ᠡᠪᠤᠯ ᠤᠨ ᠬᠥᠢᠳᠠᠨ ᠢ ᠡᠰᠠᠷᠬᠦᠴᠠᠬᠦ ᠳᠤ ᠥᠢᠯᠠᠳᠤᠯ ᠢᠶᠠᠷ ᠰᠠᠶᠢᠨ ᠲᠠᠵᠢᠭᠡᠯ ᠪᠤᠷᠳᠤᠭᠠᠨ ᠤ ᠲᠥᠷᠤᠯ ᠵᠥᠢᠯ ᠤᠳ
ᠨᠡᠶᠢᠲᠡᠯᠡᠭᠰᠡᠨ ᠴᠠᠭ᠄
2017-10-27
    ᠠᠮᠤ ᠪᠤᠳᠠᠭᠠᠨ ᠤ ᠲᠥᠷᠤᠯ᠄ ᠰᠢᠷ᠎ᠠ ᠪᠤᠷᠴᠠᠭ ᠪᠤᠯ ᠪᠥᠯᠢᠶᠠᠨ ᠴᠢᠨᠠᠷᠳᠠᠢ ᠠᠮᠳᠠᠯᠢᠭ ᠠᠮᠳᠠ ᠲᠠᠢ᠂ ᠬᠠᠭᠤᠷᠪᠠᠯ ᠪᠥᠯᠢᠶᠠᠨ ᠴᠢᠨᠠᠷ ᠲᠠᠢ ᠪᠤᠯᠳᠠᠭ᠃ ᠲᠠᠬᠦᠨ ᠳᠤ ᠪᠥᠳᠤᠬᠦᠯᠢᠭ ᠤᠭᠤᠷᠠᠭ 37.9% ᠪᠠᠶᠢᠳᠠᠭ ᠠᠴᠠ ᠤᠭᠢ ᠰᠠᠶᠢᠨ ᠤᠷᠭᠤᠮᠠᠯ ᠤᠨ ᠤᠭᠤᠷᠠᠭᠳᠤ ᠪᠤᠷᠳᠤᠭ᠎ᠠ ᠪᠤᠯᠬᠤ ᠪᠥᠭᠡᠳ ᠬᠥᠢᠳᠠᠨ ᠠᠴᠠ ᠰᠠᠷᠭᠡᠶᠢᠯᠠᠬᠦ ᠬᠠᠯᠠᠭᠤᠨ ᠪᠤᠷᠳᠤᠭ᠎ᠠ ᠪᠤᠯᠬᠤ ᠶᠤᠮ᠃ ᠬᠠᠷ᠎ᠠ ᠪᠤᠷᠴᠠᠭ ᠤᠨ ᠲᠤᠳᠤᠷ᠎ᠠ ᠪᠥᠳᠤᠬᠦᠯᠢᠭ ᠤᠭᠤᠷᠠᠭ 36.68% ᠪᠠᠶᠢᠵᠤ᠂ ᠲᠡᠭᠰᠢ ᠴᠢᠨᠠᠷ ᠲᠠᠢ ᠠᠮᠳᠠᠯᠢᠭ᠂ ᠬᠠᠭᠤᠷᠪᠠᠯ ᠲᠦᠢᠯ ᠤᠨ ᠬᠠᠯᠠᠭᠤᠨ ᠴᠢᠨᠠᠷ ᠲᠠᠢ ᠪᠤᠯᠳᠠᠭ᠃ ᠡᠶᠢᠮᠤ ᠠᠴᠠ ᠨᠠᠯᠢᠶᠠᠳ ᠰᠠᠶᠢᠨ ᠬᠥᠢᠳᠠᠨ ᠢ ᠡᠰᠠᠷᠬᠦᠴᠠᠬᠦ ᠪᠤᠷᠳᠤᠭ᠎ᠠ ᠶᠢᠨ ᠭᠡᠷᠡᠭᠴᠡᠭᠡ ᠲᠠᠢ ᠪᠢᠯᠨ᠃ ᠠᠷᠪᠠᠢ ᠪᠤᠯ ᠪᠥᠯᠢᠶᠠᠨ ᠴᠢᠨᠠᠷᠳᠠᠢ ᠱᠤᠷᠪᠤᠭ ᠠᠮᠳᠠ ᠲᠠᠢ ᠪᠤᠯᠬᠤᠷ ᠪᠥᠯᠢᠶᠠᠨ ᠴᠢᠨᠠᠷᠳᠠᠢ ᠪᠤᠷᠳᠤᠭ᠎ᠠ ᠳᠤ ᠬᠠᠷᠢᠶᠠᠯᠠᠭᠳᠠᠬᠤ ᠪᠤᠯᠤᠨ᠎ᠠ᠃ ᠴᠢᠨᠠᠵᠤ ᠪᠤᠯᠭᠤᠵᠤ ᠭᠡᠷᠡᠭᠯᠠᠪᠠᠯ ᠥᠷ᠎ᠠ ᠠᠰᠢᠭ ᠢᠶᠠᠷ ᠰᠠᠶᠢᠨ᠃ ᠡᠬᠦᠨ ᠠᠴᠠ ᠭᠠᠳᠠᠨ᠎ᠠ᠂ ᠲᠤᠳᠤᠷᠭ᠎ᠠ᠂ ᠲᠤᠳᠤᠷᠭ᠎ᠠ ᠶᠢᠨ ᠡᠪᠠᠰᠤ ᠪᠠᠰᠨ ᠪᠥᠯᠢᠶᠠᠨ ᠴᠢᠨᠠᠷᠳᠠᠢ ᠪᠤᠷᠳᠤᠭ᠎ᠠ ᠳᠤ ᠪᠠᠭᠳᠠᠨ᠎ᠠ᠃        ᠥᠨᠳᠤᠰᠤ ᠬᠠᠯᠢᠰᠤ ᠶᠢᠨ ᠲᠥᠷᠤᠯ᠄ ᠢᠳᠠᠰᠢᠨ ᠨᠤᠭᠤᠭ᠎ᠠ ᠶᠢᠨ ᠥᠨᠳᠤᠰᠤ ᠬᠠᠯᠢᠰᠤᠨ ᠲᠤᠳᠤᠷ᠎ᠠ ᠬᠥᠢᠳᠠᠨ ᠢ ᠰᠠᠷᠭᠡᠶᠢᠯᠠᠬᠦ ᠴᠢᠳᠠᠪᠤᠷᠢ ᠪᠥᠬᠦᠢ ᠡᠷᠤᠳᠠᠰᠤᠨ ᠪᠤᠳᠠᠰ ᠬᠠᠳᠠᠭᠠᠯᠠᠭᠳᠠᠵᠤ ᠪᠠᠶᠢᠳᠠᠭ᠂ ᠡᠬᠦᠨ ᠢᠶᠠᠷ ᠪᠤᠷᠳᠤᠭ᠎ᠠ ᠪᠤᠯᠭᠠᠪᠠᠯ ᠮᠠᠯ ᠲᠠᠵᠢᠭᠡᠪᠤᠷᠢ ᠶᠢᠨ ᠬᠥᠢᠳᠠᠨ ᠢ ᠲᠠᠰᠪᠤᠷᠢᠯᠠᠬᠦ ᠴᠢᠳᠠᠪᠤᠷᠢ ᠶᠢ ᠨᠠᠮᠡᠭᠳᠠᠬᠦᠯᠤᠨ᠎ᠠ᠂ ᠴᠤᠭᠤᠷ ᠨᠤᠭᠤᠭ᠎ᠠ ᠶᠢᠨ ᠥᠨᠳᠤᠰᠤ᠂ ᠥ ᠰᠥ ᠶᠢᠨ ᠥᠨᠳᠤᠰᠤ᠂ ᠪᠥᠸᠧᠼᠠᠢ ᠶᠢᠨ ᠥᠨᠳᠤᠰᠤ᠂ ᠴᠠᠭᠠᠨ ᠨᠤᠭᠤᠭ᠎ᠠ ᠶᠢᠨ ᠥᠨᠳᠤᠰᠤ ᠵᠠᠷᠭᠡ ᠥᠯᠡᠳᠡᠭᠳᠠᠯ ᠵᠢᠴᠢ ᠬᠤ᠋ ᠯᠤᠤᠪᠠᠩ᠂ ᠲᠥᠮᠤᠰᠤ᠂ ᠰᠢᠭᠢᠷ ᠲᠥᠮᠤᠰᠤ ᠵᠠᠷᠭᠡ ᠲᠥᠮᠤᠰᠦᠯᠢᠭ ᠥᠨᠳᠤᠰᠤ ᠪᠤᠯ ᠪᠥᠷ ᠬᠥᠢᠳᠠᠨ ᠢ ᠰᠠᠷᠭᠡᠶᠢᠯᠠᠬᠦ ᠪᠤᠷᠳᠤᠭ᠎ᠠ ᠪᠤᠯᠬᠤ ᠶᠤᠮ᠃ ᠡᠳᠠᠭᠡᠷ ᠪᠤᠷᠳᠤᠭ᠎ᠠ ᠶᠢ ᠭᠡᠷᠡᠭᠯᠠᠬᠦ ᠳᠡᠭᠡᠨ᠂ ᠲᠠᠬᠦᠨ ᠤ ᠥᠨᠳᠤᠰᠤ ᠬᠠᠯᠢᠰᠤ ᠶᠢ ᠪᠠᠳᠤᠯᠠᠬᠤ ᠶᠢ ᠠᠩᠬᠠᠷᠬᠤ ᠭᠡᠷᠡᠭᠳᠠᠢ᠃         ᠮᠢᠬᠠᠨ ᠤ ᠢᠳᠠᠭᠡᠨ ᠤ ᠲᠥᠷᠤᠯ᠄ ᠬᠤᠨᠢᠨ ᠮᠢᠬ᠎ᠠ᠂ ᠨᠤᠬᠠᠢ ᠶᠢᠨ ᠮᠢᠬ᠎ᠠ ᠪᠤᠯ ᠡᠨᠧᠷᠭᠢ ᠪᠠᠷ ᠥᠨᠳᠤᠷ ᠪᠤᠯᠬᠤᠷ ᠡᠪᠤᠯ ᠤᠨ ᠤᠯᠠᠷᠢᠯ ᠳᠤ ᠮᠢᠬᠠᠨ ᠢᠳᠠᠰᠢ ᠲᠠᠢ ᠮᠠᠯ ᠵᠢᠬᠦᠷᠳᠠᠨ ᠳᠤ ᠥᠭᠬᠦ ᠬᠠᠯᠠᠭᠤᠨ ᠴᠢᠨᠠᠷᠳᠠᠢ ᠪᠤᠷᠳᠤᠭ᠎ᠠ ᠪᠤᠯᠳᠠᠭ ᠶᠤᠮ᠃ ᠠᠮᠢᠳᠠᠨ ᠤ ᠡᠯᠢᠭᠡ ᠲᠤᠳᠤᠷ᠎ᠠ ᠲᠠᠮᠤᠷ ᠨᠠᠯᠢᠶᠠᠳ ᠡᠯᠪᠡᠭ ᠪᠠᠶᠢᠬᠤ ᠪᠥᠭᠡᠳ ᠭᠢᠯᠪᠠᠷᠬᠠᠨ ᠰᠢᠩᠭᠡᠭᠡᠭᠳᠠᠬᠦ ᠪᠤᠯᠤᠨ᠎ᠠ᠃ ᠡᠪᠤᠯ ᠠᠮᠢᠳᠠᠨ ᠤ ᠡᠯᠢᠭᠡ ᠶᠢ ᠵᠤᠭᠢᠰᠳᠠᠢ ᠨᠠᠮᠠᠵᠤ ᠥᠭᠪᠠᠯ ᠲᠠᠮᠤᠷ ᠨᠥᠬᠦᠪᠤᠷᠢᠯᠠᠵᠤ ᠬᠥᠢᠳᠠᠨ ᠠᠴᠠ ᠰᠠᠷᠭᠡᠶᠢᠯᠠᠬᠦ  ᠳᠤ ᠲᠤᠰᠠᠳᠠᠢ᠃ ᠰᠠᠮ ᠬᠤᠷᠤᠬᠠᠢ ᠪᠥᠯᠢᠶᠠᠨ ᠴᠢᠨᠠᠷ ᠲᠠᠢ ᠪᠤᠯᠬᠤᠷ ᠥᠨᠳᠤᠷ ᠡᠨᠧᠷᠭᠢᠳᠤ ᠪᠤᠷᠳᠤᠭ᠎ᠠ  ᠳᠤ ᠪᠠᠭᠳᠠᠨ᠎ᠠ᠃ ᠡᠨᠡ ᠨᠢ ᠪᠥᠭᠡᠷ᠎ᠠ ᠶᠢ ᠨᠥᠬᠦᠬᠦ᠂ ᠠᠷᠭ᠎ᠠ ᠶᠢ ᠨᠥᠬᠦᠪᠤᠷᠢᠯᠠᠬᠦ ᠥᠢᠯᠠᠳᠤᠯ ᠲᠠᠢ ᠪᠤᠯᠬᠤᠷ ᠡᠪᠤᠯ ᠮᠠᠯ ᠲᠠᠵᠢᠭᠡᠪᠤᠷᠢ ᠳᠤ ᠭᠡᠷᠡᠭᠯᠠᠬᠦ ᠳᠤ ᠵᠤᠭᠢᠰᠳᠠᠢ ᠪᠠᠶᠢᠳᠠᠭ᠃            