ᠠᠮᠧᠷᠢᠺᠠ ᠶᠢᠨ《ᠰᠡᠷᠭᠡᠶᠢᠯᠡᠯᠳᠡ》 ᠰᠡᠳᠬᠦᠯ | ᠤᠢᠢᠷ᠎ᠠ ᠳᠤ ᠭᠤᠸ᠎ᠠ ᠦᠵᠡᠰᠬᠦᠯᠡᠩ ᠤᠷᠳᠤ | ᠨᠠᠰᠤᠯᠠᠳᠠᠭ ᠤᠨᠴᠠᠯᠢᠬ ᠤᠳ ᠢ | ᠵᠢᠬᠰᠠᠭᠠᠬᠰᠠᠨ ᠪᠠᠶᠢᠨ᠎ᠠ᠃ | ᠦᠪᠡᠷ ᠢ ᠪᠠᠨ ᠪᠤᠳᠠᠳᠠᠢ | ᠨᠠᠰᠤᠨ ᠠᠴᠠ ᠪᠠᠨ ᠵᠠᠯᠠᠭᠤ ᠭᠡᠵᠦ | ᠪᠤᠳᠤᠳᠠᠭ᠃ ᠠᠮᠧᠷᠢᠺᠠ ᠶᠢᠨ ᠨᠢᠭᠡᠨ | ᠰᠤᠳᠤᠯᠭᠠᠨ ᠳᠤ ᠬᠠᠷᠠᠭᠤᠯᠤᠭᠰᠠᠨ ᠢᠶᠠᠷ᠂ | ᠨᠠᠰᠤᠳᠠᠶᠢᠴᠤᠤᠯ ᠦᠪᠡᠷ ᠢ ᠪᠠᠨ ᠪᠤᠳᠠᠳᠠᠢ | ᠨᠠᠰᠤᠨ ᠠᠴᠠ ᠪᠠᠨ ᠬᠤᠯᠠ ᠵᠠᠯᠠᠭᠤ ᠭᠡᠵᠦ | ᠦᠵᠡᠳᠡᠭ᠂ ᠲᠤᠬᠠᠶᠢᠯᠠᠪᠠᠯ 70 ᠬᠦᠷᠦᠭᠰᠡᠨ | ᠨᠠᠰᠤᠳᠠᠶᠢᠴᠤᠤᠯ ᠦᠪᠡᠷ ᠢ ᠪᠠᠨ ᠵᠢᠷᠠᠭᠠᠳ | ᠨᠠᠰᠤᠳᠠᠢ ᠯᠠ ᠭᠡᠵᠦ ᠪᠤᠳᠤᠳᠠᠭ᠃ | ᠪᠠᠶᠠᠷ ᠬᠦᠷ ᠲᠠᠢ᠂ ᠨᠠᠶᠢᠵᠡ ᠤᠯᠠᠨ᠃ | ᠠᠦ᠋ᠰᠲ᠋ᠷᠠᠯᠢᠶ᠎ᠠ ᠶᠢᠨ ᠰᠤᠳᠤᠯᠭᠠᠨ ᠳᠤ | ᠬᠠᠷᠠᠭᠤᠯᠤᠭᠰᠠᠨ ᠢᠶᠠᠷ᠂ ᠨᠠᠶᠢᠵᠠ ᠤᠯᠠᠨ ᠬᠦᠮᠦᠨ | ᠤᠷᠳᠤ ᠨᠠᠰᠤᠯᠠᠨ᠎ᠠ᠃ 5 ᠠᠴᠠ ᠲᠡᠭᠡᠭ᠍ᠰᠢ | ᠨᠠᠶᠢᠵᠡ ᠲᠠᠢ ᠪᠠᠨ ᠳᠤᠳᠤᠨᠤ | ᠬᠠᠷᠢᠴᠠᠭ᠎ᠠ ᠲᠠᠢ ᠪᠠᠶᠢᠳᠠᠭ | ᠨᠠᠰᠤᠳᠠᠶᠢᠴᠤᠤᠯ ᠬᠠᠷᠢᠴᠠᠨᠭᠭᠤᠢ ᠪᠠᠷ | ᠨᠠᠶᠢᠵᠡ ᠴᠦᠭᠡᠨ ᠨᠠᠰᠤᠳᠠᠶᠢᠴᠤᠤᠯ ᠠᠴᠠ | ᠡ᠊ᠨᠳᠡᠬᠦ ᠨᠤᠷᠮ᠎ᠠ ᠨᠢ 22% ᠳᠤᠤᠷ᠎ᠠ | ᠪᠠᠶᠢᠳᠠᠭ᠃ ᠡᠨᠡ ᠪᠤᠯ ᠨᠠᠶᠢᠵᠡ ᠨᠦᠬᠦᠳ | ᠬᠤᠭᠤᠷᠤᠨᠳᠤ ᠪᠡᠨ ᠬᠠᠷᠢᠯᠴᠠᠨ ᠰᠡᠳᠬᠢᠯ ᠤᠨ | ᠲᠠᠷᠤᠭᠠᠰᠦ ᠪᠠᠨ ᠭᠥᠩᠭᠡᠷᠡᠭᠦᠯᠬᠦ ᠶᠢᠨ | ᠵᠡᠷᠭᠡᠴᠡᠭᠡ ᠬᠦᠴᠢᠷᠲᠡᠯ ᠢᠶᠠᠨ | ᠰᠢᠢᠳᠪᠦᠷᠢᠯᠡᠨ᠂ ᠬᠠᠷᠢᠯᠴᠠᠨ | ᠵᠤᠷᠢᠬᠵᠢᠭᠤᠯᠵᠤ᠂ ᠡᠷᠡᠬᠦᠯ ᠴᠢᠬᠢᠷᠠᠭ | ᠠᠮᠢᠳᠤᠷᠠᠯ ᠤᠨ ᠳᠠᠳᠬᠠᠯ ᠲᠠᠢ ᠪᠠᠶᠢᠬᠤ ᠳᠤ | ᠨᠢ ᠬᠢᠨᠠᠯᠳᠠ ᠳᠠᠯᠪᠢᠳᠠᠭ ᠠᠴᠠ ᠪᠤᠯᠤᠬᠰᠠᠨ | ᠶᠤᠮ᠃ | ᠪᠡᠯᠭᠡᠬᠦᠰᠦ ᠨᠠᠷᠢᠨ᠃ ᠶᠤᠯᠬᠤᠢᠢᠬᠰᠠᠨ | ᠭᠡᠳᠡᠰᠦ ᠲᠠᠢ ᠬᠦᠮᠦᠰ ᠴᠢᠰᠤᠨ ᠳᠠᠷᠤᠯᠳᠠ | ᠦᠨᠳᠦᠷᠵᠢᠬᠦ᠂ ᠵᠢᠷᠦᠭᠡ ᠪᠠᠵᠠᠯᠠᠬᠤ᠂ | ᠵᠢᠷᠦᠭᠡᠨ ᠤ ᠪᠤᠯᠴᠢᠩ ᠲᠦᠭᠵᠢᠷᠡᠬᠦ᠂ ᠰᠢᠬᠢᠷ | ᠰᠢᠵᠢᠩ ᠡᠪᠡᠳᠴᠢᠨ ᠵᠡᠷᠭᠡ ᠡᠪᠡᠳᠴᠢᠨ ᠳᠤ | ᠠᠮᠠᠷᠬᠠᠨ ᠨᠡᠷᠪᠡᠭ᠍ᠳᠡᠳᠡᠭ᠃ | ᠠᠮᠧᠷᠢᠺᠠ ᠶᠢᠨ ᠦᠳᠡᠯᠬᠦ ᠢ ᠰᠤᠳᠤᠯᠬᠤ | ᠭᠠᠵᠠᠷ ᠤᠨ ᠰᠤᠳᠤᠯᠭᠠᠨ ᠳᠤ | ᠬᠠᠷᠠᠭᠤᠯᠤᠭᠰᠠᠨ ᠢᠶᠠᠷ᠂ ᠪᠡᠯᠭᠡᠬᠦᠰᠦ ᠪᠠᠷ ᠢᠶᠠᠨ | ᠪᠦᠳᠦᠬᠦᠨ ᠡᠮᠡᠭᠳᠡᠶᠢᠴᠤᠤᠯ ᠤᠨ ᠡ᠊ᠨᠳᠡᠬᠦ | ᠨᠤᠷᠮ᠎ᠠ ᠨᠢ ᠡᠩ ᠤᠨ ᠬᠦᠮᠦᠰ ᠠᠴᠠ 20% ᠦᠨᠳᠦᠷ᠃ | ᠡᠶᠢᠮᠦ ᠠᠴᠠ ᠡᠷᠡᠭᠳᠡᠶᠢᠴᠤᠤᠯ | ᠪᠡᠯᠭᠡᠬᠦᠰᠦ ᠪᠠᠨ 90 ᠰᠠᠨᠲ᠋ᠢᠮᠧᠲ᠋ᠷ᠂ | ᠡᠮᠡᠭᠳᠡᠶᠢᠴᠤᠤᠯ 85 ᠰᠠᠨᠲ᠋ᠢᠮᠧᠲ᠋ᠷ ᠠᠴᠠ | ᠳᠠᠪᠠᠭᠤᠯᠬᠤ ᠦᠭᠡᠢ ᠪᠠᠶᠢᠪᠠᠯ ᠰᠠᠶᠢᠨ᠃ | ᠬᠤᠷᠬᠢᠷᠠᠳᠠᠭ ᠦᠭᠡᠢ᠃ 18 ᠵᠢᠯ | ᠦᠷᠬᠦᠯᠵᠢᠯᠡᠭᠰᠡᠨ ᠨᠢᠭᠡᠨ ᠰᠤᠳᠤᠯᠭᠠᠨ ᠳᠤ | ᠢᠯᠡᠷᠡᠬᠦᠯᠦᠭᠰᠡᠨ ᠢᠶᠠᠷ᠂ ᠤᠨᠳᠠᠭᠠᠳ | ᠬᠤᠷᠬᠢᠷᠠᠳᠠᠭ ᠦᠭᠡᠢ ᠬᠦᠮᠦᠨ ᠨᠠᠩ ᠤᠷᠳᠤ | ᠨᠠᠰᠤᠯᠠᠨ᠎ᠠ᠃ ᠬᠤᠷᠬᠢᠷᠠᠬᠤ ᠨᠢ ᠴᠢᠰᠤᠨ | ᠳᠠᠷᠤᠯᠳᠠ ᠦᠨᠳᠦᠷ᠂ ᠰᠢᠬᠢᠷ ᠰᠢᠵᠢᠩ | ᠡᠪᠡᠳᠴᠢᠨ᠂ ᠵᠢᠷᠦᠭᠡᠨ ᠪᠤᠯᠴᠢᠩ ᠤᠨ | ᠲᠦᠭᠵᠢᠷᠡᠯ ᠵᠡᠷᠭᠡ ᠡᠪᠡᠳᠴᠢᠨ ᠡᠬᠦᠰᠭᠡᠳᠡᠭ᠃ | ᠦᠭᠡᠬᠦ ᠳᠤᠰᠤ ᠪᠠᠭ᠎ᠠ ᠢᠳᠡᠳᠡᠭ᠃ | ᠰᠤᠳᠤᠯᠭᠠᠨ ᠳᠤ ᠢᠯᠡᠷᠡᠬᠦᠯᠦᠭᠰᠡᠨ ᠢᠶᠠᠷ᠂ | ᠤᠷᠳᠤ ᠨᠠᠰᠤᠯᠠᠭᠰᠠᠳ ᠤᠯᠠᠨ ᠪᠠᠶᠢᠳᠠᠭ | ᠭᠠᠵᠠᠷ ᠤᠨ ᠤᠯᠠᠩᠬᠢ ᠨᠠᠰᠤᠳᠠᠶᠢᠴᠤᠤᠯ | ᠦᠭᠡᠬᠦ ᠳᠤᠰᠤ ᠪᠠᠭ᠎ᠠ ᠢᠳᠡᠳᠡᠭ ᠪᠦᠬᠡᠳ | 90% ᠶᠢᠨ ᠬᠦᠮᠦᠰ ᠴᠦᠮ ᠡᠳᠦᠷ ᠪᠦᠷᠢ ᠬᠦᠨᠡᠰᠦᠨ | ᠤ ᠨᠤᠭᠤᠭ᠎ᠠ ᠢᠯᠡᠬᠦᠦ ᠢᠳᠡᠳᠡᠭ᠃ ᠤᠴᠢᠷ ᠨᠢ | ᠵᠢᠷᠦᠭᠡ ᠴᠢᠰᠤᠨ ᠰᠤᠳᠠᠯ ᠤᠨ ᠡᠪᠡᠳᠴᠢᠨ ᠳᠤ | ᠰᠢᠬᠢᠷ ᠰᠢᠵᠢᠩ ᠡᠪᠡᠳᠴᠢᠨ ᠳᠠᠪᠬᠤᠴᠠᠬᠤ ᠨᠢ | ᠤᠯᠠᠩᠬᠢ ᠳᠠᠭᠠᠨ ᠵᠣᠬᠢᠰ ᠦᠬᠡᠢ | ᠠᠮᠢᠳᠤᠷᠠᠯ ᠤᠨ ᠳᠠᠳᠬᠠᠯ ᠠᠴᠠ ᠪᠤᠯᠳᠠᠭ | ᠪᠠᠶᠢᠨ᠎ᠠ᠃ | ᠨᠦᠢᠷ ᠰᠠᠶᠢᠨ᠃ ᠡᠳᠦᠷ ᠪᠦᠷᠢ 8 ᠴᠠᠭ | ᠤᠨᠳᠠᠳᠠᠭ ᠬᠦᠮᠦᠰ ᠲᠠᠢ ᠬᠠᠷᠢᠴᠠᠭᠤᠯᠪᠠᠯ 4 | ᠴᠠᠭ ᠯᠠ ᠤᠨᠳᠠᠳᠠᠭ ᠬᠦᠮᠦᠰ ᠭᠡᠳᠡᠰᠦ ᠪᠠ | ᠬᠦᠬᠦᠨ ᠤ ᠪᠤᠯᠴᠢᠷᠬᠠᠢ ᠶᠢᠨ ᠦᠮᠡᠨ ᠳᠤ ᠨᠠᠩ | ᠬᠢᠯᠪᠠᠷᠬᠠᠨ ᠨᠡᠷᠪᠡᠭ᠍ᠳᠡᠨᠠ᠃ | ᠤᠨᠳᠠᠬᠤ ᠠᠴᠠ ᠪᠡᠨ ᠡᠮᠦᠨ᠎ᠡ ᠬᠦᠯ ᠢᠶᠠᠨ | ᠤᠬᠢᠶᠠᠬᠤ ᠪᠤᠯ ᠶᠠᠳᠠᠷᠠᠭ᠎ᠠ ᠳᠠᠶᠢᠯᠵᠤ | ᠰᠠᠶᠢᠨ ᠤᠨᠳᠠᠬᠤ ᠡᠷᠡᠬᠦᠯ ᠬᠢᠳᠠᠯ ᠭᠡᠯᠳᠡᠢ᠃ |