︽ᠳᠤᠮᠳᠠᠳᠤ ᠶᠢᠨ ᠦᠨᠳᠦᠰᠦᠲᠡᠨ ᠤ ᠠᠬ᠎ᠠ ᠳᠡᠬᠦᠦ ᠨᠠᠷ ᠪᠣᠯ ᠨᠢᠭᠡᠨ ᠭᠡᠷ ᠪᠦᠯᠢ ᠶᠢᠨ ᠬᠢ· ᠨᠣᠮ ᠤᠨ ᠦᠨᠦᠷ ᠬᠠᠩᠬᠤᠯᠤᠭᠰᠠᠨ ᠬᠢᠯᠢ ᠬᠢᠵᠠᠭᠠᠷ ᠣᠷᠣᠨ — — ᠨᠤᠲᠤᠭ ᠤᠨ ᠬᠡᠥᠬᠡᠳ ᠲᠤ ᠪᠠᠨ ᠨᠢᠭᠡᠨ ᠨᠣᠮ ᠬᠦᠷᠭᠡᠶ᠎ᠡ︾ ᠭᠡᠬᠦ ᠨᠣᠮ ᠪᠢᠴᠢᠭ ᠬᠦᠷᠭᠡᠬᠦ ᠶᠣᠰᠣᠯᠠᠯ ᠪᠡᠭᠡᠵᠢᠩ ᠳᠤ ᠶᠠᠪᠤᠭᠳᠠᠪᠠ
ᠨᠡᠶᠢᠲᠡᠯᠡᠭᠰᠡᠨ ᠴᠠᠭ᠄
2017/10/12
   
    ᠠᠷᠠᠳ ᠤᠨ ᠰᠦᠯᠵᠢᠶ᠎ᠡ ᠶᠢᠨ ᠮᠡᠳᠡᠭᠡ 12 ᠰᠠᠷ᠎ᠠ ᠶᠢᠨ  2 ᠤᠨ  ᠡᠳᠦᠷ᠂  ᠤᠯᠤᠰ ᠤᠨ  ᠦᠨᠳᠦᠰᠦᠲᠡᠨ ᠤ  ᠬᠡᠷᠡᠭ  ᠡᠷᠬᠢᠯᠡᠬᠦ‌ᠬᠤᠷᠢᠶ᠎ᠠ ᠪᠣᠯᠣᠨ ᠡᠪ ᠬᠠᠮᠲᠤ ᠵᠠᠯᠠᠭᠤᠴᠤᠳ ᠤᠨ ᠡᠪᠯᠡᠯ ᠤᠨ ᠲᠥᠪ ᠬᠤᠷᠢᠶ᠎ᠠ ᠠᠴᠠ ᠭᠤᠣᠯᠯᠠᠨ ᠡᠷᠬᠢᠯᠡᠵᠦ᠂ ᠦᠨᠳᠦᠰᠦᠲᠡᠨ ᠤ ᠬᠡᠪᠯᠡᠯ ‍ᠦᠨ‌ᠬᠤᠷᠢᠶ᠎ᠠ ᠠᠴᠠ ᠳᠠᠭᠠᠭᠠᠴᠢᠯᠠᠨ ᠡᠷᠬᠢᠯᠡᠭᠰᠡᠨ ︽ᠳᠤᠮᠳᠠᠳᠤ ᠶᠢᠨ ᠦᠨᠳᠦᠰᠦᠲᠡᠨ ᠤ ᠠᠬ᠎ᠠ ᠳᠡᠬᠦᠦ ᠨᠠᠷ ᠪᠣᠯ ᠨᠢᠭᠡᠨ ᠭᠡᠷ  ᠪᠦᠯᠢ ᠶᠢᠨ   ᠬᠢ·ᠨᠣᠮ ᠤᠨ ᠦᠨᠦᠷ ᠬᠠᠩᠬᠤᠯᠤᠭᠰᠠᠨ ᠬᠢᠯᠢ ᠬᠢᠵᠠᠭᠠᠷ ᠣᠷᠣᠨ — — ᠨᠤᠲᠤᠭ ᠤᠨ ᠬᠡᠥᠬᠡᠳ ᠲᠤ ᠪᠠᠨ ᠨᠢᠭᠡᠨ ᠨᠣᠮ ᠬᠦᠷᠭᠡᠶ᠎ᠡ︾ ᠭᠡᠬᠦ  ᠨᠣᠮ‌‍ᠪᠢᠴᠢᠭ ᠬᠦᠷᠭᠡᠬᠦ ᠶᠣᠰᠣᠯᠠᠯ ᠤᠯᠤᠰ   ᠤᠨ  ᠦᠨᠳᠦᠰᠦᠲᠡᠨ ᠤ  ᠬᠡᠷᠡᠭ  ᠡᠷᠬᠢᠯᠡᠬᠦ  ᠬᠤᠷᠢᠶ᠎ᠠ ᠶᠢᠨ  ᠣᠯᠠᠨ ᠠᠰᠢᠬᠯᠠᠮᠵᠢᠲᠤ ᠲᠢᠩᠬᠢᠮ ᠳ᠋ᠦ‌‍ᠶᠠᠪᠤᠭᠳᠠᠪᠠ᠃ ᠤᠯᠤᠰ ᠤᠨ ᠦᠨᠳᠦᠰᠦᠲᠡᠨ ᠤ ᠬᠡᠷᠡᠭ  ᠡᠷᠬᠢᠯᠡᠬᠦ  ᠬᠤᠷᠢᠶ᠎ᠠ ᠶᠢᠨ  ᠳᠡᠳ᠋  ᠡᠷᠬᠢᠯᠡᠭᠴᠢ  ᠯᠢ  ᠴᠠᠩ  ᠫᠢᠩ᠂  ᠡᠪ ᠬᠠᠮᠲᠤ‌ᠵᠠᠯᠠᠭᠤᠴᠤᠳ ᠤᠨ ᠡᠪᠯᠡᠯ ᠤᠨ ᠲᠥᠪ ᠬᠤᠷᠢᠶᠠᠨ ᠤ ᠱᠦᠵᠢ ᠶᠢᠨ ᠭᠠᠵᠠᠷ ᠤᠨ ᠱᠦᠵᠢ ᠰᠢᠦᠢ ᠹᠧᠩ᠂ ᠤᠯᠤᠰ ᠤᠨ ᠰᠣᠨᠢᠨ ᠮᠡᠳᠡᠭᠡ ᠬᠡᠪᠯᠡᠯ‌‍ᠷᠠᠳᠢᠤ᠋ ᠺᠢᠨᠤ᠋ ᠲᠧᠯᠸᠢᠰ ‍ᠦᠨ‌‍ᠶᠡᠷᠦᠩᠬᠡᠢ ᠵᠠᠬᠢᠷᠭ᠎ᠠ  ᠶᠢᠨ ᠬᠡᠪᠯᠡᠯ ᠤᠨ ᠬᠠᠮᠢᠶᠠᠷᠤᠯᠲᠠ ᠶᠢᠨ ᠵᠤᠷᠭᠠᠨ ᠤ ᠳᠡᠳ᠋ ᠳᠠᠷᠤᠭ᠎ᠠ ᠯᠢ ᠢ ᠰᠢᠨ ᠨᠠᠷ ᠬᠢᠭᠡᠳ‌ᠨᠡᠮᠡᠷᠢ ᠬᠠᠨᠳᠢᠪ ᠢᠶᠠᠨ ᠡᠷᠭᠦᠭᠰᠡᠨ ᠠᠵᠤ ᠠᠬᠤᠶᠢᠯᠠᠯ ᠵᠢᠴᠢ ᠬᠤᠪᠢ  ᠬᠦᠮᠦᠨ ᠤ  ᠲᠦᠯᠦᠭᠡᠯᠡᠭᠴᠢ᠂  ᠬᠦᠯᠢᠶᠡᠨ  ᠠᠪᠤᠭᠰᠠᠨ  ᠨᠢᠭᠡᠴᠢ ᠵᠢᠨ‌‍ᠲ᠋ᠦ᠋ᠯᠦᠭᠡᠯᠡᠭᠴᠢ᠂ ᠦᠨᠳᠦᠰᠦᠲᠡᠨ ᠤ ᠬᠡᠪᠯᠡᠯ ᠤᠨ ᠬᠤᠷᠢᠶ᠎ᠠ ᠶᠢᠨ ᠤᠳᠤᠷᠢᠳᠤᠯᠭ᠎ᠠ ᠬᠢᠭᠡᠳ ᠨᠠᠶᠢᠷᠠᠭᠤᠯᠤᠭᠴᠢ ᠶᠢᠨ ᠲᠦᠯᠦᠭᠡᠯᠡᠭᠴᠢ᠂  ᠰᠣᠨᠢᠨ‌ᠮᠡᠳᠡᠭᠡ ᠴᠢᠮᠡᠭᠡ ᠵᠠᠭᠤᠴᠢᠯᠠᠭᠤᠷ ᠤᠨ ᠬᠢᠨ ᠤ ᠲᠦᠯᠦᠭᠡᠯᠡᠭᠴᠢ ᠢ ᠪᠠᠭᠲᠠᠭᠠᠭᠰᠠᠨ 60 ᠭᠠᠷᠤᠢ ᠬᠦᠮᠦᠨ ᠲᠤᠰ  ᠤᠳᠠᠭᠠᠨ ᠤ  ᠶᠤᠰᠤᠯᠠᠯ ᠳ᠋ᠤ᠋‌ᠣᠷᠣᠯᠴᠠᠭᠰᠠᠨ ᠪᠠᠶᠢᠨ᠎ᠠ᠃  ᠲᠤᠰ  ᠤᠳᠠᠭᠠᠨ ᠤ  ᠠᠵᠢᠯᠯᠠᠭᠠᠨ ᠢᠶᠠᠷ  ᠳᠠᠮᠵᠢᠭᠤᠯᠤᠨ  ᠥᠪᠥᠷ  ᠮᠣᠩᠭᠤᠯ᠂  ᠰᠢᠨᠵᠢᠶᠠᠩ᠂  ᠲᠥᠪᠡᠳ᠂ᠯᠢᠶᠤᠤᠨᠢᠩ᠂ ᠭᠢᠷᠢᠨ᠂ ᠬᠠᠷᠠᠮᠦ᠋ᠷᠡᠨ ᠵᠡᠷᠭᠡ ᠮᠤᠵᠢ ᠶᠢᠨ ᠬᠡᠰᠡᠭ ᠪᠦᠯᠦᠭ ᠳᠤᠮᠳᠠᠳᠤ ᠪᠠᠭ᠎ᠠ ᠰᠤᠷᠭᠠᠭᠤᠯᠢ᠂ ᠬᠡᠥᠬᠡᠳ ᠤᠨ  ᠴᠡᠴᠡᠷᠯᠢᠭ  ᠵᠢᠴᠢ‌ᠨᠣᠮ ᠤᠨ ᠰᠠᠩ ᠳᠤ ᠮᠣᠩᠭᠤᠯ᠂ ᠲᠥᠪᠡᠳ᠂ ᠣᠶᠢᠭᠤᠷ᠂ ᠬᠠᠰᠠᠭ᠂ ᠰᠣᠯᠣᠩᠭᠤᠰ ᠵᠡᠷᠭᠡ  ᠲᠠᠪᠤᠨ  ᠦᠨᠳᠦᠰᠦᠲᠡᠨ ᠤ  ᠬᠡᠯᠡᠨ ᠤ  ᠬᠡᠪᠯᠡᠯ‌ᠵᠢᠴᠢ ᠬᠢᠲᠠᠳ ᠬᠡᠯᠡᠨ ᠤ ᠬᠡᠪᠯᠡᠯ ᠤᠨ ᠵᠠᠯᠠᠭᠤᠴᠤᠳ ᠪᠠᠭᠠᠴᠤᠳ ᠤᠨ ᠤᠩᠰᠢᠬᠤ ᠪᠢᠴᠢᠭ ᠢ ᠬᠠᠨᠳᠢᠪᠯᠠᠨ  ᠬᠦᠷᠭᠡᠵᠦ᠂  ᠨᠣᠮ ‍ᠤᠨ‌‍ᠶᠡᠷᠦᠩᠬᠡᠢ‌ᠦᠨ᠎ᠡ ᠨᠢ 350 ᠲᠦᠮᠡᠨ ᠲᠦᠭᠦᠷᠢᠭ ᠲᠤ ᠬᠦᠷᠦᠭᠰᠡᠨ ᠪᠠᠶᠢᠨ᠎ᠠ᠃        ︽ᠳᠤᠮᠳᠠᠳᠤ ᠶᠢᠨ ᠦᠨᠳᠦᠰᠦᠲᠡᠨ ᠤ ᠠᠬ᠎ᠠ ᠳᠡᠬᠦᠦ ᠨᠠᠷ  ᠪᠣᠯ  ᠨᠢᠭᠡᠨ  ᠭᠡᠷ  ᠪᠦᠯᠢ ᠶᠢᠨ   ᠬᠢ︾  ᠰᠣᠶᠣᠯ ᠤᠨ  ᠦᠨᠳᠦᠰᠦᠨ‌‍ᠱᠠᠲᠤᠨ ᠳᠤ ᠪᠠᠭᠤᠬᠤ ᠠᠵᠢᠯᠯᠠᠭ᠎ᠠ ᠪᠣᠯ ᠤᠯᠤᠰ ᠤᠨ ᠦᠨᠳᠦᠰᠦᠲᠡᠨ ᠤ ᠬᠡᠷᠡᠭ ᠡᠷᠬᠢᠯᠡᠬᠦ ᠬᠤᠷᠢᠶ᠎ᠠ ᠶᠢᠨ ᠬᠢᠵᠦ ᠪᠠᠶᠢᠭ᠎ᠠ  ᠨᠡᠶᠢᠭᠡᠮ  ᠨᠡᠶᠢᠲᠡ‌‍ᠳᠥ ᠨᠡᠷ᠎ᠡ ᠨᠦᠯᠦᠭᠡ ᠲᠠᠢ ᠠᠰᠠᠷᠠᠮᠵᠢ ᠶᠢᠨ ᠠᠵᠢᠯᠯᠠᠭ᠎ᠠ ᠪᠤᠯᠤᠨ᠎ᠠ᠂ ᠰᠢ  ᠵᠦᠴᠦᠭᠡ  ᠬᠦᠷᠭᠡᠬᠦ᠂  ᠡᠮ  ᠡᠮᠨᠡᠯᠭᠡ  ᠬᠦᠷᠭᠡᠬᠦ᠂ ᠨᠣᠮ ᠪᠢᠴᠢᠭ‌‍ᠬᠦ᠋ᠷᠭᠡᠬᠦ ᠵᠡᠷᠭᠡ ᠠᠵᠢᠯᠯᠠᠭ᠎ᠠ ᠴᠤ ᠪᠠᠭᠲᠠᠲᠠᠭ᠂ 2010 ᠣᠨ ᠳᠤ ᠡᠬᠢᠯᠡᠨ  ᠬᠢᠭᠰᠡᠨ ᠠᠴᠠ  ᠨᠠᠭᠠᠰᠢ᠂  ᠠᠰᠤᠷᠤ  ᠰᠠᠶᠢᠨ  ᠨᠡᠶᠢᠭᠡᠮ ‍ᠦᠨ‌ᠬᠠᠷᠢᠭᠤ ᠲᠤᠰᠬᠠᠯ ᠢ ᠣᠯᠣᠭᠰᠠᠨ ᠪᠠᠶᠢᠨ᠎ᠠ᠃             ᠤᠯᠤᠰ ᠤᠨ ᠦᠨᠳᠦᠰᠦᠲᠡᠨ ᠤ ᠬᠡᠷᠡᠭ ᠡᠷᠬᠢᠯᠡᠬᠦ ᠬᠤᠷᠢᠶ᠎ᠠ  ᠤᠨ  ᠵᠦᠪᠰᠢᠶᠡᠷᠡᠯ ᠢᠶᠠᠷ᠂  ︽ᠨᠣᠮ ᠤᠨ  ᠦᠨᠦᠷ  