ᠪᠠᠶ᠋ᠬᠬᠤᠰᠢᠭᠤ ᠵᠣᠭᠠᠴᠠᠯ ᠤᠨ ᠣᠷᠣᠨ — ︽  ᠣᠪᠣᠭᠠᠨ ᠳᠡᠭᠡᠷᠡᠬᠢ ᠠᠭᠤᠯᠵᠠᠯᠲᠠ︾ ᠬᠡᠬᠦ ᠳᠠᠭᠤᠣ ᠣᠯᠠᠮᠵᠢᠯᠠᠭᠳᠠᠨ ᠳᠠᠭᠤᠯᠠᠭᠳᠠᠭᠰᠠᠨ ᠭᠠᠵᠠᠷ
ᠨᠡᠶᠢᠲᠡᠯᠡᠭᠰᠡᠨ ᠴᠠᠭ᠄
2017/10/26
    ᠪᠠᠶ᠋ᠬᠬᠤᠰᠢᠭᠤ ᠵᠣᠭᠠᠴᠠᠯ ᠤᠨ ᠣᠷᠣᠨ ᠨᠢ ᠶᠢᠷᠲᠢᠨᠴᠦ ᠶᠢᠨ ᠲᠡᠷᠢᠬᠦᠨ ᠣᠪᠣᠭ᠎ᠠ — ᠪᠠᠶ᠋ᠬᠬᠤᠰᠢᠭᠤ ᠣᠪᠣᠭ᠎ᠠ ᠪᠠᠷ ᠳᠡᠯᠡᠭᠡᠢ ᠳ᠋ᠠᠬᠢᠨ ᠳᠤ ᠠᠯᠳᠠᠷᠰᠢᠵᠣ᠂ ᠪᠡᠭᠡᠵᠢᠩ ᠤᠨ ᠺᠢᠨᠤ᠋ ᠶᠢᠨ ᠦᠢᠯᠡᠳᠪᠦᠷᠢ ᠶᠢᠨ ᠰᠡᠭᠦᠳᠡᠷᠯᠡᠨ ᠦᠢᠯᠡᠳᠦᠭᠰᠡᠨ ᠦᠯᠢᠭᠡᠷᠲᠦ ᠺᠢᠨᠤ᠋ ︽ᠬᠦᠳᠡᠭᠡ ᠨᠣᠲᠤᠭ ᠤᠨ ᠬᠦᠮᠦᠰ︾ ᠬᠡᠬᠦ ᠺᠢᠨᠤ᠋ ᠶᠢᠨ ᠭᠠᠳᠠᠨᠠᠬᠢ ᠦᠵᠡᠮᠵᠢ ᠨᠢ ᠳᠠᠷᠣᠢ ᠠᠳᠡᠬᠢ ᠦᠵᠡᠮᠵᠢ ᠪᠠᠶᠢᠵᠣ᠂ ᠺᠢᠨᠤ᠋ ᠶᠢᠨ ᠰᠡᠳᠦᠪᠴᠢᠯᠡᠭᠰᠡᠨ ᠳᠠᠭᠤᠣ ︽ ᠣᠪᠣᠭᠠᠨ ᠳᠡᠭᠡᠷᠡᠬᠢ ᠠᠭᠤᠯᠵᠠᠯᠲᠠ︾ ᠨᠢ ᠳᠠᠷᠣᠢ ᠡᠨᠡ ᠣᠪᠣᠭᠠᠨ ᠠᠴᠠ ᠡᠯ᠎ᠡ ᠭᠠᠵᠠᠷ ᠲᠤ ᠣᠯᠠᠮᠵᠢᠯᠠᠭᠳᠠᠨ ᠳᠠᠭᠤᠯᠠᠭᠳᠠᠭᠰᠠᠨ ᠪᠠᠶᠢᠨ᠎ᠠ᠃     ᠪᠠᠶᠠᠬᠬᠤᠰᠢᠭᠤ ᠵᠣᠭᠠᠴᠠᠯ ᠤᠨ ᠣᠷᠣᠨ ᠪᠣᠯ ᠣᠯᠣᠰ ᠤᠨ AAA ᠳᠡᠰ ᠤᠨ ᠵᠣᠭᠠᠴᠠᠯ ᠤᠨ ᠦᠵᠡᠮᠵᠢ ᠶᠢᠨ ᠣᠷᠣᠨ ᠪᠣᠯᠣᠨ᠎ᠠ᠃ 1989 ᠣᠨ ᠳᠤ ᠪᠠᠶᠢᠭᠤᠯᠣᠭᠳᠠᠵᠣ᠂ 5 ᠳᠡᠭᠰᠢ ᠳᠦᠷᠪᠡᠯᠵᠢᠨ ᠺᠢᠯᠣᠮᠧᠲᠷ ᠭᠠᠵᠠᠷ ᠡᠵᠡᠯᠡᠵᠦ ᠪᠣᠢ᠃ ᠵᠣᠭᠠᠴᠠᠯ ᠤᠨ ᠣᠷᠣᠨ ᠳᠤ ᠣᠯᠣᠰ ᠤᠨ ᠳᠣᠳᠣᠭᠠᠳᠣ ᠶᠢᠨ ᠲᠡᠷᠢᠬᠦᠨ ᠤ ᠮᠡᠷᠭᠡᠵᠢᠯ ᠢᠶᠠᠷ ᠵᠠᠰᠠᠵᠣ ᠴᠢᠮᠡᠭᠯᠡᠭᠰᠡᠨ 20 ᠭᠠᠷᠣᠢ ᠰᠠᠭᠤᠷᠢ ᠰᠢᠨ᠎ᠡ ᠮᠠᠶ᠋ᠢᠭ ᠤᠨ ᠮᠣᠩᠭᠤᠯ ᠭᠡᠷ᠂  1 