤᠮᠠ ᠨᠢᠯᠤᠭᠤᠨ ᠦᠨᠦᠷ ᠢ ᠳᠠᠷᠤᠬᠤ ᠭᠡᠵᠦ ᠬᠠᠵᠠᠭᠤ ᠳᠠᠭᠠᠨ ᠠᠷᠴᠠ ᠠᠭᠤᠬᠢᠭᠤᠯᠤᠭᠠᠳ ᠶᠠᠭᠤᠮ᠎ᠠ ᠪᠤᠳᠤᠪᠠ᠃ ᠭᠠᠳᠠᠭ᠎ᠠ | ᠪᠤᠯᠵᠤᠮᠠᠷ ᠵᠢᠷᠬᠢᠵᠦ᠂ ᠠᠯᠤᠰ ᠲᠤ ᠠᠳᠤᠭᠤ ᠢᠨᠴᠠᠭᠠᠬᠤ ᠳᠤ ᠦᠪᠡᠷ ᠤᠨ ᠡᠷᠬᠡ ᠦᠭᠡᠢ ᠰᠡᠭᠦᠷᠡᠰᠦ ᠠᠯᠳᠠᠪᠠ᠃ ᠬᠦᠭᠰᠢᠨ ᠤ ᠪᠠᠨ ᠦᠨᠢᠶ᠎ᠡ ᠰᠠᠭᠠᠵᠤ ᠪᠠᠶᠢᠭ᠎ᠠ ᠢ | ᠰᠤᠨᠤᠰᠤᠭᠠᠳ ᠭᠠᠷ ᠬᠤᠷᠤᠭᠤ ᠨᠢ ᠴᠤᠴᠠᠳᠠᠭ ᠪᠤᠯᠵᠤ ᠳ᠋ᠧ ᠭᠡᠵᠦ ᠦᠷᠦᠪᠳᠦᠨᠡ᠃ ᠡᠬᠢᠯᠡᠭᠡᠳ ᠦᠨᠢᠶ᠎ᠡ ᠶᠢᠨ ᠬᠦᠬᠦ ᠶᠢ ᠵᠢᠭᠳᠡ ᠰᠢᠪᠳᠤᠷᠠᠨ ᠱᠠᠬᠢᠳᠠᠯᠠ ᠰᠠᠭᠠᠵᠤ | ᠪᠠᠶᠢᠭᠰᠠᠨ ᠢᠶᠠᠨ ᠲᠦᠳᠡᠬᠦ ᠦᠭᠡᠢ ᠭᠠᠷ ᠨᠢ ᠴᠤᠴᠠᠵᠤ ᠱᠤᠷ ᠱᠤᠷ ᠬᠢᠯᠭᠡᠭᠡᠳ ᠨᠢᠭᠡ ᠬᠡᠰᠡᠭ ᠠᠮᠠᠷᠠᠨ᠎ᠠ᠃ ︽ᠬᠦᠭᠡᠷᠦᠬᠦᠢ ᠡ᠂ ᠬᠦᠦ ᠪᠠᠨ ᠴᠡᠷᠢᠭ ᠠᠴᠠ | ᠬᠠᠯᠠᠭᠳᠠᠵᠤ ᠢᠷᠡᠳᠡᠯ᠎ᠡ ᠭᠠᠭᠴᠠᠭᠠᠷ ᠢᠶᠠᠨ ᠪᠠᠶᠢᠬᠤ ᠪᠤᠯᠬᠤ ᠨᠢ︾ ᠭᠡᠵᠦ ᠵᠠᠪ ᠭᠤᠸᠠᠢ ᠪᠤᠳᠤᠪᠠ᠃ ᠬᠦᠦᠪᠠᠨ ᠢᠷᠡᠳᠡᠯ᠎ᠡ ᠲᠡᠰᠦᠭᠡᠳ ᠪᠠᠶᠢᠶ᠎ᠠ ᠭᠡᠵᠦ ᠪᠤᠳᠤᠵᠤ | ᠪᠠᠶᠢᠭᠰᠠᠨ ᠪᠤᠯᠪᠠᠴᠤ ᠳᠠᠬᠢᠭᠠᠳ ᠬᠠᠭᠠᠰ ᠵᠢᠯ ᠳᠡᠰᠬᠦ ᠶᠠᠮᠠᠷ ᠴᠤ ᠢᠳᠡ ᠰᠢᠳᠢ ᠪᠠᠶᠢᠬᠤ ᠦᠭᠡᠢ ᠭᠡᠳᠡᠭ ᠢ ᠮᠡᠳᠡᠭᠰᠡᠨ ᠠᠴᠠ ᠬᠤᠶᠢᠰᠢ ᠬᠦᠭᠰᠢᠨ ᠢᠶᠠᠨ ᠵᠤᠪᠠᠭᠠᠯᠬᠦᠢ | ᠡᠷᠳᠡᠬᠡᠨ ᠰᠢᠭ ᠲᠠᠯᠠᠶᠢᠵᠤ ᠤᠳᠬᠤ ᠶᠤᠮᠰᠠᠨ ᠭᠡᠵᠦ ᠪᠤᠳᠤᠬᠤ ᠪᠤᠯᠵᠠᠢ᠃ ᠰᠠᠨᠠᠭ᠎ᠠ ᠪᠠᠷ ᠢᠶᠠᠨ ᠴᠤ ᠭᠡᠰᠡᠨ ᠦᠬᠦᠯ ᠢ ᠤᠶᠢᠷᠠᠳᠠᠭᠤᠯᠵᠤ ᠪᠤᠯᠬᠤ ᠮᠡᠲᠦ ᠪᠤᠳᠤᠭᠳᠠᠨ᠎ᠠ | ᠃ ᠡᠪᠡᠳᠴᠢᠨ ᠨᠢ ᠨᠢᠭᠡᠨᠳᠡ ᠭᠠᠵᠠᠷ ᠠᠪᠴᠤ ᠨᠦᠬᠦᠭᠡ ᠤᠳᠠᠰᠤᠨ ᠴᠢᠨᠡᠬᠡᠨ ᠤᠯᠠᠭᠠᠨ ᠭᠤᠤᠯ ᠯᠡ ᠠᠷᠭ᠎ᠠ ᠦᠭᠡᠢ ᠴᠤᠬᠢᠵᠤ ᠪᠠᠶᠢᠭ᠎ᠠ ᠨᠢ ᠢᠯᠡᠷᠬᠡᠢ ᠪᠤᠯᠵᠠᠢ᠃ | ᠬᠤᠭᠤᠯᠠ ᠤᠮᠳᠠᠭᠠᠨ ᠠᠴᠠ ᠭᠠᠷᠤᠭᠠᠳ ᠤᠳᠠᠪᠠ᠃ ᠦᠬᠦᠬᠦ ᠡᠳᠦᠷ ᠢᠶᠠᠨ ᠬᠦᠯᠢᠶᠡᠨ᠎ᠡ ᠭᠡᠳᠡᠭ ᠦᠩᠭᠡᠷᠡᠭᠰᠡᠨ ᠢᠶᠠᠨ ᠪᠤᠳᠤᠵᠤ ᠬᠡᠪᠳᠡ ᠭᠡᠰᠡᠨ ᠦᠭᠡ ᠪᠤᠯᠵᠠᠢ᠃ | ᠵᠠᠪ ᠭᠤᠸᠠᠢ ᠭᠤᠤᠯᠲᠠᠢ ᠪᠠᠶᠢᠭ᠎ᠠ ᠶᠢᠨ ᠭᠠᠭᠴᠠᠬᠠᠨ ᠤᠴᠢᠷ ᠤᠳᠬ᠎ᠠ ᠯᠡ ᠲᠡᠬᠦᠨ ᠳᠤ ᠪᠠᠶᠢᠨ᠎ᠠ᠃ ᠪᠤᠰᠤᠳᠢᠶ᠋ᠠᠷ ᠪᠤᠯ ᠬᠦᠮᠦᠨ ᠤ ᠲᠤᠭᠤᠰᠤᠨ ᠠᠴᠠ ᠠᠯᠢ | ᠬᠡᠳᠦ᠋ᠢᠨ ᠦᠪᠡᠷ ᠢ ᠪᠠᠨ ᠬᠠᠰᠤᠵᠠᠢ᠃ ᠪᠡᠶ᠎ᠡ ᠦᠬᠦᠬᠦ ᠠᠴᠠ ᠤᠷᠢᠳᠠᠵᠤ ᠤᠬᠠᠭᠠᠨ ᠦᠬᠦᠴᠢᠭᠡᠬᠦ ᠪᠤᠢ ᠭᠡᠳᠡᠭ ᠯᠡ ᠭᠠᠭᠴᠠ ᠠᠶᠤᠬᠤ ᠶᠠᠭᠤᠮ᠎ᠠ ᠨᠢ᠃ ᠭᠡᠪᠡᠴᠦ | ᠪᠡᠶ᠎ᠡ ᠲᠤᠷᠦ᠋ᠢᠳᠠᠬᠤ ᠲᠤᠰᠤᠮ ᠤᠬᠠᠭᠠᠨ ᠤᠯᠠᠮ ᠰᠠᠷᠠᠭᠤᠯ ᠪᠤᠯᠵᠤ ᠪᠠᠶᠢᠯ᠎ᠠ᠃ ᠪᠠᠶ᠎ᠠ ᠪᠠᠨ ᠤᠬᠠᠭᠠᠨ ᠢᠶᠠᠷ ᠵᠠᠬᠢᠷᠤᠶ᠎ᠠ᠂ ᠲᠠᠭᠠᠷᠠᠭᠰᠠᠨ ᠴᠠᠭ ᠲᠤ ᠤᠳᠤ ᠢᠩᠬᠢᠭᠡᠳ | ᠠᠮᠢᠰᠬᠤᠭ᠎ᠠ ᠪᠠᠨ ᠬᠤᠷᠢᠶᠠᠬᠤ ᠴᠠᠭ ᠪᠤᠯᠤᠯ᠎ᠠ ᠭᠡᠵᠦ ᠦᠪᠡᠷ ᠲᠡᠭᠡᠨ ᠲᠤᠰᠢᠶᠠᠵᠤ ᠪᠤᠯᠤᠮᠠᠷ ᠰᠠᠨᠠᠭᠳᠠᠨ᠎ᠠ᠃ ᠭᠡᠪᠡᠴᠦ ᠲᠡᠶᠢᠮᠦ ᠠᠶᠠᠰ ᠨᠢ ᠬᠡᠵᠢᠶ᠎ᠡ ᠲᠠᠭᠠᠷᠠᠬᠤ᠂ | ᠲᠡᠭᠡᠵᠦ ᠲᠠᠭᠠᠷᠠᠭᠰᠠᠨ ᠤ ᠲᠡᠮᠳᠡᠭ ᠴᠤᠬᠤᠮ ᠶᠠᠭᠤ ᠪᠤᠯᠬᠤ ᠶᠢ ᠮᠡᠳᠡᠬᠦ ᠦᠭᠡᠢ ᠪᠠᠶᠢᠯ᠎ᠠ᠃ | ᠦᠨᠦ ᠦᠷᠯᠦᠭᠡ ᠡᠪᠡᠳᠬᠦ ᠰᠢᠨᠠᠯᠬᠤ ᠶᠠᠭᠤᠮ᠎ᠠ ᠨᠢ ᠨᠢᠭᠡᠨᠳᠡ ᠳᠠᠭᠤᠰᠤᠭᠰᠠᠨ ᠮᠡᠲᠦ ᠬᠠᠴᠢᠨ ᠪᠠᠶᠢᠬᠤ ᠠᠵᠢ᠃ ᠠᠮᠠ ᠪᠠᠨ ᠳᠡᠪᠳᠦᠭᠡᠭᠡᠳ ᠠᠷᠴᠠ ᠶᠢᠨ | ᠰᠠᠶᠢᠬᠠᠨ ᠦᠨᠦᠷ ᠦᠨᠦᠷᠳᠦᠵᠦ ᠬᠦᠰᠢᠵᠦ ᠴᠢᠯᠡᠭᠰᠡᠨ ᠪᠡᠶ᠎ᠡ ᠪᠠᠨ ᠠᠷᠭᠠᠴᠠᠵᠤ ᠬᠦᠳᠡᠯᠭᠡᠭᠡᠳ ᠠᠪᠳᠠᠯ᠎ᠠ ᠦᠷᠬᠦᠯᠵᠢ ᠭᠤᠷᠦ᠋ᠢᠵᠤ ᠪᠠᠷᠦ᠋ᠢᠵᠤ ᠪᠠᠶᠢᠳᠠᠭ ᠲᠤᠳᠤᠷ᠎ᠠ ᠨᠢ | ᠠᠭᠤᠵᠢᠷᠠᠨ ᠲᠤᠯᠤᠭᠠᠢ ᠨᠢ ᠬᠦᠩᠭᠡᠷᠡᠴᠢᠭᠡᠬᠦ ᠰᠢᠭ ᠪᠤᠯᠪᠠ᠃ ᠵᠢᠷᠦᠬᠡ ᠪᠠᠨ ᠴᠢᠩᠨᠠᠪᠠᠯ ᠶᠡᠭᠡ ᠤᠳᠠᠭᠠᠨ ᠪᠤᠯᠪᠠᠴᠤ ᠲᠡᠷᠡ ᠪᠠᠷ ᠳᠠᠮᠵᠢᠨ ᠳᠤᠭᠤᠯᠳᠠᠳᠠᠯᠠ ᠯᠦᠭ | ᠯᠦᠭ ᠴᠤᠬᠢᠵᠤ ᠪᠠᠶᠢᠨ᠎ᠠ᠃ ᠵᠠᠪ ᠭᠤᠸᠠᠢ ᠡᠭᠦᠳᠡᠨ ᠤ ᠪᠠᠷᠠᠭᠤᠨ ᠬᠠᠳᠠᠪᠴᠢᠨ ᠳᠤ ᠡᠯᠭᠦᠭᠰᠡᠨ ᠬᠠᠵᠠᠭᠠᠷ ᠨᠤᠭᠳᠤ ᠬᠤᠷᠢᠶᠠᠯᠳᠠᠢ ᠪᠠᠷᠠᠭᠠᠨ ᠳᠡᠭᠡᠷ᠎ᠡ ᠬᠦᠯᠮᠢ ᠶᠢ ᠨᠢ | ᠲᠡᠯᠭᠡᠵᠦ ᠲᠠᠯᠪᠢᠭᠰᠠᠨ ᠢ ᠬᠠᠷᠠᠪᠠ᠃ ᠡᠵᠡᠨ ᠨᠢ ᠮᠤᠷᠳᠠᠬᠤ ᠴᠢᠳᠠᠯᠳᠠᠢ ᠶᠤᠮ ᠰᠢᠭ᠋ ᠡᠮᠡᠭᠡᠯ ᠬᠠᠵᠠᠭᠠᠷ ᠵᠡᠭᠡᠭᠡᠰᠦᠲᠡᠢ ᠪᠠᠶᠢᠭ ᠭᠡᠰᠡᠨ ᠰᠢᠭ ᠬᠦᠭᠰᠢᠨ ᠨᠢ ᠲᠡᠬᠦᠨ ᠢ | ᠶᠡᠷᠦ ᠬᠦᠳᠡᠯᠭᠡᠳᠡᠭ ᠦᠭᠡᠢ ᠪᠢᠯᠡ᠃ ᠵᠤᠤᠬᠠᠨ ᠳᠡᠭᠡᠷ᠎ᠡ ᠵᠢᠭᠰᠠᠭᠠᠭᠰᠠᠨ ᠦᠷᠦᠮ᠎ᠡ ᠨᠠᠷᠠᠨ ᠤ ᠲᠤᠶᠠᠭ᠎ᠠ ᠰᠢᠭ᠋ ᠰᠢᠷᠭᠠᠯᠳᠤᠨᠠ᠃ ᠬᠤᠶᠢᠮᠤᠷ ᠤᠨ ᠠᠪᠳᠠᠷ᠎ᠠ ᠳᠡᠭᠡᠷ᠎ᠡ | ᠬᠦᠭᠰᠢᠨ ᠤ ᠪᠠᠳᠠᠷᠠᠭᠠᠭᠰᠠᠨ ᠵᠤᠯᠠ ᠭᠠᠯ ᠲᠤᠬᠢᠭᠤᠷ ᠲᠠᠢ ᠬᠠᠷ᠎ᠠ ᠴᠡᠴᠡᠭ ᠮᠡᠲᠦ ᠪᠠᠳᠮᠠᠯᠠᠨ ᠪᠦᠬᠦᠵᠦ ᠪᠠᠶᠢᠨ᠎ᠠ᠃ ᠴᠠᠭᠠᠳᠤ ᠵᠤᠨ ᠰᠦᠮᠪᠦᠷ ᠬᠡ ᠲᠠᠯᠪᠢᠵᠦ | ᠪᠤᠳᠤᠭᠰᠠᠨ ᠤᠨᠢ ᠨᠢ ᠨᠠᠷᠠᠨ ᠤ ᠭᠡᠷᠡᠯ ᠳᠤ ᠢᠷᠠᠶᠢᠨᠠ᠃ ︽ᠮᠠᠨᠠᠢ ᠭᠡᠷ ᠤᠨ ᠮᠤᠳᠤ ᠰᠠᠶᠢᠨ᠂ ᠬᠦᠦ ᠬᠠᠯᠠᠭᠳᠠᠵᠤ ᠢᠷᠡᠭᠡᠳ ᠪᠦᠷᠢᠶᠡᠰᠦ ᠶᠢ ᠨᠢ ᠰᠢᠨᠡᠴᠢᠯᠡᠨ᠎ᠡ | ᠪᠢᠵᠡ︾᠃ ᠵᠡᠬᠦᠨ ᠬᠠᠶᠠᠭᠠᠨ ᠳᠤ ᠬᠦᠭᠰᠢᠨ ᠤ ᠤᠷᠤᠨ ᠤ ᠲᠤᠯᠤᠭᠠᠢ ᠳᠤ ᠤᠯᠠᠭᠠᠨ ᠰᠢᠩᠬᠤᠨ ᠲᠡᠪᠢᠰᠭᠡᠷ ᠳᠡᠭᠡᠷ᠎ᠡ ᠠᠯᠳᠠᠨ ᠬᠤᠷᠯᠤ ᠲᠠᠯᠪᠢᠭᠰᠠᠨ ᠨᠢᠭᠤᠷᠲᠠᠢ | ᠬᠠᠭᠤᠴᠢᠨ ᠴᠠᠭ ᠤᠨ ᠨᠠᠮᠬᠠᠨ ᠠᠪᠳᠠᠷ᠎ᠠ ᠪᠠᠶᠢᠨ᠎ᠠ᠃ ︽ᠲᠡᠬᠦᠨ ᠢ ᠰᠡᠷᠭᠦᠭᠡᠭᠡᠳ ᠪᠤᠳᠤᠴᠢᠬᠠᠳᠠᠭ ᠪᠠᠶᠢᠵᠤ ᠳ᠋ᠧ᠂ ᠬᠦᠭᠰᠢᠨ ᠪᠢᠳᠡ ᠬᠤᠶᠠᠷ ᠤᠨ ᠠᠩᠬᠠᠨ ᠤ | ᠶᠠᠭᠤᠮ᠎ᠠ︾ ᠭᠡᠵᠦ ᠪᠤᠳᠤᠪᠠ᠃ ᠲᠡᠷᠡ ᠬᠠᠭᠤᠴᠢᠨ ᠠᠪᠳᠠᠷ᠎ᠠ ᠠᠴᠠ ᠪᠤᠰᠤᠳ ᠶᠠᠭᠤᠮ᠎ᠠ ᠴᠦᠮ ᠶᠤᠰᠤᠭᠠᠷ ᠢᠶᠠᠨ᠂ ᠪᠦᠬᠦᠵᠦ ᠪᠠᠶᠢᠭ᠎ᠠ ᠵᠤᠯᠠ ᠬᠦᠷᠲᠡᠯ᠎ᠡ | ᠶᠤᠰᠤᠭᠠᠷ ᠢᠶᠠᠨ ᠪᠦᠬᠦᠵᠦ ᠪᠠᠶᠢᠬᠤ ᠰᠢᠭ᠋ ᠰᠠᠨᠠᠭᠳᠠᠨ᠎ᠠ᠃ ︽ ᠤᠳᠤ ᠢᠩᠬᠢᠭᠡᠳ ᠪᠤᠯᠤᠭ᠎ᠠ ᠪᠢᠰᠢ ᠤᠤ ᠳ᠋ᠧ᠂ ᠬᠢᠴᠢᠨᠡᠨ ᠪᠤᠯᠳᠠᠯ᠎ᠠ ᠦᠪᠡᠷ ᠢ ᠪᠠᠨ ᠴᠤ᠂ ᠬᠦᠮᠦᠨ ᠢ | ᠴᠤ ᠵᠤᠪᠠᠭᠠᠬᠤ ᠪᠤᠢ︕︾ ᠭᠡᠵᠦ ᠭᠡᠨᠡᠳᠳᠡ ᠪᠤᠳᠤᠪᠠ᠃ | ᠬᠦᠭᠰᠢᠨ ᠨᠢ ᠦᠨᠢᠶ᠎ᠡ ᠪᠠᠨ ᠰᠠᠭᠠᠭᠠᠳ ᠤᠷᠤᠵᠤ ᠢᠷᠡᠬᠦ ᠳᠤ ᠠᠶᠢᠯ ᠤᠨ ᠬᠡᠤᠬᠡᠳ ᠶᠢ ᠳᠠᠪᠬᠢᠭᠤᠯᠤᠭᠠᠳ ᠨᠤᠳᠤᠭ ᠤᠨ ᠡᠪᠦᠭᠡᠴᠦᠦᠯ ᠶᠢ ᠢᠷᠡᠭᠡᠴᠢ ᠭᠡᠵᠦ | ᠬᠡᠯᠡᠬᠦᠯᠪᠡ᠃ ᠠᠷᠭ᠎ᠠ ᠦᠭᠡᠢ ᠴᠠᠭ ᠨᠢ ᠲᠤᠯᠤᠭᠠᠳ ᠠᠮᠢᠨ ᠳᠡᠭᠡᠷ᠎ᠡ ᠪᠠᠨ ᠪᠠᠶᠢᠯᠭᠠᠬᠤ ᠶᠢ ᠪᠤᠳᠤᠵᠤ ᠳ᠋ᠧ ᠭᠡᠵᠦ ᠵᠠᠪ ᠭᠤᠸᠠᠢ ᠶᠢᠨ ᠦᠶ᠎ᠡ ᠶᠢᠨ ᠭᠤᠷᠪᠠᠨ ᠡᠪᠦᠭᠡᠨ | ᠶᠠᠭᠠᠷᠠᠨ ᠢᠷᠡᠯ᠎ᠡ᠃ ᠤᠷᠢᠳ ᠭᠠᠵᠠᠷ ᠬᠤᠩᠬᠤᠶᠢᠳᠠᠯᠠ ᠰᠠᠭᠤᠵᠤ ᠮᠤᠷᠳᠠᠵᠤ ᠪᠠᠶᠢᠭᠰᠠᠨ ᠤᠶᠠᠭᠠᠨ ᠳᠡᠭᠡᠷ᠎ᠡ ᠨᠢ ᠪᠠᠭᠤᠴᠠᠭᠠᠵᠤ ᠶᠠᠭᠤ ᠭᠡᠵᠦ ᠬᠡᠯᠡᠵᠦ ᠠᠭᠤᠯᠵᠠᠨ᠎ᠠ | ᠳ᠋ᠠ ᠭᠡᠵᠦ ᠵᠢᠷᠦᠬᠡᠰᠢᠶᠡᠨ ᠤᠷᠤᠬᠤ ᠳᠤ ᠵᠠᠪ ᠭᠤᠸᠠᠢ ᠬᠠᠷᠢᠨ ᠰᠤᠯᠠᠬᠠᠨ ᠳᠠᠭᠤ ᠪᠠᠷ ᠪᠤᠯᠪᠠᠴᠤ ᠦᠬᠦᠬᠦ ᠭᠡᠵᠦ ᠪᠠᠶᠢᠭ᠎ᠠ ᠬᠦᠮᠦᠨ ᠤ ᠠᠮᠠᠨ ᠠᠴᠠ ᠭᠠᠷᠤᠮ᠎ᠠ ᠦᠭᠡᠢ | ᠬᠦᠭᠵᠢᠯᠲᠡᠢ ᠨᠠᠷᠬᠢᠶᠠᠨ ᠲᠠᠢ ᠶᠠᠭᠤᠮ᠎ᠠ ᠶᠠᠷᠢᠵᠤ ᠤᠭᠳᠤᠯ᠎ᠠ᠃ ᠬᠦᠷᠡᠩ ᠲᠤᠷᠭᠠᠨ ᠳᠡᠪᠡᠯ ᠡᠮᠦᠰᠴᠦ᠂ ᠲᠦᠴᠢᠨ ᠲᠠᠪᠤᠨ ᠤᠨ ᠤ ᠴᠢᠯᠦᠭᠡᠯᠡᠬᠦ ᠲᠠᠶᠢᠨ ᠳᠤ ᠲᠦᠷ | ᠴᠡᠷᠢᠭ ᠲᠤ ᠲᠠᠲᠠᠭᠳᠠᠨ ᠶᠠᠪᠤᠭᠠᠳ ᠠᠪᠤᠭᠰᠠᠨ ᠰᠢᠷ᠎ᠠ ᠭᠠᠤᠯᠢᠨ ᠮᠧᠲ᠋ᠧᠯ ᠢᠶᠠᠨ ᠵᠡᠬᠦᠴᠢᠭᠡᠭᠡᠳ ᠦᠨᠳᠦᠷ ᠲᠡᠷᠡ ᠲᠦᠰᠢᠵᠡᠢ᠃ ᠵᠠᠪ ᠭᠤᠸᠠᠢ ᠶᠢᠨ ᠪᠠᠭ᠎ᠠ ᠶᠢᠨ | ᠲᠦᠩᠱᠢ ᠪᠦᠭᠡᠳ ᠭᠡᠵᠢᠭᠲᠦ ᠨᠠᠶᠢᠳᠠᠨ ᠬᠡᠮᠡᠬᠦ ᠰᠠᠶ᠋ᠢᠬᠠᠨ ᠪᠤᠯᠳᠠᠯ᠎ᠠ ᠭᠡᠵᠢᠭᠡ ᠲᠠᠢ ᠶᠠᠪᠤᠭᠰᠠᠨ ᠬᠦᠳᠡᠷ ᠬᠠᠷ᠎ᠠ ᠡᠪᠦᠭᠡᠨ᠂ ᠨᠤᠳᠤᠭᠤᠨ ᠶᠡᠭᠡ ᠬᠦᠨᠳᠦᠳᠡᠢ ᠬᠦᠮᠦᠨ᠂ | ᠤᠯᠠᠨ ᠵᠢᠯ ᠵᠠᠪ ᠭᠤᠸᠠᠢ ᠲᠠᠢ ᠬᠠᠮᠳᠤ ᠪᠠᠭ ᠰᠤᠮᠤ ᠶᠢᠨ ᠡᠯᠳᠡᠪ ᠠᠯᠪᠠ ᠬᠠᠭᠠᠵᠤ ᠶᠠᠪᠤᠭᠰᠠᠨ ᠪᠤᠷᠭᠤᠴᠤᠢ ᠲᠤᠷᠯᠢᠭ ︵ᠶᠠᠭᠠᠬᠢᠭᠠᠳ ᠲᠡᠶᠢᠮᠦ ᠬᠤᠴᠢ ᠠᠪᠤᠭᠰᠠᠨ ᠢ | ᠪᠤᠷᠬᠠᠨ ᠮᠡᠳᠡᠨ᠎ᠡ︶᠂ ᠦᠶᠡᠯᠢ ᠪᠤᠯᠬᠤ ᠰᠢᠮᠠᠭᠤᠯ ᠵᠠᠮᠴᠠ ᠭᠡᠭᠴᠢ ᠭᠤᠩᠬᠢᠨᠠᠭᠰᠠᠨ ᠨᠠᠷᠢᠬᠠᠨ ᠳᠠᠭᠤᠲᠠᠢ ᠡᠪᠦᠭᠡᠨ ᠦᠬᠦᠯ ᠳᠤ ᠲᠤᠯᠤᠭᠰᠠᠨ ᠨᠦᠬᠦᠷ ᠢ ᠪᠠᠨ | ᠢᠩᠬᠢᠵᠦ ᠨᠠᠷᠬᠢᠵᠦ ᠨᠠᠭᠠᠳᠴᠤ ᠪᠠᠶᠢᠬᠤ ᠶᠤᠮ ᠭᠡᠵᠦ ᠰᠠᠨᠠᠭᠰᠠᠨ ᠦᠭᠡᠢ᠃ ᠬᠠᠳᠠᠭᠤ ᠡᠷ᠎ᠡ ᠭᠡᠳᠡᠭ ᠢ ᠮᠡᠳᠡᠨ᠎ᠡ᠃ ᠭᠡᠪᠡᠴᠦ ᠬᠠᠷᠠᠬᠤ ᠳᠤ ᠨᠢᠳᠦ ᠬᠠᠯᠳᠤᠷᠢᠮᠠᠷ | ᠪᠤᠯᠤᠭᠰᠠᠨ ᠭᠡᠵᠦ ᠰᠤᠨᠤᠰᠤᠭᠠᠳ ᠠᠷᠭ᠎ᠠ ᠦᠭᠡᠢ ᠵᠢᠷᠦᠬᠡᠰᠢᠶᠡᠨ ᠤᠷᠤᠵᠤ ᠭᠠᠷᠬᠤ ᠨᠢ ᠴᠦ ᠬᠤᠪᠤᠷᠳᠠᠭᠰᠠᠨ ᠪᠠᠶᠢᠵᠠᠢ᠃ ᠨᠢᠭᠡ ᠭᠤᠤᠯ ᠤᠨ᠂ ᠨᠢᠭᠡ ᠦᠶ᠎ᠡ ᠶᠢᠨ | ᠡᠪᠦᠭᠡᠴᠦᠦᠯ ᠤᠷᠳᠤ ᠠᠮᠢᠳᠤᠷᠠᠯ ᠲᠤᠭᠤᠯᠵᠤ ᠨᠠᠰᠤᠨ ᠬᠡᠪ ᠤᠨ ᠢᠶᠠᠨ ᠵᠢᠮ᠎ᠡ ᠶᠤᠰᠤᠭᠠᠷ ᠤᠪᠤᠨ ᠴᠤᠪᠤᠨ ᠴᠦᠭᠡᠭᠡᠷᠡᠭᠰᠡᠭᠡᠷ ᠪᠤᠯᠪᠠᠴᠤ ᠵᠠᠯᠠᠭᠤ ᠽᠠᠨᠳᠠᠨ | ᠴᠠᠭ ᠤᠨ ᠬᠢᠲ᠋ᠠᠢ ᠪᠠᠨ ᠠᠳᠠᠯᠢ ᠪᠡᠶ᠎ᠡ ᠪᠡᠶ᠎ᠡ ᠪᠠᠨ ᠨᠡᠷ᠎ᠡ ᠪᠠᠷ ᠨᠢ ᠪᠢᠰᠢ ᠤᠪᠤᠭ ᠢᠶᠠᠷ ᠨᠢ ᠳᠠᠭᠤᠳᠠᠵᠤ ᠨᠠᠭᠠᠨ᠎ᠠ ᠤᠤ᠂ ᠴᠠᠭᠠᠨ᠎ᠠ ᠤᠤ ᠲᠠᠢ ᠶᠠᠪᠤᠬᠤ ᠤᠴᠢᠷ ᠨᠢᠭᠡ ᠨᠢ | ᠢᠩᠬᠢᠵᠦ ᠳᠠᠰᠤᠷᠠᠭᠠᠳ ᠲᠠᠯᠠᠶᠢᠴᠢᠬᠠᠨᠠ ᠭᠡᠳᠡᠭ ᠠᠮᠢᠳᠤᠷᠠᠯ ᠦᠮᠦ ᠴᠦᠮᠦ ᠦᠰᠦᠷᠦᠨ᠎ᠡ ᠭᠡᠰᠡᠨ ᠦᠭᠡ᠃ ᠵᠠᠪ ᠭᠤᠸᠠᠢ ᠦᠯᠡᠳᠡᠬᠦ ᠬᠡᠳᠦ ᠶᠢᠨ ᠢᠶᠠᠨ ᠰᠡᠳᠬᠢᠯ ᠢ | ᠵᠠᠰᠠᠶ᠎ᠠ ᠭᠡᠰᠡᠨ ᠰᠢᠭ ᠪᠠᠶᠢᠯ᠎ᠠ᠃ ᠭᠡᠵᠢᠭᠳᠦ ᠰᠡᠭᠦᠯᠬᠡᠨ ᠰᠢᠭ ᠢᠶᠠᠷ ᠢᠷᠡᠭᠡᠳ ᠨᠢᠳᠦ ᠳᠠᠯᠳᠠᠷᠢᠨ ᠵᠤᠤᠬᠠᠨ ᠠᠮᠠᠨ ᠳᠤ ᠰᠠᠭᠤᠵᠤ ᠮᠤᠳᠤ ᠲᠤᠯᠤᠭᠠᠢ ᠲᠠᠢ ᠪᠠᠨ | ᠨᠤᠴᠤᠯᠳᠤᠬᠤ ᠳᠤ ᠵᠠᠪ ᠭᠤᠸᠠᠢ ᠲᠡᠬᠦᠨ ᠢ ᠱᠤᠭᠯᠠᠵᠤ ︽ᠭᠡᠵᠢᠭᠲᠦ ᠮᠠᠨᠢ ᠤᠯᠠᠮ ᠯᠡ ᠦᠩᠭᠡ ᠤᠷᠤᠭᠠᠳ ᠪᠠᠶᠢᠨ᠎ᠠ᠃ ᠵᠠᠯᠠᠭᠤ ᠡᠬᠡᠨᠡᠷ ᠠᠪᠬᠤ ᠭᠡᠵᠦ ᠪᠠᠶᠢᠨ᠎ᠠ | ᠭᠡᠳᠡᠭ ᠨᠢ ᠤᠷᠤ ᠲᠠᠢ ᠲᠤᠭᠤᠨ᠃ ᠲᠡᠭᠡᠳᠡᠯ᠎ᠡ ᠡᠨᠡ ᠪᠢᠳᠡ ᠬᠤᠶᠠᠷ ᠴᠢᠨᠢ ᠠᠩᠬ᠎ᠠ ᠨᠢᠭᠡ ᠵᠢᠯ ᠡᠬᠡᠨᠡᠷ ᠠᠪᠤᠭᠰᠠᠨ ᠶᠤᠮ ᠰᠢᠦ ᠳ᠋ᠧ᠂ ᠤᠳᠤ ᠡᠨᠡ ᠲᠤᠯᠵᠢᠨ ᠢᠶᠠᠨ | ᠪᠤᠰᠬᠠᠬᠤ ᠭᠡᠵᠦ ᠶᠠᠭᠠᠬᠢᠵᠤ ᠬᠦᠭᠯᠡᠵᠦ ᠶᠠᠪᠤᠭᠰᠠᠨ ᠢᠶᠠᠨ ᠰᠠᠨᠠᠵᠤ ᠪᠠᠶᠢᠨ᠎ᠠ ᠤᠤ︖ ᠲᠤᠯᠵᠢᠨ ᠤ ᠮᠠᠭᠤ ᠡᠮᠡᠭᠡᠯ ᠢ ᠰᠢᠩᠭᠡᠯᠢᠭᠡᠴᠠ ᠨᠢ ᠠᠪᠬᠤ ᠭᠡᠵᠦ ᠶᠠᠪᠤᠭᠠᠳ | ᠨᠤᠬᠠᠢ ᠳᠤ ᠬᠤᠩᠭᠤ ᠪᠠᠨ ᠤᠷᠠᠭᠤᠯᠴᠢᠬᠠᠭᠰᠠᠨ ᠢᠶᠠᠨ᠂ ᠮᠦᠨ ᠴᠤ ᠶᠠᠳᠠᠭᠤ ᠪᠠᠶᠢᠵᠤ ᠳ᠋ᠠ᠂ ᠡᠮᠡᠭᠡᠯ ᠲᠠᠢ ᠮᠤᠷᠢ ᠬᠦᠳᠦᠯᠦᠭᠡᠳ ᠢᠷᠡᠬᠦ ᠴᠢᠳᠠᠯ ᠪᠠᠶᠢᠬᠤ ᠦᠭᠡᠢ᠂ | ᠤᠳᠤ ᠬᠠᠷᠢᠨ ᠵᠢᠷᠭᠠᠭᠠᠳ᠂ ᠠᠭᠠᠭ ᠢᠶᠠᠨ ᠪᠠᠭᠳᠠᠭᠠᠬᠤ ᠪᠠᠨ ᠪᠠᠶᠢᠵᠤ ᠪᠠᠰᠠ ᠵᠠᠯᠠᠭᠤ ᠬᠡᠤᠬᠡᠨ ᠳᠤ ᠰᠠᠨᠠᠭᠠᠳᠠᠢ︾ ᠭᠡᠬᠦ ᠳᠤ ᠭᠡᠵᠢᠭᠲᠦ ᠲᠤᠤᠷᠠᠬᠠᠨ ᠢᠶᠠᠨ ᠰᠡᠳᠬᠢᠯ | ᠠᠭᠤᠵᠢᠷᠠᠵᠤ ᠭᠠᠩᠰᠠ ᠪᠠᠨ ᠡᠪᠦᠷᠲᠦᠯᠡᠨ ︽ᠵᠤᠯᠢᠭ ᠭᠡᠵᠦ︕ ᠨᠤᠬᠠᠢ ᠳᠤ ᠤᠷᠠᠭᠤᠯᠤᠭᠰᠠᠨ ᠰᠤᠷᠪᠢ ᠤᠳᠤ ᠴᠤ ᠪᠤᠢ ᠰᠢᠦ︾ ᠭᠡᠳ ᠭᠡᠷ ᠢᠶᠠᠷ ᠲᠦᠭᠦᠷᠡᠩ | ᠢᠨᠢᠶᠡᠳᠦᠮ ᠪᠤᠯᠪᠠ᠃ ᠠᠨᠳᠠ ᠶᠢᠨ ᠢᠶᠠᠨ ᠠᠮᠢᠨ ᠳᠡᠭᠡᠷ᠎ᠡ ᠪᠠᠶᠢᠵᠤ ᠤᠢ ᠭᠠᠰᠢᠭᠤ ᠪᠤᠯᠤᠨ᠎ᠠ ᠭᠡᠰᠡᠨ ᠴᠢᠨᠢ ᠬᠠᠷᠢᠨ ᠨᠠᠶᠢᠷ ᠨᠠᠭᠠᠳᠤᠮᠳᠤ ᠢᠷᠡᠭᠰᠡᠨ ᠶᠤᠮ ᠰᠢᠭ᠋ | ᠬᠦᠭᠵᠢᠶᠡᠨᠳᠡᠢ ᠪᠤᠯᠳᠠᠭ ᠪᠠᠶᠢᠨ᠎ᠠ᠃ ᠵᠠᠪ ᠭᠤᠸᠠᠢ ᠲᠡᠳᠡᠨ ᠳᠤ᠂ ᠮᠠᠭᠤ ᠳᠡᠪᠬᠡᠷᠭᠡ ︵ ᠦᠪᠡᠷ ᠤᠨ ᠬᠢᠨᠢ ᠬᠤᠴᠢ︶ ᠶᠢᠨ ᠴᠢᠨᠢ ᠠᠮᠢᠳᠤ ᠶᠠᠪᠤᠬᠤ ᠬᠤᠨᠤᠭ ᠠᠷᠭ᠎ᠠ | ᠦᠭᠡᠢ ᠬᠦᠢᠴᠡᠵᠦ ᠪᠠᠶᠢᠨ᠎ᠠ᠃ ᠲᠠ ᠨᠠᠷ ᠢ ᠪᠠᠨ ᠨᠢᠭᠡ ᠬᠠᠷᠠᠭᠠᠳ ᠦᠬᠦᠶ᠎ᠡ ᠭᠡᠵᠦ ᠰᠢᠢᠳᠦᠯ᠎ᠡ᠃ ᠦᠬᠦᠬᠦ ᠶᠢᠨ ᠡᠮᠦᠨ᠎ᠡ ᠨᠢᠭᠡ ᠰᠠᠶᠢᠨ ᠨᠠᠷᠬᠢᠵᠤ᠂ ᠲᠠ | ᠨᠠᠷ ᠤᠨ ᠢᠶᠠᠨ ᠳᠠᠭᠤᠯᠠᠬᠤ ᠬᠤᠭᠤᠷᠳᠠᠬᠤ ᠶᠢ ᠰᠤᠨᠤᠰᠤᠶ᠎ᠠ᠃ ᠤᠷᠢᠳᠤ ᠶᠢᠨ ᠴᠠᠭᠲ᠋ᠤ ᠶᠤᠮᠰᠠᠨ ᠪᠤᠯ ᠬᠤᠶᠢᠳᠤ ᠨᠠᠰᠤᠨ ᠳᠠᠭᠠᠨ ᠠᠭᠤᠯᠵᠠᠵᠤ ᠶᠠᠭᠤ ᠮᠠᠭᠠᠳ ᠭᠡᠬᠦ | ᠰᠠᠨ᠃ ᠨᠠᠮᠠᠢᠢ ᠲᠠ ᠨᠠᠷ ᠡᠰᠡ ᠮᠡᠳᠡᠬᠦ ᠪᠢᠰᠢ᠂ ᠦᠬᠦᠯ ᠦᠭᠡᠢ ᠮᠦᠩᠭᠡ ᠬᠤᠷᠸ᠎ᠠ ᠲᠡᠭᠡᠷ᠎ᠡ ᠲᠦᠷᠦᠭᠰᠡᠨ ᠪᠤᠯ ᠤᠳᠤ ᠶᠠᠭᠠᠬᠢᠶ᠎ᠠ ᠭᠡᠭᠦᠪ᠃ ᠠᠯᠢᠪ ᠦᠶᠡᠯᠢ ᠴᠢ | ᠬᠠᠮᠠᠷ ᠢᠶᠠᠨ ᠬᠠᠷᠠᠵᠤ ᠤᠷᠤᠭᠤ ᠴᠢᠷᠠᠶᠢᠯᠠᠵᠤ ᠰᠠᠭᠤᠯ ᠦᠭᠡᠢ ᠠᠷᠢᠬᠢ ᠠᠶᠢᠷᠠᠭ ᠠᠴᠠ ᠪᠠᠨ ᠬᠢ︕ ᠵᠢᠭᠠᠬᠠᠨ ᠰᠢᠷ᠎ᠠ ᠳᠤᠰᠤ ᠬᠦᠪᠦᠭᠦᠯᠦᠭᠡᠳ ᠨᠠᠳᠠᠳᠤ ᠴᠤ | ᠭᠡᠰᠡᠨ ᠬᠢᠭᠡᠳ ᠠᠯᠢ︕ ᠮᠠᠭᠤ ᠲᠡᠪᠬᠡᠷᠭᠡ ᠪᠠᠨ ᠠᠯᠤᠰ ᠤᠨ ᠵᠠᠮ ᠳᠤ ᠦᠳᠡᠵᠦ ᠪᠠᠶᠢᠨ᠎ᠠ ᠭᠡᠵᠦ ᠪᠤᠳᠤᠭᠠᠳ ᠯᠡ ᠤᠤᠭᠤᠵᠠᠭ᠎ᠠ︕ ᠵᠠᠪᠠᠯ ᠬᠦᠳᠡᠭᠡᠯᠡᠬᠦᠯᠵᠦ | ᠢᠷᠡᠴᠢᠭᠡᠭᠡᠳ ᠤᠢ ᠭᠠᠰᠢᠭᠤ ᠲᠠᠶᠢᠯᠵᠤ ᠪᠠᠶᠢᠨ᠎ᠠ ᠭᠡᠵᠦ ᠤᠤᠭᠤᠬᠤ ᠠᠯᠪᠠ ᠤᠤ︖ ᠶᠠᠮᠠᠷᠴᠤ ᠭᠡᠰᠡᠨ ᠤᠬᠠᠭᠠᠨ ᠲᠠᠢ ᠠᠮᠢᠰᠬᠤᠭ᠎ᠠ ᠲᠠᠢ ᠪᠠᠶᠢᠭ᠎ᠠ ᠲᠡᠭᠡᠷ᠎ᠡ ᠨᠢ | ᠠᠮᠢᠳᠤ ᠵᠠᠪ ᠲᠠᠢ ᠪᠠᠨ ᠤᠷᠢᠳᠤ ᠶᠢᠨ ᠬᠢ ᠰᠢᠭ ᠢᠶᠠᠷ ᠢᠶᠠᠨ ᠨᠠᠷᠬᠢᠵᠤ ᠪᠠᠶᠢᠨ᠎ᠠ ᠭᠡᠵᠦ ᠪᠤᠳᠤᠭᠠᠳ ᠤᠤᠭᠤᠵᠠᠭ᠎ᠠ︕ ᠭᠡᠵᠦ ᠰᠢᠬᠠᠵᠤ ᠪᠠᠶᠢᠪᠠ᠃ ᠲᠡᠭᠡᠭᠡᠳ | ᠬᠡᠯᠡᠭᠰᠡᠨ ᠶᠤᠰᠤᠭᠠᠷ ᠢᠶᠠᠨ ᠰᠢᠷ᠎ᠠ ᠲᠤᠰᠤ ᠬᠢᠵᠦ ᠬᠠᠯᠠᠭᠠᠭᠰᠠᠨ ᠠᠷᠢᠬᠢ ᠵᠢᠭᠠᠬᠠᠨ ᠤᠤᠭᠤᠴᠢᠬᠠᠭᠠᠳ ᠨᠢᠳᠦ ᠨᠢ ᠭᠡᠷᠡᠯᠳᠦᠵᠦ᠂ ᠶᠤᠨᠳᠤᠭᠤᠷ ᠰᠢᠨᠠᠨ ᠳᠤᠨᠢ | ᠬᠦᠷᠲᠡᠯ᠎ᠡ ᠴᠢᠰᠤ ᠲᠤᠶᠠᠭᠠᠷᠠᠪᠠ᠃ ᠦᠬᠦᠯ ᠦᠭᠡᠢ ᠮᠦᠩᠭᠡ ᠬᠤᠷᠸ᠎ᠠ ᠳᠡᠭᠡᠷ᠎ᠡ ᠲᠦᠷᠦᠭᠡ ᠦᠭᠡᠢ ᠪᠠᠨ ᠰᠠᠶᠢᠨ ᠮᠡᠳᠡᠬᠦ ᠲᠡᠷᠡ ᠬᠡᠳᠦ ᠲᠦᠩᠱᠢ ᠶᠢᠨ ᠢᠶᠠᠨ | ᠦᠭᠡ ᠶᠢ ᠠᠷᠭ᠎ᠠ ᠦᠭᠡᠢ ᠳᠠᠭᠠᠵᠤ ᠠᠷᠢᠬᠢ ᠠᠶᠢᠷᠠᠭ ᠤᠤᠭᠤᠵᠠᠭᠠᠨ ᠳᠠᠭᠤᠤ ᠱᠤᠤ ᠪᠤᠯᠪᠠ᠃ ᠨᠠᠶᠢᠷᠤᠨ ᠭᠤᠷᠪᠠᠨ ᠳᠠᠭᠤᠲᠠᠢ ᠠᠭᠰᠠᠨ ᠭᠡᠵᠢᠭᠳᠦ ᠳᠤ ᠠᠶ᠎ᠠ | ᠪᠠᠷᠢᠬᠤ ᠠᠯᠪᠠ ᠲᠤᠯᠭᠠᠷᠴᠤ ᠭᠡᠵᠢᠭᠲᠦ ᠬᠦᠭᠡᠷᠦᠬᠦᠢ ᠮᠢᠨᠢ᠂ ᠬᠠᠭᠤᠴᠢᠨ ᠫᠤᠤ ᠶᠢᠨ ᠬᠤᠭᠤᠷᠬᠠᠢ ᠭᠡᠳᠡᠭ ᠢᠶᠠᠨ ᠦᠵᠡᠬᠦᠯᠦᠯ᠎ᠡ᠃ ᠬᠦ᠋ ᠲᠤᠷᠳᠤᠭ ᠪᠤᠯᠤᠭᠰᠠᠨ | ᠰᠦᠭᠡᠩᠬᠢ ᠲᠠᠭᠤᠳᠠᠢ ᠮᠤᠷᠢᠨ ᠬᠤᠭᠤᠷ ᠢ ᠬᠦᠭᠯᠡᠵᠦ ᠠᠮᠢᠰᠬᠤᠭ᠎ᠠ ᠳᠠᠰᠤᠯᠳᠠᠩᠬᠢ ᠪᠤᠯᠪᠠᠴᠤ ᠰᠦᠷᠡᠬᠡᠢ ᠡᠷᠡᠰᠢᠭᠦᠳ ᠫᠠᠷᠬᠢᠯ ᠬᠤᠭᠤᠯᠠᠢ ᠪᠠᠷ | ︽ᠵᠡ ᠵᠢᠬᠦᠷᠲᠡᠢ ᠲᠦᠷᠦᠭᠰᠡᠨ ᠮᠠᠨ ᠳᠤ ᠴᠢᠨᠢ | ᠵᠢᠭᠳᠡᠢ ᠰᠠᠶᠢᠬᠠᠨ ᠤᠷᠤᠨ ᠪᠠᠶᠢᠪᠠᠴᠤ | ᠵᠢᠷᠭᠠᠯ ᠵᠤᠪᠠᠯᠠᠩ ᠠᠯᠢᠨ ᠳᠤ ᠪᠤᠯ | ᠵᠠᠶᠠᠭᠠᠨ ᠤ ᠪᠠᠨ ᠬᠦᠴᠦ ᠪᠠᠷ ᠪᠤᠯᠳᠠᠭ ᠪᠤᠰᠤ ᠤᠤ ᠁︾ ᠭᠡᠵᠦ ᠳᠠᠭᠤᠯᠠᠬᠤ ᠳᠤ ᠵᠠᠪ ᠭᠤᠸᠠᠢ ᠶᠢᠨ ᠬᠦᠭᠰᠢᠨ ᠡᠷᠬᠢᠨᠡᠭ ᠤᠨ ᠢᠶᠠᠨ ᠬᠠᠵᠠᠭᠤ ᠳᠤ | ᠨᠢᠯᠪᠤᠰᠤ ᠪᠠᠨ ᠠᠷᠴᠢᠨ ᠪᠤᠷᠤᠭᠤ ᠬᠠᠷᠠᠵᠤ ᠰᠠᠭᠤᠪᠠ᠃ ︽ᠭᠡᠵᠢᠭᠲᠦ ᠴᠢ ᠨᠡᠭᠡᠷᠡᠨ ᠵᠠᠯᠠᠭᠤ ᠪᠠᠷ ᠢᠶᠠᠨ ᠪᠠᠶᠢᠨ᠎ᠠ᠂ ᠡᠪᠦᠭᠡᠨ ᠰᠢᠪᠠᠭᠤ ᠪᠤᠴᠠᠨ᠎ᠠ ᠭᠡᠵᠦ ᠁︾ | ᠭᠡᠳ ᠵᠠᠪ ᠭᠤᠸᠠᠢ ᠰᠡᠭᠦᠷᠡᠰᠦ ᠠᠯᠳᠠᠭᠰᠠᠨ ᠢᠶᠠᠨ ᠲᠦᠷᠡᠬᠡᠨ ᠵᠠᠭᠤᠷ᠎ᠠ ᠶᠢᠨ ᠭᠤᠨᠢᠭ ᠢᠶᠠᠨ ᠬᠦᠭᠡᠭᠡᠨ ᠵᠠᠶᠢᠯᠠᠭᠤᠯᠵᠤ ︿ᠪᠤᠷᠭᠤᠴᠤᠢ᠂ ᠴᠢ ᠲᠡᠷᠡ ᠵᠢᠯ ᠨᠠᠮᠢᠢᠢ | ᠶᠠᠭᠠᠬᠢᠵᠦ ᠴᠢᠳᠠᠭᠰᠠᠨ ᠢᠶᠠᠨ ᠶᠠᠷᠢᠭᠠᠴᠢ﹀ ᠭᠡᠪᠡ᠃ ᠪᠤᠷᠭᠤᠴᠤᠢ ᠲᠤᠷᠯᠢᠭ ᠪᠠᠭᠤᠤᠳᠠᠭᠠᠨ ᠠᠯᠳᠠᠨ ᠴᠠᠭ ᠵᠡᠬᠦᠵᠦ᠂ ᠨᠢᠳᠦᠨ ᠳᠡᠭᠡᠨ ᠰᠡᠭᠦᠳᠡᠷ ᠰᠢᠯ ᠵᠡᠬᠦᠴᠢᠭᠡᠭᠰᠡᠨ | ᠳᠡᠭᠵᠢᠨ ᠱᠤᠪᠤᠭᠤᠷ ᠡᠪᠦᠭᠡᠨ ᠶᠠᠷᠢᠬᠤ ᠠᠴᠠ ᠪᠠᠨ ᠲᠦᠷᠦᠬᠦᠨ ᠬᠡᠭ ᠬᠡᠭ ᠢᠨᠢᠶᠡᠭᠡᠳ᠂ ᠪᠢ ᠪᠠᠭ ᠤᠨ ᠳᠠᠷᠤᠭ᠎ᠠ᠂ ᠵᠠᠪ ᠤᠬᠠᠭᠤᠯᠤᠭᠴᠢ᠂ ᠲᠡᠷᠡ ᠵᠤᠨ ᠠᠯᠪᠠ | ᠰᠢᠷᠦᠬᠦᠨ ᠢ ᠬᠡᠯᠡᠬᠦ ᠤᠤ᠃ ᠳᠠᠶᠢᠨ ᠤ ᠤᠷᠢᠳᠤ ᠵᠢᠯ ᠰᠢᠦ ᠳ᠋ᠧ᠂ ᠵᠠᠯᠠᠭᠤ ᠴᠤ ᠪᠠᠶᠢᠵᠠᠢ᠃ ᠴᠡᠷᠢᠭ ᠤᠨ ᠠᠭᠳᠠ᠂ ᠨᠤᠤᠰᠤᠨ ᠤ ᠨᠤᠭᠤᠭᠳᠠᠯ ᠬᠦᠢᠴᠡᠭᠡᠬᠦ ᠭᠡᠳ ᠯᠡ | ᠪᠢᠳᠡ ᠬᠤᠶᠠᠷ ᠡᠳᠦᠷ ᠰᠦᠨᠢ ᠦᠭᠡᠢ ᠠᠶᠢᠯ ᠭᠡᠰᠦᠳᠡᠭ ᠪᠠᠶᠢᠯ᠎ᠠ᠃ ᠲᠡᠭᠡᠬᠦ ᠳᠤ ᠪᠠᠭ ᠭᠡᠳᠡᠭ ᠴᠢᠨᠢ ᠤᠳᠤ ᠶᠢᠨ ᠰᠤᠮᠤ ᠰᠢᠭ᠋ ᠨᠤᠳᠤᠭ ᠲᠠᠢ᠂ ᠶᠠᠪᠤᠵᠤ ᠪᠠᠷᠠᠳᠠᠭ | ᠦᠭᠡᠢ᠃ ᠨᠢᠭᠡ ᠡᠳᠦᠷ ᠳᠤᠤᠷᠠᠳᠤ ᠬᠦᠷᠡᠮᠳᠦ ᠤᠷᠤᠵᠤ ᠶᠠᠪᠤᠭᠰᠠᠨ ᠴᠢᠨᠢ ᠵᠠᠮ ᠳᠡᠭᠡᠷ᠎ᠡ ᠮᠤᠷᠢ ᠪᠠᠨ ᠪᠠᠷᠢᠭᠰᠠᠨ ᠬᠦᠮᠦᠨ ᠬᠡᠪᠳᠡᠵᠦ ᠪᠠᠶᠢᠨ᠎ᠠ᠃ ᠬᠦᠷᠦᠭᠡᠳ | ᠤᠴᠢᠲᠠᠯᠠ ᠮᠠᠨᠠᠢ ᠬᠦᠮᠦᠨ ᠬᠤᠷᠬᠢᠷᠠᠵᠤ ᠬᠡᠪᠳᠡᠳᠡᠭ ᠪᠠᠶᠢᠭ᠎ᠠ᠂ ᠶᠡᠷᠦ ᠨᠢ ᠪᠦᠭᠡ ᠤᠨᠳᠠᠵᠠᠢ᠃ ᠲᠡᠭᠡᠬᠦ ᠪᠠᠷ ᠨᠢ ᠱᠤᠭᠯᠠᠮᠠᠷ ᠰᠠᠨᠠᠭᠳᠠᠭᠠᠳ ᠮᠤᠷᠢ ᠶᠢ ᠨᠢ | ᠬᠦᠳᠦᠯᠦᠭᠡᠳ ᠠᠯᠠᠭ᠎ᠠ ᠪᠤᠯᠵᠤ ᠦᠭᠬᠦᠯ᠎ᠡ᠃ ᠮᠦᠨᠴᠤ ᠳᠦᠷᠰᠦᠬᠦᠢ ᠪᠠᠶᠢᠵᠤ ᠳ᠋ᠧ᠂ ᠮᠠᠨᠠᠢ ᠬᠦᠮᠦᠨ ᠨᠢᠭᠡ ᠰᠡᠷᠡᠬᠦᠨᠡ ᠶᠠᠪᠠᠭᠠᠷᠠᠴᠢᠬᠠᠭᠰᠠᠨ ᠪᠠᠶᠢᠳᠠᠭ᠃ ᠬᠠᠭᠠᠰ | ᠦᠷᠲᠡᠭᠡ ᠰᠢᠬᠠᠮ ᠬᠦᠯ ᠢᠶᠠᠨ ᠬᠤᠯᠬᠢᠲᠠᠯᠠ ᠮᠠᠴᠤᠵᠤ ᠠᠶᠢᠯ ᠳᠤ ᠬᠦᠷᠦᠭᠰᠡᠨ ᠪᠠᠶᠢᠭᠰᠠᠨ᠃ ᠰᠡᠬᠦᠯ ᠳᠤ ᠲᠡᠭᠡᠵᠦ ᠶᠠᠪᠠᠭᠠᠷᠠᠭᠤᠯᠤᠭᠰᠠᠨ ᠢᠶᠠᠨ ᠬᠡᠯᠡᠭᠡᠳ | ᠠᠯᠠᠭᠤᠯᠬᠤ ᠰᠢᠬᠠᠭᠰᠠᠨ ᠰᠠᠨ ᠭᠡᠪᠡ᠃ ᠡᠨᠡ ᠮᠡᠲᠦ ᠪᠠᠷ ᠢᠳᠡᠷ ᠵᠠᠯᠠᠭᠤ ᠶᠢᠨ ᠢᠶᠠᠨ ᠡᠯᠳᠡᠪ ᠶᠠᠪᠤᠳᠠᠯ ᠢ ᠲᠤᠷᠠᠰᠴᠠᠭᠠᠨᠠ᠃ ᠰᠢᠮᠠᠭᠤᠯ ᠵᠠᠮᠴᠠ | ᠰᠤᠭᠳᠤᠬᠤ ᠪᠠᠷ ᠢᠶᠠᠨ ᠤᠬᠢᠯᠠᠳᠠᠭ᠂ ᠪᠡᠶ᠎ᠡ ᠪᠠᠨ ᠬᠡᠴᠢᠨᠡᠨ ᠪᠠᠷᠢᠪᠠᠴᠤ ᠲᠡᠰᠦᠭᠰᠡᠨ ᠦᠭᠡᠢ ᠰᠢᠯᠦᠰᠦ ᠪᠠᠨ ᠰᠠᠪᠢᠷᠠᠭᠤᠯᠤᠭᠰᠠᠭᠠᠷ ᠪᠠᠶᠢᠭᠠᠳ ᠭᠢᠩᠭᠢᠨᠡᠲᠡᠯᠡ | ᠤᠬᠢᠯᠠᠴᠢᠬᠠᠪᠠ᠃ | ᠴᠢ ᠪᠢᠳᠡᠭᠡᠢ ᠬᠦᠮᠦᠨ ᠤᠷᠤᠭᠤ ᠲᠠᠳᠠᠭᠠᠳ ᠪᠠᠢ︕ ᠤᠬᠢᠯᠠᠵᠤ ᠪᠠᠶᠢᠭ᠎ᠠ ᠨᠢ ᠬᠦᠷᠲᠡᠯ᠎ᠡ ᠶᠢᠩᠬᠢᠨᠡᠭᠡᠳ ᠶᠠᠭ ᠰᠢᠮᠠᠭᠤᠯ ᠰᠢᠭ᠋ ᠭᠡᠵᠦ ᠵᠠᠪ ᠭᠤᠸᠠᠢ ᠶᠢᠨ | ᠱᠤᠭᠯᠠᠬᠤ ᠳᠤ ᠢᠨᠢᠶᠡᠳᠦᠮ ᠪᠤᠯᠵᠤ ᠬᠠᠷᠢᠨ ᠴᠤ ᠭᠤᠮᠤᠳᠠᠵᠤ ᠤᠷᠬᠢᠭᠰᠠᠨ ᠵᠠᠮᠴᠠ᠂ ᠴᠢ ᠬᠡᠵᠢᠶᠡᠨ ᠠᠴᠠ ᠴᠢᠯᠠᠭᠤ ᠰᠢᠭ᠋ ᠬᠠᠳᠠᠭᠤ ᠰᠡᠳᠬᠢᠯ ᠲᠠᠢ ᠬᠦᠮᠦᠨ᠂ | ᠦᠯᠡᠳᠡᠬᠦ ᠪᠢᠳᠡᠨ ᠢ ᠪᠠᠨ ᠴᠤ ᠵᠦᠭᠡᠯᠡᠨ ᠲᠤᠷᠤᠢ ᠤᠯᠤᠰ ᠭᠡᠵᠦ ᠮᠡᠳᠡᠬᠦ ᠦᠭᠡᠢ ᠭᠡᠳ ᠭᠠᠷᠴᠤ ᠶᠠᠪᠤᠬᠤ ᠶᠢ ᠵᠠᠪᠳᠤᠭᠰᠠᠨ ᠳᠤ᠂ ᠦᠶᠡᠯᠢ ᠮᠢᠨᠢ︕ ᠪᠢ | ᠴᠢᠨᠦᠬᠢ ᠪᠠᠨ ᠤᠶᠠᠨ ᠵᠦᠭᠡᠯᠡᠨ ᠰᠡᠳᠬᠢᠯ ᠲᠠᠢ ᠶᠢ ᠮᠡᠳᠡᠬᠦ ᠦᠭᠡᠢ ᠶᠠᠭᠠᠬᠢᠬᠤᠪ ᠪᠤᠢ᠂ ᠲᠤᠭᠯᠠᠭᠰᠠᠨ ᠶᠤᠮ᠂ ᠴᠢ ᠠᠳᠤᠭᠤ ᠬᠤᠷᠢᠶᠠᠭᠠᠳ ᠢᠷᠡᠬᠦ ᠦᠭᠡᠢ ᠤᠤ᠂ ᠪᠢ | ᠨᠢᠭᠡ ᠬᠠᠷᠠᠶ᠎ᠠ ᠭᠡᠵᠦ ᠭᠤᠶᠤᠪᠠ ᠁ | ᠵᠠᠮᠴᠠ ᠠᠳᠤᠭᠤ ᠬᠤᠷᠢᠶᠠᠵᠤ ᠭᠡᠷ ᠤᠨ ᠭᠠᠳᠠᠭ᠎ᠠ ᠠᠪᠴᠢᠷᠠᠭᠰᠠᠨ ᠬᠤᠶᠢᠨ᠎ᠠ ᠬᠦᠮᠦᠰ ᠵᠠᠪᠤ ᠭᠤᠸᠠᠢ ᠶᠢ ᠰᠢᠷᠳᠡᠭ ᠳᠡᠭᠡᠷ᠎ᠡ ᠳᠠᠮᠵᠢᠯᠠᠨ ᠭᠠᠷᠭᠠᠵᠠᠢ᠃ ᠵᠢᠷᠠᠨ | ᠬᠡᠳᠦᠨ ᠵᠢᠯ ᠠᠮᠢᠳᠤᠷᠠᠭᠰᠠᠨ ᠬᠤᠷᠸ᠎ᠠ ᠶᠢᠷᠲᠢᠨᠴᠦ ᠵᠤᠨ ᠤ ᠪᠠᠨ ᠨᠢᠭᠡ ᠰᠠᠶᠢᠬᠠᠨ ᠡᠳᠦᠷ ᠢᠶᠠᠷ ᠲᠡᠬᠦᠨ ᠢ ᠦᠳᠡᠨ ᠭᠠᠷᠭᠠᠵᠤ ᠪᠠᠶᠢᠨ᠎ᠠ ᠤᠤ︖ ᠨᠠᠷᠠᠨ ᠬᠡᠪᠠᠶᠢᠵᠦ | ᠠᠬᠢ ᠭᠠᠩᠭ᠎ᠠ ᠶᠢᠨ ᠦᠨᠦᠷ ᠠᠩᠬᠢᠯᠤᠮᠠᠯ ᠵᠦᠭᠡᠯᠡᠨ ᠪᠦᠭᠡᠳ ᠪᠦᠯᠢᠶᠡᠨ ᠰᠡᠪᠰᠡᠭᠡ ᠦᠬᠦᠯ ᠤᠨ ᠡᠮᠦᠨ᠎ᠡ ᠵᠤᠷᠢᠭᠲᠠᠢ ᠲᠠᠶᠢᠪᠤᠩ ᠪᠠᠢ ᠭᠡᠵᠦ ᠠᠷᠭᠠᠳᠠᠨ ᠢᠯᠪᠢᠵᠦ | ᠪᠠᠶᠢᠬᠤ ᠰᠢᠭ᠋᠂ ᠨᠤᠳᠤᠭ ᠤᠨ ᠬᠦᠬᠡ ᠨᠤᠭᠤᠭᠠᠨ ᠬᠦᠪᠡᠭᠡ ᠲᠤᠯᠤᠭᠠᠶᠢᠳ ᠤᠨᠢᠶᠠᠷ ᠳᠤᠮᠳᠠ ᠵᠠᠮᠬᠠᠷᠠᠨ ᠦᠵᠡᠭᠳᠡᠬᠦ ᠨᠢ ᠠᠭᠤᠵᠢᠮ ᠪᠤᠯᠪᠠᠴᠤ ᠬᠦᠮᠦᠨ ᠤ ᠨᠠᠰᠤᠨ | ᠬᠢᠵᠠᠭᠠᠷᠲᠠᠢ ᠶᠠᠮᠠᠷᠬᠠᠨ ᠵᠠᠮ ᠲᠠᠢ ᠶᠢᠷᠲᠢᠨᠴᠦ ᠪᠢᠯᠡ ᠬᠡᠮᠡᠷ᠃ ᠡᠨᠡ ᠨᠠᠷᠠ᠂ ᠰᠠᠯᠬᠢ᠂ ᠲᠡᠭᠷᠢ᠂ ᠬᠦᠪᠡᠭᠡ ᠲᠤᠯᠤᠭᠠᠶᠢᠳ ᠢᠶᠠᠨ ᠰᠡᠭᠦᠯᠴᠢ ᠶᠢᠨ ᠤᠳᠠᠭ᠎ᠠ ᠬᠠᠷᠠᠵᠤ | ᠪᠠᠶᠢᠨ᠎ᠠ ᠭᠡᠵᠦ ᠵᠠᠪ ᠭᠤᠸᠠᠢ ᠪᠤᠳᠤᠵᠤ ᠪᠠᠶᠢᠯ᠎ᠠ᠃ ᠵᠠᠮᠴᠠ ᠶᠢᠨ ᠬᠤᠷᠢᠶᠠᠵᠤ ᠠᠪᠴᠢᠷᠠᠭᠰᠠᠨ ᠠᠳᠤᠭᠤ ᠤᠭᠤᠷᠬᠢᠯᠠᠨ ᠪᠦᠭᠡᠮᠨᠡᠷᠴᠦ ᠠᠭᠠᠭ ᠢᠶᠠᠨ ᠪᠠᠭᠳᠠᠵᠤ | ᠶᠠᠳᠠᠭᠰᠠᠨ ᠤᠨᠠᠭ᠎ᠠ ᠳᠠᠭ᠎ᠠ ᠲᠠᠩᠭᠠᠷᠠᠯᠳᠤᠨ ᠴᠢᠷᠯᠠᠯᠳᠤᠬᠤ ᠪᠦᠭᠡᠳ ᠬᠠᠷᠢᠨ ᠨᠢᠭᠡ ᠬᠦᠭᠰᠢᠨ ᠪᠤᠭᠤᠷᠤᠯ ᠰᠦᠷᠦᠭ ᠠᠴᠠ ᠵᠠᠶᠢᠳᠠᠭᠤ ᠵᠡᠭᠦᠷᠮᠡᠭᠯᠡᠨ ᠪᠠᠶᠢᠨ᠎ᠠ᠃ ᠵᠠᠪ | ᠭᠤᠸᠠᠢ ᠲᠡᠬᠦᠨ ᠢ ᠬᠠᠷᠠᠵᠤ ᠤᠮᠤᠯᠳᠤᠭᠰᠠᠨ ᠵᠢᠷᠪᠢᠭᠡᠷ ᠤᠷᠤᠭᠤᠯᠢᠶ᠋ᠠᠨ ᠮᠤᠷᠦ᠋ᠢᠯᠭᠠᠨ ᠢᠨᠢᠶᠡᠪᠡ᠃ | — ᠲᠡᠷᠡ ᠪᠤᠭᠤᠷᠤᠯ ᠢ ᠬᠠᠷᠠᠭᠠᠴᠢ︕ ᠮᠦᠨᠴᠦ ᠶᠠᠰᠤᠲᠠᠢ ᠠᠳᠤᠭᠤᠰᠤ ᠶᠤᠮᠰᠠᠨ᠃ ᠮᠠᠭᠤ ᠰᠠᠶᠢᠨ ᠪᠠᠶᠢᠳᠠᠰᠤ ᠨᠤᠭᠤᠳ ᠲᠤ ᠭᠤᠯᠤᠭᠳᠠᠵᠤ ᠦᠷᠢᠶ᠎ᠡ | ᠰᠢᠳᠦᠯᠡᠩ ᠳᠤ ᠬᠠᠵᠢᠭᠯᠠᠭᠤᠯᠤᠭᠠᠳ ᠤᠳᠤ ᠴᠤ ᠪᠤᠯᠢᠵᠦ ᠳ᠋ᠧ ᠬᠦᠭᠡᠷᠦᠬᠦᠢ᠂ ᠭᠡᠬᠦ ᠳᠡᠭᠡᠨ ᠨᠠᠳᠠ ᠠᠴᠠ ᠯᠡ ᠲᠦᠷᠦᠬᠦᠯᠦᠭᠰᠡᠨ ᠦᠭᠡᠢ ᠳ᠋ᠧ ᠭᠡᠪᠡ᠃ ᠴᠢᠩᠬᠢᠭᠡᠳ | ᠬᠡᠳᠦᠨ ᠮᠦᠴᠡ ᠦᠩᠭᠡᠷᠡᠬᠦ ᠳᠤ ᠨᠠᠷᠠ ᠰᠠᠯᠬᠢᠨᠳᠤ ᠴᠤᠴᠢᠷᠳᠠᠭᠰᠠᠨ ᠳᠠᠭᠠᠨ ᠴᠤ ᠶᠤᠮ ᠤᠤ ᠠᠮᠢᠰᠬᠤᠭ᠎ᠠ ᠨᠢ ᠳᠡᠭᠡᠷ᠎ᠡ ᠭᠠᠷᠴᠤ ᠨᠢᠳᠦ ᠨᠢ ᠵᠢᠭᠲᠡᠶᠢᠬᠡᠨ | ᠬᠤᠷᠴᠠ ᠪᠠᠷ ᠭᠢᠯᠠᠯᠵᠠᠪᠠ᠃ ᠦᠶᠡᠯᠢ ᠤᠷᠭ᠎ᠠ ᠶᠢᠨ ᠮᠢᠨᠢ ᠬᠤᠶᠢᠪᠢ ᠶᠢ ᠲᠠᠶᠢᠯᠤᠭᠠᠳ ᠠᠯᠢ︕ ᠭᠡᠳ ᠬᠤᠶᠢᠪᠢ ᠪᠠᠨ ᠭᠡᠵᠢᠭᠲᠦ ᠳᠤ ᠦᠭᠴᠦ᠂ ᠴᠢ ᠵᠠᠯᠠᠭᠤ ᠡᠬᠡᠨᠡᠷ | ᠠᠪᠬᠤ ᠰᠠᠨᠠᠭᠠᠳᠠᠢ ᠪᠠᠷ ᠢᠶᠠᠨ ᠡᠬᠦᠨ ᠢ ᠠᠪ︕ ᠤᠭᠤᠨᠤ ᠶᠢᠨ ᠬᠦᠵᠦᠬᠦᠦ ᠪᠠᠷ ᠬᠢᠭᠰᠡᠨ ᠰᠠᠶᠢᠨ ᠬᠤᠶᠢᠪᠢ ᠰᠢᠦ᠂ ᠴᠢᠳᠠᠯ ᠢᠶᠠᠨ ᠦᠵᠡᠬᠦᠯᠬᠦ ᠳᠤ ᠴᠢᠨᠢ ᠬᠡᠷᠡᠭ | ᠪᠤᠯᠤᠨ᠎ᠠ ᠭᠡᠪᠡ᠃ ᠲᠤᠷᠬᠢᠯ ᠲᠦᠩᠱᠢ ᠳᠡᠭᠡᠨ ᠰᠡᠶᠢᠯᠪᠤᠷᠢ ᠨᠢ ᠪᠠᠷᠠᠭᠳᠠᠳᠠᠯ᠎ᠠ ᠪᠠᠨ ᠡᠯᠡᠭᠳᠡᠵᠦ ᠮᠦᠯᠡᠶᠢᠭᠰᠡᠨ ᠵᠢᠵᠢᠭ ᠭᠠᠷᠳᠠᠮ ᠬᠦᠭᠦᠷᠭᠡ ᠪᠠᠨ ︽ᠭᠠᠩᠭᠠᠩ | ᠬᠦᠮᠦᠨ ᠳᠤ ᠭᠠᠷᠠᠬ᠎ᠠ ᠨᠡᠮᠡᠷᠢ︾ ᠭᠡᠵᠦ ᠦᠭᠪᠡ᠃ ᠴᠢᠩᠬᠢᠭᠡᠳ ᠰᠡᠭᠦᠯ ᠤᠨ ᠦᠭᠡ ᠪᠠᠨ ᠬᠡᠯᠡᠭᠰᠡᠨ ᠨᠢ᠄ ᠲᠠ ᠨᠠᠷ ᠢ ᠪᠠᠨ᠂ ᠨᠤᠳᠤᠭ ᠤᠰᠤ ᠪᠠᠨ᠂ ᠠᠳᠤᠭᠤ | ᠮᠠᠯ ᠢᠶᠠᠨ ᠬᠠᠷᠠᠵᠤ ᠠᠪᠤᠯ᠎ᠠ᠂ ᠬᠡᠴᠢᠨᠡᠨ ᠰᠠᠶᠢᠬᠠᠨ ᠰᠠᠯᠵᠤ ᠪᠤᠯᠤᠮᠠᠷ ᠦᠭᠡᠢ ᠶᠢᠷᠲᠢᠨᠴᠦ ᠪᠤᠯᠪᠠᠴᠤ ᠭᠡᠵᠢᠭᠲᠦ ᠶᠢᠨ ᠳᠠᠭᠤᠯᠠᠳᠠᠭ ᠡᠪᠦᠭᠡᠨ ᠰᠢᠪᠠᠭᠤ ᠪᠤᠴᠠᠬᠤ ᠴᠠᠭ | ᠪᠤᠯᠵᠠᠢ᠃ ᠵᠢᠷᠠᠨ ᠬᠡᠳᠦᠨ ᠵᠢᠯ ᠲᠡᠯᠡᠬᠡᠢ ᠶᠢᠨ ᠲᠤᠭᠤᠰᠤ ᠬᠦᠳᠡᠯᠭᠡᠵᠦ ᠶᠡᠭᠡ ᠶᠠᠭᠤᠮ᠎ᠠ ᠦᠵᠡᠯ᠎ᠡ᠃ ᠭᠤᠮᠤᠳᠠᠯ ᠠᠯᠠᠭ᠎ᠠ᠃ ᠰᠠᠶᠢᠨ ᠬᠠᠨᠢ ᠲᠠᠢ᠂ ᠭᠤᠯᠤᠮᠳᠠ | ᠵᠠᠯᠭᠠᠬᠤ ᠬᠦᠦ ᠲᠠᠢ᠂ ᠰᠠᠶᠢᠬᠠᠨ ᠨᠦᠬᠦᠳ ᠲᠠᠢ ᠵᠢᠷᠭᠠᠵᠤ ᠶᠠᠪᠤᠯ᠎ᠠ᠃ ᠡᠶᠢᠮᠦ ᠲᠡᠶᠢᠮᠦ ᠶᠠᠭᠤᠮ᠎ᠠ ᠳᠤᠳᠠᠭᠤ ᠳᠤᠮᠳᠠ ᠪᠠᠶᠢᠭᠰᠠᠨ ᠭᠡᠵᠦ ᠭᠠᠵᠢᠷᠠᠬᠤ ᠶᠠᠭᠤᠮ᠎ᠠ | ᠠᠯᠠᠭ᠎ᠠ᠃ ᠤᠯᠠᠨ ᠤ ᠳᠤᠮᠳᠠ ᠯᠡ ᠶᠠᠪᠤᠯ᠎ᠠ᠂ ᠵᠠᠮᠴᠠ ᠮᠢᠨᠢ ᠴᠢ ᠰᠡᠳᠬᠢᠯ ᠢᠶᠠᠨ ᠪᠠᠷᠢᠵᠤ ᠦᠵᠡ︕ ︵ᠵᠠᠮᠴᠠ ᠤᠬᠢᠯᠠᠭᠰᠠᠭᠠᠷ ᠬᠤᠯᠠᠳᠠᠪᠠ︶ ᠪᠢᠳᠡ ᠴᠢᠨᠢ | ᠢᠩᠬᠢᠭᠡᠳ ᠯᠡ ᠤᠪᠤᠨ ᠴᠤᠪᠤᠨ ᠬᠤᠶᠢᠳᠤ ᠡᠩᠭᠡᠷ ᠲᠡᠭᠡᠨ ᠭᠠᠷᠬᠤ ᠤᠯᠤᠰ ᠰᠢᠦ ᠳ᠋ᠠ᠂ ᠵᠢᠮ᠎ᠡ ᠶᠤᠮ ᠬᠤᠶᠢᠨ᠎ᠠ᠃ ᠶᠠᠮᠠᠷ ᠮᠠᠨᠠᠢ ᠮᠤᠩᠭᠤᠯ ᠤᠨ ᠤᠳᠤᠮ | ᠲᠠᠰᠤᠷᠠᠬᠤ ᠪᠠᠷ ᠪᠢᠰᠢ︕ ᠲᠠ ᠨᠠᠷ ᠮᠢᠨᠢ ᠲᠡᠭᠡᠭᠡᠳ ᠦᠷ᠎ᠡ ᠠᠴᠢ ᠦᠨᠢᠷ ᠦᠳᠭᠡᠨ ᠵᠢᠷᠭᠠᠨ ᠲᠡᠯᠵᠢᠵᠦ ᠶᠠᠪᠤᠭᠠᠷᠠᠢ︕ ᠵᠠ ᠤᠳᠤ ᠪᠤᠯᠤᠯ᠎ᠠ᠂ ᠭᠡᠷ ᠲᠤ ᠮᠢᠨᠢ | ᠤᠷᠤᠭᠤᠯᠤᠭᠠᠳ ᠠᠯᠢ︕ | ᠵᠠᠪ ᠭᠤᠸᠠᠢ ᠦᠷ ᠰᠦᠨᠢ ᠬᠠᠭᠠᠴᠠᠬᠤ ᠶᠢᠨ ᠠᠯᠳᠠ ᠳᠤ ᠨᠠᠰᠤᠨ ᠦᠭᠡᠳᠡ ᠪᠤᠯᠵᠠᠢ᠃ | |