︽ᠳᠤᠮᠳᠠᠳᠤ ᠤᠯᠤᠰ ᠤᠨ ᠴᠦᠭᠡᠨ ᠲᠣᠭᠠᠲᠤ ᠦᠨᠳᠦᠰᠦᠲᠡᠨ ᠤ ᠳᠡᠯᠡᠬᠡᠢ ᠶᠢᠨ ᠳᠡᠰ ᠤᠨ ᠪᠤᠳᠠᠰ ᠤᠨ ᠪᠣᠰᠣ ᠰᠣᠶᠣᠯ ᠤᠨ ᠥᠪ ᠵᠢᠴᠢ ᠰᠣᠷᠪᠤᠯᠵᠢ ᠪᠢᠴᠢᠭ ᠤᠨ ᠦᠵᠡᠭᠦᠯᠭᠡ︾  ᠦᠨᠳᠦᠰᠦᠲᠡᠨ ᠤ ᠰᠣᠶᠣᠯ ᠤᠨ ᠣᠷᠳᠣᠨ ᠳᠤ ᠡᠬᠢᠯᠡᠪᠡ
ᠨᠡᠶᠢᠲᠡᠯᠡᠭᠰᠡᠨ ᠴᠠᠭ᠄
2017/10/12
   
    ᠠᠷᠠᠳ ᠤᠨ ᠰᠦᠯᠵᠢᠶ᠎ᠡ ᠶᠢᠨ 3 ᠰᠠᠷ᠎ᠠ ᠶᠢᠨ 10 ᠤ ᠡᠳᠦᠷ ᠤᠨ ᠴᠠᠬᠢᠯᠭᠠᠨ ᠮᠡᠳᠡᠭᠡ ︵ᠳᠣᠷᠣᠨ᠎ᠠ︶ ᠤᠯᠤᠰ ᠤᠨ ᠦᠨᠳᠦᠰᠦᠲᠡᠨ ‍ᠦ‌‍ᠬᠡᠷᠡᠭ ᠡᠷᠬᠢᠯᠡᠬᠦ ᠬᠤᠷᠢᠶᠠᠨ ᠤ ᠪᠦᠬᠦ ᠤᠯᠤᠰ ᠤᠨ ᠴᠦᠭᠡᠨ ᠲᠣᠭᠠᠲᠤ ᠦᠨᠳᠦᠰᠦᠲᠡᠨ ᠤ ᠡᠷᠲᠡᠨ ᠤ ᠨᠣᠮ ᠪᠢᠴᠢᠭ ᠢ ᠡᠮᠬᠢᠳᠬᠡᠨ ᠰᠣᠳᠣᠯᠬᠤ‌‍ᠲ᠋ᠠᠰᠤᠭ᠂ ᠦᠨᠳᠦᠰᠦᠲᠡᠨ ᠤ ᠰᠣᠶᠣᠯ ᠤᠨ ᠣᠷᠳᠣᠨ᠂ ᠳᠤᠮᠳᠠᠳᠤ ᠤᠯᠤᠰ ᠤᠨ ᠡᠪ ᠬᠠᠮᠲᠤ ᠨᠠᠮ ᠤᠨ  ᠪᠡᠭᠡᠵᠢᠩ  ᠬᠤᠲᠠ ᠶᠢᠨ  ᠰᠢ  ᠴᠧᠩ‌‍ᠲ᠋ᠣᠭᠤᠷᠢᠭ ᠨᠠᠮ ᠤᠨ ᠬᠤᠷᠢᠶᠠᠨ ᠤ ᠤᠬᠠᠭᠤᠯᠬᠤ ᠬᠡᠯᠲᠡᠰ ᠭᠤᠣᠯᠯᠠᠨ  ᠡᠷᠬᠢᠯᠡᠵᠦ᠂  ᠳᠤᠮᠳᠠᠳᠤ  ᠤᠯᠤᠰ ᠤᠨ  ᠦᠨᠳᠦᠰᠦᠲᠡᠨ ᠤ  ᠨᠣᠮ ‍ᠤᠨ‌‍ᠰᠠᠩ᠂ ᠦᠨᠳᠦᠰᠦᠲᠡᠨ ᠤ  ᠰᠣᠶᠣᠯ ᠤᠨ  ᠣᠷᠳᠣᠨ ᠤ  ᠦᠵᠡᠰᠭᠦᠯᠡᠩ ᠤᠨ  ᠣᠷᠳᠣᠨ ᠠᠴᠠ  ᠳᠠᠭᠠᠭᠠᠴᠢᠯᠠᠨ  ᠡᠷᠬᠢᠯᠡᠭᠰᠡᠨ  ︽ᠳᠤᠮᠳᠠᠳᠤ‌ᠤᠯᠤᠰ ᠤᠨ ᠴᠦᠭᠡᠨ ᠲᠣᠭᠠᠲᠤ ᠦᠨᠳᠦᠰᠦᠲᠡᠨ ᠤ ᠳᠡᠯᠡᠬᠡᠢ ᠶᠢᠨ  ᠳᠡᠰ ᠤᠨ  ᠪᠤᠳᠠᠰ ᠤᠨ  ᠪᠣᠰᠣ  ᠰᠣᠶᠣᠯ ᠤᠨ  ᠥᠪ  ᠵᠢᠴᠢ  ᠰᠣᠷᠪᠤᠯᠵᠢ‌‍ᠪᠢᠴᠢᠭ ᠤᠨ  ᠦᠵᠡᠭᠦᠯᠭᠡ︾  3  ᠰᠠᠷ᠎ᠠ ᠶᠢᠨ  9 ᠤ  ᠡᠳᠦᠷ  ᠦᠨᠳᠦᠰᠦᠲᠡᠨ ᠤ  ᠰᠣᠶᠣᠯ ᠤᠨ  ᠣᠷᠳᠣᠨ ᠤ  ᠳᠤᠮᠳᠠᠳᠤ  ᠤᠯᠤᠰ ‍ᠤᠨ‌ᠦᠨᠳᠦᠰᠦᠲᠡᠨ ᠤ ᠨᠣᠮ ᠤᠨ ᠰᠠᠩ ᠳᠤ ᠡᠬᠢᠯᠡᠪᠡ᠃             ᠲᠤᠰ ᠤᠳᠠᠭᠠᠨ ᠤ ᠦᠵᠡᠭᠦᠯᠭᠡ ᠨᠢ ᠮᠠᠨ ᠤ ᠤᠯᠤᠰ ᠤᠨ ᠴᠦᠭᠡᠨ ᠲᠣᠭᠠᠲᠤ ᠦᠨᠳᠦᠰᠦᠲᠡᠨ ᠤ ᠪᠣᠳᠠᠰ ᠤᠨ ᠪᠤᠰᠤ  ᠰᠣᠶᠣᠯ ‍ᠤᠨ‌ᠥᠪ ᠤᠨ ᠵᠦᠢᠯᠡᠰ ᠤᠨ ᠦᠨᠡᠨ ᠪᠤᠳᠠᠲᠠᠢ ᠳᠦᠷᠰᠦ ᠪᠠ ᠦᠪᠡᠷᠮᠢᠴᠡ ᠰᠤᠶᠤᠯ ᠤᠨ ᠷᠢᠳᠢ ᠰᠢᠳᠢ ᠶᠢ ᠳᠡᠯᠭᠡᠨ ᠦᠵᠡᠭᠦᠯᠵᠦ᠂ ᠰᠢ ᠶᠢᠨ ᠫᠢᠩ‌‍ᠶᠡᠷᠦᠩᠬᠡᠢ ᠱᠦᠵᠢ ᠶᠢᠨ  ᠤᠳᠬ᠎ᠠ  ᠤᠷᠠᠯᠢᠭ ᠤᠨ  ᠠᠵᠢᠯ ᠤᠨ  ᠲᠤᠬᠠᠢ  ᠬᠤᠷᠠᠯ  ᠳᠡᠭᠡᠷᠡᠬᠢ ᠵᠣᠷᠢᠭ ᠰᠠᠨᠠᠭ᠎ᠠ ᠶᠢ ᠨᠠᠶᠢᠳᠠᠪᠤᠷᠢᠵᠢᠭᠤᠯᠤᠨ᠂ᠦᠨᠳᠦᠰᠦᠲᠡᠨ ᠤ ᠰᠤᠶᠤᠯ ᠤᠨ ᠠᠮᠢᠨ ᠰᠤᠳᠠᠰᠤ ᠶᠢ ᠦᠷᠭᠦᠯᠵᠢᠯᠡᠭᠦᠯᠵᠦ᠂  ᠬᠦᠮᠦᠨ  ᠲᠦᠷᠦᠯᠬᠢᠲᠡᠨ ᠤ  ᠡᠯ᠎ᠡ  ᠵᠦᠢᠯ ᠤᠨ  ᠪᠣᠯᠪᠠᠰᠤᠨ ‍ᠤ‌‍ᠰᠣᠯᠢᠯᠴᠠᠭ᠎ᠠ ᠠᠭᠤᠰᠤᠯᠴᠠᠯ ᠬᠢᠭᠡᠳ ᠬᠠᠷᠢᠯᠴᠠᠨ ᠰᠤᠷᠤᠯᠴᠠᠵᠤ ᠬᠠᠷᠢᠯᠴᠠᠨ ᠲᠣᠯᠢᠯᠠᠬᠤ ᠶᠢ ᠠᠬᠢᠭᠤᠯᠬᠤ ᠪᠠᠷ ᠵᠣᠷᠢᠯᠭ᠎ᠠ ᠪᠠᠨ ᠪᠣᠯᠭᠠᠵᠠᠢ᠃         ᠦᠵᠡᠭᠦᠯᠭᠡ ᠳᠤ ︽ᠮᠣᠩᠭᠤᠯ ᠦᠨᠳᠦᠰᠦᠲᠡᠨ ᠤ ᠤᠷᠲᠤ ᠶᠢᠨ ᠳᠠᠭᠤᠤ︾᠂ ︽ᠣᠶᠢᠭᠤᠷ ᠤᠨ ᠮᠦᠺᠠᠮ ᠤᠷᠠᠯᠢᠭ︾᠂  ︽ᠮᠠᠨᠠᠰ︾ᠵᠡᠷᠭᠡ ᠮᠠᠨ ᠤ ᠤᠯᠤᠰ ᠤᠨ ᠴᠦᠭᠡᠨ ᠲᠣᠭᠠᠲᠤ ᠦᠨᠳᠦᠰᠦᠲᠡᠨ ᠤ ᠳᠡᠯᠡᠬᠡᠢ ᠶᠢᠨ ᠪᠤᠳᠠᠰ ᠤᠨ ᠪᠣᠰᠣ  ᠰᠣᠶᠣᠯ ᠤᠨ  ᠥᠪ ᠤᠨ  ᠵᠦᠢᠯᠡᠰ ᠲᠦ‌‍ᠰᠤᠩᠭᠤᠭᠳᠠᠭᠰᠠᠨ 14 ᠲᠦᠷᠦᠯ ᠵᠦᠢᠯ ᠢᠶᠠᠷ ᠭᠤᠣᠯ ᠰᠡᠳᠦᠪ  ᠪᠣᠯᠭᠠᠭᠰᠠᠨ  20  ᠭᠠᠷᠤᠢ  ᠵᠢᠷᠤᠭ᠂  300  ᠭᠠᠷᠤᠢ  ᠳᠡᠪᠲᠡᠷ  ᠡᠯ᠎ᠡ‌ᠦᠨᠳᠦᠰᠦᠲᠡᠨ ᠤ ᠨᠣᠮ ᠪᠢᠴᠢᠭ ᠪᠠ ᠡᠳᠦᠢ ᠲᠡᠳᠦᠢ ᠪᠤᠳᠠᠰ ᠤᠨ ᠪᠤᠰᠤ ᠰᠣᠶᠣᠯ ᠤᠨ ᠥᠪ ᠤᠨ ᠵᠦᠢᠯᠡᠰ ᠤᠨ  ᠳᠦᠷᠰᠦ  ᠰᠢᠩᠭᠡᠭᠡᠯᠲᠡ ᠪᠡᠷ‌‍ᠲ᠋ᠠᠮᠵᠢᠭᠤᠯᠤᠨ ᠮᠠᠨ ‍ᠤ‌ᠤᠯᠤᠰ ᠤᠨ ᠴᠦᠭᠡᠨ ᠲᠣᠭᠠᠲᠤ ᠦᠨᠳᠦᠰᠦᠲᠡᠨ ᠤ ᠪᠣᠳᠠᠰ ᠤᠨ ᠪᠤᠰᠤ ᠰᠣᠶᠣᠯ ᠤᠨ ᠥᠪ ᠤᠨ ᠵᠦᠢᠯᠡᠰ ᠤᠨ  ᠲᠠᠲᠠᠬᠤ‌‍ᠬᠦ᠋ᠴᠦᠨ ᠢ ᠣᠯᠠᠨ ᠳᠤ ᠦᠵᠡᠭᠦᠯᠵᠦ᠂ ᠨᠡᠶᠢᠰᠯᠡᠯ ᠤᠨ ᠦᠵᠡᠭᠴᠢᠳ ᠤᠨ ᠰᠤᠶᠤᠯ ᠤᠨ ᠠᠮᠢᠳᠤᠷᠠᠯ ᠢ ᠪᠠᠶᠠᠯᠢᠭᠵᠢᠭᠤᠯᠤᠭᠰᠠᠨ ᠪᠠᠶᠢᠨ᠎ᠠ᠃             ᠣᠶᠢᠯᠠᠭᠠᠭᠰᠠᠨ ᠢᠶᠠᠷ᠂  ᠦᠵᠡᠭᠦᠯᠭᠡ   ᠨᠢ4  ᠰᠠᠷ᠎ᠠ ᠶᠢᠨ  25 ᠤ  ᠡᠳᠦᠷ  ᠪᠣᠯᠲᠠᠯ᠎ᠠ   ᠦᠷᠭᠦᠯᠵᠢᠯᠡᠵᠦ᠂ ᠦᠵᠡᠭᠦᠯᠭᠡ ᠵᠢᠨ‌ᠬᠤᠭᠤᠴᠠᠭᠠᠨ ᠳᠤ ᠰᠦᠢᠳᠭᠡᠯ ᠬᠤᠷᠢᠶᠠᠬᠤ ᠦᠭᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09002379号