ᠠᠷᠢᠭᠢᠨ ᠪᠠᠵᠢᠮᠠᠭ ᠤᠨ ᠲᠥᠷᠤᠯ᠄ ᠠᠷᠢᠭᠢᠨ ᠪᠠᠵᠠᠮᠠᠭ ᠨᠢ ᠬᠠᠷ᠎ᠠ ᠠᠷᠢᠭᠢ ᠪᠠ ᠫᠢᠪ ᠠᠷᠢᠭᠢ ᠶᠢᠨ ᠪᠠᠵᠢᠮᠠᠭ ᠢ ᠪᠠᠭᠳᠠᠭᠠᠨ᠎ᠠ᠃ ᠲᠠᠬᠦᠨ ᠳᠤ ᠤᠭᠤᠷᠠᠭ ᠪᠠ ᠡᠷᠤᠳᠠᠰᠤᠨ ᠪᠤᠳᠠᠰ ᠬᠠᠳᠠᠭᠠᠯᠠᠭᠳᠠᠵᠤ ᠪᠠᠶᠢᠬᠤ ᠠᠴᠠ ᠭᠠᠳᠠᠨ᠎ᠠ ᠵᠤᠭᠢᠬᠤ ᠭᠡᠮᠵᠢᠶᠠᠨ ᠤ ᠡᠲ᠋ᠢᠯ ᠠᠯᠺᠤᠤᠯ ᠬᠠᠳᠠᠭᠠᠯᠠᠭᠳᠠᠵᠤ ᠪᠠᠶᠢᠳᠠᠭ ᠠᠴᠠ ᠬᠠᠯᠠᠭᠤᠨ ᠴᠢᠨᠠᠷᠳᠠᠢ ᠪᠤᠷᠳᠤᠭ᠎ᠠ ᠭᠡᠵᠤ ᠭᠡᠯᠠᠳᠡᠭ ᠪᠠᠶᠢᠨ᠎ᠠ᠃ ᠬᠠᠷ᠎ᠠ ᠠᠷᠢᠭᠢᠨ ᠤ ᠪᠠᠵᠢᠮᠠᠭ ᠪᠤᠯ ᠲᠠᠤᠯᠠᠢ᠂ ᠭᠠᠭ᠋ᠠᠢ ᠪᠠ ᠥᠭᠡᠷ᠂ ᠢᠯᠠᠩᠭᠤᠶ᠎ᠠ ᠪᠤᠷᠳᠤᠬᠤ ᠥᠭᠡᠷ ᠲᠤ ᠮᠠᠰᠢ ᠲᠤᠭᠢᠷᠠᠳᠠᠭ᠃ ᠫᠢᠪ ᠠᠷᠢᠭᠢᠨ ᠤ ᠪᠠᠵᠢᠮᠠᠭ ᠪᠤᠯ ᠲᠠᠭᠡᠷ᠎ᠠ᠂ ᠨᠤᠭᠤᠰᠤ᠂ ᠭᠠᠭ᠋ᠠᠢ ᠪᠠ ᠥᠭᠡᠷ ᠲᠠᠵᠢᠭᠡᠬᠦ ᠳᠤ ᠲᠤᠩ ᠰᠠᠶᠢᠨ᠃ ᠡᠪᠤᠯ ᠤᠨ ᠤᠯᠠᠷᠢᠯ ᠳᠤ ᠲᠤᠰ ᠪᠤᠷᠳᠤᠭ᠎ᠠ ᠶᠢ ᠭᠡᠷᠡᠭᠯᠠᠪᠠᠯ ᠬᠥᠢᠳᠠᠨ ᠢ ᠡᠰᠠᠷᠬᠦᠴᠠᠵᠤ ᠰᠠᠳᠠᠯᠳᠠ ᠥᠭᠬᠦ ᠥᠢᠯᠠᠳᠤᠯ ᠥᠵᠠᠬᠦᠯᠳᠡᠭ ᠶᠤᠮ᠃
 
ᠢᠷᠡᠯᠲᠡ᠄ ︽ᠤᠯᠠᠭᠠᠨ ᠬᠠᠳᠠ ᠶᠢᠨ ᠡᠳᠤᠷ ᠤᠨ ᠰᠤᠨᠢᠨ︾ ᠠᠴᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号