ᠬᠠᠩᠬᠤᠯᠤᠭᠰᠠᠨ‌‍ᠬᠢᠯᠢ ᠬᠢᠵᠠᠭᠠᠷ ᠣᠷᠣᠨ︾ ᠬᠡᠮᠡᠬᠦ ᠠᠵᠢᠯᠯᠠᠭᠠᠨ ᠨᠢ ︽ᠳᠤᠮᠳᠠᠳᠤ ᠶᠢᠨ ᠦᠨᠳᠦᠰᠦᠲᠡᠨ ᠤ ᠠᠬ᠎ᠠ ᠳᠡᠬᠦᠦ ᠨᠠᠷ ᠪᠣᠯ ᠨᠢᠭᠡᠨ  ᠭᠡᠷ  ᠪᠦᠯᠢ ᠵᠢᠨ‌‍ᠬᠢ︾ ᠭᠡᠬᠦ ᠠᠵᠢᠯᠯᠠᠭᠠᠨ ᠳᠤ ᠣᠷᠣᠵᠤ᠂ ︽ᠳᠤᠮᠳᠠᠳᠤ ᠶᠢᠨ ᠦᠨᠳᠦᠰᠦᠲᠡᠨ ᠤ ᠠᠬ᠎ᠠ ᠳᠡᠬᠦᠦ ᠨᠠᠷ ᠪᠣᠯ  ᠨᠢᠭᠡᠨ  ᠭᠡᠷ  ᠪᠦᠯᠢ ᠶᠢᠨ   ᠬᠢ·ᠨᠣᠮ ᠤᠨ ᠦᠨᠦᠷ ᠬᠠᠩᠬᠤᠯᠤᠭᠰᠠᠨ ᠬᠢᠯᠢ ᠬᠢᠵᠠᠭᠠᠷ  ᠣᠷᠣᠨ︾  ᠬᠡᠮᠡᠨ  ᠨᠡᠷᠡᠶᠢᠳᠦᠭᠳᠡᠨ᠂  ᠤᠷᠲᠤ  ᠬᠤᠭᠤᠴᠠᠭ᠎ᠠ ᠪᠠᠷ  ᠬᠢᠯᠢ  ᠬᠢᠵᠠᠭᠠᠷ‌ᠣᠷᠣᠨ ᠤ ᠴᠦᠭᠡᠨ ᠲᠣᠭᠠᠲᠤ ᠦᠨᠳᠦᠰᠦᠲᠡᠨ ᠤ ᠤᠩᠰᠢᠭᠴᠢᠳ ᠲᠤ ᠨᠣᠮ ᠪᠢᠴᠢᠭ ᠬᠠᠨᠳᠢᠪᠯᠠᠬᠤ ᠠᠵᠢᠯᠯᠠᠭ᠎ᠠ  ᠦᠷᠨᠢᠭᠦᠯᠬᠦ  ᠪᠣᠯᠣᠨ᠎ᠠ᠃ᠠᠵᠢᠯᠯᠠᠭ᠎ᠠ ᠶᠢ ᠤᠯᠤᠰ ᠤᠨ ᠦᠨᠳᠦᠰᠦᠲᠡᠨ ᠤ ᠬᠡᠷᠡᠭ ᠡᠷᠬᠢᠯᠡᠬᠦ ᠬᠤᠷᠢᠶ᠎ᠠ ᠲᠦᠷᠦᠭᠦᠯᠡᠨ᠂ ᠵᠠᠰᠠᠭ ᠤᠨ  ᠣᠷᠳᠣᠨ ᠤ  ᠰᠠᠯᠠᠭ᠎ᠠ  ᠮᠦᠴᠢᠷ᠂ ᠪᠠᠶᠢᠭᠤᠯᠤᠮᠵᠢ᠂ ᠪᠦᠯᠬᠦᠮ ᠪᠣᠯᠣᠨ ᠬᠤᠪᠢ ᠬᠦᠮᠦᠨ ᠤ ᠬᠦᠴᠦᠨ ᠢ ᠳᠠᠶᠢᠴᠢᠯᠠᠨ᠂ ᠲᠣᠭᠲᠠᠮᠠᠯ ᠪᠤᠰᠤ ᠬᠤᠭᠤᠴᠠᠭ᠎ᠠ ᠲᠠᠢ  ᠪᠤᠶᠤ  ᠴᠢᠬᠤᠯᠠ‌ᠦᠶ᠎ᠡ ᠳᠤ ᠠᠵᠢᠯᠯᠠᠭ᠎ᠠ ᠡᠷᠬᠢᠯᠡᠨ᠎ᠡ᠃             ᠲᠤᠰ ᠤᠳᠠᠭᠠᠨ ᠤ ︽ᠨᠤᠲᠤᠭ ᠤᠨ ᠬᠡᠥᠬᠡᠳ ᠲᠤ ᠪᠠᠨ ᠨᠢᠭᠡᠨ ᠨᠣᠮ ᠬᠦᠷᠭᠡᠶ᠎ᠡ︾  ᠬᠡᠮᠡᠬᠦ  ᠠᠵᠢᠯᠯᠠᠭ᠎ᠠ  ᠪᠣᠯ  ︽ᠳᠤᠮᠳᠠᠳᠤ ᠵᠢᠨ‌ᠦᠨᠳᠦᠰᠦᠲᠡᠨ ᠤ ᠠᠬ᠎ᠠ ᠳᠡᠬᠦᠦ ᠨᠠᠷ ᠪᠣᠯ ᠨᠢᠭᠡᠨ ᠭᠡᠷ ᠪᠦᠯᠢ ᠶᠢᠨ ᠬᠢ· ᠨᠣᠮ ᠤᠨ ᠦᠨᠦᠷ ᠬᠠᠩᠬᠤᠯᠤᠭᠰᠠᠨ ᠬᠢᠯᠢ  ᠬᠢᠵᠠᠭᠠᠷ  ᠣᠷᠣᠨ︾ᠨᠡᠷᠡᠮᠵᠢᠲᠦ ᠠᠵᠢᠯᠯᠠᠭᠠᠨ ᠤ ᠳᠣᠲᠣᠷᠠᠬᠢ ᠨᠢᠬᠡᠳᠦᠭᠡᠷ ᠠᠵᠢᠯᠯᠠᠭ᠎ᠠ ᠪᠤᠯᠬᠤ ᠶᠤᠮ᠂ ︽ᠳᠤᠮᠳᠠᠳᠤ ᠶᠢᠨ ᠦᠨᠳᠦᠰᠦᠲᠡᠨ ᠤ ᠠᠬ᠎ᠠ  ᠳᠡᠬᠦᠦ  ᠨᠠᠷ ᠪᠣᠯ ᠨᠢᠭᠡᠨ ᠭᠡᠷ ᠪᠦᠯᠢ ᠶᠢᠨ ᠬᠢ· ᠨᠣᠮ ᠤᠨ ᠦᠨᠦᠷ ᠬᠠᠩᠬᠤᠯᠤᠭᠰᠠᠨ ᠬᠢᠯᠢ ᠬᠢᠵᠠᠭᠠᠷ  ᠣᠷᠣᠨ︾  ᠨᠡᠶᠢᠲᠡ ᠶᠢᠨ  ᠠᠰᠠᠷᠠᠮᠵᠢ ᠶᠢᠨ  ᠨᠣᠮ‌ᠬᠠᠨᠳᠢᠪᠯᠠᠬᠤ ᠠᠵᠢᠯᠯᠠᠭ᠎ᠠ ᠵᠢᠩᠬᠢᠨᠢ ᠪᠠᠷ ᠡᠬᠢᠯᠡᠭᠰᠡᠨ ᠢ ᠬᠠᠷᠠᠭᠤᠯᠵᠤ ᠪᠤᠢ᠃(ᠳᠣᠷᠣᠨ᠎ᠠ)
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09002379号