ᠪᠠᠶᠢᠭᠠᠯᠢ ᠶᠢᠨ ᠨᠦᠬᠦᠴᠡᠯ
ᠨᠡᠶᠢᠲᠡᠯᠡᠭᠰᠡᠨ ᠴᠠᠭ᠄
2017/10/27
    ᠪᠠᠶᠠᠨ ᠲᠠᠩᠰᠤᠭ᠂ ᠦᠵᠡᠰᠭᠦᠯᠡᠩᠲᠦ ᠰᠠᠶᠢᠬᠠᠨ ᠡᠸ᠋ᠨᠩᠬᠢ ᠦᠨᠳᠦᠰᠦᠲᠡᠨ ᠤ ᠦᠪᠡᠷᠲᠡᠭᠡᠨ ᠵᠠᠰᠠᠬᠤ ᠬᠤᠰᠢᠭᠤ  ᠨᠢ ᠠᠭᠤᠣ ᠶᠡᠭᠡ ᠡᠬᠡ ᠣᠯᠣᠰ ᠤᠨ ᠵᠡᠬᠦᠨ ᠬᠤᠶᠢᠳᠣ ᠬᠢᠯᠢ ᠬᠢᠵᠠᠭᠠᠷ᠂ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠵᠡᠭᠦᠨ ᠬᠤᠶᠢᠳᠣ ᠬᠡᠰᠡᠭ᠂ ᠬᠦᠯᠦᠨ ᠪᠣᠶᠢᠷ ᠤᠨ ᠲᠠᠯ᠎ᠠ ᠨᠣᠲᠤᠭ ᠤᠨ ᠵᠡᠬᠦᠨ ᠡᠮᠦᠨ᠎ᠡ ᠬᠡᠰᠡᠭ ᠲᠤ ᠪᠠᠶᠢᠷᠢᠯᠠᠵᠣ ᠪᠣᠢ᠃ ᠭᠠᠵᠠᠷ ᠵᠦᠢ ᠶᠢᠨ ᠪᠠᠶᠢᠷᠢᠰᠢᠯ ᠨᠢ ᠵᠡᠬᠦᠨ ᠣᠷᠳᠣᠷᠢᠭ ᠤᠨ 118。48'02''— 121。09'25''᠂ ᠣᠮᠠᠷᠠᠳᠣ ᠦᠷᠭᠡᠷᠢᠭ ᠤᠨ 47。32'50''— 49。15'37'' ᠪᠣᠯᠣᠨ᠎ᠠ᠃ ᠪᠦᠬᠦ ᠬᠢᠯᠢ ᠶᠢᠨ ᠵᠡᠭᠦᠨᠰᠢ ᠪᠠᠷᠠᠭᠤᠨᠰᠢ ᠦᠷᠭᠡᠨ ᠨᠢ 173.25 ᠺᠢᠯᠣᠮᠧᠲᠷ᠂ ᠡᠮᠦᠨᠡᠰᠢ ᠬᠤᠶᠢᠰᠢᠬᠢ ᠣᠷᠳᠣ ᠨᠢ 187.75 ᠺᠢᠯᠣᠮᠧᠲᠷ ᠪᠠᠶᠢᠳᠠᠭ᠃ ᠪᠦᠬᠦ ᠬᠤᠰᠢᠭᠤᠨ ᠤ ᠶᠡᠷᠥᠩᠬᠡᠢ ᠲᠠᠯᠠᠪᠠᠢ ᠨᠢ 19111 ᠬᠠᠪᠲᠠᠭᠠᠢ ᠳᠦᠷᠪᠡᠯᠵᠢᠨ ᠺᠢᠯᠣᠮᠧᠲᠷ᠂ ᠪᠦᠬᠦ ᠬᠤᠲᠠ ᠶᠢᠨ ᠶᠡᠷᠥᠩᠬᠡᠢ ᠲᠠᠯᠠᠪᠠᠢ ᠶᠢᠨ 7.39% ᠢ ᠡᠵᠡᠯᠡᠵᠦ ᠪᠣᠢ᠃     ᠨᠢᠭᠡ᠂ ᠭᠠᠵᠠᠷ ᠰᠢᠨᠵᠢᠯᠡᠭᠡ ᠭᠠᠵᠠᠷ ᠤᠨ ᠭᠠᠳᠠᠷᠭᠤ ︵ ᠭᠠᠳᠠᠷ ᠳᠦᠷᠰᠦ︶     ᠦᠪᠡᠷᠲᠡᠭᠡᠨ ᠵᠠᠰᠠᠬᠤ ᠬᠤᠰᠢᠭᠤ ᠶᠡᠭᠡ ᠬᠢᠩᠭᠠᠨ ᠳᠠᠪᠠᠭᠠᠨ ᠤ ᠠᠭᠤᠯᠠᠷᠬᠠᠭ ᠭᠠᠵᠠᠷ ᠤᠨ ᠪᠠᠷᠠᠭᠤᠨ ᠬᠤᠶᠢᠳᠣ ᠪᠠᠯ ᠳᠤ ᠪᠠᠶᠢᠷᠢᠯᠠᠵᠣ᠂ ᠶᠡᠭᠡ ᠬᠢᠩᠭᠠᠨ ᠳᠠᠪᠠᠭᠠᠨ ᠤ ᠠᠭᠤᠯᠠᠷᠬᠠᠭ ᠭᠠᠵᠠᠷ ᠠᠴᠠ ᠬᠦᠯᠦᠨ ᠪᠣᠶᠢᠷ ᠤᠨ ᠦᠨᠳᠦᠷ ᠲᠡᠭᠰᠢ ᠭᠠᠵᠠᠷ ᠵᠦᠭ ᠰᠢᠯᠵᠢᠯᠲᠡ ᠶᠢᠨ ᠬᠡᠰᠡᠭ ᠲᠤ ᠣᠷᠣᠰᠢᠵᠣ᠂ ᠦᠨᠳᠦᠷᠯᠢᠭ ᠤᠨ ᠬᠡᠯᠪᠡᠷᠢᠲᠦ ᠭᠠᠵᠠᠷ ᠤᠨ  ᠭᠠᠳᠠᠷᠭᠤ ᠶᠢᠨ ᠣᠷᠣᠨ ᠳᠤ ᠲᠣᠭᠠᠴᠢᠭᠳᠠᠨ᠎ᠠ᠃ ᠬᠢᠯᠢ ᠳᠣᠳᠣᠷ᠎ᠠ ᠳᠣᠮᠳᠠ ᠵᠡᠷᠭᠡ ᠶᠢᠨ ᠠᠭᠤᠯᠠ᠂ ᠪᠣᠭᠤᠨᠢ ᠠᠭᠤᠯᠠ ᠂ ᠳᠣᠪᠣᠴᠠᠭ᠂ ᠦᠨᠳᠦᠷ ᠲᠡᠭᠰᠢ ᠭᠠᠵᠠᠷ ᠤᠨ ᠭᠠᠵᠠᠷ ᠤᠨ ᠭᠠᠳᠠᠷᠭᠤ ᠠᠶᠠᠨᠳᠠᠭᠠᠨ ᠠᠭᠤᠰᠣᠯᠴᠠᠨ ᠨᠢᠭᠡ ᠴᠣᠭᠴᠠ ᠪᠣᠯᠵᠣ᠂ ᠭᠠᠵᠠᠷ ᠤᠨ ᠪᠠᠶᠢᠴᠠ ᠨᠢ ᠵᠡᠬᠦᠨ ᠡᠮᠦᠨ᠎ᠡ ᠠᠴᠠ ᠪᠠᠷᠠᠭᠤᠨ ᠬᠤᠶᠢᠰᠢ ᠵᠦᠭ ᠢᠳᠡᠭ ᠢᠳᠡᠭ ᠢᠶᠠᠷ ᠬᠡᠯᠪᠡᠶᠢᠵᠡᠢ᠃ ᠵᠡᠬᠦᠨ ᠡᠮᠦᠨ᠎ᠡ ᠬᠡᠰᠡᠭ ᠤᠨ ᠠᠭᠤᠯᠠᠷᠬᠠᠭ ᠭᠠᠵᠠᠷ ᠨᠢ ᠳᠣᠮᠳᠠ ᠵᠡᠷᠭᠡ ᠶᠢᠨ ᠠᠭᠤᠯᠠ᠂ ᠪᠣᠭᠤᠨᠢ ᠠᠭᠤᠯᠠ ᠶᠢᠨ ᠭᠠᠵᠠᠷ ᠤᠨ ᠭᠠᠳᠠᠷᠭᠤ ᠳᠤ ᠬᠠᠷᠢᠶᠠᠯᠠᠭᠳᠠᠨ᠂ ᠠᠭᠤᠯᠠᠨ ᠪᠡᠶ᠎ᠡ ᠨᠢ ᠣᠯᠠᠩᠬᠢ ᠳᠠᠭᠠᠨ ᠬᠤᠶᠢᠨ᠎ᠠ ᠠᠴᠠ ᠵᠡᠭᠦᠨᠰᠢ ᠴᠢᠭᠯᠡᠯ ᠲᠠᠢ᠂ ᠳᠠᠯᠠᠢ ᠶᠢᠨ ᠲᠦᠪᠰᠢᠨ ᠠᠴᠠ ᠬᠠᠮᠤᠭ ᠦᠨᠳᠦᠷ ᠲᠡᠭᠡᠨ 1706.6 ᠮᠧᠲᠷ ᠡᠷᠭᠦᠭᠳᠡᠵᠦ᠂ ᠮᠠᠨ ᠤ ᠣᠯᠣᠰ ᠤᠨ  ᠨᠡᠷ᠎ᠡ ᠠᠯᠳᠠᠷᠰᠢᠭᠰᠠᠨ ᠶᠡᠭᠡ ᠬᠢᠩᠭᠠᠨ ᠳᠠᠪᠠᠭᠠᠨ ᠤ ᠠᠭᠤᠯᠠ ᠨᠢᠷᠣᠭᠤᠳ ᠨᠢ ᠡᠨᠡᠬᠦᠷ ᠥᠩᠭᠡᠷᠡᠵᠦ ᠪᠣᠢ᠃ ᠳᠣᠮᠳᠠ ᠬᠡᠰᠡᠭ ᠨᠢ ᠳᠣᠮᠳᠠ ᠵᠡᠷᠭᠡ ᠶᠢᠨ ᠠᠭᠤᠯᠠ᠂ ᠪᠠᠰᠠᠷᠡᠭ ᠠᠭᠤᠯᠠ ᠳᠣᠪᠣᠴᠠᠭ ᠭᠠᠵᠠᠷ ᠤᠨ ᠭᠠᠳᠠᠷᠭᠤ ᠪᠣᠯᠣᠨ᠎ᠠ᠃ ᠠᠭᠤᠯᠠᠷᠬᠠᠭ ᠭᠠᠵᠠᠷ ᠠᠴᠠ ᠦᠨᠳᠦᠷ ᠳᠡᠭᠰᠢ ᠲᠠᠯ᠎ᠠ ᠵᠦᠭ ᠰᠢᠯᠵᠢᠬᠦ ᠰᠢᠯᠵᠢᠯᠲᠡ ᠶᠢᠨ ᠪᠦᠰᠡ ᠂ ᠪᠠᠰᠠᠷᠡᠭ ᠠᠭᠤᠯᠠ ᠪᠣᠯᠣᠨ ᠳᠣᠪᠣᠴᠠᠭ ᠭᠠᠵᠠᠷ ᠤᠨ ᠬᠤᠭᠤᠷᠣᠨᠳᠣ ᠳᠠᠷᠬᠠᠵᠣ᠂ ᠳᠠᠯᠠᠢ ᠶᠢᠨ ᠲᠦᠪᠰᠢᠨ ᠠᠴᠠ 800 — 1000 ᠮᠧᠲᠷ ᠡᠷᠭᠦᠭᠳᠡᠵᠦ᠂ ᠠᠭᠤᠯᠠᠨ ᠣᠷᠣᠢ ᠪᠣᠯᠣᠨ ᠲᠣᠪᠣᠴᠠᠭ ᠨᠢ ᠲᠡᠭᠰᠢᠬᠡᠨ᠂ ᠬᠦᠨᠳᠡᠢ ᠭᠠᠵᠠᠷ ᠨᠢ ᠦᠷᠭᠡᠨ ᠠᠭᠤᠳᠠᠮ᠂ ᠭᠤᠣᠯ ᠤᠨ ᠳᠣᠣᠷ ᠨᠢᠬᠳᠠ ᠲᠠᠷᠬᠠᠵᠣ᠂ ᠣᠰᠣᠨ ᠰᠣᠷᠪᠣᠯᠵᠢ ᠪᠠᠶᠠᠯᠢᠭ ᠪᠠᠶᠢᠳᠠᠭ᠃ ᠪᠡᠰᠡᠷᠡᠭ ᠠᠭᠤᠯᠠ ᠳᠣᠪᠣᠴᠠᠭ ᠠᠴᠠ ᠪᠠᠷᠠᠭᠤᠨᠰᠢ ᠨᠢ ᠬᠦᠯᠦᠨ ᠪᠣᠶᠢᠷ ᠤᠨ ᠦᠨᠳᠦᠷ ᠳᠡᠭᠰᠢ ᠭᠠᠵᠠᠷ ᠤᠨ ᠨᠢᠭᠡ ᠬᠡᠰᠡᠭ᠂ ᠭᠠᠵᠠᠷ ᠤᠨ ᠭᠠᠳᠠᠷᠭᠤ ᠨᠢ ᠦᠷᠭᠡᠨ ᠠᠭᠤᠳᠠᠮ ᠲᠡᠭᠰᠢ ᠳᠠᠷᠳᠠᠩ᠂ ᠪᠠᠭ᠎ᠠ ᠳᠣᠯᠬᠢᠶᠠᠨ ᠬᠡᠯᠪᠡᠷᠢ ᠲᠠᠢ ᠪᠠᠶᠢᠵᠣ᠂ ᠭᠤᠣᠯ ᠮᠦᠷᠡᠨ ᠴᠦᠬᠡᠨ᠂ ᠭᠤᠣᠯ ᠤᠨ ᠣᠰᠣ ᠨᠢ ᠬᠦᠶᠦᠬᠡᠨ᠂ ᠭᠤᠣᠯ ᠤᠨ ᠰᠠᠪᠠ ᠨᠢ ᠦᠷᠭᠡᠨ ᠪᠦᠭᠡᠳ ᠬᠦᠶᠦᠬᠡᠨ ᠮᠣᠷᠣᠢ ᠰᠠᠷᠣᠢ᠂ ᠦᠷᠭᠡᠨ ᠠᠭᠤᠳᠠᠮ ᠭᠤᠣᠯ ᠤᠨ ᠰᠠᠶᠢᠷᠭᠠᠯ ᠪᠣᠯᠣᠨ ᠭᠤᠣᠯ ᠤᠨ ᠬᠦᠨᠳᠡᠢ ᠶᠢᠨ ᠬᠤᠲᠣᠭᠤᠷ ᠭᠠᠵᠠᠷ ᠪᠣᠯᠵᠣ ᠪᠦᠷᠢᠯᠳᠦᠪᠡ᠃ ᠬᠠᠮᠤᠭ ᠳᠣᠣᠷ᠎ᠠ ᠭᠠᠵᠠᠷ ᠨᠢ ᠬᠤᠰᠢᠭᠤᠨ ᠤ ᠵᠠᠰᠠᠭ ᠤᠨ ᠣᠷᠳᠣᠨ ᠤ ᠪᠠᠶᠢᠭ᠎ᠠ ᠭᠠᠵᠠᠷ ᠪᠠᠶᠠᠨᠳᠣᠬᠤᠢ ᠪᠠᠯᠭᠠᠰᠣ ᠶᠢᠨ ᠬᠤᠶᠢᠳᠣ ᠭᠤᠣᠯ ᠤᠨ ᠬᠦᠨᠳᠡᠢ ᠶᠢᠨ ᠭᠠᠵᠠᠷ ᠪᠦᠰᠡ ᠪᠣᠯᠣᠨ᠎ᠠ᠂ ᠳᠠᠯᠠᠢ ᠶᠢᠨ ᠲᠦᠪᠰᠢᠨ ᠠᠴᠠ 602 ᠮᠧᠲᠷ ᠡᠷᠭᠦᠭᠳᠡᠪᠡ᠃      ᠬᠤᠶᠠᠷ᠂ ᠠᠭᠤᠷ ᠠᠮᠢᠰᠬᠤᠯ      ᠡᠸ᠋ᠨᠩᠬᠢ ᠦᠨᠳᠦᠰᠦᠲᠡᠨ ᠤ ᠦᠪᠡᠷᠲᠡᠭᠡᠨ ᠵᠠᠰᠠᠬᠤ ᠬᠤᠰᠢᠭᠤ ᠨᠢ ᠳᠣᠮᠳᠠ ᠦᠨᠳᠦᠷ ᠦᠷᠭᠡᠷᠢᠭ ᠲᠤ ᠣᠷᠣᠰᠢᠵᠣ᠂ ᠳᠣᠮᠳᠠ ᠰᠡᠷᠢᠭᠦᠨ ᠪᠦᠰᠡ ᠶᠢᠨ ᠵᠠᠪᠰᠠᠷ ᠤᠨ ᠡᠬᠡ ᠬᠠᠭᠤᠷᠠᠢ ᠭᠠᠵᠠᠷ ᠤᠨ ᠴᠢᠨᠠᠷᠲᠠᠢ ᠠᠭᠤᠷ ᠠᠮᠢᠰᠬᠤᠯ ᠳᠤ ᠬᠠᠷᠢᠶᠠᠯᠠᠭᠳᠠᠨ᠎ᠠ᠃ ᠡᠪᠦᠯ ᠤᠨ ᠣᠯᠠᠷᠢᠯ ᠣᠷᠳᠣ ᠪᠦᠭᠡᠳ ᠬᠠᠬᠢᠷ ᠬᠦᠢᠳᠡᠨ᠂ ᠬᠠᠭᠤᠷᠠᠢ ᠮᠦᠷᠳᠡᠬᠡᠨ ᠰᠠᠯᠬᠢᠨ ᠣᠯᠠᠨ᠂ ᠣᠯᠠᠷᠢᠯ ᠤᠨ ᠳᠣᠮᠳᠠᠴᠢ ᠠᠭᠠᠷ ᠤᠨ ᠳᠣᠯᠠᠭᠠᠨ ᠨᠢ  —20℃︔ ᠵᠣᠨ ᠤ ᠣᠯᠠᠷᠢᠯ ᠳᠣᠯᠠᠭᠠᠨ ᠪᠦᠭᠡᠳ ᠣᠬᠤᠷ᠂ ᠬᠤᠷ᠎ᠠ ᠲᠣᠨᠳᠠᠰᠣ ᠲᠦᠪᠯᠡᠷᠡᠩᠬᠦᠢ᠂ ᠣᠯᠠᠷᠢᠯ ᠤᠨ ᠳᠣᠮᠳᠠᠴᠢ ᠠᠭᠠᠷ ᠤᠨ ᠳᠣᠯᠠᠭᠠᠨ ᠨᠢ 19.7℃︔ ᠬᠠᠪᠣᠷ ᠨᠠᠮᠣᠷ ᠬᠤᠶᠠᠷ ᠣᠯᠠᠷᠢᠯ ᠤᠨ ᠠᠭᠤᠷ ᠠᠮᠢᠰᠬᠤᠯ ᠤᠨ ᠬᠤᠪᠢᠷᠠᠯᠲᠠ ᠶᠡᠭᠡ᠂ ᠡᠳᠦᠷ ᠰᠦᠨᠢ ᠶᠢᠨ ᠳᠣᠯᠠᠭᠠᠨ ᠤ ᠵᠦᠷᠢᠶ᠎ᠡ ᠨᠢ ᠶᠡᠭᠡ᠂  ᠬᠤᠷ᠎ᠠ ᠳᠣᠨᠳᠠᠰᠣ ᠴᠦᠬᠡᠨ᠂ ᠣᠯᠠᠩᠬᠢ ᠳᠠᠭᠠᠨ ᠶᠡᠬᠡᠪᠡᠷ ᠰᠠᠯᠬᠢᠯᠠᠵᠣ᠂ ᠴᠠᠭ ᠠᠭᠤᠷ ᠤᠨ ᠬᠤᠪᠢᠷᠠᠯᠲᠠ ᠨᠢ ᠪᠣᠳᠣᠯᠢᠶᠠᠨᠳᠠᠢ ᠪᠠᠶᠢᠳᠠᠭ︔ ᠪᠦᠬᠦᠶᠢᠯᠡ ᠣᠷᠣᠨ ᠪᠦᠰᠡ ᠶᠢᠨ ᠢᠯᠴᠢ ᠶᠢᠨ ᠬᠡᠮᠵᠢᠶ᠎ᠡ  ᠶᠢᠨ ᠭᠠᠵᠠᠷ ᠤᠨ ᠪᠠᠶᠢᠴᠠ ᠶᠢᠨ ᠴᠢᠭᠯᠡᠯ ᠨᠢ ᠵᠡᠬᠦᠨ ᠠᠴᠠ ᠪᠠᠷᠠᠭᠤᠨᠰᠢ ᠢᠳᠡᠭ ᠢᠳᠡᠭ ᠢᠶᠠᠷ ᠨᠡᠮᠡᠭᠳᠡᠵᠦ᠂ ᠵᠢᠯ ᠤᠨ ᠬᠠᠮᠤᠭ ᠦᠨᠳᠦᠷ ᠠᠭᠠᠷ ᠤᠨ ᠳᠣᠯᠠᠭᠠᠨ ᠨᠢ 37.7℃᠂ ᠵᠢᠯ ᠤᠨ ᠬᠠᠮᠤᠭ ᠳᠣᠣᠷ᠎ᠠ ᠠᠭᠠᠷ ᠤᠨ ᠳᠣᠯᠠᠭᠠᠨ ᠨᠢ  —45℃—  —47℃ ᠪᠠᠶᠢᠵᠣ᠂ ᠵᠢᠯ ᠤᠨ ᠳᠣᠮᠳᠠᠴᠢ ᠠᠭᠠᠷ ᠤᠨ ᠳᠣᠯᠠᠭᠠᠨ ᠤ ᠬᠡᠮᠵᠢᠶ᠎ᠡ ᠨᠢ  —2.4℃—  2.2℃ ᠪᠠᠶᠢᠳᠠᠭ᠃ ᠵᠢᠯ ᠤᠨ ᠳᠣᠮᠳᠠᠴᠢ ᠬᠢᠷᠠᠭᠤ ᠦᠭᠡᠢ ᠬᠤᠭᠤᠴᠠᠭ᠎ᠠ ᠨᠢ 100 — 120 ᠬᠤᠨᠤᠭ᠂ ᠬᠠᠮᠤᠭ ᠣᠷᠳᠣ ᠳᠠᠭᠠᠨ 140 ᠬᠤᠨᠤᠭ᠂ ᠬᠠᠮᠤᠭ ᠣᠬᠤᠷ ᠳᠠᠭᠠᠨ 100 ᠬᠤᠨᠤᠭ᠃ ᠠᠩᠬᠠᠨ ᠤ ᠬᠢᠷᠠᠭᠤ ᠣᠨᠠᠬᠤ ᠡᠳᠦᠷ ᠨᠢ ᠶᠡᠷᠦ ᠳᠡᠭᠡᠨ 9 ᠰᠠᠷ᠎ᠠ ᠶᠢᠨ ᠳᠣᠮᠳᠠᠴᠢ ᠪᠣᠯᠣᠨ᠎ᠠ᠃ ᠬᠢᠯᠢ ᠳᠣᠳᠣᠷᠠᠬᠢ ᠬᠤᠷ᠎ᠠ ᠳᠣᠨᠳᠠᠰᠣ ᠶᠢᠨ ᠬᠡᠮᠵᠢᠶ᠎ᠡ ᠨᠢ ᠵᠡᠬᠦᠨ ᠡᠮᠦᠨ᠎ᠡ ᠠᠴᠠ ᠪᠠᠷᠠᠭᠤᠨ ᠬᠤᠶᠢᠰᠢ ᠠᠭᠠᠵᠢᠮ ᠢᠶᠠᠷ ᠪᠠᠭᠠᠰᠣᠨ᠎ᠠ᠃ ᠶᠡᠷᠦ ᠳᠡᠭᠡᠨ ᠵᠢᠯ ᠤᠨ ᠳᠣᠮᠳᠠᠴᠢ ᠳᠣᠨᠳᠠᠰᠣᠨ ᠤ ᠬᠡᠮᠵᠢᠶ᠎ᠡ ᠨᠢ 350 ᠮᠢᠯᠢᠮᠧᠲᠷ ᠪᠠᠶᠢᠵᠣ᠂ ᠣᠯᠠᠩᠬᠢ ᠳᠠᠭᠠᠨ 7᠂ 8 ᠰᠠᠷ᠎ᠠ  ᠳᠤ ᠲᠦᠪᠯᠡᠷᠡᠵᠦ᠂ ᠵᠢᠯ ᠤᠨ ᠠᠭᠤᠷᠰᠢᠯᠲᠠ ᠶᠢᠨ ᠬᠡᠮᠵᠢᠶ᠎ᠡ ᠨᠢ 1466.6 ᠮᠢᠯᠢᠮᠧᠲᠷ ᠪᠠᠶᠢᠳᠠᠭ᠃ ᠬᠡᠷᠡᠯ ᠢᠯᠴᠢ  ᠶᠢᠨ ᠡᠬᠢ ᠪᠠᠶᠠᠯᠢᠭ ᠡᠯᠪᠡᠭ᠂ ᠵᠢᠯ ᠤᠨ ᠶᠡᠷᠥᠩᠬᠡᠢ ᠨᠠᠷᠠᠨ ᠤ ᠰᠠᠴᠣᠷᠠᠯᠲᠠ ᠶᠢᠨ ᠬᠡᠮᠵᠢᠶ᠎ᠡ ᠨᠢ ᠳᠡᠭᠰᠢ ᠳᠦᠷᠪᠡᠯᠵᠢᠨ ᠰᠡᠨᠲ᠋ᠢᠮᠧᠲᠷ ᠪᠦᠷᠢ 121— 129 ᠺᠢᠯᠣᠺᠠᠯᠣᠷᠢ᠂ ᠵᠢᠯ ᠤᠨ ᠳᠣᠮᠳᠠᠴᠢ ᠨᠠᠷᠠᠨ ᠤ ᠳᠣᠰᠣᠯᠲᠠ ᠶᠢᠨ ᠬᠤᠭᠤᠴᠠᠭ᠎ᠠ ᠨᠢ 2900 ᠴᠠᠭ ᠪᠠᠶᠢᠵᠣ᠂ 0℃ ᠠᠴᠠ ᠶᠡᠭᠡ ᠪᠣᠶᠣ ᠲᠡᠩᠴᠡᠭᠦᠦ ᠪᠠᠶᠢᠳᠠᠭ ᠬᠤᠷᠠᠮᠠᠭ ᠳᠣᠯᠠᠭᠠᠨ  ᠨᠢ 2354.9℃᠂ ᠵᠣᠨ ᠤ ᠣᠯᠠᠷᠢᠯ ᠳᠤ ᠬᠠᠮᠤᠭ ᠣᠷᠳᠣ ᠨᠠᠷᠠᠨ ᠤ ᠳᠣᠰᠣᠯᠲᠠ ᠨᠢ 16 ᠴᠠᠭ ᠬᠦᠷᠳᠡᠭ᠂ ᠨᠠᠷᠠᠨ ᠤ ᠳᠣᠰᠣᠯᠲᠠ ᠶᠢᠨ ᠬᠤᠭᠤᠴᠠᠭ᠎ᠠ ᠣᠷᠳᠣ ᠪᠠᠶᠢᠬᠤ ᠨᠢ ᠮᠠᠯ ᠠᠵᠣ ᠠᠬᠤᠢ ᠶᠢᠨ ᠦᠢᠯᠡᠳᠪᠦᠷᠢᠯᠡᠯ ᠳᠤ ᠮᠠᠰᠢ ᠠᠰᠢᠭ ᠲᠠᠢ᠃ ᠡᠪᠦᠯ ᠤᠨ ᠣᠯᠠᠷᠢᠯ ᠳᠤ ᠨᠠᠷᠠᠨ ᠤ ᠳᠣᠰᠣᠯᠲᠠ ᠶᠢᠨ ᠬᠤᠭᠤᠴᠠᠭ᠎ᠠ ᠨᠢ ᠣᠬᠤᠷ᠂ ᠨᠠᠷᠠᠨ ᠤ ᠳᠣᠰᠣᠯᠲᠠ ᠪᠠᠷ ᠬᠠᠮᠤᠭ ᠣᠬᠤᠷ ᠴᠠᠭ ᠤᠨ ᠲᠤᠭ᠎ᠠ ᠨᠢ 8 ᠴᠠᠭ ᠪᠣᠯᠣᠨ᠎ᠠ᠃ ᠰᠠᠯᠬᠢᠨ ᠤ ᠶᠡᠭᠡ ᠪᠠᠭ᠎ᠠ ᠨᠢ ᠭᠠᠵᠠᠷ  ᠤᠨ ᠪᠠᠶᠢᠴᠠ ᠳᠤ ᠨᠦᠯᠦᠭᠡᠯᠡᠭᠳᠡᠨ᠎ᠡ᠂ ᠵᠢᠯ ᠤᠨ ᠰᠠᠯᠬᠢᠨ ᠤ ᠬᠤᠷᠳᠣᠴᠠ ᠨᠢ ᠵᠡᠬᠦᠨ ᠡᠮᠦᠨ᠎ᠡ ᠠᠴᠠ ᠪᠠᠷᠠᠭᠤᠨ ᠬᠤᠶᠢᠰᠢ ᠠᠭᠠᠵᠢᠮ ᠢᠶᠠᠷ ᠶᠡᠬᠡᠰᠴᠦ᠂ ᠶᠡᠬᠡᠩᠬᠡᠢ ᠭᠠᠵᠠᠷ ᠣᠷᠣᠨ ᠤ ᠵᠢᠯ ᠤᠨ ᠳᠣᠮᠳᠠᠴᠢ ᠰᠠᠯᠬᠢᠨ ᠤ ᠬᠤᠷᠳᠣᠴᠠ ᠨᠢ ᠰᠧᠺᠦ᠋ᠨ᠋ᠲ ᠪᠦᠷᠢ 4 ᠮᠧᠲᠷ ᠪᠠᠶᠢᠵᠣ᠂ ᠵᠢᠯ ᠳᠣᠮᠳᠠᠴᠢ ᠪᠠᠷ 21 — 25 ᠬᠤᠨᠤᠭ ᠪᠠᠶᠢᠳᠠᠭ᠃     ᠭᠤᠷᠪᠠ᠂ ᠣᠰᠣᠨ ᠤ ᠡᠬᠢ ᠰᠣᠷᠪᠣᠯᠵᠢ    ︵ ᠨᠢᠭᠡ︶ ᠭᠠᠵᠠᠷ ᠤᠨ ᠭᠠᠳᠠᠷᠭᠤ ᠶᠢᠨ ᠣᠰᠣ     1. ᠭᠤᠣᠯ ᠮᠦᠷᠡᠨ     ᠬᠤᠰᠢᠭᠤᠨ ᠤ ᠬᠢᠯᠢ ᠳᠣᠳᠣᠷᠠᠬᠢ ᠭᠤᠣᠯ ᠮᠦᠷᠡᠨ ᠨᠢ ᠬᠠᠷᠠᠮᠦ᠋ᠷᠡᠨ ᠤ ᠳᠡᠭᠡᠳᠦ ᠣᠷᠣᠰᠬᠠᠯ ᠡᠷᠬᠦᠨ᠎ᠡ ᠭᠤᠣᠯ  ᠤᠨ ᠣᠰᠣᠨ ᠤ ᠴᠠᠷᠠᠭ᠎ᠠ᠂ ᠬᠠᠶᠢᠯᠠᠷ ᠭᠤᠣᠯ ᠤᠨ ᠣᠰᠣᠨ ᠰᠢᠰᠲ᠋ᠧᠮ ᠳᠤ ᠬᠠᠷᠢᠶᠠᠯᠠᠭᠳᠠᠵᠣ᠂ ᠬᠢᠯᠢ ᠳᠣᠳᠣᠷᠠᠬᠢ 263 ᠵᠣᠷᠪᠣᠰ ᠭᠤᠣᠯ ᠭᠤᠷᠤᠬ᠎ᠠ ᠶᠢᠨ ᠭᠤᠣᠯ ᠤᠨ ᠣᠷᠳᠣ ᠨᠢ 20 ᠺᠢᠯᠣᠮᠧᠲᠷ ᠠᠴᠠ ᠳᠡᠭᠡᠭᠰᠢ ᠪᠣᠯᠬᠤ ᠨᠢ 31 ᠵᠣᠷᠪᠣᠰ ᠪᠣᠢ᠂ ᠭᠤᠣᠯ ᠤᠨ ᠶᠡᠷᠥᠩᠬᠡᠢ ᠣᠷᠳᠣ ᠶᠢᠨ ᠬᠡᠮᠵᠢᠶ᠎ᠡ ᠨᠢ 5397.97 ᠺᠢᠯᠣᠮᠧᠲᠷ᠂ ᠭᠤᠣᠯ ᠤᠨ ᠵᠠᠮ  ᠤᠨ ᠣᠰᠣᠨ ᠭᠠᠳᠠᠷᠭᠤ ᠶᠢᠨ ᠲᠠᠯᠠᠪᠠᠢ ᠨᠢ 108.8 ᠳᠡᠭᠰᠢ ᠳᠦᠷᠪᠡᠯᠵᠢᠨ ᠺᠢᠯᠣᠮᠧᠲᠷ᠂ ᠣᠯᠠᠨ ᠵᠢᠯ ᠤᠨ ᠳᠣᠮᠳᠠᠴᠢ ᠣᠷᠣᠰᠬᠠᠯ ᠤᠨ ᠬᠡᠮᠵᠢᠶ᠎ᠡ ᠨᠢ 10.7 ᠳ᠋ᠦᠩᠰᠢᠭᠤᠷ ᠺᠦᠪ ᠮᠧᠲᠷ᠃ ᠭᠤᠣᠯᠳᠠᠭᠤ ᠢᠮᠢᠨ ᠭᠤᠣᠯ᠂ ᠬᠤᠢ ᠭᠤᠣᠯ᠂ ᠮᠡᠬᠡᠷᠲᠦ ᠭᠤᠣᠯ᠂ ᠵᠠᠨᠢᠾᠧ ᠭᠤᠣᠯ᠂ ᠰᠢᠨᠡᠬᠡᠨ ᠭᠤᠣᠯ᠂ ᠣᠭᠤᠨᠣ ᠶᠢᠨ ᠭᠤᠣᠯ᠂ ᠬᠦᠢᠳᠡᠨ ᠭᠤᠣᠯ ᠵᠡᠷᠭᠡ ᠪᠣᠢ᠃ ᠢᠮᠢᠨ ᠭᠤᠣᠯ ᠪᠣᠯ ᠪᠦᠬᠦ ᠬᠤᠰᠢᠭᠤᠨ ᠤ ᠬᠠᠮᠤᠭ ᠳᠣᠮᠣ ᠭᠤᠣᠯ ᠪᠠᠶᠢᠵᠣ᠂ ᠡᠮᠦᠨ᠎ᠡ ᠠᠴᠠ  ᠣᠮᠠᠷᠠᠰᠢ ᠴᠢᠭᠯᠡᠯ ᠢᠶᠠᠷ ᠪᠦᠬᠦ ᠬᠤᠰᠢᠭᠤ ᠪᠠᠷ ᠨᠡᠪᠳᠡᠷᠡᠵᠦ ᠬᠠᠶᠢᠯᠠᠷ ᠲᠣᠭᠤᠷᠢᠭ ᠢᠶᠠᠷ ᠳᠠᠮᠵᠢᠨ ᠬᠠᠶᠢᠯᠠᠷ ᠭᠤᠣᠯ ᠳᠤ ᠨᠡᠶᠢᠯᠡᠵᠦ᠂ ᠭᠤᠣᠯ ᠣᠷᠣᠰᠬᠠᠯ ᠤᠨ ᠣᠷᠳᠣ ᠨᠢ 359.4 ᠺᠢᠯᠣᠮᠧᠲᠷ᠂ ᠭᠤᠣᠯ ᠰᠠᠯᠪᠣᠷᠢ ᠣᠷᠣᠰᠬᠠᠯ ᠤᠨ ᠶᠡᠷᠥᠩᠬᠡᠢ ᠣᠷᠳᠣ ᠨᠢ 3998.46 ᠺᠢᠯᠣᠮᠧᠲᠷ ᠪᠠᠶᠢᠵᠣ᠂ ᠪᠦᠬᠦ ᠰᠠᠪᠠ ᠭᠠᠵᠠᠷ ᠤᠨ ᠲᠠᠯᠠᠪᠠᠢ ᠨᠢ 22570 ᠳᠡᠭᠰᠢ ᠳᠦᠷᠪᠡᠯᠵᠢᠨ ᠺᠢᠯᠣᠮᠧᠲᠷ᠂ ᠣᠰᠣᠨ ᠤ ᠭᠠᠳᠠᠷᠭᠤ ᠶᠢᠨ ᠲᠠᠯᠠᠪᠠᠢ ᠨᠢ 86.4 ᠲᠡᠭᠰᠢ ᠳᠦᠷᠪᠡᠯᠵᠢᠨ ᠺᠢᠯᠣᠮᠧᠲᠷ᠂ ᠣᠯᠠᠨ ᠵᠢᠯ ᠤᠨ ᠳᠣᠮᠳᠠᠴᠢ ᠣᠷᠣᠰᠬᠠᠯ ᠤᠨ ᠬᠡᠮᠵᠢᠶ᠎ᠡ ᠨᠢ 10.8 ᠳ᠋ᠦᠩᠰᠢᠭᠤᠷ ᠺᠦᠪ ᠮᠧᠲᠷ᠃ ᠬᠤᠢ ᠭᠤᠣᠯ ᠪᠣᠯ ᠢᠮᠢᠨ ᠭᠤᠣᠯ  ᠤᠨ ᠬᠠᠮᠤᠭ ᠲᠣᠮᠣ ᠰᠠᠯᠪᠣᠷᠢ ᠣᠷᠣᠰᠬᠠᠯ ᠪᠣᠯᠣᠨ᠎ᠠ᠃ ᠦᠪᠡᠷᠲᠡᠭᠡᠨ ᠵᠠᠰᠠᠬᠤ ᠬᠤᠰᠢᠭᠤᠨ ᠤ ᠬᠢᠯᠢ ᠳᠣᠳᠣᠷᠠᠬᠢ ᠭᠤᠣᠯ᠂ ᠭᠤᠣᠯ ᠣᠷᠣᠰᠬᠠᠯ ᠤᠨ ᠣᠷᠳᠣ ᠨᠢ 362.5 ᠺᠢᠯᠣᠮᠧᠲᠷ᠂ ᠭᠤᠣᠯ ᠰᠠᠯᠪᠣᠷᠢ ᠣᠷᠣᠰᠬᠠᠯ ᠤᠨ ᠶᠡᠷᠥᠩᠬᠡᠢ ᠣᠷᠳᠣ ᠨᠢ 1279.76 ᠺᠢᠯᠣᠮᠧᠲᠷ᠂ ᠪᠦᠬᠦ ᠰᠠᠪᠠ ᠭᠠᠵᠠᠷ ᠤᠨ ᠲᠠᠯᠠᠪᠠᠢ ᠨᠢ 11465 ᠲᠡᠭᠰᠢ ᠳᠦᠷᠪᠡᠯᠵᠢᠨ ᠺᠢᠯᠣᠮᠧᠲᠷ᠂ ᠣᠯᠠᠨ ᠵᠢᠯ ᠤᠨ ᠳᠣᠮᠳᠠᠴᠢ ᠣᠷᠣᠰᠬᠠᠯ ᠤᠨ ᠬᠡᠮᠵᠢᠶ᠎ᠡ ᠨᠢ 1.12 ᠳ᠋ᠦᠩᠰᠢᠭᠤᠷ ᠺᠦᠪ ᠮᠧᠲᠷ᠃     