ᠬᠤᠨᠢᠨ ᠤ ᠦᠨ᠎ᠠ ᠦᠰᠤᠯ᠎ᠠ ᠭᠡᠳ ᠬᠤᠶᠢᠰᠢᠯᠠᠵᠦ ᠰᠠᠭᠤᠭᠠᠳ ᠪᠤᠯᠬᠤ ᠦᠭᠡᠢ
ᠨᠡᠶᠢᠲᠡᠯᠡᠭᠰᠡᠨ ᠴᠠᠭ᠄
2017/10/11
   ᠡᠨᠡ ᠨᠠᠮᠤᠷ ᠬᠤᠷᠠᠭᠠᠠ ᠤ ᠦᠨ᠎ᠠ ᠦᠰᠦᠭᠰᠡᠡ ᠨᠢ ᠮᠠᠯᠵᠢᠬᠤ ᠤᠷᠤᠨ ᠳᠤ ᠲᠤᠭᠤᠯᠳ᠋ᠬᠠᠰᠠᠠ ᠰᠠᠶᠢᠨ ᠴᠢᠮᠡᠭᠡ︕ ᠰᠢᠯᠢ ᠶᠢᠨ ᠭᠤᠤᠯ ᠠᠶᠢᠮᠠᠭ ᠤᠨ ᠵᠡᠭᠦᠨ ᠦᠵᠦᠮᠦᠴᠢᠨ ᠬᠤᠰᠢᠭᠤᠨ‌‍ᠳᠤ ᠮᠠᠯᠴᠢᠳ ᠨᠢᠳᠤᠨᠤᠨ ᠠᠴᠠ ᠨᠢᠭᠡ ᠲᠠᠬᠢᠨ ᠦᠨ᠎ᠠ ᠪᠠᠷ ᠬᠤᠷᠠᠭ᠎ᠠ ᠪᠠᠨ ᠬᠤᠳᠠᠯᠳᠤᠠᠠᠰᠠ ᠪᠠᠶᠢᠯ᠎ᠠ᠃ ᠪᠦᠬᠦ ᠤᠷᠤᠨ ᠤ ᠬᠡᠪᠴᠢᠶᠡᠡ ᠳᠤ ᠬᠤᠷᠠᠭᠠᠠ ᠤ ᠦᠨ᠎ᠠ ᠵᠢᠩ ᠪᠦᠷᠢ ᠳᠤ 14 ᠲᠦᠭᠦᠷᠢᠭ ᠤᠷᠴᠢᠮ ᠢᠶᠠᠷ ᠲᠡᠭᠰᠢᠳᠭᠡᠵᠦ᠂ ᠬᠦᠢᠳᠡᠡ ᠬᠦᠮᠦᠷᠭᠡ ᠳᠤ ᠠᠪᠠᠴᠢᠵᠦ ᠬᠤᠳᠠᠯᠳᠤᠪᠠᠯ  ᠬᠡᠨᠭᠭᠦᠳᠡᠩ ᠤᠨ ᠦᠨ᠎ᠠ ᠵᠢᠩ ᠪᠦᠷᠢ ᠳᠡᠭᠡᠨ 23 ᠲᠦᠭᠦᠷᠢᠭ ᠪᠤᠯᠵᠠᠢ᠃ ᠬᠠᠷᠢᠨ ᠨᠢᠳᠤᠨᠤᠨ ᠤ ᠡᠨᠡ ᠦᠶᠡᠰ ᠬᠤᠷᠠᠭᠠᠠ ᠤ ᠦᠨ᠎ᠠ ᠵᠢᠩ ᠪᠦᠷᠢ ᠳᠡᠭᠡᠨ 6 ᠲᠦᠭᠦᠷᠢᠭ ᠤᠷᠴᠢᠮ ᠪᠠᠶᠢᠵᠦ᠂ ᠬᠡᠨᠭᠭᠦᠳᠡᠩ ᠤᠨ ᠦᠨ᠎ᠠ ᠵᠢᠩ ᠪᠦᠷᠢ ᠳᠡᠭᠡᠨ 12 ᠲᠦᠭᠦᠷᠢᠭ ᠪᠠᠶᠢᠠᠠᠰᠠᠠ ᠪᠢᠯᠡ᠃                   ᠲᠤᠰᠬᠠᠢ ᠮᠡᠷᠭᠡᠵᠢᠯᠳᠡᠳ ᠤᠨ ᠵᠠᠳᠠᠯᠤᠠᠠᠰᠠᠠ ᠢᠶᠠᠷ᠂ ᠮᠠᠯ ᠤᠨ ᠦᠨ᠎ᠠ ᠦᠰᠴᠦ ᠡᠬᠢᠯᠡᠭᠰᠡᠡ ᠨᠢ 4 ᠵᠢᠯ  ᠲᠠᠷᠠᠭᠠᠯᠠᠠ ᠮᠠᠯ ᠤᠨ ᠦᠨ᠎ᠠ ᠶᠡᠬᠡᠪᠡᠷ ᠪᠠᠭᠤᠷᠬᠠᠰᠠᠠ ᠤ ᠰᠡᠭᠦᠯᠡᠷᠬᠢ ᠵᠠᠬ᠎ᠠ ᠲᠡᠯᠭᠡᠭᠦᠷ ᠤᠨ ᠵᠢᠮ᠎ᠠ ᠶᠤᠰᠤ ᠪᠠᠶᠢᠵᠦ᠂ ᠬᠠᠨᠭ᠍ᠭᠠᠯᠭ᠎ᠠ ᠬᠡᠷᠡᠭᠴᠡᠭᠡ ᠶᠢᠨ ᠲᠡᠩᠴᠡᠭᠦᠷᠢ ᠠᠴᠠ ᠪᠤᠯᠤᠠᠠᠰᠠᠠ ᠠᠶᠠᠠᠳᠠᠭᠠᠠ ᠤ ᠶᠠᠪᠤᠳᠠᠯ ᠶᠤᠮ ᠭᠡᠵᠦ ᠪᠤᠢ᠃ ᠤᠢᠢᠷ᠎ᠠ ᠶᠢᠨ ᠬᠤᠶᠠᠷ ᠵᠢᠯ ᠦᠪᠤᠷ ᠮᠤᠩᠭᠤᠯ ᠤᠷᠤᠨ ᠨᠢ ᠬᠤᠨᠢᠨ ᠤ ᠦᠨ᠎ᠠ ᠪᠠᠭᠤᠷᠠᠯᠳᠠ ᠳᠤ ᠬᠠᠨᠳᠤᠭᠤᠯᠤᠨ ︽ᠪᠤᠭ ᠮᠠᠯ ᠢᠶᠠᠨ ᠴᠦᠭᠡᠳᠭᠡᠵᠦ᠂ ᠦᠬᠡᠷ ᠤᠨ ᠲᠤᠭ᠎ᠠ ᠲᠤᠯᠤᠭᠠᠢ ᠶᠢ ᠦᠰᠭᠡᠬᠦ︾ ᠵᠡᠷᠭᠡ ᠠᠷᠭ᠎ᠠ ᠬᠡᠮᠵᠢᠶ᠎ᠠ ᠠᠪᠴᠦ᠂ ᠮᠠᠯᠴᠢᠳ ᠬᠤᠨᠢ ᠪᠠᠨ ᠶᠡᠬᠡᠪᠡᠷ ᠰᠢᠢᠳᠪᠤᠷᠢᠯᠡᠵᠦ᠂ ᠬᠤᠨᠢᠨ ᠤ ᠲᠤᠭ᠎ᠠ ᠲᠤᠯᠤᠭᠠᠢ ᠪᠠᠭᠠᠰᠤᠠᠠᠰᠠᠠ ᠲᠠᠢ ᠴᠦ ᠰᠢᠭᠤᠳ ᠬᠤᠯᠪᠤᠭ᠎ᠠ ᠲᠠᠢ ᠶᠤᠮ᠃                  ᠢᠡᠭᠭᠢᠵᠦ ᠪᠤᠳᠤᠬᠤᠯᠠᠷ ᠵᠠᠬ᠎ᠠ ᠲᠡᠯᠭᠡᠭᠦᠷ ᠪᠤᠯ ᠮᠠᠰᠢ ᠲᠤᠠᠠᠳᠠᠪᠤᠷᠢ ᠦᠭᠡᠢ᠂ ᠤᠷᠪᠠᠭᠠᠠ ᠬᠦᠷᠪᠡᠭᠡᠨ ᠶᠡᠬᠡᠳᠠᠢ ᠪᠠᠶᠢᠨ᠎ᠠ᠃ ᠪᠢᠳᠡ ᠦᠨ᠎ᠠ ᠦᠰᠦᠯᠳᠡ ᠳᠤ ᠶᠡᠬᠡᠪᠡᠷ ᠬᠦᠭᠰᠡᠵᠦ᠂ ᠦᠨ᠎ᠠ ᠪᠠᠭᠤᠷᠠᠯᠳᠠ ᠳᠤ ᠶᠡᠬᠡᠪᠡᠷ ᠬᠡᠯᠮᠡᠭᠳᠡᠵᠦ ᠪᠠᠶᠢᠭ᠎ᠠ ᠨᠢ ᠮᠦᠨ ᠯᠡ ᠵᠠᠬ᠎ᠠ ᠶᠢᠨ ᠵᠢᠮ᠎ᠠ ᠶᠤᠰᠤ ᠶᠢ ᠡᠵᠡᠮᠳᠡᠵᠦ ᠲᠡᠶᠢᠯᠬᠦ ᠦᠭᠡᠢ᠂ ᠬᠡᠷᠡᠭᠯᠡᠭᠴᠢᠳ ᠤᠨ ᠬᠡᠷᠡᠭᠴᠡᠭᠡ ᠱᠠᠭᠠᠷᠳᠠᠯᠭ᠎ᠠ ᠶᠢ ᠤᠢᠢᠯᠠᠭᠠᠠᠠᠰᠠᠠ ᠦᠭᠡᠢ ᠠᠴᠠ ᠰᠢᠯᠳᠠᠭᠠᠯᠬᠠᠳ᠋ᠬᠠᠰᠠᠠ ᠪᠠᠶᠢᠬ᠎ᠠ︕                  ᠡᠵᠡᠩᠨᠡᠨ ᠪᠤᠷᠤᠯᠠᠭᠤᠯᠭ᠎ᠠ ᠶᠢᠨ ᠬᠦᠭᠵᠢᠯᠳᠡ ᠶᠢᠨ ᠱᠠᠳᠤ ᠶᠢ ᠬᠠᠷᠠᠬᠤ ᠳᠤ ᠲᠡᠷᠡ ᠨᠢ ᠬᠠᠮᠤᠭ ᠠᠩᠬᠠᠨ ᠤ ᠦᠢᠯᠡᠳᠪᠤᠷᠢᠯᠡᠬᠦ ᠪᠠᠷ ᠬᠦᠳᠤᠴᠢ ᠪᠤᠯᠭᠠᠵᠦ ᠪᠠᠶᠢᠠᠠᠰᠠᠠ ᠠᠴᠠ ᠪᠦᠳᠦᠭᠡᠭᠳᠡᠭᠦᠨ ᠢᠶᠠᠷ ᠬᠦᠳᠦᠴᠢ ᠪᠤᠯᠭᠠᠬᠤ᠂ ᠤᠬᠠᠭᠤᠯᠤᠨ ᠪᠤᠷᠤᠯᠠᠭᠤᠯᠬᠤ ᠪᠠᠷ ᠬᠦᠳᠤᠴᠢ ᠪᠤᠯᠭᠠᠬᠤ᠂ ᠬᠡᠷᠡᠭᠯᠡᠭᠴᠢ ᠪᠠᠷ ᠬᠦᠳᠦᠴᠢ ᠪᠤᠯᠭᠠᠬᠤ ᠱᠠᠳᠤ ᠦᠶ᠎ᠠ ᠦᠭᠡᠳᠡ ᠬᠦᠭᠵᠢᠵᠦ ᠢᠷᠡᠭᠰᠡᠡ ᠭᠡᠳᠡᠭ᠃ ᠦᠭᠡᠷ᠎ᠠ ᠪᠠᠷ ᠬᠡᠯᠡᠪᠡᠯ ᠬᠦᠮᠦᠰ ᠬᠠᠮᠤᠭ ᠠᠩᠬᠠᠠ ᠤ ᠱᠠᠳᠤᠨ ᠳᠤ ᠶᠠᠭᠤ ᠦᠢᠯᠡᠳᠪᠤᠷᠢᠯᠡᠪᠡᠯ ᠶᠠᠭᠤ ᠶᠢ ᠬᠤᠳᠠᠯᠳᠤᠨ ᠠᠪᠳᠠᠭ ᠪᠠᠶᠢᠠᠠᠰᠠᠠ ᠠᠴᠠ ᠠᠭᠠᠵᠢᠮ ᠢᠶᠠᠷ ᠤᠯᠠᠠ ᠲᠦᠷᠦᠯ ᠤᠨ ᠪᠦᠳᠦᠭᠡᠭᠳᠡᠭᠦᠨ‌ᠡᠴᠠ ᠰᠤᠩᠭᠤᠨ ᠠᠪᠬᠤ ᠪᠤᠯᠵᠦ᠂ ᠲᠠᠬᠢᠨ ᠡᠯ᠎ᠠ ᠺᠤᠮᠫᠠᠨᠢ ᠨᠤᠭᠤᠳ ᠦᠪᠡᠷᠰᠡᠳ ᠤᠨ ᠰᠠᠶᠢᠨ  ᠪᠦᠳᠦᠭᠡᠭᠳᠡᠭᠦᠨ ᠢᠶᠠᠨ ᠤᠬᠠᠭᠤᠯᠤᠨ ᠰᠤᠷᠳᠠᠯᠴᠢᠯᠠᠵᠦ᠂ ᠠᠶᠢᠯ ᠲᠠᠮᠵᠢᠨ ᠪᠤᠷᠤᠯᠠᠭᠤᠯᠬᠤ ᠪᠤᠯᠵᠦ᠂ ᠤᠳᠤ ᠪᠤᠯᠬᠤ ᠳᠤ ᠨᠢᠭᠡᠨᠳᠡ ᠬᠡᠷᠡᠭᠯᠡᠭᠴᠢᠳ ᠤᠨ ᠬᠡᠷᠡᠭᠯᠡᠭᠡ ᠱᠠᠭᠠᠷᠳᠠᠯᠭ᠎ᠠ ᠶᠢ ᠨᠠᠷᠢᠯᠢᠭ ᠰᠤᠳᠤᠯᠵᠦ᠂ ᠲᠡᠳᠡᠡ ᠤ ᠱᠠᠭᠠᠷᠳᠠᠯᠭ᠎ᠠ ᠪᠠᠷ ᠪᠦᠳᠦᠭᠡᠭᠳᠡᠭᠦᠨ ᠦᠢᠯᠡᠳᠪᠤᠷᠢᠯᠡᠵᠦ ᠦᠭᠬᠦ ᠦᠢᠯᠡᠴᠢᠯᠡᠭᠡᠨ ᠤ ᠱᠠᠳᠤᠨ ᠳᠤ ᠤᠷᠤᠠᠠᠰᠠᠠ ᠪᠠᠶᠢᠨ᠎ᠠ᠃                 ᠭᠡᠬᠦ ᠳᠤ ᠮᠠᠠ ᠤ ᠤᠯᠠᠮᠵᠢᠯᠠᠯᠳᠤ ᠮᠠᠯ ᠠᠵᠦ ᠠᠬᠤᠢ ᠨᠢ ᠮᠦᠨ ᠯᠡ ᠤᠤᠯ ᠤᠨ ᠲᠤᠭ᠎ᠠ ᠲᠤᠯᠤᠭᠠᠢ ᠶᠢ ᠬᠦᠭᠡᠭᠡᠴᠡᠯᠳᠤᠬᠦ᠂ ᠵᠠᠬ᠎ᠠ ᠶᠢᠨ ᠰᠤᠷᠠᠭ ᠢ ᠦᠯᠦ ᠤᠢᠢᠰᠢᠶᠠᠬᠤ᠂ ᠬᠠᠨᠭ᠍ᠭᠠᠯᠭ᠎ᠠ ᠬᠡᠷᠡᠭᠴᠡᠭᠡ ᠶᠢᠨ ᠪᠠᠶᠢᠳᠠᠯ ᠢ ᠦᠯᠦ ᠬᠠᠶᠢᠬᠤᠷᠬᠤ ᠪᠠᠶᠢᠳᠡᠯ ᠲᠠᠢ ᠪᠠᠷ ᠦᠢᠯᠡᠳᠪᠤᠷᠢᠯᠡᠯ ᠢᠶᠠᠨ ᠶᠠᠪᠤᠠᠠᠳᠠᠭᠤᠯᠵᠦ ᠪᠠᠶᠢᠳᠠᠭ ᠠᠴᠠ ᠵᠠᠬ᠎ᠠ ᠲᠡᠯᠭᠡᠭᠦᠷ ᠲᠤ ᠦᠪᠡᠷ ᠤᠨ ᠭᠡᠰᠡᠡ ᠦᠭᠡ ᠶᠠᠷᠢᠶᠠᠠ ᠤ ᠡᠷᠬᠡ ᠮᠡᠳᠡᠯ ᠦᠭᠡᠢ ᠪᠤᠯᠤᠠᠠᠰᠠᠠ ᠪᠠᠶᠢᠨ᠎ᠠ᠃                   ᠡᠶᠢᠮᠦ ᠠᠴᠠ ᠭᠡᠨᠡᠳᠳᠡ ᠶᠢᠨ ᠦᠨ᠎ᠠ ᠦᠰᠤᠯᠳᠡ ᠨᠢ ᠪᠢᠳᠡᠡ ᠤ ᠵᠦᠪᠬᠡᠨ ᠡᠨᠡ ᠪᠤᠯ ᠵᠠᠬ᠎ᠠ ᠲᠡᠯᠭᠡᠭᠦᠷ ᠤᠨ ᠵᠢᠮ᠎ᠠ ᠶᠤᠰᠤ ᠭᠡᠳᠡᠭ ᠢ ᠤᠬᠠᠭᠠᠷᠠᠭᠤᠯᠵᠤ᠂ ᠬᠠᠷᠢᠨ ᠡᠭᠦᠨ ᠠᠴᠠ ᠡᠬᠢᠯᠡᠡ ᠪᠢᠳᠡ ᠬᠡᠷᠡᠭᠯᠡᠭᠴᠢᠳ ᠤᠨ ᠱᠠᠭᠠᠷᠳᠠᠯᠭ᠎ᠠ ᠶᠢ ᠢᠯᠡᠭᠦᠤ ᠰᠤᠳᠤᠯᠵᠦ᠂ ᠲᠡᠳᠡᠡ ᠳᠤ ᠦᠨᠡᠡᠬᠦ ᠱᠠᠭᠠᠷᠳᠠᠳᠠᠭ᠂ ᠨᠠᠷᠢᠯᠢᠭ ᠰᠠᠶᠢᠬᠠᠠ ᠰᠢᠨ᠎ᠠ ᠪᠦᠳᠦᠭᠡᠭᠳᠡᠭᠦᠨ ᠢ ᠨᠡᠭᠡᠭᠡᠬᠦ ᠪᠠᠷ ᠴᠢᠷᠮᠠᠶᠢᠬᠤ ᠴᠢᠬᠤᠯᠠᠳᠠᠢ ᠪᠠᠶᠢᠨ᠎ᠠ᠃ ᠮᠠᠯᠴᠢᠨ ᠬᠦᠮᠦᠨ ᠪᠤᠯᠤᠠᠠᠰᠠᠠ ᠤ ᠬᠤᠪᠢ ᠳᠤ ᠴᠦ ᠭᠡᠰᠡᠡ ᠪᠢᠳᠡ ᠬᠡᠮᠵᠢᠶ᠎ᠠ ᠲᠠᠢ ᠪᠡᠯᠴᠢᠭᠡᠷ ᠲᠡᠭᠡᠷ᠎ᠠ ᠪᠠᠨ ᠴᠢᠨᠠᠷ ᠰᠠᠶᠢᠳᠠᠢ ᠮᠠᠯ ᠲᠡᠵᠢᠭᠡᠪᠤᠷᠢ ᠪᠠᠨ ᠮᠠᠯᠵᠢᠵᠦ᠂ ᠲᠠᠪᠤᠨ ᠬᠤᠰᠢᠭᠤ ᠮᠠᠯ ᠤᠨ ᠬᠠᠷᠢᠴᠠᠯ ᠢᠶᠠᠨ ᠰᠢᠠᠵᠢᠯᠡᠬᠦ ᠤᠬᠠᠭᠠᠠᠴᠢ ᠪᠠᠷ ᠲᠤᠠᠠᠳᠠᠭᠠᠵᠦ᠂ ᠮᠠᠯ ᠤᠨ ᠠᠰᠢᠭ  ᠰᠢᠮ᠎ᠠ ᠪᠠᠨ ᠨᠡᠩ ᠨᠠᠷᠢᠯᠢᠭ ᠪᠤᠯᠪᠠᠰᠤᠷᠠᠭᠤᠯᠵᠦ᠂ ᠠᠳᠠᠯᠢ ᠪᠤᠰᠤ ᠤᠷᠤᠨ ᠨᠤᠳᠤᠭ ᠤᠨ ᠬᠢᠨ ᠠᠳᠠᠯᠢ ᠪᠤᠰᠤ ᠪᠦᠳᠦᠭᠡᠭᠳᠡᠭᠦᠨ ᠰᠤᠳᠤᠯᠤᠨ ᠨᠡᠭᠡᠭᠡᠵᠦ᠂ ᠬᠡᠵᠢᠶᠡᠳᠡ ᠦᠪᠡᠷ ᠤᠨ ᠭᠡᠰᠡᠡ ᠲᠠᠪᠠᠭᠤᠯᠢᠭ ᠢᠶᠠᠨ ᠪᠠᠳᠠᠷᠠᠭᠤᠯᠵᠦ ᠴᠢᠳᠠᠪᠠᠯ ᠰᠠᠶ᠋ᠢ ᠵᠠᠬ᠎ᠠ ᠲᠡᠯᠭᠡᠭᠦᠷ ᠲᠠᠬᠢ ᠪᠠᠶᠢᠷᠢ ᠰᠠᠭᠤᠷᠢ ᠪᠠᠨ ᠪᠠᠳᠤᠳᠬᠠᠵᠦ ᠲᠡᠶᠢᠯᠬᠦ ᠶᠤᠮ᠃ ᠡᠨᠡ ᠨᠢ ᠪᠢᠳᠡᠡ ᠤ ᠬᠡᠵᠢᠶ᠎ᠠ ᠡᠭᠦᠷᠢᠳᠡ ᠰᠢᠨ᠎ᠠ ᠰᠡᠳᠭᠢᠬᠦᠢ ᠪᠠᠷ ᠠᠵᠢᠯᠯᠠᠵᠦ᠂ ᠨᠡᠩ ᠦᠠᠳᠤᠷ ᠬᠠᠷᠠᠭᠠᠰᠤ ᠪᠠᠷ ᠮᠠᠯᠵᠢᠬᠤ ᠦᠢᠯᠡᠳᠪᠤᠷᠢᠯᠡᠯ ᠢᠶᠠᠨ ᠲᠦᠯᠦᠪᠯᠡᠬᠦ ᠶᠢ ᠱᠠᠭᠠᠷᠳᠠᠵᠦ ᠪᠠᠶᠢᠳᠠᠭ ᠶᠤᠮ᠃
 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09002379号