ᠰᠠᠭᠤᠷᠢ ᠣᠯᠠᠨ ᠴᠢᠳᠠᠪᠬᠢᠲᠣ ᠲᠢᠩᠬᠢᠮ᠂ 1 ᠰᠠᠭᠤᠷᠢ ᠮᠣᠩᠭᠤᠯ ᠭᠡᠷ ᠮᠠᠶ᠋ᠢᠭ ᠤᠨ ᠬᠤᠭᠤᠯᠠᠨ ᠲᠢᠩᠬᠢᠮ ᠲᠠᠢ ᠪᠠᠶᠢᠵᠣ᠂ 1500 ᠭᠠᠷᠣᠢ ᠬᠦᠮᠦᠨ ᠬᠠᠮᠳᠣᠪᠡᠷ ᠬᠤᠭᠤᠯᠠᠯᠠᠵᠣ᠂ 120 ᠬᠦᠮᠦᠨ ᠬᠤᠨᠣᠭᠯᠠᠵᠣ ᠴᠢᠳᠠᠬᠤ ᠪᠣᠯᠣᠨ᠎ᠠ᠃ ᠵᠠᠰᠠᠵᠣ ᠴᠢᠮᠡᠭᠯᠡᠭᠰᠡᠨ ᠬᠡᠪ ᠨᠠᠮᠪᠠ  ᠨᠢ ᠦᠪᠡᠷᠮᠢᠴᠡ ᠣᠨᠴᠠᠯᠢᠭ ᠲᠠᠢ ᠮᠣᠩᠭᠤᠯ ᠭᠡᠷ ᠤᠳ ᠲᠤ ᠲᠠᠯ᠎ᠠ ᠨᠣᠲᠤᠭ ᠤᠨ ᠦᠨᠦᠷ ᠠᠮᠳᠠᠳᠣ ᠴᠠᠭᠠᠨ ᠢᠳᠡᠭᠡᠨ ᠪᠠ ᠦᠨᠳᠦᠰᠦᠲᠡᠨ ᠤ ᠣᠨᠴᠠᠯᠢᠭᠲᠣ ᠢᠳᠡᠭᠡᠨ ᠢ ᠲᠣᠬᠢᠷᠠᠭᠤᠯᠣᠭᠰᠠᠨ ᠪᠠᠶᠢᠳᠠᠭ᠃ ᠦᠨᠳᠦᠰᠦᠲᠡᠨ ᠤ ᠳᠠᠭᠤᠣ ᠪᠦᠵᠢᠭ ᠢ ᠦᠵᠡᠵᠦ ᠰᠣᠨᠢᠷᠬᠠᠨ᠂ ᠢᠮᠢᠨ ᠭᠤᠣᠯ ᠤᠨ ᠥᠩᠭᠡ ᠦᠵᠡᠮᠵᠢ ᠳᠤ ᠰᠣᠭᠳᠣᠷᠠᠨ ᠵᠣᠭᠠᠴᠠᠵᠣ᠂ ᠲᠠᠬᠢᠯᠭ᠎ᠠ  ᠶᠢᠨ ᠠᠵᠢᠯᠯᠠᠭᠠᠨ ᠳᠤ ᠣᠷᠣᠯᠴᠠᠬᠤ ᠶᠢᠨ ᠳᠠᠭᠠᠣ ︽ᠬᠦᠳᠡᠭᠡ ᠨᠣᠲᠤᠭ ᠤᠨ ᠬᠦᠮᠦᠰ︾ ᠠᠶᠢᠯ ᠡᠷᠦᠬᠡ ᠪᠠᠷ ᠬᠦᠷᠴᠦ ᠂ ᠪᠣᠷᠢᠶᠠᠳ ᠮᠣᠩᠭᠤᠯ ᠦᠨᠳᠦᠰᠦᠲᠡᠨ ᠤ ᠵᠠᠩ ᠦᠢᠯᠡ ᠶᠢ ᠪᠡᠶᠡᠴᠢᠯᠡᠨ ᠣᠶᠢᠯᠠᠭᠠᠬᠤ ᠳᠤ ᠰᠠᠨᠠᠭ᠎ᠠ ᠰᠡᠳᠬᠢᠯ ᠴᠢᠨᠢ ᠭᠱᠠᠨ ᠵᠠᠭᠤᠷ᠎ᠠ ᠰᠠᠷᠠᠭᠤᠯᠵᠠᠵᠣ᠂ ᠭᠠᠩᠭᠠᠩ ᠬᠡᠬᠡᠨᠴᠢᠷ ᠠᠮᠢᠳᠣᠷᠠᠯ ᠠᠴᠠ ᠪᠠᠨ ᠪᠣᠷᠣᠭᠵᠢᠭᠤᠨ ᠠᠮᠢᠳᠣᠷᠠᠯ ᠢ ᠡᠳ᠋ᠯᠡᠵᠦ᠂ ᠦᠰᠦᠳ ᠦᠭᠡᠷ᠎ᠡ ᠶᠢᠷᠲᠢᠨᠴᠦ ᠶᠢᠨ ᠬᠠᠪᠤ ᠴᠡᠩᠭᠡᠯ ᠳᠤ ᠱᠣᠩᠪᠠᠭ᠋ᠣ ᠰᠢᠭ᠋ ᠪᠣᠯᠣᠨ᠎ᠠ᠃
 
ᠢᠷᠡᠯᠲᠡ᠄ ᠡᠸ᠋ᠨᠩᠬᠢ ᠬᠤᠰᠢᠭᠤᠨ ᠤ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09002379号