2. ᠨᠠᠭᠤᠷ ᠴᠦᠬᠦᠷᠣᠮ     ᠦᠪᠡᠷᠲᠡᠭᠡᠨ ᠵᠠᠰᠠᠬᠤ ᠬᠤᠰᠢᠭᠤᠨ ᠤ ᠬᠢᠯᠢ ᠳᠣᠳᠣᠷ᠎ᠠ ᠨᠠᠭᠤᠷ ᠴᠦᠬᠦᠷᠦᠮ ᠣᠯᠠᠨ᠂ ᠣᠳᠣᠨ ᠮᠡᠴᠢᠳ ᠰᠢᠭ ᠲᠠᠷᠬᠠᠵᠣ ᠪᠠᠶᠢᠳᠠᠭ᠂ ᠶᠡᠭᠡ ᠪᠠᠭ᠎ᠠ ᠨᠠᠭᠤᠷ ᠨᠡᠶᠢᠲᠡ 1465 ᠪᠣᠢ᠂ ᠶᠡᠷᠥᠩᠬᠡᠢ ᠲᠠᠯᠠᠪᠠᠢ ᠨᠢ 127 ᠲᠡᠭᠰᠢ ᠳᠦᠷᠪᠡᠯᠵᠢᠨ ᠺᠢᠯᠣᠮᠧᠲᠷ ᠪᠣᠯᠣᠨ᠎ᠠ᠂ ᠡᠬᠦᠨ ᠳᠤ᠂ ᠨᠠᠭᠤᠷ ᠴᠦᠬᠦᠷᠣᠮ ᠨᠢ 570 ᠪᠠᠶᠢᠵᠣ᠂ ᠣᠰᠣᠨ ᠭᠠᠳᠠᠷᠭᠤ  ᠶᠢᠨ ᠲᠠᠯᠠᠪᠠᠢ ᠨᠢ 39 ᠬᠠᠪᠳᠠᠭᠠᠢ ᠳᠦᠷᠪᠡᠯᠵᠢᠨ ᠺᠢᠯᠣᠮᠧᠲᠷ᠂ ᠣᠯᠠᠩᠬᠢ ᠨᠢ ᠬᠤᠢ ᠭᠤᠣᠯ ᠤᠨ ᠰᠠᠪᠠ ᠭᠠᠵᠠᠷ ᠲᠤ ᠲᠦᠪᠯᠡᠷᠡᠵᠦ ᠪᠤᠢ᠃     ︵ ᠬᠤᠶᠠᠷ︶ ᠭᠠᠵᠠᠷ ᠳᠣᠣᠷᠠᠬᠢ ᠣᠰᠣ‌ᠦᠪᠡᠷᠲᠡᠭᠡᠨ ᠵᠠᠰᠠᠬᠤ ᠬᠤᠰᠢᠭᠤᠨ ᠤ ᠭᠠᠵᠠᠷ ᠳᠣᠣᠷᠠᠬᠢ ᠣᠰᠣᠨ ᠤ ᠬᠠᠳᠠᠭᠠᠯᠠᠭᠳᠠᠴᠠ ᠡᠯᠪᠡᠭ ᠪᠠᠶᠠᠯᠢᠭ ᠪᠠᠶᠢᠳᠠᠭ᠂ ᠣᠯᠠᠩᠬᠢ ᠨᠢ ᠨᠡᠬᠡᠬᠡᠵᠦ ᠮᠠᠯᠳᠠᠬᠤ ᠳᠤ ᠬᠢᠯᠪᠡᠷ ᠪᠠᠶᠢᠵᠣ᠂ ᠶᠡᠷᠦᠩᠬᠡᠢ ᠬᠠᠳᠠᠭᠠᠯᠠᠭᠳᠠᠴᠠ ᠨᠢ 5.5 ᠳ᠋ᠦᠩᠰᠢᠭᠤᠷ ᠺᠦᠪ ᠮᠧᠲᠷ᠃      ᠳᠦᠷᠪᠡ᠂ ᠭᠠᠵᠠᠷ ᠰᠢᠷᠣᠢ     ︵ ᠨᠢᠭᠡ︶ ᠲᠠᠷᠬᠠᠯᠲᠠ      ᠦᠪᠡᠷᠲᠡᠭᠡᠨ ᠵᠠᠰᠠᠬᠤ ᠬᠤᠰᠢᠭᠤᠨ ᠤ ᠬᠦᠷᠦᠰᠦ ᠰᠢᠷᠣᠢ ᠨᠢ ᠵᠡᠬᠦᠨ ᠠᠴᠠ ᠪᠠᠷᠠᠭᠤᠨᠰᠢ ᠶᠡᠭᠡ ᠲᠦᠯᠦᠪ ᠬᠦᠷᠡᠩ ᠦᠩᠭᠡᠳᠡᠢ ᠰᠢᠯᠣᠮᠣᠣᠰᠣᠲᠣ ᠣᠢ ᠶᠢᠨ ᠬᠦᠷᠦᠰᠦ᠂ ᠦᠨᠡᠰᠦᠨ ᠦᠩᠭᠡᠳᠡᠢ ᠣᠢ ᠰᠢᠭᠤᠢ ᠶᠢᠨ ᠬᠦᠷᠦᠰᠦ᠂ ᠺᠠᠯᠼᠲᠣ ᠬᠠᠷ᠎ᠠ ᠬᠦᠷᠦᠰᠦ᠂ ᠺᠠᠯᠼᠲᠣ ᠬᠦᠷᠡᠩ ᠬᠦᠷᠦᠰᠦ ᠵᠡᠷᠭᠡ 4 ᠬᠦᠷᠦᠰᠦ ᠰᠢᠷᠣᠢ ᠶᠢᠨ ᠪᠦᠰᠡ ᠪᠣᠯᠣᠨ᠎ᠠ᠃     ︵ ᠬᠤᠶᠠᠷ︶ ᠬᠦᠷᠦᠰᠦ ᠰᠢᠷᠣᠢ ᠶᠢᠨ ᠲᠦᠷᠦᠯ      ᠭᠠᠵᠠᠷ ᠤᠨ ᠬᠡᠯᠪᠡᠷᠢ ᠭᠠᠵᠠᠷ ᠤᠨ ᠭᠠᠳᠠᠷᠭᠤ᠂ ᠣᠰᠣᠨ ᠵᠦᠢ ᠶᠢᠨ ᠭᠠᠵᠠᠷ ᠰᠢᠨᠵᠢᠯᠡᠭᠡ ᠶᠢᠨ ᠨᠦᠬᠦᠴᠡᠯ ᠤᠨ ᠨᠦᠯᠦᠬᠡᠯᠡᠯ ᠠᠴᠠ ᠪᠣᠯᠵᠣ᠂ ᠬᠤᠰᠢᠭᠤᠨ ᠤ ᠬᠢᠯᠢ ᠳᠣᠳᠣᠷᠠᠬᠢ ᠬᠦᠷᠦᠰᠦ ᠰᠢᠷᠣᠢ ᠶᠢᠨ ᠲᠦᠷᠦᠯ ᠬᠡᠯᠪᠡᠷᠢ ᠨᠢ ᠣᠯᠠᠨ ᠶᠠᠩᠵᠣᠲᠣ ᠪᠣᠳᠣᠯᠢᠶᠠᠯᠳᠠᠢ ᠪᠠᠶᠢᠳᠠᠭ᠃ ᠪᠦᠬᠦ ᠬᠤᠰᠢᠭᠤᠨ ᠳᠤ ᠨᠡᠶᠢᠲᠡ 9 ᠲᠦᠷᠦᠯ ᠬᠡᠯᠪᠡᠷᠢ᠂ 22 ᠳᠡᠳ᠋ ᠲᠦᠷᠦᠯ᠂ 43 ᠬᠦᠷᠦᠰᠦ ᠶᠢᠨ ᠲᠦᠷᠦᠯ ᠪᠠᠶᠢᠵᠣ᠂ ᠭᠤᠣᠯ ᠪᠣᠯᠬᠤ ᠬᠦᠷᠦᠰᠦ ᠰᠢᠷᠣᠢ ᠶᠢᠨ ᠲᠦᠷᠦᠯ ᠬᠡᠯᠪᠡᠷᠢ ᠳᠤ ᠳᠣᠣᠷᠠᠬᠢ ᠬᠡᠳᠦᠨ ᠵᠦᠢᠯ ᠪᠠᠶᠢᠳᠠᠭ᠄      ᠬᠦᠷᠡᠩ ᠦᠩᠭᠡᠳᠡᠢ ᠰᠢᠯᠣᠮᠣᠣᠰᠣᠲᠣ ᠣᠢ ᠶᠢᠨ ᠬᠦᠷᠦᠰᠦ      ᠵᠡᠬᠦᠨ ᠡᠮᠦᠨ᠎ᠡ ᠬᠡᠰᠡᠭ ᠤᠨ ᠠᠭᠤᠯᠠᠷᠬᠠᠭ ᠭᠠᠵᠠᠷ ᠤᠨ ᠳᠠᠯᠠᠢ ᠶᠢᠨ ᠲᠦᠪᠰᠢᠨ ᠠᠴᠠ 1200 ᠮᠧᠲᠷ ᠡᠷᠭᠦᠭᠳᠡᠭᠰᠡᠨ ᠭᠠᠵᠠᠷ ᠪᠦᠰᠡ ᠳᠤ ᠲᠠᠷᠬᠠᠵᠣ᠂ ᠣᠶᠢᠵᠢᠭᠤᠯᠬᠤ ᠳᠤ ᠲᠣᠬᠢᠷᠠᠨ᠎ᠠ᠃ ᠬᠤᠴᠢᠯᠭ᠎ᠠ ᠨᠢ ᠬᠢᠩᠭᠠᠨ ᠤ ᠬᠠᠷᠭᠠᠢ ᠪᠣᠯᠣᠨ ᠣᠢ ᠶᠢᠨ ᠳᠣᠣᠷᠠᠬᠢ ᠪᠣᠳᠠ ᠮᠣᠳᠣ  ᠪᠠᠷ ᠭᠤᠣᠯᠯᠠᠨ᠎ᠠ᠃ ᠲᠠᠯᠠᠪᠠᠢ ᠨᠢ 94742 ᠡᠾᠧᠺᠲ᠋ᠠᠷ ᠪᠠᠶᠢᠵᠣ᠂ ᠪᠦᠬᠦ ᠬᠤᠰᠢᠭᠤᠨ ᠤ ᠨᠣᠲᠤᠭ ᠳᠡᠪᠢᠰᠬᠡᠷ ᠤᠨ ᠶᠡᠷᠥᠩᠬᠡᠢ ᠲᠠᠯᠠᠪᠠᠢ ᠶᠢᠨ 5.06% ᠢ ᠡᠵᠡᠯᠡᠨ᠎ᠡ᠃      ᠦᠨᠡᠰᠦᠨ ᠪᠣᠷᠣ ᠦᠩᠭᠡᠳᠡᠢ ᠣᠢ ᠶᠢᠨ ᠬᠦᠷᠦᠰᠦ      ᠪᠡᠰᠡᠷᠡᠭ ᠠᠭᠤᠯᠠ ᠳᠣᠪᠣᠴᠠᠭ᠂ ᠳᠠᠯᠠᠢ ᠶᠢᠨ ᠲᠦᠪᠰᠢᠨ ᠠᠴᠠ 950— 1200 ᠮᠧᠲᠷ ᠡᠷᠭᠦᠭᠳᠡᠭᠰᠡᠨ ᠭᠠᠵᠠᠷ ᠪᠦᠰᠡ ᠪᠠᠷ ᠲᠠᠷᠬᠠᠵᠣ ᠪᠣᠢ᠂ ᠣᠶᠢᠵᠢᠭᠤᠯᠬᠤ  ᠳᠤ ᠲᠣᠬᠢᠷᠠᠬᠤ ᠰᠠᠶᠢᠨ ᠬᠦᠷᠦᠰᠦ᠂ ᠣᠢ ᠰᠢᠭᠤᠢ ᠲᠠᠯ᠎ᠠ ᠨᠣᠲᠤᠭ ᠤᠨ ᠬᠦᠷᠦᠰᠦ ᠰᠢᠷᠣᠢ ᠶᠢᠨ ᠰᠢᠯᠵᠢᠯᠳᠡ ᠶᠢᠨ ᠲᠦᠷᠦᠯ ᠬᠡᠯᠪᠡᠷᠢ ᠪᠣᠯᠣᠨ᠎ᠠ᠃ ᠲᠠᠯᠠᠪᠠᠢ ᠨᠢ 283970 ᠡᠾᠧᠺᠲ᠋ᠠᠷ᠂ ᠪᠦᠬᠦ ᠬᠤᠰᠢᠭᠤᠨ ᠤ ᠬᠦᠷᠦᠰᠦ ᠰᠢᠷᠣᠢ  ᠶᠢᠨ ᠶᠡᠷᠥᠩᠬᠡᠢ ᠲᠠᠯᠠᠪᠠᠢ ᠶᠢᠨ 15.18% ᠢ ᠡᠵᠡᠯᠡᠨ᠎ᠡ᠃      ᠺᠠᠯᠼᠳᠤ ᠬᠠᠷ᠎ᠠ ᠰᠢᠷᠣᠢ      ᠳᠣᠪᠣᠴᠠᠭ ᠪᠣᠯᠣᠨ ᠳᠣᠯᠬᠢᠶᠠᠨ ᠬᠡᠯᠪᠡᠷᠢᠲᠦ ᠦᠨᠳᠦᠷ ᠲᠡᠭᠰᠢ ᠭᠠᠵᠠᠷ ᠤᠨ ᠳᠠᠯᠠᠢ ᠶᠢᠨ ᠲᠦᠪᠰᠢᠨ ᠠᠴᠠ 800— 1000 ᠮᠧᠲᠷ ᠡᠷᠭᠦᠭᠳᠡᠭᠰᠡᠨ ᠭᠠᠵᠠᠷ ᠪᠦᠰᠡ ᠪᠠᠷ ᠲᠠᠷᠬᠠᠵᠣ ᠪᠣᠢ᠂ ᠣᠶᠢᠵᠢᠭᠤᠯᠬᠤ᠂ ᠮᠠᠯᠯᠠᠬᠤ᠂ ᠲᠡᠷᠢᠶᠠᠯᠠᠬᠤ ᠳᠤ ᠵᠣᠬᠢᠴᠠᠬᠤ ᠰᠠᠶᠢᠨ ᠬᠦᠷᠦᠰᠦ ᠪᠣᠯᠣᠨ᠎ᠠ᠃ ᠲᠠᠯᠠᠪᠠᠢ ᠨᠢ 429166 ᠡᠾᠧᠺᠲ᠋ᠠᠷ᠂ ᠪᠦᠬᠦ ᠬᠤᠰᠢᠭᠤᠨ ᠤ ᠭᠠᠵᠠᠷ ᠰᠢᠷᠣᠢ ᠶᠢᠨ ᠶᠡᠷᠥᠩᠬᠡᠢ ᠲᠠᠯᠠᠪᠠᠢ ᠶᠢᠨ 22.95% ᠢ ᠡᠵᠡᠯᠡᠵᠦ ᠪᠣᠢ᠃      ᠺᠠᠯᠼᠲᠣ ᠬᠦᠷᠡᠩ ᠰᠢᠷᠣᠢ      ᠺᠠᠯᠼᠳᠣ ᠬᠠᠷ᠎ᠠ ᠰᠢᠷᠣᠶᠢᠳᠣ ᠬᠦᠷᠦᠰᠦ ᠠᠴᠠ ᠪᠠᠷᠠᠭᠤᠨᠰᠢ ᠦᠷᠭᠡᠨ ᠠᠭᠤᠳᠠᠮ ᠳᠣᠯᠬᠢᠶᠠᠨ ᠬᠡᠯᠪᠡᠷᠢᠲᠦ ᠦᠨᠳᠦᠷ ᠳᠡᠭᠰᠢ ᠭᠠᠵᠠᠷ ᠪᠣᠯᠣᠨ ᠬᠡᠰᠡᠭ ᠭᠤᠣᠯ ᠤᠨ ᠬᠦᠨᠳᠡᠢ ᠶᠢᠨ ᠢᠳᠡᠭᠳᠡᠮᠡᠯ ᠲᠠᠯ᠎ᠠ ᠶᠢᠨ ᠳᠠᠯᠠᠢ ᠶᠢᠨ ᠲᠦᠪᠰᠢᠨ ᠠᠴᠠ 610— 800 ᠮᠧᠲᠷ ᠡᠷᠭᠦᠭᠳᠡᠭᠰᠡᠨ ᠭᠠᠵᠠᠷ ᠪᠦᠰᠡ ᠳᠤ ᠲᠠᠷᠬᠠᠵᠣ ᠪᠠᠶᠢᠨ᠎ᠠ᠂ ᠨᠡᠶᠢᠳᠡᠯᠢᠭ  ᠬᠡᠬᠡᠷ᠎ᠡ ᠲᠠᠯ᠎ᠠ ᠶᠢᠨ ᠭᠠᠵᠠᠷ ᠪᠦᠰᠡ ᠪᠠᠶᠢᠵᠣ᠂ ᠮᠠᠯ ᠬᠠᠷᠢᠭᠤᠯᠬᠤ ᠪᠠᠶᠢᠭᠠᠯᠢᠯᠢᠭ ᠡᠪᠡᠰᠦ ᠪᠣᠯᠣᠨ ᠬᠠᠳᠣᠯᠠᠩ ᠤᠨ ᠲᠠᠯᠠᠪᠠᠢ ᠪᠣᠯᠣᠨ᠎ᠠ᠃ ᠲᠠᠯᠠᠪᠠᠢ ᠨᠢ 540714 ᠡᠾᠧᠺᠲ᠋ᠠᠷ᠂ ᠪᠦᠬᠦ ᠬᠤᠰᠢᠭᠤᠨ ᠤ ᠭᠠᠵᠠᠷ ᠰᠢᠷᠣᠢ ᠶᠢᠨ ᠶᠡᠷᠥᠩᠬᠡᠢ ᠲᠠᠯᠠᠪᠠᠢ ᠶᠢᠨ 29.20% ᠢ ᠡᠵᠡᠯᠡᠵᠦ ᠪᠣᠢ᠃      ᠨᠣᠭᠤ ᠶᠢᠨ ᠬᠦᠷᠦᠰᠦ      ᠪᠦᠬᠦ ᠬᠤᠰᠢᠭᠤᠨ ᠤ ᠡᠯ᠎ᠡ ᠭᠠᠵᠠᠷ ᠪᠦᠰᠡ ᠶᠢᠨ ᠴᠢᠨᠠᠷᠲᠠᠢ ᠬᠦᠷᠦᠰᠦ ᠰᠢᠷᠣᠶᠢᠳᠣ ᠣᠷᠣᠨ ᠳᠤ ᠲᠠᠷᠬᠠᠵᠣ᠂ ᠪᠦᠰᠡᠯᠢᠭ ᠬᠡᠯᠪᠡᠷᠢ ᠪᠠᠷ ᠮᠣᠳᠣᠨ ᠨᠠᠮᠠᠭ᠎ᠠ ᠰᠢᠭ᠋ ᠲᠠᠷᠬᠠᠴᠠ ᠲᠠᠢ ᠪᠣᠶᠣ ᠣᠷᠣᠨ ᠪᠦᠰᠡᠯᠢᠭ ᠴᠢᠨᠠᠷᠲᠠᠢ ᠬᠦᠷᠦᠰᠦ ᠰᠢᠷᠣᠢ ᠯᠤᠭ᠎ᠠ ᠬᠦᠷᠦᠰᠦ ᠰᠢᠷᠣᠢ ᠶᠢᠨ ᠬᠤᠴᠢᠯᠭ᠎ᠠ ᠶᠢᠨ ᠪᠠᠶᠢᠳᠠᠯ ᠢ ᠪᠦᠷᠢᠯᠳᠦᠭᠦᠯᠵᠦ᠂ ᠣᠰᠣᠨ ᠭᠠᠳᠠᠷᠭᠤ ᠠᠴᠠ ᠭᠠᠵᠠᠷ ᠤᠨ ᠭᠠᠳᠠᠷᠭᠤ ᠲᠡᠰᠢ ᠰᠢᠯᠵᠢᠬᠦ ᠠᠩᠬᠠᠨ ᠤ ᠱᠠᠲᠣ ᠪᠣᠯᠪᠠ᠃ ᠲᠠᠯᠠᠪᠠᠢ ᠨᠢ 130952 ᠡᠾᠧᠺᠲ᠋ᠠᠷ᠂ ᠪᠦᠬᠦ ᠬᠤᠰᠢᠭᠤᠨ ᠤ ᠭᠠᠵᠠᠷ ᠰᠢᠷᠣᠢ ᠶᠢᠨ ᠶᠡᠷᠥᠩᠬᠡᠢ ᠲᠠᠯᠠᠪᠠᠢ ᠶᠢᠨ 7.0% ᠢ ᠡᠵᠡᠯᠡᠵᠦ ᠪᠣᠢ᠃      ᠨᠠᠮᠤᠭ ᠤᠨ ᠬᠦᠷᠦᠰᠦ      ᠪᠦᠬᠦ ᠬᠤᠰᠢᠭᠤᠨ ᠤ ᠵᠢᠯᠠᠭ᠎ᠠ ᠨᠠᠮ ᠳᠣᠣᠷ᠎ᠠ ᠭᠠᠵᠠᠷ᠂ ᠭᠤᠣᠯ ᠮᠦᠷᠡᠨ ᠨᠠᠭᠤᠷ ᠴᠦᠬᠦᠷᠦᠮ ᠤᠨ ᠡᠷᠬᠢᠨ ᠲᠣᠭᠤᠷᠢᠨ ᠤ ᠨᠠᠮ ᠳᠣᠣᠷ᠎ᠠ ᠴᠢᠭᠡᠭᠯᠢᠭ ᠭᠠᠵᠠᠷ ᠪᠣᠯᠣᠨ ᠣᠰᠣ ᠬᠤᠷᠠᠬᠤ ᠬᠡᠰᠡᠭ᠂ ᠬᠤᠢ ᠭᠤᠣᠯ ᠤᠨ ᠳᠣᠮᠳᠠ ᠳᠣᠣᠷᠠᠳᠣ ᠣᠷᠣᠰᠬᠠᠯ ᠤᠨ ᠨᠠᠮᠤᠭ ᠤᠨ ᠬᠦᠷᠦᠰᠦ ᠲᠠᠢ ᠭᠠᠵᠠᠷ ᠲᠤ ᠲᠠᠷᠬᠠᠵᠣ ᠪᠣᠢ᠂ ᠪᠦᠬᠦ ᠬᠤᠰᠢᠭᠤᠨ ᠤ ᠬᠤᠯᠣᠰᠣ ᠭᠠᠷᠳᠠᠭ ᠭᠤᠣᠯ ᠭᠠᠵᠠᠷ ᠪᠣᠯᠣᠨ᠎ᠠ᠃ ᠲᠠᠯᠠᠪᠠᠢ ᠨᠢ 139775 ᠡᠾᠧᠺᠲ᠋ᠠᠷ ᠪᠠᠶᠢᠵᠣ᠂ ᠪᠦᠬᠦ ᠬᠤᠰᠢᠭᠤᠨ ᠤ ᠭᠠᠵᠠᠷ ᠰᠢᠷᠣᠢ ᠶᠢᠨ ᠶᠡᠷᠥᠩᠬᠡᠢ ᠲᠠᠯᠠᠪᠠᠢ ᠶᠢᠨ 7.5% ᠢ ᠡᠵᠡᠯᠡᠵᠦ ᠪᠣᠢ᠃      ᠢᠳᠡᠭᠳᠡᠮᠡᠯ ᠬᠦᠷᠦᠰᠦ      ᠲᠠᠷᠬᠠᠯᠲᠠ ᠪᠠᠷ ᠦᠷᠭᠡᠨ᠂ ᠪᠦᠰᠡᠯᠢᠭ ᠬᠡᠯᠪᠡᠷᠢ ᠪᠠᠷ ᠬᠤᠢ ᠭᠤᠣᠯ ᠤᠨ ᠬᠤᠶᠢᠳᠣ ᠡᠷᠬᠢ ᠪᠠᠷ ᠲᠠᠷᠬᠠᠵᠣ᠂ ᠬᠠᠭᠤᠷᠠᠢ ᠬᠡᠬᠡᠷ᠎ᠡ᠂ ᠣᠶᠢᠳᠣ ᠬᠡᠬᠡᠷ᠎ᠡ ᠬᠤᠶᠠᠷ ᠭᠠᠵᠠᠷ ᠪᠦᠰᠡ ᠶᠢ ᠰᠣᠨᠳᠠᠯᠠᠵᠣ ᠪᠣᠢ᠃ ᠲᠠᠯᠠᠪᠠᠢ ᠨᠢ 225629 ᠡᠾᠧᠺᠲ᠋ᠠᠷ᠂ ᠪᠦᠬᠦ ᠬᠤᠰᠢᠭᠤᠨ ᠤ ᠭᠠᠵᠠᠷ ᠰᠢᠷᠣᠢ ᠶᠢᠨ ᠶᠡᠷᠥᠩᠬᠡᠢ ᠲᠠᠯᠠᠪᠠᠢ ᠶᠢᠨ 12.1% ᠢ ᠡᠵᠡᠯᠡᠵᠦ ᠪᠣᠢ᠃      ᠳᠠᠪᠣᠰᠣᠯᠢᠭ ᠬᠦᠷᠦᠰᠦ ᠪᠠ ᠬᠤᠵᠢᠷᠯᠢᠭ ᠬᠦᠷᠦᠰᠦ      ᠬᠤᠢ ᠭᠤᠣᠯ ᠤᠨ ᠳᠣᠮᠳᠠ ᠳᠣᠣᠷᠠᠳᠣ ᠣᠷᠣᠰᠬᠠᠯ  ᠤᠨ ᠡᠷᠬᠢ ᠳᠠᠭᠠᠣ ᠬᠢ ᠭᠤᠣᠯ ᠤᠨ ᠰᠠᠶᠢᠷᠭᠠᠯ ᠬᠡᠰᠡᠭ ᠤᠨ ᠨᠠᠭᠤᠷ ᠴᠦᠬᠦᠷᠦᠮ ᠤᠨ ᠡᠷᠬᠢᠨ ᠲᠣᠭᠤᠷᠢᠨ ᠤ ᠭᠠᠵᠠᠷ ᠪᠦᠰᠡ ᠪᠠᠷ ᠲᠠᠷᠬᠠᠵᠣ ᠪᠣᠢ᠂ ᠮᠠᠯ ᠰᠦᠷᠦᠭ ᠤᠨ ᠳᠠᠪᠣᠰᠣ ᠬᠤᠵᠢᠷ ᠨᠦᠬᠦᠪᠦᠷᠢᠯᠡᠬᠦ ᠭᠤᠣᠯ ᠭᠠᠵᠠᠷ ᠪᠣᠯᠣᠨ᠎ᠠ᠃ ᠲᠠᠯᠠᠪᠠᠢ ᠨᠢ 6888 ᠡᠾᠧᠺᠲ᠋ᠠᠷ᠂ ᠪᠦᠬᠦ ᠬᠤᠰᠢᠭᠤᠨ ᠤ ᠭᠠᠵᠠᠷ ᠰᠢᠷᠣᠢ ᠶᠢᠨ ᠶᠡᠷᠥᠩᠬᠡᠢ ᠲᠠᠯᠠᠪᠠᠢ ᠶᠢᠨ 0.37%  ᠢ ᠡᠵᠡᠯᠡᠵᠦ ᠪᠣᠢ᠃      ︵ ᠭᠤᠷᠪᠠ︶ ᠬᠤᠴᠢᠯᠭ᠎ᠠ      ᠪᠠᠶᠢᠭᠠᠯᠢ ᠶᠢᠨ ᠬᠤᠴᠢᠯᠭ᠎ᠠ ᠨᠢ ᠭᠠᠵᠠᠷ ᠰᠢᠨᠵᠢᠯᠡᠭᠡ ᠭᠠᠵᠠᠷ ᠤᠨ ᠭᠠᠳᠠᠷᠭᠤ ᠪᠣᠯᠣᠨ ᠣᠰᠣ ᠢᠯᠴᠢ ᠶᠢᠨ ᠨᠦᠬᠦᠴᠡᠯ ᠤᠨ ᠶᠡᠷᠥᠩᠬᠡᠶᠢᠯᠡᠭᠰᠡᠨ ᠨᠦᠯᠦᠭᠡᠯᠡᠯ ᠳᠣᠣᠷ᠎ᠠ᠂ ᠵᠡᠬᠦᠨ  ᠡᠮᠦᠨ᠎ᠡ ᠬᠡᠰᠡᠭ ᠤᠨ ᠠᠭᠤᠯᠠᠷᠬᠠᠭ ᠭᠠᠵᠠᠷ ᠠᠴᠠ ᠪᠠᠷᠠᠭᠤᠨ ᠬᠤᠶᠢᠳᠣ ᠬᠡᠰᠡᠭ ᠤᠨ ᠦᠨᠳᠦᠷ ᠲᠡᠭᠰᠢ ᠭᠠᠵᠠᠷ ᠬᠦᠷᠳᠡᠯ᠎ᠡ ᠣᠢ ᠰᠢᠭᠤᠢ᠂ ᠣᠶᠢᠳᠣ ᠬᠡᠬᠡᠷ᠎ᠡ᠂ ᠨᠣᠲᠤᠭ ᠪᠡᠯᠴᠢᠭᠡᠷ ᠭᠤᠷᠪᠠᠨ ᠣᠷᠭᠤᠮᠠᠯ ᠤᠨ ᠬᠤᠴᠢᠯᠭ᠎ᠠ ᠶᠢᠨ ᠪᠦᠰᠡ ᠪᠣᠢ᠃      ︵ ᠳᠦᠷᠪᠡ︶ ᠭᠠᠵᠠᠷ ᠰᠢᠷᠣᠢ ᠶᠢᠨ ᠡᠬᠢ ᠪᠠᠶᠠᠯᠢᠭ      ᠪᠦᠬᠦ ᠬᠤᠰᠢᠭᠤᠨ ᠤ ᠭᠠᠵᠠᠷ ᠰᠢᠷᠣᠢ ᠶᠢᠨ ᠠᠰᠢᠭᠯᠠᠯᠲᠠ ᠶᠢᠨ ᠣᠳᠣᠬᠢ ᠪᠠᠶᠢᠳᠠᠯ ᠳᠤ ᠪᠠᠶᠢᠴᠠᠭᠠᠯᠲᠠ ᠭᠢᠭᠰᠡᠨ ᠵᠢᠴᠢ ᠭᠠᠵᠠᠷ ᠰᠢᠷᠣᠢ ᠶᠢᠨ ᠬᠤᠪᠢᠷᠠᠭᠤᠯᠣᠯᠲᠠ ᠶᠢᠨ ᠪᠠᠶᠢᠴᠠᠭᠠᠯᠲᠠ ᠶᠢᠨ ᠪᠦᠷᠢᠳᠬᠡᠯ ᠢᠶᠠᠷ᠂ ᠪᠦᠬᠦ ᠬᠤᠰᠢᠭᠤᠨ ᠤ ᠭᠠᠵᠠᠷ ᠰᠢᠷᠣᠢ ᠶᠢᠨ ᠶᠡᠷᠥᠩᠬᠡᠢ ᠲᠠᠯᠠᠪᠠᠢ ᠨᠢ 2798.5 ᠲᠦᠮᠡᠨ ᠮᠣ᠋ ᠪᠣᠯᠣᠨ᠎ᠠ᠂ ᠡᠭᠦᠨ ᠳᠤ᠄ ᠣᠢ ᠰᠢᠭᠤᠢ ᠶᠢᠨ ᠲᠠᠯᠠᠪᠠᠢ ᠨᠢ 970.5 ᠲᠦᠮᠡᠨ ᠮᠣ᠋᠂ ᠨᠣᠲᠤᠭ ᠪᠡᠯᠴᠢᠭᠡᠷ ᠤᠨ ᠲᠠᠯᠠᠪᠠᠢ ᠨᠢ 1589.4 ᠲᠦᠮᠡᠨ ᠮᠣ᠋᠂ ᠪᠣᠰᠣᠳ ᠭᠠᠵᠠᠷ ᠰᠢᠷᠣᠢ ᠨᠢ 238.6 ᠲᠦᠮᠡᠨ ᠮᠣ᠋ ᠪᠣᠢ᠃      ᠲᠠᠪᠤ᠂ ᠠᠮᠢᠳᠠᠨ ᠣᠷᠭᠤᠮᠠᠯ      ᠬᠢᠯᠢ ᠳᠣᠳᠣᠷᠠᠬᠢ ᠬᠡᠬᠡᠷ᠎ᠡ ᠶᠢᠨ ᠣᠷᠭᠤᠮᠠᠯ ᠨᠢ 74 ᠢᠵᠠᠭᠤᠷ 298 ᠲᠦᠷᠦᠯ 682 ᠵᠦᠢᠯ ᠪᠠᠶᠢᠳᠠᠭ᠃ ᠡᠬᠦᠨ ᠳᠤ ᠭᠤᠣᠯ ᠪᠣᠯᠬᠤ ᠲᠡᠵᠢᠭᠡᠯ ᠪᠣᠷᠳᠣᠭᠠᠨ ᠳᠤ ᠬᠡᠷᠡᠭᠯᠡᠬᠦ ᠣᠷᠭᠤᠮᠠᠯ ᠨᠢ 38 ᠢᠵᠠᠭᠤᠷ 170 ᠲᠦᠷᠦᠯ 414 ᠵᠦᠢᠯ ᠪᠠᠶᠢᠵᠣ᠂ ᠲᠡᠵᠢᠭᠡᠯ ᠳᠤ ᠬᠡᠷᠡᠭᠯᠡᠬᠦ ᠣᠷᠭᠤᠮᠠᠯ ᠳᠤᠨᠢ ᠴᠢᠨᠠᠷ ᠰᠠᠶᠢᠲᠠᠢ ᠪᠡᠯᠴᠢᠭᠡᠷ ᠡᠪᠡᠰᠦ 7 ᠲᠦᠷᠦᠯ ᠪᠠᠶᠢᠳᠠᠭ᠃ ᠪᠠᠰᠠ ᠠᠵᠣ ᠠᠬᠤᠢ ᠶᠢᠨ ᠦᠷᠳᠡᠭ ᠦᠨᠳᠦᠷ ᠪᠦᠬᠦᠢ ᠬᠡᠬᠡᠷ᠎ᠡ ᠶᠢᠨ ᠣᠷᠭᠤᠮᠠᠯ ᠪᠣᠯᠣᠨ ᠬᠤᠪᠣᠷ ᠨᠠᠨᠳᠢᠨ ᠡᠮ ᠤᠨ ᠮᠠᠲ᠋ᠧᠷᠢᠶᠠᠯ ᠪᠣᠢ᠂ ᠵᠢᠱᠢᠶᠡᠯᠡᠪᠡᠯ ᠪᠠᠪᠤ᠂ ᠰᠢᠬᠢᠷ ᠡᠪᠡᠰᠦ᠂ ᠱᠦᠭᠦᠷᠭᠡᠨ᠎ᠡ᠂ ᠮᠣᠬᠤᠷ ᠴᠠᠭᠠᠨ᠂ ᠰᠦᠳᠦ ᠡᠪᠡᠰᠦ᠂ ᠬᠤᠩᠬᠤ ᠴᠡᠴᠡᠭ᠂ ᠴᠠᠨ᠎ᠠ ᠴᠡᠴᠡᠭ᠂ ᠣᠶᠢᠮ᠎ᠠ ᠨᠣᠭᠤᠭ᠎ᠠ᠂ ᠰᠢᠷ᠎ᠠ ᠴᠡᠴᠡᠭ᠂ ᠵᠡᠷᠯᠢᠭ ᠭᠤᠭᠤᠳ᠂ ᠴᠠᠭᠠᠨ ᠮᠦᠬᠦ᠂ ᠠᠭᠤᠯᠠᠨ ᠬᠦᠢᠯᠡᠰᠦ᠂ ᠣᠯᠠᠭᠠᠨ ᠪᠣᠷᠴᠠᠭ᠂ ᠠᠯᠢᠷᠰᠣ ᠵᠡᠷᠭᠡ ᠪᠣᠢ᠃     ᠮᠣᠳᠣᠯᠢᠭ ᠣᠷᠭᠤᠮᠠᠯ 11 ᠢᠵᠠᠭᠤᠷ 47 ᠲᠦᠷᠦᠯ ᠪᠣᠢ᠃ ᠦᠪᠡᠷᠲᠡᠭᠡᠨ ᠵᠠᠰᠠᠬᠤ ᠬᠤᠰᠢᠭᠤᠨ ᠤ ᠬᠢᠯᠢ ᠳᠣᠳᠣᠷᠠᠬᠢ ᠵᠢᠭᠠᠷᠳᠣ ᠨᠠᠷᠠᠰᠣ ᠪᠣᠯ ᠣᠯᠣᠰ ᠤᠨ ᠬᠤᠶᠠᠳᠣᠭᠠᠷ ᠳᠡᠰ ᠤᠨ ᠮᠣᠳᠣᠨ ᠤ ᠲᠦᠷᠰᠦ ᠪᠣᠯᠣᠨ᠎ᠠ᠂ ᠳᠡᠷᠡ ᠳᠡᠴᠢᠷ ᠨᠢᠮᠭᠡᠨ ᠬᠦᠷᠦᠰᠦ ᠰᠢᠷᠣᠶᠢᠲᠣ ᠡᠯᠡᠰᠦᠷᠬᠡᠭ ᠪᠦᠰᠡ ᠳᠤ ᠣᠷᠭᠤᠳᠠᠭ᠂ ᠰᠠᠯᠬᠢᠨ ᠢ ᠰᠡᠷᠭᠡᠶᠢᠯᠡᠨ ᠡᠯᠡᠰᠦ ᠶᠢ ᠲᠣᠭᠲᠠᠪᠣᠷᠢᠵᠢᠭᠤᠯᠬᠤ ᠰᠠᠶᠢᠨ ᠮᠣᠳᠣᠨ ᠤ ᠳᠦᠷᠰᠦ ᠪᠣᠯᠣᠨ᠎ᠠ᠃ ᠬᠡᠬᠡᠷ᠎ᠡ ᠶᠢᠨ ᠠᠮᠢᠳᠠᠨ 49 ᠲᠦᠷᠦᠯ ᠪᠣᠢ᠃ ᠡᠬᠦᠨ ᠳᠤ ᠣᠯᠣᠰ ᠤᠨ ᠬᠠᠮᠠᠭᠠᠯᠠᠯᠲᠠ ᠲᠠᠢ ᠬᠤᠪᠣᠷ ᠴᠣᠬᠠᠭ ᠠᠮᠢᠳᠠᠨ 12 ᠲᠦᠷᠦᠯ ᠪᠠᠶᠢᠳᠠᠭ᠂ ᠳᠠᠷᠣᠢ ᠲᠣᠷᠤᠭ ᠪᠣᠭᠤ᠂ ᠬᠠᠨᠳᠠᠭᠠᠢ᠂ ᠵᠡᠭᠡᠷ᠎ᠡ᠂ ᠬᠠᠷ᠎ᠠ ᠪᠠᠭᠠᠪᠠᠭᠠᠢ᠂ ᠴᠢᠨᠳᠠᠭ᠎ᠠ᠂ ᠰᠢᠯᠦᠭᠦᠰᠦ᠂ ᠡᠯᠪᠡᠩᠬᠦ᠂ ᠲᠠᠷᠪᠠᠭ᠎ᠠ ᠵᠡᠷᠭᠡ᠃     ᠵᠢᠭᠦᠷᠳᠡᠨ 140 ᠲᠦᠷᠦᠯ ᠪᠣᠢ᠃ ᠡᠬᠦᠨ ᠳᠤ ᠣᠯᠣᠰ ᠤᠨ ᠬᠠᠮᠠᠭᠠᠯᠠᠯᠲᠠ ᠲᠠᠢ ᠰᠢᠪᠠᠭᠤᠨ ᠤ ᠲᠦᠷᠦᠯ 49 ᠵᠦᠢᠯ ᠪᠠᠶᠢᠳᠠᠭ᠃ ᠬᠤᠨ ᠭᠠᠯᠠᠭᠤ᠂ ᠠᠯ ᠰᠡᠭᠦᠯ᠂ ᠨᠣᠭᠳᠣᠷᠣ᠂ ᠬᠠᠷ᠎ᠠ ᠶᠠᠰᠣᠳᠣ ᠲᠠᠬᠢᠶ᠎ᠠ᠂ ᠬᠠᠯᠢᠭᠤᠨ ᠭᠠᠯᠠᠭᠤ᠂ ᠪᠦᠳᠦᠨ᠎ᠠ᠂ ᠬᠠᠶᠢᠷᠭᠤᠴᠠᠢ᠂ ᠬᠦᠬᠦᠬᠡ᠂ ᠵᠢᠷᠬᠢᠮᠡᠯ᠂ ᠭᠤᠷᠭᠤᠣᠯ᠂ ᠭᠡᠭᠡᠷ᠎ᠡ ᠶᠢᠨ ᠨᠣᠭᠤᠰᠣ ᠵᠡᠷᠭᠡ᠃     ᠦᠪᠡᠷᠲᠡᠭᠡᠨ ᠵᠠᠰᠠᠬᠤ ᠬᠤᠰᠢᠭᠤᠨ ᠤ ᠭᠤᠣᠯ ᠮᠦᠷᠡᠨ ᠨᠠᠭᠤᠷ ᠴᠦᠬᠦᠷᠦᠮ ᠳᠤ ᠵᠢᠭᠠᠰᠣᠨ ᠤ ᠲᠦᠷᠦᠯ ᠤᠨ ᠭᠠᠷᠣᠯᠲᠠ ᠡᠯᠪᠡᠭ ᠪᠠᠶᠢᠳᠠᠭ᠂ ᠭᠤᠣᠯᠳᠠᠭᠤ ᠮᠦᠷᠬᠦ᠂ ᠬᠡᠯᠳᠡᠭᠡ᠂ ᠲᠣᠯᠣ᠂ ᠵᠢᠪᠡᠭᠡ᠂ ᠴᠣᠷᠠᠬᠠᠢ᠂ ᠴᠣᠯᠪᠣᠷᠳᠣ ᠵᠢᠭᠠᠰᠣ ᠵᠢᠴᠢ ᠮᠣᠭᠠᠢ ᠵᠢᠷᠠᠰᠣ᠂ ᠭᠤᠣᠯ ᠤᠨ ᠰᠠᠮ ᠬᠤᠷᠣᠬᠠᠢ ᠵᠡᠷᠭᠡ ᠪᠣᠢ᠃    ᠬᠤᠢ ᠭᠤᠣᠯ ᠤᠨ ᠳᠣᠮᠳᠠ ᠳᠣᠣᠷᠠᠳᠣ ᠣᠷᠣᠰᠬᠠᠯ ᠤᠨ ᠬᠤᠶᠠᠷ ᠡᠷᠬᠢ ᠶᠢᠨ 150 ᠺᠢᠯᠣᠮᠧᠲᠷ ᠦᠷᠭᠡᠨ ᠠᠭᠤᠳᠠᠮ ᠨᠠᠮᠣᠭᠲᠣ ᠭᠠᠵᠠᠷ ᠪᠦᠰᠡ ᠳᠤ ᠬᠡᠰᠡᠭᠷᠡᠨ ᠵᠠᠯᠭᠠᠯᠳᠣᠭᠰᠠᠨ᠂ ᠣᠯᠠᠨ ᠡᠬᠡᠳᠡᠩᠲᠦ᠂ ᠴᠢᠨᠠᠷ ᠰᠠᠶᠢᠲᠠᠢ ᠪᠠᠶᠢᠭᠠᠯᠢ ᠶᠢᠨ ᠬᠤᠯᠣᠰᠣ ᠣᠷᠭᠤᠵᠣ ᠪᠣᠢ᠂ ᠴᠠᠭᠠᠰᠣ ᠬᠢᠬᠦ ᠠᠵᠣ ᠦᠢᠯᠡᠳᠪᠦᠷᠢ ᠶᠢᠨ ᠬᠠᠮᠤᠭ ᠰᠠᠶᠢᠨ ᠲᠦᠭᠦᠭᠡᠢ ᠮᠠᠲ᠋ᠧᠷᠢᠶᠠᠯ ᠮᠦᠨ᠃      ᠵᠢᠷᠭᠤᠭ᠎ᠠ᠂ ᠠᠭᠤᠷᠬᠠᠢ ᠶᠢᠨ ᠡᠬᠢ ᠪᠠᠶᠠᠯᠢᠭ      ᠦᠪᠡᠷᠲᠡᠭᠡᠨ ᠵᠠᠰᠠᠬᠤ ᠬᠤᠰᠢᠭᠤ ᠨᠢ ᠠᠭᠤᠷᠬᠠᠢ ᠶᠢᠨ ᠭᠠᠷᠣᠯᠲᠠ ᠶᠢᠨ ᠡᠬᠢ ᠪᠠᠶᠠᠯᠢᠭ ᠢᠶᠠᠷ ᠡᠯᠪᠡᠭ ᠳᠡᠯᠪᠡᠭ ᠪᠠᠶᠢᠳᠠᠭ᠂ ᠣᠨᠴᠠᠭᠠᠶᠢᠯᠠᠨ ᠨᠡᠭᠦᠷᠡᠰᠦᠨ ᠤ ᠡᠬᠢ ᠪᠠᠶᠠᠯᠢᠭ ᠤᠨ ᠬᠠᠳᠠᠭᠠᠯᠠᠭᠳᠠᠴᠠ ᠶᠢ ᠣᠳᠣ ᠨᠢᠬᠡᠨᠳᠡ 103.12 ᠳ᠋ᠦᠩᠰᠢᠭᠤᠷ ᠳᠣᠨ ᠠᠴᠠ ᠳᠡᠭᠡᠭᠰᠢ ᠬᠠᠶᠢᠨ ᠢᠯᠡᠷᠡᠭᠦᠯᠪᠡ᠃ ᠡᠬᠦᠨ ᠠᠴᠠ ᠭᠠᠳᠠᠨ᠎ᠠ ᠲᠡᠮᠦᠷ ᠤᠨ ᠬᠦᠳᠡᠷ᠂ ᠦᠩᠭᠡᠲᠦ ᠲᠡᠮᠦᠷᠯᠢᠭ᠂ ᠪᠠᠷᠢᠯᠭ᠎ᠠ ᠶᠢᠨ ᠮᠠᠲ᠋ᠧᠷᠢᠶᠠᠯ ᠵᠢᠴᠢ ᠴᠢᠯᠠᠭᠤᠨ ᠲᠣᠰᠣ᠂ ᠰᠢᠳᠠᠮᠠᠬᠠᠢ ᠬᠡᠢ᠂ ᠪᠣᠯᠣᠷ᠂ ᠳᠠᠪᠣᠰᠣ ᠬᠤᠵᠢᠷ ᠵᠡᠷᠭᠡ ᠪᠠᠶᠢᠳᠠᠭ᠃      ︵ ᠨᠢᠭᠡ︶ ᠨᠡᠬᠦᠷᠡᠰᠦᠨ ᠡᠬᠢ ᠪᠠᠶᠠᠯᠢᠭ      ᠳ᠋ᠠᠶᠠᠨ ᠤ ᠨᠡᠭᠦᠷᠡᠰᠦᠨ ᠠᠭᠤᠷᠬᠠᠢ      ᠦᠪᠡᠷᠲᠡᠭᠡᠨ ᠵᠠᠰᠠᠬᠤ ᠬᠤᠰᠢᠭᠤᠨ ᠤ ᠵᠡᠬᠦᠨ ᠬᠤᠶᠢᠳᠣ ᠦᠵᠦᠭᠦᠷ  ᠲᠤ ᠪᠠᠶᠢᠷᠢᠯᠠᠵᠣ ᠪᠣᠢ᠂ ᠪᠢᠨ ᠵᠸᠣ ᠲᠡᠮᠦᠷ ᠵᠠᠮ ᠪᠣᠯᠣᠨ 301 ᠣᠯᠣᠰ ᠤᠨ ᠵᠠᠮ ᠨᠢ ᠠᠭᠤᠷᠬᠠᠢ ᠣᠷᠣᠨ ᠢᠶᠠᠷ ᠬᠦᠨᠳᠡᠯᠡᠨ ᠢᠶᠠᠷ ᠦᠩᠭᠡᠷᠡᠵᠦ ᠪᠣᠢ᠃ ᠠᠭᠤᠷᠬᠠᠢ ᠶᠢᠨ ᠡᠬᠢ ᠪᠠᠶᠠᠯᠢᠭ ᠤᠨ ᠶᠡᠷᠥᠩᠬᠡᠢ ᠬᠠᠳᠠᠭᠠᠯᠠᠭᠳᠠᠴᠠ ᠨᠢ 93.41 ᠳ᠋ᠥᠩᠰᠢᠭᠤᠷ ᠳᠣᠨ ᠪᠠᠶᠢᠬᠤ ᠶᠢ ᠨᠢᠭᠡᠨᠳᠡ ᠬᠠᠶᠢᠨ ᠢᠯᠡᠷᠡᠭᠦᠯᠪᠡ᠂ ᠨᠡᠭᠦᠷᠡᠰᠦ ᠨᠢ ᠬᠦᠷᠡᠩ ᠨᠡᠬᠦᠷᠡᠰᠦ ᠪᠣᠯᠣᠨ᠎ᠠ᠃      ᠢᠮᠢᠨ ᠨᠡᠭᠦᠷᠡᠰᠦᠨ ᠠᠭᠤᠷᠬᠠᠢ     ᠦᠪᠡᠷᠲᠡᠭᠡᠨ ᠵᠠᠰᠠᠬᠤ ᠬᠤᠰᠢᠭᠤᠨ ᠤ ᠳᠣᠮᠳᠠ ᠬᠡᠰᠡᠭ ᠤᠨ ᠢᠮᠢᠨ ᠭᠤᠣᠯ ᠤᠨ ᠡᠷᠬᠢ ᠳᠤ ᠪᠠᠶᠢᠷᠢᠯᠠᠵᠣ᠂ ᠬᠤᠰᠢᠭᠤᠨ ᠤ ᠰᠠᠭᠤᠭ᠎ᠠ ᠭᠠᠵᠠᠷ ᠪᠠᠶᠠᠨᠳᠣᠬᠤᠢ ᠪᠠᠯᠭᠠᠰᠣ ᠠᠴᠠ 68 ᠺᠢᠯᠣᠮᠧᠲᠷ ᠵᠠᠢ ᠲᠠᠢ᠂ ᠲᠡᠮᠦᠷ ᠵᠠᠮ ᠪᠣᠯᠣᠨ ᠵᠠᠰᠠᠮᠠᠯ ᠵᠠᠮ ᠢᠶᠠᠷ ᠬᠠᠶᠢᠯᠠᠷ ᠬᠤᠲᠠ ᠲᠠᠢ ᠵᠠᠯᠭᠠᠯᠳᠣᠵᠣ ᠪᠣᠢ᠃ ᠭᠠᠵᠠᠷ ᠰᠢᠨᠵᠢᠯᠡᠭᠡᠨ ᠤ ᠬᠠᠳᠠᠭᠠᠯᠠᠭᠳᠠᠴᠠ ᠨᠢ 49.82 ᠳ᠋ᠦᠩᠰᠢᠭᠤᠷ ᠲᠣᠨ ᠪᠣᠯᠬᠤ ᠶᠢ ᠬᠠᠶᠢᠨ ᠢᠯᠡᠷᠡᠭᠦᠯᠪᠡ᠃      ᠲᠠᠪᠣᠳᠣᠭᠠᠷ ᠮᠠᠯᠵᠢᠯ ᠤᠨ ᠲᠠᠯᠠᠪᠠᠢ ᠶᠢᠨ ᠨᠡᠬᠦᠷᠡᠰᠦᠨ ᠠᠭᠤᠷᠬᠠᠢ      ᠢᠮᠢᠨ ᠨᠡᠭᠦᠷᠡᠰᠦᠨ ᠠᠭᠤᠷᠬᠠᠢ ᠶᠢᠨ ᠬᠤᠶᠢᠳᠣ ᠬᠡᠰᠡᠭ ᠲᠤ ᠪᠠᠶᠢᠷᠢᠯᠠᠵᠣ ᠪᠣᠢ᠂ ᠵᠠᠰᠠᠮᠠᠯ ᠵᠠᠮ ᠢᠶᠠᠷ ᠬᠠᠷᠢᠯᠴᠠᠨ ᠨᠡᠪᠳᠡᠷᠡᠵᠦ ᠪᠠᠶᠢᠳᠠᠭ᠃ ᠡᠬᠢ ᠪᠠᠶᠠᠯᠢᠭ  ᠤᠨ ᠬᠠᠳᠠᠭᠠᠯᠠᠭᠳᠠᠴᠠ ᠨᠢ 11.06 ᠳ᠋ᠥᠩᠰᠢᠭᠤᠷ ᠳᠣᠨ ᠪᠠᠶᠢᠵᠣ᠂ ᠨᠡᠭᠦᠷᠡᠰᠦᠨ ᠳᠠᠪᠬᠤᠷᠭ᠎ᠠ ᠳᠤᠨᠢ ᠬᠦᠷᠡᠩ ᠨᠡᠭᠦᠷᠡᠰᠦ᠂ ᠣᠷᠳᠣ ᠲᠦᠯᠦᠲᠦ ᠨᠡᠭᠦᠷᠡᠰᠦ᠂ ᠬᠡᠶᠢᠵᠢᠭᠦᠯᠦᠭᠰᠡᠨ ᠨᠡᠭᠦᠷᠡᠰᠦ᠂ ᠬᠡᠣᠷᠰᠣ᠂ ᠶᠠᠳᠠᠭᠤᠯᠢᠭ ᠨᠡᠭᠦᠷᠡᠰᠦ᠂ ᠮᠠᠭᠤ ᠨᠡᠭᠦᠷᠡᠰᠦ᠂ ᠰᠣᠯᠠ ᠪᠠᠷᠢᠯᠳᠣᠭᠰᠠᠨ ᠨᠡᠭᠦᠷᠡᠰᠦ ᠪᠣᠯᠣᠨ ᠪᠠᠷᠢᠯᠳᠣᠭᠰᠠᠨ ᠦᠭᠡᠢ ᠨᠡᠭᠦᠷᠡᠰᠦ ᠵᠡᠷᠭᠡ ᠣᠯᠠᠨ ᠵᠦᠢᠯ ᠪᠠᠶᠢᠳᠠᠭ᠃      ᠬᠤᠩᠭᠤᠯᠵᠢ ᠨᠡᠬᠦᠷᠡᠰᠦᠨ ᠠᠭᠤᠷᠬᠠᠢ     ᠢᠮᠢᠨ ᠨᠡᠭᠦᠷᠡᠰᠦᠨ ᠠᠭᠤᠷᠬᠠᠢ ᠶᠢᠨ ᠡᠮᠦᠨ᠎ᠡ ᠬᠡᠰᠡᠭ ᠤᠨ ᠬᠤᠩᠭᠤᠯᠵᠢ ᠪᠠᠯᠭᠠᠰᠣᠨ ᠤ ᠬᠢᠯᠢ ᠳᠣᠳᠣᠷ᠎ᠠ ᠪᠠᠶᠢᠷᠢᠯᠠᠵᠣ᠂ ᠵᠠᠰᠠᠮᠠᠯ ᠵᠠᠮ ᠢᠶᠠᠷ ᠬᠠᠷᠢᠯᠴᠠᠨ ᠨᠡᠪᠳᠡᠷᠡᠳᠡᠭ᠃ 20 ᠳ᠋ᠣᠭᠠᠷ ᠵᠠᠭᠤᠨ ᠤ ᠨᠠᠶᠠᠭᠠᠳ ᠣᠨ ᠤ ᠦᠶ᠎ᠡ ᠳᠠᠬᠢ ᠠᠩᠬ᠎ᠠ ᠣᠳᠠᠭᠠᠨ ᠤ ᠬᠠᠶᠢᠨ ᠰᠢᠨᠵᠢᠯᠡᠯᠲᠡ ᠶᠢ ᠦᠨᠳᠦᠰᠦᠯᠡᠪᠡᠯ ᠂ ᠬᠠᠳᠠᠭᠠᠯᠠᠭᠳᠠᠴᠠ ᠨᠢ ᠪᠠᠷᠤᠭ15 ᠳ᠋ᠦᠩᠰᠢᠭᠤᠷ ᠲᠣᠨ ᠪᠠᠶᠢᠵᠠᠢ᠃      ᠡᠬᠦᠨ ᠠᠴᠠ ᠭᠠᠳᠠᠨ᠎ᠠ ᠪᠠᠰᠠ ᠲᠡᠮᠡᠬᠡᠨᠬᠦ᠋ᠵᠦᠬᠦᠦ ᠨᠡᠭᠦᠷᠡᠰᠦᠨ ᠠᠭᠤᠷᠬᠠᠢ ᠬᠡᠵᠦ ᠪᠠᠶᠢᠳᠠᠭ᠂ ᠨᠡᠭᠦᠷᠡᠰᠦᠨ ᠤ ᠬᠠᠳᠠᠭᠠᠯᠭᠳᠠᠴᠠ ᠨᠢ 3494 ᠲᠦᠮᠡᠨ ᠲᠣᠨ ᠪᠣᠢ︔ ᠨᠠᠨᠲ᠋ᠦ᠋ᠨ ᠤ ᠨᠡᠭᠦᠷᠡᠰᠦᠨ ᠠᠭᠤᠷᠬᠠᠢ᠂ ᠠᠯᠣᠰ ᠤᠨ ᠲᠦᠰᠦᠭᠯᠡᠯᠲᠡ ᠪᠠᠷ ᠬᠠᠳᠠᠭᠠᠯᠠᠭᠳᠠᠴᠠ ᠨᠢ 4.78 ᠳ᠋ᠥᠩᠰᠢᠭᠤᠷ︔ ᠭᠦᠸᠧ ᠡᠸ᠋ᠨ ᠬᠠᠨ ᠨᠡᠭᠦᠷᠡᠰᠦᠨ ᠠᠭᠤᠷᠬᠠᠢ᠂ ᠠᠯᠣᠰ ᠤᠨ ᠲᠦᠰᠦᠭᠯᠡᠯᠲᠡ ᠪᠠᠷ ᠬᠠᠳᠠᠭᠠᠯᠠᠭᠳᠠᠴᠠ ᠨᠢ 7.2 ᠳ᠋ᠥᠩᠰᠢᠭᠤᠷ ᠲᠣᠨ ᠪᠣᠯᠣᠨ᠎ᠠ᠃     ︵ ᠬᠤᠶᠠᠷ︶ ᠬᠠᠷ᠎ᠠ ᠦᠩᠭᠡᠳᠦ ᠳᠡᠮᠦᠷᠯᠢᠭ      ᠦᠪᠡᠷᠲᠡᠭᠡᠨ ᠵᠠᠰᠠᠬᠤ ᠬᠤᠰᠢᠭᠤᠨ ᠤ ᠬᠢᠯᠢ ᠳᠣᠳᠣᠷ᠎ᠠ ᠢᠯᠡᠷᠡᠭᠦᠯᠦᠭᠰᠡᠨ ᠬᠠᠷ᠎ᠠ ᠦᠩᠭᠡᠲᠦ ᠲᠡᠮᠦᠷᠯᠢᠭ ᠤᠨ ᠣᠯᠠᠩᠬᠢ ᠨᠢ ᠲᠡᠮᠦᠷ ᠤᠨ ᠬᠦᠳᠡᠷ ᠪᠣᠯᠣᠨ᠎ᠠ᠂ ᠬᠠᠳᠠᠭᠠᠯᠠᠭᠳᠠᠴᠠ ᠶᠢᠨ ᠬᠡᠪᠴᠢᠶ᠎ᠡ ᠨᠢ ᠳᠣᠮᠳᠠ ᠵᠢᠵᠢᠭ ᠬᠡᠯᠪᠡᠷᠢ ᠶᠢᠨ ᠪᠣᠯᠣᠨ᠎ᠠ᠃      ᠯᠢ ᠽᠢ ᠱᠠᠨ ᠲᠡᠮᠦᠷ ᠤᠨ ᠠᠭᠤᠷᠬᠠᠢ      ᠦᠪᠡᠷᠲᠡᠭᠡᠨ ᠵᠠᠰᠠᠬᠤ ᠬᠤᠰᠢᠭᠤᠨ ᠤ ᠡᠮᠦᠨ᠎ᠡ ᠬᠡᠰᠡᠭ ᠤᠨ ᠵᠠᠬ᠎ᠠ ᠬᠦᠪᠡᠭᠡ ᠪᠠᠷ ᠪᠠᠶᠢᠷᠢᠯᠠᠵᠣ᠂ ᠳᠣᠰᠬᠠᠢ ᠵᠠᠰᠠᠮᠠᠯ ᠵᠠᠮ ᠢᠶᠠᠷ ᠠᠭᠤᠷᠬᠠᠢ ᠶᠢᠨ ᠣᠷᠣᠨ ᠳᠤ ᠬᠦᠷᠳᠡᠭ᠃ ᠪᠠᠲᠣᠯᠠᠭ᠎ᠠ ᠲᠠᠢ ᠬᠠᠳᠠᠭᠠᠯᠠᠭᠳᠠᠴᠠ ᠨᠢ 680 ᠲᠦᠮᠡᠨ ᠲᠣᠨ ᠣᠷᠴᠢᠮ ᠪᠠᠶᠢᠵᠣ᠂ ᠳᠣᠮᠳᠠ ᠵᠡᠷᠭᠡ ᠶᠢᠨ ᠬᠡᠪᠴᠢᠶ᠎ᠡ ᠪᠦᠬᠦᠢ ᠪᠠᠶᠠᠯᠢᠭ ᠲᠡᠮᠦᠷ ᠤᠨ ᠠᠭᠤᠷᠬᠠᠢ ᠳᠤ ᠲᠣᠭᠠᠴᠢᠭᠳᠠᠨ᠎ᠠ᠃      ᠵᠦᠩ ᠳ᠋ᠣᠣ ᠱᠠᠨ ᠲᠡᠮᠦᠷ ᠤᠨ ᠠᠭᠤᠷᠬᠠᠢ     ᠯᠢ ᠽᠢ ᠱᠠᠨ ᠤ ᠬᠤᠶᠢᠳᠣ ᠬᠡᠰᠡᠭ ᠲᠤ ᠪᠠᠶᠢᠷᠢᠯᠠᠵᠣ᠂ ᠵᠠᠮ ᠬᠠᠷᠢᠯᠴᠠᠭ᠎ᠠ ᠳᠦᠬᠦᠮ ᠲᠦᠳᠡ ᠪᠠᠶᠢᠳᠠᠭ᠃ ᠶᠡᠷᠥᠩᠬᠡᠢ ᠬᠠᠳᠠᠭᠠᠯᠠᠭᠳᠠᠴᠠ ᠨᠢ 33.7 ᠲᠦᠮᠡᠨ ᠳᠣᠨ᠂ ᠪᠠᠭ᠎ᠠ ᠭᠡᠯᠪᠡᠷᠢ ᠶᠢᠨ ᠰᠣᠷᠢᠨᠵᠢᠨ ᠲᠡᠮᠦᠷ ᠤᠨ ᠠᠭᠤᠷᠬᠠᠢ ᠳᠤ ᠬᠠᠷᠢᠶᠠᠯᠠᠭᠳᠠᠨ᠎ᠠ᠃      ᠲᠡᠷᠴᠢ ᠶᠢᠨ ᠲᠡᠮᠦᠷ ᠤᠨ ᠠᠭᠤᠷᠬᠠᠢ      ᠦᠪᠡᠷᠲᠡᠭᠡᠨ ᠵᠠᠰᠠᠬᠤ ᠬᠤᠰᠢᠭᠤᠨ ᠤ ᠵᠡᠬᠦᠨ ᠡᠮᠦᠨ᠎ᠡ ᠬᠡᠰᠡᠭ  ᠤᠨ ᠶᠠᠬᠰᠢ ᠲᠠᠢ ᠵᠠᠬ᠎ᠠ ᠨᠡᠶᠢᠯᠡᠵᠦ ᠪᠠᠶᠢᠭ᠎ᠠ ᠭᠠᠵᠠᠷ ᠲᠤ ᠪᠠᠶᠢᠷᠢᠯᠠᠵᠣ ᠪᠣᠢ᠂ ᠲᠡᠮᠦᠷ ᠤᠨ ᠠᠭᠤᠷᠬᠠᠢ ᠠᠴᠠ ᠪᠠᠷᠠᠭᠤᠨ ᠬᠤᠶᠢᠰᠢ 9 ᠺᠢᠯᠣᠮᠧᠲᠷ ᠭᠠᠵᠠᠷ ᠲᠤ ᠵᠠᠰᠠᠮᠠᠯ ᠵᠠᠮ ᠨᠡᠪᠳᠡᠷᠡᠵᠦ ᠪᠠᠶᠢᠳᠠᠭ᠃ ᠬᠠᠶᠢᠨ ᠢᠯᠡᠷᠡᠭᠦᠯᠦᠭᠰᠡᠨ ᠬᠠᠳᠠᠭᠠᠯᠠᠭᠳᠠᠴᠠ ᠨᠢ 551 ᠲᠦᠮᠡᠨ ᠲᠣᠨ᠂ ᠬᠦᠳᠡᠷ ᠤᠨ ᠪᠦᠷᠢᠯᠳᠦᠬᠦᠨ ᠨᠢ ᠪᠣᠷᠣ ᠪᠦᠳᠦᠭᠦᠯᠢᠭ ᠪᠠᠶᠢᠵᠣ᠂ ᠶᠡᠷᠥᠩᠬᠡᠶᠢᠯᠡᠨ ᠠᠰᠢᠭᠯᠠᠬᠤ ᠱᠠᠭᠠᠷᠳᠠᠯᠭ᠎ᠠ ᠳᠤ ᠬᠦᠷᠦᠭᠡᠳᠦᠢ᠃      ᠡᠬᠦᠨ ᠠᠴᠠ ᠭᠠᠳᠠᠨ᠎ᠠ ᠪᠠᠰᠠ ᠴᠢᠯᠠᠭᠤᠨ ᠲᠣᠰᠣ᠂ ᠵᠡᠰ᠂ ᠴᠠᠶᠢᠷ᠂ ᠪᠧᠷᠯᠢ᠂ ᠪᠣᠯᠣᠷ᠂ ᠰᠢᠳᠠᠮᠠᠬᠠᠢ ᠬᠡᠢ᠂ ᠪᠣᠷᠵᠢᠨ ᠴᠢᠯᠠᠭᠤᠯᠢᠭ᠂ ᠴᠣᠬᠤᠢ ᠶᠢᠨ ᠴᠢᠯᠠᠭᠤᠯᠢᠭ ᠵᠡᠷᠭᠡ ᠪᠠᠶᠢᠳᠠᠭ᠃        
 
ᠢᠷᠡᠯᠲᠡ᠄ ᠡᠸ᠋ᠨᠩᠬᠢ ᠬᠤᠰᠢᠭᠤᠨ ᠤ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09002379号