ᠥᠪᠥᠷ ᠮᠣᠩᠭᠤᠯ ᠤᠨ ᠠᠪᠢᠶᠠᠯᠠᠭ᠎ᠠ ᠶᠢᠨ ᠤᠷᠠᠯᠢᠭ ᠤᠨ ᠨᠡᠶᠢᠭᠡᠮᠯᠢᠭ ᠤᠨ ︽ᠦᠨᠳᠦᠰᠦᠲᠡᠨ ᠤ ᠪᠦᠯᠬᠦᠮᠳᠡᠯ ᠳᠠᠪᠰᠢᠯᠲᠠ︾ ᠰᠡᠳᠦᠪᠲᠦ ︽ᠦᠯᠵᠡᠢ ᠵᠠᠩᠭᠢᠶ᠎ᠠ︾ ᠠᠶᠠᠯᠠᠯ ᠲᠥᠪ ᠤᠨ ᠦᠨᠳᠦᠰᠦᠲᠡᠨ ᠤ ᠶᠡᠭᠡ ᠰᠣᠷᠭᠠᠭᠤᠯᠢ ᠳᠤ ᠬᠦᠷᠦᠯ᠎ᠡ
ᠨᠡᠶᠢᠲᠡᠯᠡᠭᠰᠡᠨ ᠴᠠᠭ᠄
2017/10/12
    ᠠᠷᠠᠳ ᠤᠨ ᠰᠦᠯᠵᠢᠶ᠎ᠡ ᠶᠢᠨ 12 ᠰᠠᠷ᠎ᠠ ᠶᠢᠨ 12 ᠤᠨ ᠡᠳᠦᠷ ᠤᠨ ᠴᠠᠬᠢᠯᠭᠠᠨ ᠮᠡᠳᠡᠭᠡ ︵ᠳᠣᠷᠣᠨ᠎ᠠ︶ ᠤᠯᠤᠰ ᠤᠨ ︽ᠦᠭᠡ‌‍ᠬᠡᠯᠡ ᠦᠰᠦᠭ ᠪᠢᠴᠢᠭ ᠤᠨ ᠦᠢᠯᠡᠰ ᠤᠨ  ᠦᠭᠡᠷᠡᠴᠢᠯᠡᠯᠲᠡ  ᠪᠠ  ᠬᠦᠭᠵᠢᠯᠲᠡ ᠶᠢᠨ ᠲᠦᠯᠦᠪᠯᠡᠭᠡ ᠶᠢᠨ ᠬᠦᠲᠦᠯᠪᠦᠷᠢ︾᠂ ᠲᠦᠷᠦ ᠵᠢᠨ‌‍ᠶᠠᠪᠤᠳᠠᠯ ᠤᠨ ᠬᠤᠷᠢᠶᠠᠨ ᠠᠴᠠ ᠪᠠᠲᠤᠯᠠᠭᠰᠠᠨ ︽ᠺᠢᠨᠤ᠋ ᠵᠦᠴᠦᠭᠡ ᠶᠢᠨ ᠦᠢᠯᠡᠰ ᠢ ᠠᠬᠢᠭᠤᠯᠬᠤ ᠬᠠᠥᠯᠢ︾᠂  ︽ᠨᠠᠢᠮᠠᠨ  ᠮᠤᠵᠢ ᠣᠷᠣᠨ ‍ᠤ‌ᠮᠣᠩᠭᠤᠯ ᠬᠡᠯᠡ ᠦᠰᠦᠭ ᠪᠢᠴᠢᠭ ᠤᠨ ᠠᠵᠢᠯ ᠤᠨ ᠳᠦᠷᠢᠮ︾  ᠵᠡᠷᠭᠡ ᠶᠢ  ᠪᠤᠳᠠᠲᠠᠢ  ᠨᠠᠶᠢᠳᠠᠪᠤᠷᠢᠵᠢᠭᠤᠯᠤᠨ᠂  ᠤᠯᠠᠮᠵᠢᠯᠠᠯᠲᠤ ᠰᠣᠶᠣᠯ᠂ᠣᠨᠴᠠᠯᠢᠭᠲᠤ ᠰᠣᠶᠣᠯ ᠢᠶᠠᠨ ᠥᠪᠯᠡᠨ ᠵᠠᠯᠭᠠᠮᠵᠢᠯᠠᠵᠤ᠂ ᠡᠬᠡ ᠬᠡᠯᠡᠨ ᠤ ᠬᠦᠮᠦᠵᠢᠯ ᠪᠤᠯᠪᠠᠰᠤᠷᠠᠯ ᠢ ᠤᠯᠠᠮ ᠴᠢᠩᠭᠠᠳᠬᠠᠨ᠂ ᠠᠪᠢᠶᠠᠯᠠᠭ᠎ᠠ ᠵᠢᠨ‌ᠤᠷᠠᠯᠢᠭ ᠤᠨ ᠵᠢᠭᠠᠨ ᠰᠤᠷᠭᠠᠯᠲᠠ ᠶᠢ ᠠᠬᠢᠭᠤᠯᠬᠤ ᠪᠠᠷ ᠵᠣᠷᠢᠯᠭ᠎ᠠ ᠪᠠᠨ ᠪᠣᠯᠭᠠᠭᠰᠠᠨ ᠥᠪᠥᠷ ᠮᠣᠩᠭᠤᠯ ᠤᠨ ᠠᠪᠢᠶᠠᠯᠠᠭ᠎ᠠ ᠶᠢᠨ ᠤᠷᠠᠯᠢᠭ ‍ᠤᠨ‌ᠨᠡᠶᠢᠭᠡᠮᠯᠢᠭ ᠤᠨ ︽ᠦᠨᠳᠦᠰᠦᠲᠡᠨ ᠤ ᠪᠦᠯᠬᠦᠮᠳᠡᠯ ᠳᠠᠪᠰᠢᠯᠲᠠ︾ ᠰᠡᠳᠦᠪᠲᠦ ︽ᠦᠯᠵᠡᠢ ᠵᠠᠩᠭᠢᠶ᠎ᠠ︾ ᠠᠶᠠᠯᠠᠯ ᠤᠨ ᠬᠢᠨ 12  ᠰᠠᠷ᠎ᠠ ᠶᠢᠨ9 ᠤ ᠡᠳᠦᠷ ᠪᠡᠭᠡᠵᠢᠩ ᠳᠠᠬᠢ ᠲᠥᠪ ᠤᠨ ᠦᠨᠳᠦᠰᠦᠲᠡᠨ ᠤ ᠶᠡᠭᠡ ᠰᠤᠷᠭᠠᠭᠤᠯᠢ ᠪᠠᠷ  ᠬᠦᠷᠴᠦ  ︽ᠮᠣᠩᠭᠤᠯ  ᠬᠡᠯᠡᠨ ᠤ  ᠠᠪᠢᠶᠠᠯᠠᠭ᠎ᠠ ᠵᠢᠨ‌ᠤᠷᠠᠯᠢᠭ︾ ᠬᠡᠮᠡᠬᠦ ᠭᠤᠣᠯ ᠰᠡᠳᠦᠪᠲᠦ ᠶᠠᠷᠢᠶ᠎ᠠ ᠢᠯᠡᠳᠬᠡᠯ ᠦᠷᠨᠢᠭᠦᠯᠦᠭᠰᠡᠨ ᠪᠠᠶᠢᠨ᠎ᠠ᠃            ᠲᠤᠰ  ᠤᠳᠠᠭᠠᠨ ᠤ  ᠠᠵᠢᠯᠯᠠᠭᠠᠨ   ᠨᠢ  ᠲᠤᠰᠬᠠᠢ  ᠰᠡᠳᠦᠪᠲᠦ  ᠶᠠᠷᠢᠶ᠎ᠠ  ᠢᠯᠡᠳᠬᠡᠯ  ᠪᠠ ᠲᠤᠬᠠᠢ ᠶᠢᠨ ᠲᠠᠯᠠᠪᠤᠷ ᠤᠨ ᠺᠢᠨᠦ᠋ᠦ᠋ᠴᠦᠭᠡ ᠶᠢᠨ ᠠᠪᠢᠶᠠᠯᠠᠭ᠎ᠠ ᠶᠢᠨ ᠰᠢᠭᠤᠳ ᠦᠵᠡᠭᠦᠯᠦᠯᠭᠡ ᠵᠡᠷᠭᠡ ᠬᠤᠶᠠᠷ ᠠᠭᠤᠯᠭ᠎ᠠ ᠪᠠᠷ  ᠶᠠᠪᠤᠭᠳᠠᠪᠠ᠄  ᠠᠪᠢᠶᠠᠯᠠᠭ᠎ᠠ  ᠭᠡᠭᠴᠢ  ᠶᠠᠭᠤ᠂ᠳᠤᠮᠳᠠᠳᠤ ᠤᠯᠤᠰ ᠤᠨ ᠮᠣᠩᠭᠤᠯ ᠬᠡᠯᠡᠨ ᠤ  ᠺᠢᠨᠤ᠋᠂  ᠲᠧᠯᠸᠢᠰ  ᠵᠦᠴᠦᠭᠡ  ︵ᠷᠠᠳᠢᠤ᠋᠂  ᠬᠡᠥᠬᠡᠯᠳᠡᠢ︶ ᠶᠢᠨ  ᠠᠪᠢᠶᠠᠯᠠᠭ᠎ᠠ ᠶᠢᠨ  ᠲᠣᠶᠢᠮᠦ᠂ᠠᠪᠢᠶᠠᠯᠠᠭ᠎ᠠ ᠶᠢᠨ ᠠᠵᠢᠯ ᠤᠨ ᠪᠦᠷᠢᠯᠳᠦᠴᠡ᠂ ᠲᠦᠷᠦᠯ ᠵᠦᠢᠯ᠂ ᠣᠨᠴᠠᠯᠢᠭ ᠰᠢᠨᠵᠢ᠂ ᠶᠠᠪᠤᠴᠠ᠂ ᠬᠡᠪ ᠨᠠᠮᠪᠠ᠂ ᠤᠷᠠᠯᠢᠭ ᠤᠨ ᠤᠷ᠎ᠠ ᠳᠡᠮ᠂ᠠᠪᠢᠶᠠᠯᠠᠭ᠎ᠠ ᠶᠢᠨ  ᠬᠡᠯᠡ᠂  ᠦᠢᠯᠡᠳᠦᠯ᠂  ᠨᠦᠯᠦᠭᠡ᠂  ᠬᠠᠮᠵᠢᠯᠴᠠᠭ᠎ᠠ᠂  ᠠᠪᠢᠶᠠᠯᠠᠭᠴᠢ  — ᠬᠦᠲᠦᠯᠦᠭᠴᠢ  — ᠨᠡᠪᠲᠡᠷᠡᠭᠦᠯᠦᠭᠴᠢ ᠵᠢᠨ‌ᠬᠠᠷᠢᠴᠠᠭ᠎ᠠ ᠪᠠ ᠢᠯᠭᠠᠭ᠎ᠠ᠂ ᠠᠪᠢᠶᠠᠯᠠᠭᠴᠢ ᠶᠢᠨ ᠢᠷᠠᠭᠤ ᠠᠯᠳᠠᠷ᠂ ᠪᠦᠷᠢᠯᠳᠦᠭᠦᠯᠪᠡᠰᠦ ᠵᠣᠬᠢᠬᠤ ᠦᠨᠳᠦᠰᠦᠨ  ᠨᠦᠬᠦᠴᠡᠯ᠂ ᠣᠳᠣᠬᠠᠨ ‍ᠤ‌ᠠᠪᠢᠶᠠᠯᠠᠭ᠎ᠠ ᠳᠤ ᠪᠠᠶᠢᠩᠭᠤ ᠣᠷᠣᠰᠢᠵᠤ ᠪᠦᠬᠦᠢ ᠳᠣᠪᠤᠶᠢᠮ᠎ᠠ ᠠᠰᠠᠭᠤᠳᠠᠯ ᠤᠳ ᠵᠢᠴᠢ ᠲᠡᠭᠦᠨ ᠢ ᠬᠡᠷᠬᠢᠨ ᠰᠢᠢᠳᠪᠦᠷᠢᠯᠡᠬᠦ  ᠲᠤᠬᠠᠢ  ᠶᠠᠷᠢᠶ᠎ᠠ‌ᠢᠯᠡᠳᠬᠡᠯ   ᠬᠢᠬᠦ ᠶᠢᠨ   ᠬᠠᠮᠲᠤ   ᠠᠪᠢᠶᠠᠯᠠᠭᠴᠢ   ᠪᠠᠭᠰᠢ   ᠨᠠᠷ ᠠᠴᠠ   ᠲᠤᠬᠠᠢ ᠶᠢᠨ   ᠲᠠᠯᠠᠪᠤᠷ   ᠲᠤ  ᠺᠢᠨᠤ᠋  ᠵᠦᠴᠦᠭᠡ ᠵᠢᠨ‌ᠠᠪᠢᠶᠠᠯᠠᠭ᠎ᠠ ᠵᠢᠨ‌ᠦᠵᠡᠭᠦᠯᠦᠯᠭᠡ ᠭᠠᠷᠭᠠᠨ᠂ ᠤᠯᠠᠨ ᠳᠤ ᠠᠪᠢᠶᠠᠯᠠᠭ᠎ᠠ ᠶᠢᠨ ᠲᠤᠬᠠᠢ ᠨᠡᠩ ᠭᠦᠨ ᠰᠠᠭᠤᠭᠳᠠᠯ ᠲᠠᠢ ᠪᠤᠯᠭᠠᠭᠰᠠᠨ  ᠪᠠᠶᠢᠨ᠎ᠠ᠃ᠣᠶᠢᠯᠠᠭᠠᠭᠰᠠᠨ ᠢᠶᠠᠷ᠂ ︽ᠥᠯᠵᠡᠢ ᠵᠠᠩᠭᠢᠶ᠎ᠠ︾ ᠠᠶᠠᠯᠠᠯ ᠤᠨ ᠠᠵᠢᠯᠯᠠᠭ᠎ᠠ   ᠨᠢ  ᠥᠪᠥᠷ  ᠮᠣᠩᠭᠤᠯ ᠤᠨ  ᠦᠪᠡᠷᠲᠡᠭᠡᠨ  ᠵᠠᠰᠠᠬᠤ  ᠣᠷᠣᠨ‌‍ᠪᠠᠶᠢᠭᠤᠯᠤᠭᠳᠠᠭᠰᠠᠨ 70 ᠵᠢᠯ ᠤᠨ ᠣᠢ ᠳᠤ ᠵᠣᠷᠢᠭᠤᠯᠤᠭᠰᠠᠨ ︽ᠨᠠᠢᠮᠠᠨ ᠮᠤᠵᠢ ᠣᠷᠣᠨ ᠤ ᠠᠩᠬᠠᠳᠤᠭᠠᠷ ᠤᠳᠠᠭᠠᠨ ᠤ ᠮᠣᠩᠭᠤᠯ ᠬᠡᠯᠡᠨ ‍ᠦ‌ᠠᠪᠢᠶᠠᠯᠠᠭ᠎ᠠ ᠶᠢᠨ ᠤᠷᠠᠯᠢᠭ ᠤᠨ ᠨᠠᠭᠠᠳᠤᠮ︾ ᠪᠡᠯᠡᠳᠬᠡᠯ ᠠᠵᠢᠯᠯᠠᠭ᠎ᠠ ᠪᠤᠯᠤᠨ᠎ᠠ᠂ ᠨᠠᠢᠮᠠᠨ ᠮᠤᠵᠢ  ᠣᠷᠣᠨ᠂  ᠥᠪᠥᠷ  ᠮᠣᠩᠭᠤᠯ ᠤᠨ ᠡᠯ᠎ᠡ‌ᠠᠶᠢᠮᠠᠭ ᠬᠤᠲᠠ ᠬᠤᠰᠢᠭᠤ ᠰᠢᠶᠠᠨ ᠳᠠᠬᠢ ᠮᠣᠩᠭᠤᠯ ᠬᠡᠯᠡᠨ ᠤ ᠦᠵᠡᠭᠴᠢᠳ  ᠰᠣᠨᠤᠰᠤᠭᠴᠢᠳ  ᠬᠠᠷᠢᠴᠠᠩᠭᠤᠢ  ᠲᠦᠪᠯᠡᠷᠡᠭᠰᠡᠨ ᠭᠠᠵᠠᠷ‌ᠣᠷᠣᠨ ᠪᠠ ᠡᠯ᠎ᠡ ᠶᠡᠭᠡ ᠳᠡᠭᠡᠳᠦ ᠰᠤᠷᠭᠠᠭᠤᠯᠢ᠂ ᠬᠡᠥᠬᠡᠳ ᠤᠨ ᠴᠡᠴᠡᠷᠯᠢᠭ ᠨᠦᠭᠦᠳ ᠲᠤ ᠰᠤᠩᠭᠤᠯᠲᠠ ᠲᠠᠢ ᠶᠠᠪᠤᠭᠳᠠᠭᠤᠯᠵᠤ ᠪᠤᠢ᠃            ᠥᠪᠥᠷ  ᠮᠣᠩᠭᠤᠯ ᠤᠨ  ᠠᠪᠢᠶᠠᠯᠠᠭ᠎ᠠ ᠶᠢᠨ  ᠤᠷᠠᠯᠢᠭ ᠤᠨ  ᠨᠡᠶᠢᠭᠡᠮᠯᠢᠭ  ᠪᠣᠯ   2015   ᠣᠨ ᠤ ᠬᠠᠪᠤᠷ ᠵᠢᠩᠬᠢᠨᠢ ᠪᠡᠷ‌‍ᠲ᠋ᠠᠩᠰᠠᠯᠠᠭᠤᠯᠤᠨ‌‍ᠪᠠᠶᠢᠭᠤᠯᠤᠭᠳᠠᠭᠰᠠᠨ᠂ ᠪᠦᠬᠦ ᠥᠪᠥᠷ ᠮᠣᠩᠭᠤᠯ ᠣᠷᠣᠨ᠂ ᠴᠢᠨᠠᠭᠰᠢᠯᠠᠪᠠᠯ ᠪᠦᠬᠦ ᠤᠯᠤᠰ ᠤᠨ ᠦᠨᠳᠦᠰᠦᠲᠡᠨ ᠤ ᠬᠡᠯᠡᠨ ‍ᠦ‌ᠠᠪᠢᠶᠠᠯᠠᠭ᠎ᠠ ᠶᠢᠨ ᠬᠠᠮᠤᠭ ᠲᠣᠮᠣ ᠬᠠᠮᠲᠤ ᠶᠢᠨ ᠴᠣᠭᠴᠠ ᠪᠣᠯᠣᠨ᠎ᠠ᠃ ᠨᠡᠶᠢᠭᠡᠮᠯᠢᠭ ᠲᠤ  ᠮᠣᠩᠭᠤᠯ  ᠬᠡᠯᠡᠨ ᠤ  ᠳᠤᠭᠤᠶᠢᠯᠠᠩ  ︵ᠪᠠᠷᠢᠮᠵᠢᠶ᠎ᠠ‌ᠠᠪᠢᠶ᠎ᠠ︶᠂ ᠬᠢᠲᠠᠳ ᠬᠡᠯᠡᠨ ᠤ ᠳᠤᠭᠤᠶᠢᠯᠠᠩ᠂  ᠪᠤᠰᠤᠳ  ᠴᠥᠭᠡᠨ  ᠲᠣᠭᠠᠲᠤ  ᠦᠨᠳᠦᠰᠦᠲᠡᠨ ᠤ  ︵ᠳᠠᠭᠤᠷ᠂  ᠡᠸᠡᠩᠬᠢ᠂  ᠣᠷᠴᠤᠨ︶ᠬᠡᠯᠡᠨ ᠤ ᠳᠤᠭᠤᠶᠢᠯᠠᠩ ᠪᠠ ᠭᠠᠵᠠᠷ  ᠣᠷᠣᠨ ᠤ  ᠳᠤᠭᠤᠶᠢᠯᠠᠩ  ︵ᠳᠤᠮᠳᠠᠳᠤ  ᠤᠯᠤᠰ ᠤᠨ  ᠮᠣᠩᠭᠤᠯ  ᠦᠨᠳᠦᠰᠦᠲᠡᠨ ᠤ  ᠨᠤᠲᠤᠭ ‍ᠤᠨ‌ᠠᠶᠠᠯᠭᠤᠨ ᠤ ᠠᠪᠢᠶᠠᠯᠠᠭ᠎ᠠ ᠪᠠ ᠬᠠᠯᠬ᠎ᠠ  ᠠᠶᠠᠯᠭᠤ ᠶᠢᠨ  ᠠᠪᠢᠶᠠᠯᠠᠭ᠎ᠠ  ᠪᠠᠭᠲᠠᠨ᠎ᠠ︶  ᠵᠡᠷᠭᠡ  ᠳᠤᠭᠤᠶᠢᠯᠠᠩ  ᠪᠠᠶᠢᠵᠤ᠂ ᠺᠢᠨᠤ᠋᠂ ᠭᠢᠯᠪᠢᠭᠡᠨ‌ᠵᠦ᠋ᠴᠦᠭᠡ᠂ ᠪᠠᠷᠢᠮᠲᠠᠲᠤ ᠹᠢᠯᠢᠮ᠂  ᠳᠡᠯᠭᠡᠴᠡ᠂ ᠣᠷᠴᠢᠭᠤᠯᠭ᠎ᠠ ᠶᠢᠨ  ᠹᠢᠯᠢᠮ᠁  ᠵᠡᠷᠭᠡ  ᠲᠦᠷᠦᠯ ᠬᠡᠯᠪᠡᠷᠢ ᠶᠢᠨ ᠺᠢᠨᠤ᠋ ᠵᠦᠴᠦᠭᠡ ᠵᠢᠨ‌ᠠᠪᠢᠶᠠᠯᠠᠭ᠎ᠠ ᠶᠢᠨ ᠠᠵᠢᠯ ᠢ ᠬᠢᠵᠤ ᠪᠤᠢ᠃ (ᠵᠢᠷᠤᠭ 1᠂ ᠵᠢᠷᠤᠭ 5 ᠶᠢ ᠲᠥᠪ ᠲᠧᠯᠸᠢᠰ ᠤᠨ ᠰᠦᠯᠵᠢᠶ᠎ᠡ ᠶᠢᠨ ᠪᠦᠷᠢᠨᠪᠠᠶᠠᠷ ᠬᠠᠩᠭᠠᠪᠠ︶
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09002379号