ᠠᠯᠪᠠᠳᠠᠬᠤ ᠭᠡᠮ ᠬᠢᠭᠡᠳ ᠶᠡᠭᠡ ᠳᠠᠷᠢᠬᠢᠨ ᠤ ᠦᠷᠪᠢᠰᠦᠯ
ᠨᠡᠶᠢᠲᠡᠯᠡᠭᠰᠡᠨ ᠴᠠᠭ᠄
2017/10/11
   ᠠᠯᠪᠠᠳᠠᠬᠤ ᠭᠡᠮ ᠪᠤᠯ ᠪᠤᠬᠢᠨᠢᠳᠤᠬᠤ ᠬᠠᠷᠰᠢ ᠶᠢᠨ ᠨᠢᠭᠡ ᠲᠦᠷᠦᠯ᠂ ᠡᠪᠡᠳᠴᠢᠳᠡᠨ ᠭᠡᠵᠢᠶᠡᠳᠡ ᠭᠠᠷ ᠢᠶᠠᠨ ᠤᠬᠢᠶᠠᠬᠤ ᠪᠤᠶᠤ ᠡᠬᠦᠳᠡ ᠴᠤᠩᠬᠤᠨ ᠤ ᠤᠨᠢᠰᠤ ᠴᠦᠴᠡ ᠵᠡᠷᠭᠡ ᠶᠢ ᠪᠠᠶᠢᠴᠠᠭᠠᠬᠤ ᠮᠡᠳᠦ ᠶᠢᠨ ᠶᠠᠮᠠᠷ ᠨᠢᠭᠡᠨ ᠶᠠᠪᠤᠳᠠᠯ ᠢ ᠦᠪᠡᠷ ᠤᠨ ᠡᠷᠭᠡ ᠦᠭᠡᠢ ᠠᠬᠢᠨ ᠳᠠᠬᠢᠨ ᠬᠢᠵᠦ᠂ ᠪᠤᠬᠢᠨᠢᠳᠤᠵᠤ ᠳᠤᠭᠳᠠᠪᠤᠷᠢ ᠠᠯᠳᠠᠭᠰᠠᠨ ᠤᠷᠮ᠎ᠠ ᠪᠠᠨ ᠨᠠᠮᠳᠠᠭᠤᠯᠳᠠᠭ᠃ ᠪᠦᠷᠢᠳᠭᠡᠯ ᠢᠶᠠᠷ᠂ ᠠᠯᠪᠠᠳᠠᠬᠤ ᠭᠡᠮ 15 ~ 44 ᠨᠠᠰᠤᠨ ᠤ ᠵᠠᠯᠠᠭᠤ ᠢᠳᠡᠷ ᠨᠠᠰᠤᠨ ᠤ ᠬᠦᠮᠦᠰ ᠤᠨ ᠰᠡᠳᠬᠢᠯ ᠤᠨ ᠳᠠᠷᠤᠭᠠᠰᠤ ᠬᠠᠮᠤᠬ ᠠᠴᠠ ᠬᠦᠨᠳᠦ 20 ᠵᠦᠢᠯ ᠤᠨ ᠡᠪᠡᠳᠴᠢᠨ ᠤ ᠨᠢᠭᠡ ᠨᠢ ᠪᠤᠯᠪᠠ᠃             ᠺᠠᠨᠠᠳᠠ ᠶᠢᠨ ᠰᠤᠳᠤᠯᠭᠠᠳᠠᠳ ᠤᠨ ᠠᠯᠪᠠᠳᠠᠬᠤ ᠭᠡᠮ ᠲᠠᠢ 20 ᠡᠪᠡᠳᠴᠢᠳᠡᠨ ᠪᠠ 20 ᠡᠩ ᠤᠨ ᠬᠦᠮᠦᠨ ᠳᠤ ᠬᠢᠭᠰᠡᠨ ᠬᠠᠷᠢᠴᠠᠭᠤᠯᠤᠭᠰᠠᠨ ᠰᠤᠳᠤᠯᠭᠠᠨ ᠳᠤ ᠢᠯᠡᠷᠡᠬᠦᠯᠦᠭᠰᠡᠨ ᠢᠶᠠᠷ᠂ ᠠᠯᠪᠠᠳᠠᠬᠤ ᠭᠡᠮ ᠲᠠᠢ ᠡᠪᠡᠳᠴᠢᠳᠡᠨ ᠤ ᠶᠡᠭᠡ ᠳᠠᠷᠢᠬᠢᠨ ᠤ 6 ᠳᠤᠭᠤᠷᠢᠭ ᠲᠠᠬᠢ ᠦᠷᠪᠢᠰᠦᠯ ᠨᠢ ᠨᠦᠬᠦᠭᠡ ᠨᠢᠭᠡ ᠳᠤᠭᠤᠢᠢᠯᠠᠩ ᠤᠨ ᠬᠢ ᠠᠴᠠ 32% ᠢᠶᠠᠷ ᠦᠨᠳᠦᠷ ᠪᠠᠶᠢᠪᠠ᠃             ᠳᠤᠰ ᠰᠤᠳᠤᠯᠭᠠᠨ ᠠᠴᠠ ᠦᠵᠡᠪᠡᠯ ᠶᠡᠭᠡ ᠳᠠᠷᠢᠬᠢᠨ ᠤ ᠦᠷᠪᠢᠰᠦᠯ ᠬᠢᠭᠡᠳ ᠠᠯᠪᠠᠳᠠᠬᠤ ᠭᠡᠮ ᠤᠨ ᠬᠤᠭᠤᠷᠤᠨᠳᠤ ᠨᠢᠬᠳᠠ ᠬᠤᠯᠪᠤᠭ᠎ᠠ ᠲᠠᠢ᠃ ᠦᠷᠪᠢᠰᠦᠯ ᠪᠤᠶᠤ ᠬᠠᠪᠤᠩᠨᠠᠬᠤ ᠪᠤᠯ ᠬᠦᠮᠦᠨ ᠤ ᠪᠡᠶ᠎ᠡ ᠶᠢᠨ ᠬᠠᠯᠳᠠᠪᠤᠷᠢᠯᠠᠬᠤ ᠪᠤᠶᠤ ᠬᠤᠬᠢᠷᠠᠬᠰᠠᠨ ᠤ ᠳᠤᠰᠬᠠᠯ ᠪᠠᠶᠢᠵᠤ᠂ ᠮᠠᠬᠠᠪᠤᠳ‌‍ᠤᠨ ᠡᠳᠡᠭᠡᠷᠡᠯᠳᠡ ᠳᠤ ᠳᠤᠰᠠᠳᠠᠢ ᠪᠤᠯᠪᠠᠴᠤ ᠪᠠᠰᠠ ᠬᠤᠤᠷᠳᠠᠢ ᠪᠠᠶᠢᠵᠤ ᠮᠡᠳᠡᠨ᠎ᠡ᠃ ᠰᠤᠳᠤᠯᠭᠠᠨ ᠳᠤ ᠦᠵᠡᠬᠦ ᠪᠠᠷ᠂ ᠳᠠᠷᠢᠬᠢᠨ ᠤ ᠦᠷᠪᠢᠰᠦᠯ ᠢ ᠵᠠᠰᠠᠪᠠᠯ ᠠᠯᠪᠠᠳᠠᠬᠤ ᠭᠡᠮ ᠢ ᠡᠮᠨᠡᠬᠦ ᠳᠤ ᠳᠤᠰᠠ ᠪᠤᠯᠵᠤ ᠮᠡᠳᠡᠨ᠎ᠡ᠃
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号