ᠬᠤᠶᠢᠰᠢᠳᠠ ᠶᠢᠨ ᠲᠠᠪᠤᠨ ᠵᠢᠯ ᠳᠤ ᠦᠷᠬᠦᠯᠵᠢᠯᠡᠨ ᠮᠡᠷᠡᠶᠢᠨ ᠴᠢᠷᠮᠠᠶᠢᠵᠥ ᠮᠠᠯᠴᠢᠳ ᠤᠨ ᠦᠷ᠎ᠠ ᠬᠡᠤᠬᠡᠳ ᠲᠤ ᠰᠢᠯᠢᠳᠡᠭ ᠰᠤᠷᠭᠠᠨ ᠬᠦᠮᠦᠵᠢᠯ ᠬᠦᠷᠳᠡᠭᠡᠨ᠎ᠠ
ᠨᠡᠶᠢᠲᠡᠯᠡᠭᠰᠡᠨ ᠴᠠᠭ᠄
2017-10-31
    — ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠤᠨ ᠲᠦᠯᠦᠭᠡᠯᠡᠭᠴᠢ ᠮᠧᠢ ᠬᠤᠧᠠ ᠶᠢ ᠰᠤᠷᠪᠤᠯᠵᠢᠯᠠᠪᠠ     ᠧᠡᠩᠬᠢ ᠦᠨᠳᠦᠰᠦᠳᠡᠨ ᠤ ᠦᠪᠡᠷᠳᠡᠭᠡᠨ ᠵᠠᠰᠠᠬᠤ ᠬᠤᠰᠢᠭᠤ ᠶᠢᠨ ᠢᠮᠢᠨ ᠰᠤᠮᠤᠨ ᠤ ᠢᠮᠢᠨ ᠲᠦᠪ  ᠰᠤᠷᠭᠠᠭᠤᠯᠢ ᠶᠢᠨ ᠵᠠᠬᠢᠷᠤᠯ ᠮᠧᠢ ᠬᠤᠧᠠ ᠪᠤᠯ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠤᠨ ᠨᠠᠮ ᠤᠨ  ᠲᠦᠯᠦᠭᠡᠯᠡᠭᠴᠢ᠃ ᠲᠡᠷᠡ ᠲᠠᠪᠤᠨ ᠵᠢᠯ ᠤᠨ ᠡᠮᠤᠨ᠎ᠠ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠳᠤ ᠤᠷᠤᠯᠴᠠᠵᠥ᠂  ᠶᠠᠮᠠᠷ ᠰᠠᠨᠠᠯ ᠲᠤᠷᠠᠳᠤᠯᠭ᠎ᠠ ᠪᠠᠨ ᠲᠡᠪᠰᠢᠬᠦᠯᠵᠥ᠂ ᠨᠤᠳᠤᠭ ᠤᠷᠤᠨ ᠲᠠᠭᠠᠨ ᠪᠤᠴᠠᠵᠥ ᠢᠷᠡᠭᠡᠳ ᠬᠤᠷᠠᠯ ᠤᠨ ᠵᠤᠷᠢᠭ  ᠰᠠᠨᠠᠭ᠎ᠠ ᠶᠢ ᠬᠡᠷᠬᠢᠨ ᠲᠡᠮᠵᠢᠭᠤᠯᠤᠨ ᠲᠤᠤᠱᠯᠠᠭᠤᠯᠤᠭᠰᠠᠨ ᠪᠡ ᠦᠪᠡᠷ ᠤᠨ ᠪᠤᠳᠠᠳᠤ ᠠᠵᠢᠯ ᠤᠨ ᠲᠤᠮᠳᠠ ᠶᠠᠮᠠᠷ  ᠦᠷ᠎ᠠ  ᠪᠦᠳᠦᠮᠵᠢ ᠤᠯᠬᠤ ᠪᠠᠷ ᠴᠢᠷᠮᠠᠶᠢᠨ ᠠᠵᠢᠯᠯᠠᠭᠰᠠᠨ ᠲᠤᠬᠠᠢ ᠤᠢᠢᠯᠠᠭᠠᠬᠤ ᠶᠢᠨ ᠲᠦᠯᠦᠭᠡ ᠮᠧᠢ ᠬᠤᠧᠠ ᠠᠴᠠ  ᠲᠤᠰᠬᠠᠢ ᠰᠤᠷᠪᠤᠯᠵᠢᠯᠠᠭ᠎ᠠ ᠠᠪᠤᠪᠡ᠃                   ᠰᠤᠷᠪᠤᠯᠵᠢᠯᠠᠭᠴᠢ᠄ ᠰᠠᠶᠢᠨ ᠪᠠᠶᠢᠨᠤ ᠲᠠ︖ ᠦᠨᠦᠳᠦᠷ ᠤᠨ ᠮᠡᠨᠳᠦ ᠬᠦᠷᠭᠡᠶ᠎ᠠ︕                   ᠮᠧᠢ ᠬᠤᠧᠠ᠄ ᠰᠠᠶᠢᠨ᠂ ᠲᠠ ᠪᠦᠬᠦᠨ ᠳᠡᠭᠡᠨ ᠮᠡᠨᠳᠦ ᠬᠦᠷᠭᠡᠶ᠎ᠠ︕                   ᠰᠤᠷᠪᠤᠯᠵᠢᠯᠠᠭᠴᠢ᠄ ᠲᠠᠨ ᠤ ᠠᠵᠢᠯ ᠶᠠᠭᠠᠷᠠᠯᠳᠠᠢ ᠪᠠᠶᠢᠬ᠎ᠠ︖ ᠠᠵᠢᠯ ᠤᠨ ᠵᠠᠪᠰᠠᠷ ᠢᠶᠠᠷ ᠢᠶᠠᠨ  ᠰᠤᠷᠪᠤᠯᠵᠢᠯᠠᠭ᠎ᠠ ᠬᠦᠯᠢᠶᠡᠭᠰᠡᠨ ᠳᠤ ᠪᠡᠶᠡᠷᠯᠡᠯ᠎ᠠ᠃ ᠲᠠᠪᠤᠨ ᠵᠢᠯ ᠤᠨ ᠡᠮᠤᠨ᠎ᠠ ᠲᠡ ᠨᠠᠮ ᠤᠨ ᠲᠦᠯᠦᠭᠡᠯᠡᠭᠴᠢ ᠪᠠᠷ  ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠳᠤ ᠤᠷᠤᠯᠴᠠᠵᠥ ᠪᠠᠶᠢᠭᠰᠠᠨ᠂ ᠮᠠᠨ ᠤ ᠨᠤᠳᠤᠭ ᠤᠷᠤᠨ ᠤ ᠬᠦᠮᠦᠰ  ᠴᠦ ᠭᠡᠰᠡᠨ ᠡᠨᠡ ᠲᠤᠬᠠᠢ ᠠᠨᠳᠠᠯ ᠦᠭᠡᠢ ᠮᠡᠳᠡᠵᠥ ᠪᠠᠶᠢᠬ᠎ᠠ ᠭᠡᠵᠥ ᠪᠤᠳᠤᠵᠥ ᠪᠠᠶᠢᠨ᠎ᠠ᠃ ᠲᠡᠭᠡᠪᠡᠯ᠂ ᠲᠠ ᠨᠠᠮ ᠤᠨ  ᠠᠷᠪᠠᠨ ᠨᠠᠢᠮᠠᠳᠤᠭᠠᠷ ᠶᠡᠭᠡ ᠬᠤᠷᠠᠯ ᠳᠤ ᠤᠷᠤᠯᠴᠠᠵᠥ ᠪᠠᠶᠢᠭᠰᠠᠨ ᠪᠠᠶᠢᠳᠠᠯ ᠢᠶᠠᠨ ᠡᠷᠬᠢᠴᠡᠬᠦᠯᠵᠥ ᠶᠠᠷᠢᠬᠤ ᠤᠤ︖             ᠮᠧᠢ ᠬᠤᠧᠠ᠄ ᠪᠢ ᠪᠤᠯ ᠡᠧᠡᠩᠬᠢ ᠦᠨᠳᠦᠰᠦᠳᠡᠨ ᠤ ᠲᠦᠯᠦᠭᠡᠯᠡᠭᠴᠢ ᠪᠦᠭᠡᠳ ᠰᠤᠷᠭᠠᠨ ᠬᠦᠮᠦᠵᠢᠯ ᠤᠨ  ᠲᠡᠯ᠎ᠠ ᠶᠢᠨ ᠲᠦᠯᠦᠭᠡᠯᠡᠭᠴᠢ ᠶᠢᠨ ᠬᠤᠪᠢ ᠪᠠᠷ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠳᠤ ᠤᠷᠤᠯᠴᠠᠭᠰᠠᠨ  ᠪᠠᠶᠢᠵᠠᠢ᠃ ᠪᠢ ᠮᠠᠯᠵᠢᠬᠤ ᠤᠷᠤᠨ ᠳᠤ ᠲᠦᠷᠦᠵᠥ ᠦᠰᠦᠭᠰᠡᠨ ᠪᠤᠯᠬᠤᠷ ᠮᠠᠯᠴᠢᠳ ᠤᠨ ᠠᠮᠢᠳᠤᠷᠠᠯ ᠤᠨ ᠲᠤᠬᠠᠢ ᠪᠡ  ᠦᠨᠳᠦᠰᠦᠳᠡᠨ ᠤ ᠰᠤᠷᠭᠠᠨ ᠬᠦᠮᠦᠵᠢᠯ ᠤᠨ ᠲᠤᠬᠠᠢ ᠰᠠᠨᠠᠯ ᠲᠤᠷᠠᠳᠤᠯᠭ᠎ᠠ ᠲᠤᠷᠠᠳᠴᠦ᠂ ᠪᠠᠰᠠ ᠮᠤᠩᠭᠤᠯ ᠢᠶᠠᠷ  ᠰᠤᠷᠤᠭᠰᠠᠨ ᠵᠠᠯᠠᠭᠤᠴᠤᠳ ᠤᠨ ᠠᠵᠢᠯ ᠤᠯᠭᠤᠯᠳᠠ ᠶᠢᠨ ᠲᠤᠬᠠᠢ ᠰᠠᠨᠠᠯ ᠲᠤᠷᠠᠳᠤᠯᠭ᠎ᠠ ᠲᠤᠷᠠᠳᠤᠭᠰᠠᠨ ᠪᠠᠶᠢᠵᠠᠢ᠃  ᠡᠳᠡᠭᠡᠷ ᠲᠤᠷᠠᠳᠤᠯᠭ᠎ᠠ ᠦᠩᠭᠡᠷᠡᠭᠰᠡᠨ ᠲᠠᠪᠤᠨ ᠵᠢᠯ ᠳᠤ ᠪᠢᠳᠡᠨ ᠤ ᠠᠵᠢᠯ ᠠᠮᠢᠳᠤᠷᠠᠯ ᠤᠨ ᠲᠤᠮᠳᠠ ᠨᠡᠯᠢᠶᠡᠳ  ᠰᠠᠶᠢᠬᠠᠨ ᠨᠠᠶᠢᠳᠠᠪᠤᠷᠢᠵᠢᠭᠳᠠᠵᠥ᠂ ᠮᠠᠨ ᠤ ᠡᠯ᠎ᠠ ᠲᠡᠯ᠎ᠠ ᠶᠢᠨ ᠠᠮᠢᠳᠤᠷᠠᠯ ᠤᠨ ᠨᠦᠬᠦᠴᠡᠯ ᠶᠡᠬᠡᠪᠡᠷ ᠰᠠᠶᠢᠵᠢᠷᠠᠵᠥ᠂  ᠬᠦᠰᠡᠯ ᠮᠦᠷᠦᠭᠡᠳᠦᠯ ᠪᠡᠶᠡᠯᠡᠭᠳᠡᠵᠥ ᠲᠡᠶᠢᠯᠦᠭᠰᠡᠨ ᠪᠠᠶᠢᠨ᠎ᠠ ᠭᠡᠵᠥ ᠪᠢ ᠪᠤᠳᠤᠵᠥ ᠪᠠᠶᠢᠨ᠎ᠠ᠃                   ᠤᠯᠠᠨ ᠤ ᠮᠡᠳᠡᠭᠡᠵᠢ ᠪᠠᠷ ᠠᠷᠪᠠᠨ ᠨᠠᠢᠮᠠᠳᠤᠭᠠᠷ ᠶᠡᠭᠡ ᠬᠤᠷᠠᠯ ᠤᠨ ᠮᠡᠳᠡᠬᠦᠯᠦᠯᠳᠠ ᠳᠤ ᠠᠷᠠᠳ ᠤᠨ  ᠠᠮᠢᠳᠤᠷᠠᠯ ᠤᠨ ᠲᠡᠯ᠎ᠠ ᠪᠠᠷ ᠡᠮ ᠡᠮᠴᠢᠯᠡᠭᠡ ᠶᠢᠨ ᠲᠠᠭᠠᠳᠬᠠᠯ᠂ ᠤᠷᠤᠨ ᠰᠠᠭᠤᠴᠠ᠂ ᠴᠠᠬᠢᠯᠭᠠᠨ ᠪᠡ ᠵᠠᠮ ᠨᠡᠪᠳᠡᠷᠡᠯᠭᠡ  ᠵᠡᠷᠭᠡ ᠶᠢ ᠪᠦᠷ ᠰᠠᠶᠢᠵᠢᠷᠠᠭᠤᠯᠤᠨ᠎ᠠ ᠭᠡᠵᠥ ᠲᠤᠷᠠᠳᠤᠭᠰᠠᠨ᠃ ᠤᠳᠤ ᠡᠷᠬᠢᠵᠥ ᠦᠵᠡᠬᠦ ᠳᠤ ᠡᠨᠡ ᠲᠠᠪᠤᠨ ᠵᠢᠯ ᠳᠤ  ᠦᠨᠡᠬᠡᠷ ᠪᠦᠷ ᠰᠠᠶᠢᠵᠢᠷᠠᠭᠰᠠᠨ ᠪᠠᠶᠢᠨ᠎ᠠ᠃ ᠤᠨᠴᠠᠭᠠᠢᠢᠯᠠᠨ ᠮᠢᠨᠦ ᠠᠩᠬᠠᠷᠤᠯ ᠢᠶᠠᠨ ᠬᠠᠨᠳᠤᠭᠤᠯᠤᠭᠰᠠᠨ ᠰᠤᠷᠭᠠᠨ  ᠬᠦᠮᠦᠵᠢᠯ ᠤᠨ ᠲᠡᠯ᠎ᠠ ᠪᠠᠷ᠂ ᠲᠠᠪᠤᠨ ᠵᠢᠯ ᠤᠨ ᠡᠮᠤᠨᠡᠬᠢ ᠮᠡᠳᠡᠬᠦᠯᠦᠯᠳᠡ ᠳᠤ ᠢᠩᠬᠢᠵᠥ ᠲᠤᠷᠠᠳᠤᠭᠰᠠᠨ ᠪᠠᠶᠢᠨ᠎ᠠ᠄  ᠰᠤᠷᠬᠤ ᠨᠠᠰᠤᠨ ᠠᠴᠠ ᠡᠮᠤᠨᠡᠬᠢ ᠠᠯᠪᠡᠨ ᠵᠢᠷᠤᠮ ᠤᠨ ᠰᠤᠷᠭᠠᠨ ᠬᠦᠮᠦᠵᠢᠯ ᠢ ᠲᠡᠩᠴᠡᠬᠦᠷᠢᠳᠠᠢ ᠬᠦᠭᠵᠢᠬᠦᠯᠤᠨ᠎ᠠ  ᠭᠡᠵᠥ ᠲᠤᠷᠠᠳᠴᠡᠢ᠃ ᠪᠠᠰᠠ ᠬᠢᠯᠢ ᠬᠢᠵᠠᠭᠠᠷ ᠤᠨ ᠦᠨᠳᠦᠰᠦᠳᠡᠨ ᠤ ᠶᠠᠳᠠᠭᠤ ᠬᠦᠴᠢᠷᠳᠡᠯᠳᠠᠢ ᠭᠠᠵᠠᠷ ᠤᠷᠤᠨ ᠤ  ᠰᠤᠷᠭᠠᠨ ᠬᠦᠮᠦᠵᠢᠯ ᠢ ᠬᠦᠨᠳᠦᠳᠬᠡᠨ ᠦᠵᠡᠵᠥ ᠬᠦᠭᠵᠢᠬᠦᠯᠤᠨ᠎ᠠ ᠭᠡᠰᠡᠨ ᠶᠤᠮ᠃ ᠨᠠᠮ ᠤᠨ ᠡᠨᠡ ᠰᠠᠶᠢᠬᠠᠨ  ᠲᠦᠷᠦ ᠶᠢᠨ ᠪᠤᠳᠤᠯᠭ᠎ᠠ ᠶᠢᠨ ᠲᠤᠤᠷ᠎ᠠ᠂ ᠮᠡᠨ‌‍ᠤ ᠰᠤᠮᠤ ᠱᠠᠳᠤᠨ ᠤ ᠰᠤᠷᠭᠠᠨ ᠬᠦᠮᠦᠵᠢᠯ ᠤᠬᠤᠷᠬᠠᠨ ᠲᠠᠪᠤᠨ ᠵᠢᠯ ᠳᠤ  ᠮᠠᠰᠢ ᠶᠡᠭᠡ  ᠬᠦᠭᠵᠢᠯᠳᠡ ᠬᠤᠪᠢᠷᠠᠯᠳᠠ ᠭᠠᠷᠪᠠ᠃ ᠠᠳᠡ ᠪᠢ ᠨᠠᠮ ᠤᠨ ᠲᠦᠷᠦ ᠶᠢᠨ ᠪᠤᠳᠤᠯᠭ᠎ᠠ ᠶᠢᠨ ᠰᠠᠶᠢᠬᠠᠨ  ᠲᠤᠶᠠᠭᠠᠷᠠᠯ ᠲᠤᠤᠷ᠎ᠠ ᠮᠠᠨ ᠤ ᠢᠮᠢᠨ ᠲᠦᠪ ᠰᠤᠷᠭᠠᠭᠤᠯᠢ ᠶᠠᠮᠠᠷᠰᠢᠤᠬᠠᠨ ᠬᠤᠪᠢᠷᠠᠯᠳᠡ ᠭᠠᠷᠤᠭᠰᠠᠨ‌‍ᠤ ᠲᠤᠬᠠᠢ  ᠤᠯᠠᠨ ᠲᠠᠢ ᠪᠠᠨ ᠬᠤᠪᠢᠶᠠᠯᠴᠠᠶ᠎ᠠ︕                   ᠨᠢᠭᠡ ᠳᠤ ᠰᠤᠷᠭᠠᠭᠤᠯᠢ ᠶᠢᠨ ᠪᠦᠳᠦᠭᠡᠨ ᠪᠠᠶᠢᠭᠤᠯᠤᠯᠳᠠ ᠶᠢᠨ ᠲᠡᠯ᠎ᠠ ᠪᠠᠷ ᠮᠠᠰᠢ ᠶᠡᠭᠡ ᠬᠤᠪᠢᠷᠠᠯᠳᠠ ᠭᠠᠷᠴᠠᠢ᠃ 2009 ᠤᠨ ᠳᠤ ᠪᠢ ᠲᠤᠰ ᠰᠤᠷᠭᠠᠭᠤᠯᠢ ᠳᠤ ᠢᠷᠡᠬᠦ ᠳᠤ ᠭᠤᠷᠪᠠᠭ᠋ᠠᠨ ᠨᠠᠪᠳᠠᠭᠠᠷ ᠪᠠᠶᠢᠰᠢᠩ ᠪᠠᠶᠢᠵᠥ᠂  ᠨᠢᠭᠡᠳᠦᠭᠡᠷ ᠠᠩᠬᠢ ᠳᠤᠨᠢ ᠨᠠᠢᠮᠠᠬᠠᠨ ᠰᠤᠷᠤᠭᠴᠢ ᠲᠠᠢ ᠪᠠᠶᠢᠪᠠ᠃ ᠴᠡᠴᠡᠷᠯᠢᠭ ᠭᠡᠵᠥ ᠡᠯ᠎ᠠ ᠭᠠᠴᠠᠭ᠎ᠠ ᠠᠴᠠ ᠵᠤᠭᠤᠰ  ᠬᠤᠷᠢᠶᠠᠵᠥ ᠪᠠᠶᠢᠭᠠᠳ ᠪᠠᠶᠢᠭᠤᠯᠤᠭᠰᠠᠨ ᠨᠢᠭᠡᠨ ᠲᠦᠬᠦᠮᠬᠡᠨ ᠴᠡᠴᠡᠷᠯᠢᠭ ᠪᠦᠭᠡᠳ ᠠᠷᠪᠠᠭᠠᠳ ᠯᠡ ᠬᠡᠤᠬᠡᠳ ᠲᠠᠢ  ᠪᠠᠶᠢᠭᠰᠠᠨ᠂ ᠨᠠᠮ ᠤᠨ ᠠᠷᠪᠠᠨ ᠨᠠᠢᠮᠠᠳᠤᠭᠠᠷ ᠬᠤᠷᠠᠯ ᠠᠴᠠ ᠨᠠᠰᠢ᠂ 2014 ᠤᠨ ᠳᠤ ᠠᠯᠪᠡᠨ ᠵᠢᠷᠦᠮ ᠤᠨ  ᠰᠤᠷᠭᠠᠨ ᠬᠦᠮᠦᠵᠢᠯ ᠢ ᠲᠠᠩᠴᠡᠭᠦᠷᠢᠳᠠᠢ ᠬᠦᠭᠵᠢᠬᠦᠯᠤᠨ᠎ᠠ ᠭᠡᠬᠦ ᠲᠤᠷᠠᠳᠤᠭᠰᠠᠨ ᠶᠤᠰᠤᠭᠠᠷ ᠪᠢᠳᠡ 1100 ᠲᠡᠭᠰᠢ  ᠲᠦᠷᠪᠡᠯᠵᠢᠨ ᠮᠧᠲᠷ ᠤᠨ ᠬᠤᠶᠠᠷ ᠲᠠᠪᠬᠤᠷ ᠴᠡᠴᠡᠷᠯᠢᠭ ᠤᠨ ᠠᠰᠠᠷ ᠲᠠᠢ ᠪᠤᠯᠵᠥ᠂ 2014 ᠲᠡᠭᠰᠢ ᠲᠦᠷᠪᠡᠯᠵᠢᠨ  ᠮᠧᠲᠷ ᠤᠨ ᠰᠠᠯᠬᠢ ᠪᠤᠷᠤᠭᠠᠨ ᠠᠴᠠ ᠬᠠᠯᠬᠠᠯᠠᠭᠰᠠᠨ ᠲᠠᠮᠢᠷ ᠤᠨ ᠤᠷᠳᠤᠨ ᠢ ᠪᠠᠶᠢᠭᠤᠯᠵᠥ᠂ 400 ᠲᠡᠭᠰᠢ  ᠲᠦᠷᠪᠡᠯᠵᠢᠨ ᠮᠧᠲᠷ ᠤᠨ ᠤᠯᠠᠨ ᠬᠡᠷᠡᠭᠴᠡᠭᠡᠳᠦ ᠠᠩᠬᠢ ᠶᠢᠨ ᠭᠡᠷ ᠲᠠᠢ ᠪᠤᠯᠪᠡ᠃ ᠡᠬᠦᠨ ᠳᠤ ᠲᠠᠭᠤᠤ ᠶᠢᠨ  ᠬᠢᠴᠢᠶᠡᠯ ᠤᠨ ᠭᠡᠷ᠂ ᠵᠢᠷᠤᠭ ᠤᠨ ᠬᠢᠴᠢᠶᠠᠯ ᠤᠨ ᠭᠡᠷ᠂ ᠪᠦᠵᠢᠭ ᠤᠨ ᠬᠢᠴᠢᠶᠠᠯ ᠤᠨ ᠭᠡᠷ ᠭᠡᠬᠦ ᠮᠡᠳᠦ ᠶᠢᠨ ᠠᠷᠪᠠᠭᠠᠳ  ᠬᠡᠯᠪᠡᠷᠢ ᠶᠢᠨ ᠤᠯᠠᠨ ᠬᠡᠷᠡᠭᠴᠡᠭᠡᠳᠦ ᠠᠩᠬᠢ ᠶᠢᠨ ᠭᠡᠷ ᠲᠠᠢ᠃ ᠮᠠᠨ ᠤ ᠰᠤᠷᠭᠠᠭᠤᠯᠢ ᠪᠠᠰᠠ 150  ᠮᠧᠲᠷ ᠤᠨ  ᠲᠠᠮᠢᠷ ᠤᠨ ᠲᠠᠯᠠᠪᠤᠷ ᠲᠠᠢ᠃ ᠤᠳᠤ ᠪᠢᠳᠡ ᠠᠯᠪᠠᠨ ᠵᠢᠷᠦᠮ ᠤᠨ ᠰᠤᠷᠭᠠᠨ ᠬᠦᠮᠦᠵᠢᠯ ᠢ ᠲᠠᠩᠴᠡᠬᠦᠷᠢᠳᠠᠢ  ᠬᠦᠭᠵᠢᠬᠦᠯᠦᠶ᠎ᠠ ᠭᠡᠰᠡᠨ ᠲᠦᠷᠦ ᠶᠢᠨ ᠪᠤᠳᠤᠯᠭ᠎ᠠ ᠶᠢ ᠰᠠᠶᠢᠳᠤᠷ ᠨᠠᠶᠢᠳᠠᠪᠤᠷᠢᠵᠢᠭᠤᠯᠵᠥ᠂ ᠮᠠᠨ ᠤ ᠰᠤᠷᠭᠠᠭᠤᠯᠢ᠂  ᠬᠤᠳᠠ ᠪᠠ ᠬᠤᠰᠢᠭᠤᠨ ᠲᠦᠪ ᠲᠠᠬᠢ ᠰᠤᠷᠭᠠᠭᠤᠯᠢ ᠲᠠᠢ ᠠᠳᠠᠯᠢᠬᠠᠨ ᠨᠦᠬᠦᠴᠡᠯ ᠲᠠᠢ ᠪᠤᠯᠵᠥ᠂ ᠡᠨᠡ ᠵᠢᠯ ᠪᠠᠰᠠ  400 ᠲᠡᠭᠰᠢ ᠲᠦᠷᠪᠡᠯᠵᠢᠨ ᠮᠧᠲᠷ ᠤᠨ ᠪᠠᠶᠢᠷᠢ ᠶᠢᠨ ᠠᠰᠠᠷ ᠪᠠᠷᠢᠵᠤ᠂ ᠰᠤᠷᠭᠠᠭᠤᠯᠢ ᠶᠢᠨ ᠨᠦᠬᠦᠴᠡᠯ ᠮᠠᠰᠢ  ᠰᠠᠶᠢᠵᠢᠷᠠᠪᠠ᠃                   ᠰᠤᠷᠪᠤᠯᠵᠢᠯᠠᠭᠴᠢ᠄ ᠡᠨᠡ ᠲᠠᠪᠤᠨ ᠵᠢᠯ ᠤᠨ ᠬᠤᠭᠤᠷᠤᠨᠳᠤ ᠢᠮᠢᠨ ᠲᠦᠪ ᠰᠤᠷᠭᠠᠭᠤᠯᠢ ᠶᠢᠨ ᠰᠠᠭᠤᠷᠢ  ᠲᠤᠨᠤᠭ ᠲᠦᠬᠦᠭᠡᠷᠦᠮᠵᠢ ᠶᠢᠨ ᠪᠦᠳᠦᠭᠡᠨ ᠪᠠᠶᠢᠭᠤᠯᠤᠯᠳᠠ ᠮᠡᠳᠡᠭᠳᠡᠮ᠎ᠠ ᠲᠡᠭᠡᠭᠰᠢᠯᠡᠭᠰᠡᠨ ᠪᠠᠶᠢᠨ᠎ᠠ᠃ ᠲᠡᠭᠡᠪᠡᠯ ᠵᠢᠭᠠᠨ  ᠰᠤᠷᠭᠠᠯᠳᠠ ᠶᠢᠨ ᠲᠡᠯ᠎ᠠ ᠪᠠᠷ ᠶᠠᠮᠠᠷ ᠬᠤᠪᠢᠷᠠᠯᠳᠠ ᠭᠠᠷᠤᠭᠰᠠᠨ ᠪᠤᠢ︖                   ᠮᠧᠢ ᠬᠤᠧᠠ᠄ ᠲᠡᠶᠢᠮᠦ᠂ ᠮᠠᠨ ᠤ ᠰᠤᠷᠭᠠᠭᠤᠯᠢ ᠰᠠᠭᠤᠷᠢ ᠪᠦᠳᠦᠭᠡᠨ ᠪᠠᠶᠢᠭᠤᠯᠤᠯᠳᠠ ᠪᠠᠨ ᠰᠠᠶᠢᠳᠤᠷ  ᠬᠢᠭᠰᠡᠨ ᠪᠦᠭᠡᠳ ᠪᠠᠭᠰᠢ ᠶᠢᠨ ᠡᠩᠨᠡᠭᠡᠨ ᠤ ᠪᠦᠳᠦᠭᠡᠨ ᠪᠠᠶᠢᠭᠤᠯᠤᠯᠳᠠ ᠪᠠᠨ ᠴᠦ ᠰᠠᠶᠢᠳᠤᠷ ᠬᠢᠪᠡ᠃ ᠡᠨᠡ ᠬᠡᠳᠦᠨ  ᠵᠢᠯ ᠳᠤ ᠠᠷᠪᠠᠨ ᠬᠡᠳᠦᠨ ᠲᠤᠰᠬᠠᠢ ᠮᠡᠷᠭᠡᠵᠢᠯ ᠤᠨ ᠪᠠᠭᠰᠢ ᠤᠷᠢᠵᠥ ᠬᠡᠷᠡᠭᠯᠡᠨ᠂ ᠪᠠᠭᠰᠢ ᠶᠢᠨ ᠡᠩᠨᠡᠭᠡᠨ ᠤ ᠶᠠᠰᠤ  ᠴᠢᠨᠠᠷ ᠢᠶᠠᠨ ᠶᠡᠬᠡᠬᠡᠨ ᠲᠡᠭᠡᠭᠰᠢᠯᠡᠬᠦᠯᠵᠡᠢ᠃                   ᠰᠤᠷᠪᠤᠯᠵᠢᠯᠠᠭᠴᠢ᠄ ᠰᠤᠮᠤ ᠱᠠᠳᠤᠨ ᠤ ᠰᠤᠷᠭᠠᠭᠤᠯᠢ ᠶᠢᠨ ᠨᠦᠬᠦᠴᠡᠯ ᠰᠠᠶᠢᠵᠢᠷᠠᠵᠥ᠂ ᠮᠠᠯᠴᠢᠳ ᠬᠢᠷᠢ ᠵᠡᠷᠭᠡ  ᠠᠰᠢᠭ ᠬᠦᠷᠳᠡᠪᠡ︖ ᠲᠤᠬᠠᠢ ᠶᠢᠨ ᠭᠠᠵᠠᠷ ᠤᠷᠤᠨ ᠤ ᠬᠡᠤᠬᠡᠳ ᠤᠳ ᠤᠨ ᠭᠡᠷ ᠤᠨ ᠠᠬᠠᠮᠠᠳ ᠲᠤ ᠮᠠᠰᠢ ᠲᠦᠬᠦᠮ  ᠪᠤᠯᠤᠭᠰᠠᠨ ᠪᠠᠶᠢᠬ᠎ᠠ︖                   ᠮᠧᠢ ᠬᠤᠧᠠ᠄ ᠮᠠᠨ ᠤ ᠡᠨᠡ ᠴᠢᠨᠢ ᠰᠤᠮᠤ ᠱᠠᠳᠤᠨ ᠤ ᠴᠤᠯ ᠮᠤᠩᠭᠤᠯ ᠢᠶᠠᠷ ᠬᠢᠴᠢᠶᠠᠯᠯᠡᠵᠥ ᠪᠠᠶᠢᠭ᠎ᠠ  ᠰᠤᠷᠭᠠᠭᠤᠯᠢ᠂ ᠰᠤᠷᠤᠭᠴᠢ ᠶᠢᠨ ᠭᠤᠤᠯ ᠢᠷᠡᠯᠳᠡ ᠪᠤᠯ ᠮᠠᠨ ᠤ ᠰᠤᠮᠤᠨ ᠤ ᠬᠡᠳᠦᠨ ᠭᠠᠴᠠᠭᠠᠨ ᠤ ᠮᠠᠯᠴᠢᠳ ᠤᠨ  ᠬᠡᠤᠬᠡᠳ᠃ ᠰᠤᠮᠤᠨ ᠳᠠᠭᠠᠨ ᠰᠤᠷᠭᠠᠭᠤᠯᠢ ᠲᠠᠢ ᠪᠤᠯᠴᠢᠬᠠᠭᠰᠠᠨ ᠠᠴᠠ ᠮᠠᠨ ᠤ ᠮᠠᠯᠴᠢᠳ ᠬᠡᠤᠬᠡᠳ ᠢᠶᠠᠨ  ᠪᠡᠶ᠎ᠠ ᠠᠴᠠ ᠪᠠᠨ ᠰᠠᠯᠭᠠᠵᠥ ᠬᠤᠯᠠ ᠶᠠᠪᠤᠭᠤᠯᠬᠤ ᠴᠢᠬᠤᠯᠠ ᠦᠭᠡᠢ ᠪᠤᠯᠵᠥ᠂ ᠰᠤᠷᠭᠠᠭᠤᠯᠢ ᠨᠢ ᠭᠡᠷ ᠠᠴᠠ ᠨᠢ ᠮᠠᠰᠢ  ᠤᠢᠢᠷᠠᠬᠠᠨ ᠪᠤᠯᠵᠠᠢ᠃ ᠤᠨᠴᠠᠭᠠᠢᠢᠯᠠᠨ ᠴᠡᠴᠡᠷᠯᠢᠭ ᠤᠨ ᠪᠠᠭ᠎ᠠ ᠨᠠᠰᠤᠨ ᠤ ᠬᠡᠤᠬᠡᠳ ᠤᠳ ᠭᠡᠷ ᠠᠴᠠ ᠪᠠᠨ ᠰᠠᠯᠠᠭᠠᠳ  ᠬᠤᠰᠢᠭᠤᠨ ᠳᠤ ᠤᠴᠢᠵᠥ ᠬᠢᠴᠢᠶᠡᠯᠯᠡᠬᠦ ᠳᠤ ᠪᠠᠰᠠ ᠲᠦᠢᠯ ᠤᠨ ᠬᠦᠴᠢᠷᠳᠠᠢ᠂ ᠤᠳᠤ ᠰᠤᠮᠤᠨ ᠤ ᠰᠤᠷᠭᠠᠭᠤᠯᠢ ᠶᠢᠨ  ᠨᠦᠬᠦᠴᠡᠯ ᠪᠦᠷ ᠰᠠᠶᠢᠵᠢᠷᠠᠭᠰᠠᠨ ᠠᠴᠠ ᠭᠡᠷ ᠤᠨ ᠠᠬᠠᠮᠠᠳ ᠬᠠᠰᠢᠯᠡ ᠭᠡᠷ ᠠᠴᠠ ᠪᠠᠨ ᠤᠢᠢᠷ᠎ᠠ ᠭᠡᠵᠥ ᠮᠠᠨ ᠤ ᠠᠳᠡ  ᠬᠦᠷᠭᠡᠬᠦ ᠨᠢ ᠤᠯᠠᠰᠢᠷᠠᠪᠠ᠃ ᠮᠠᠨ ᠤ ᠰᠤᠷᠭᠠᠭᠤᠯᠢ ᠨᠠᠢᠮᠠᠬᠠᠨ ᠰᠤᠷᠤᠭᠴᠢ ᠲᠠᠢ ᠪᠠᠶᠢᠭᠰᠠᠨ ᠠᠴᠠ ᠪᠦᠷᠢᠨ ᠪᠠᠭ᠎ᠠ  ᠰᠤᠷᠭᠠᠭᠤᠯᠢ ᠪᠤᠯᠤᠭᠠᠳ ᠪᠠᠭ᠎ᠠ ᠰᠤᠷᠭᠠᠭᠤᠯᠢ ᠳᠤ 67 ᠰᠤᠷᠤᠭᠴᠢ ᠲᠠᠢ᠂ ᠴᠡᠴᠡᠷᠯᠢᠭ ᠲᠤ ᠲᠠᠪᠢ ᠭᠠᠷᠤᠢ  ᠬᠡᠤᠬᠡᠳ ᠲᠠᠢ ᠪᠤᠯᠪᠡ᠃ ᠡᠨᠡ ᠨᠢ ᠮᠠᠨ ᠤ ᠰᠤᠷᠭᠠᠭᠤᠯᠢ ᠵᠠᠭᠤ ᠬᠤᠷᠢᠭᠠᠳ ᠠᠶᠢᠯ ᠤᠨ ᠬᠡᠤᠬᠡᠳ ᠤᠨ  ᠰᠤᠷᠭᠠᠭᠤᠯᠢ ᠳᠤ ᠤᠷᠤᠬᠤ ᠠᠰᠠᠭᠤᠳᠠᠯ ᠢ ᠰᠢᠢᠳᠪᠤᠷᠢᠯᠡᠵᠥ ᠴᠢᠳᠠᠭᠰᠠᠨ ᠭᠡᠵᠥ ᠬᠡᠯᠡᠵᠥ ᠪᠤᠯᠤᠨ᠎ᠠ᠃ ᠮᠢᠨᠦ  ᠦᠵᠡᠬᠦ ᠪᠠᠷ ᠰᠤᠷᠭᠠᠭᠤᠯᠢ ᠶᠢᠨ ᠨᠦᠬᠦᠴᠡᠯ ᠰᠠᠶᠢᠵᠢᠷᠠᠵᠥ ᠪᠠᠶᠢᠨ᠎ᠠ᠂ ᠵᠢᠭᠠᠨ ᠰᠤᠷᠭᠠᠯᠳᠠ ᠶᠢᠨ ᠶᠠᠰᠤ ᠴᠢᠨᠠᠷ ᠲᠡᠭᠡᠭᠰᠢᠯᠡᠵᠥ ᠪᠠᠶᠢᠭ᠎ᠠ ᠠᠴᠠ ᠬᠡᠤᠬᠡᠳ ᠤᠨ ᠲᠤᠭ᠎ᠠ ᠤᠯᠠᠮ ᠤᠯᠠᠰᠢᠷᠠᠬᠤ ᠪᠠᠶᠢᠬ᠎ᠠ ᠭᠡᠵᠥ ᠪᠤᠳᠤᠵᠥ ᠪᠠᠶᠢᠨ᠎ᠠ᠃           ᠰᠤᠷᠪᠤᠯᠵᠢᠯᠠᠭᠴᠢ᠄ ᠢᠮᠢᠨ ᠲᠦᠪ ᠰᠤᠷᠭᠠᠭᠤᠯᠢ ᠶᠢᠨ ᠵᠢᠭᠠᠨ ᠰᠤᠷᠭᠠᠯᠳᠠ ᠶᠢᠨ ᠲᠡᠯ᠎ᠠ ᠶᠢᠨ ᠬᠢᠯᠡᠰ ᠴᠡᠭ  ᠶᠠᠭᠤ ᠪᠠᠶᠢᠬᠤ ᠪᠤᠢ︖                   ᠮᠧᠢ ᠬᠤᠧᠠ᠄ ᠢᠮᠢᠨ ᠰᠤᠮᠤ ᠪᠤᠯ ᠡᠧᠡᠩᠬᠢ ᠦᠨᠳᠦᠰᠦᠳᠡᠨ ᠪᠤᠯᠤᠨ ᠦᠭᠡᠯᠡᠳ ᠶᠠᠰᠤᠳᠠᠨ ᠲᠦᠪᠯᠡᠷᠡᠵᠥ  ᠰᠠᠭᠤᠭᠰᠠᠨ ᠰᠤᠮᠤ᠂ ᠮᠦᠨ ᠴᠦ ᠮᠠᠯᠵᠢᠬᠤ ᠰᠤᠮᠤ᠂ ᠡᠶᠢᠮᠦ ᠠᠴᠠ ᠮᠠᠨ ᠤ ᠬᠠᠮᠤᠭ ᠤᠨ ᠬᠢᠯᠡᠰ ᠴᠡᠭ ᠪᠤᠯ ᠮᠤᠩᠭᠤᠯ  ᠬᠡᠯᠡᠨ ᠤ ᠵᠢᠭᠠᠨ ᠰᠤᠷᠭᠠᠯᠳᠠ ᠶᠢᠨ ᠲᠡᠯ᠎ᠠ ᠪᠠᠷ ᠪᠤᠰᠤᠳ‌ᠡᠴᠠ ᠤᠨᠴᠠᠯᠢᠭᠳᠠᠨ᠎ᠠ᠃ ᠤᠨᠴᠠᠯᠢᠭᠳᠤ ᠰᠤᠷᠭᠠᠨ ᠬᠦᠮᠦᠵᠢᠯ  ᠭᠡᠵᠥ ᠶᠠᠷᠢᠪᠠᠯ᠂ ᠪᠢᠳᠡ ᠦᠭᠡᠯᠡᠳ ᠶᠠᠰᠤᠳᠠᠨ ᠤ ᠤᠵᠤᠭᠤᠷ ᠬᠦᠭᠵᠢᠮ ᠪᠤᠯᠬᠤ ᠲᠤᠪᠰᠢᠭᠤᠷ ᠬᠦᠭᠵᠢᠮ ᠢ ᠵᠢᠭᠠᠨ  ᠰᠤᠷᠭᠠᠯᠳᠠ ᠳᠤ ᠤᠷᠤᠭᠤᠯᠵᠥ᠂ ᠰᠠᠪᠠᠷᠳᠠᠩ ᠪᠦᠵᠢᠭ ᠢ ᠰᠤᠷᠭᠠᠭᠤᠯᠢ ᠶᠢᠨ ᠲᠠᠮᠢᠷ ᠤᠨ ᠬᠢᠴᠢᠶᠠᠯ ᠳᠤ ᠤᠷᠤᠭᠤᠯᠵᠥ᠂  ᠦᠭᠡᠯᠡᠳ ᠠᠷᠠᠳ ᠤᠨ ᠲᠠᠭᠤᠤ ᠶᠢ ᠲᠠᠭᠤᠤ ᠶᠢᠨ ᠬᠢᠴᠢᠶᠡᠯ ᠳᠡᠭᠡᠨ ᠤᠷᠤᠭᠤᠯᠵᠥ ᠵᠢᠭᠠᠵᠥ ᠪᠠᠶᠢᠨ᠎ᠠ᠃                   ᠰᠤᠷᠪᠤᠯᠵᠢᠯᠠᠭᠴᠢ᠄ ᠡᠳᠡᠭᠡᠷ ᠤᠯᠠᠨ ᠤᠨᠴᠠᠯᠢᠭᠳᠤ ᠵᠢᠭᠠᠨ ᠰᠤᠷᠭᠠᠯᠳᠠ ᠶᠢᠨ ᠲᠠᠪᠠᠭᠤᠯᠢᠭ ᠲᠠᠢ ᠠᠴᠠ ᠮᠠᠨ ᠤ  ᠰᠤᠮᠤᠨ ᠤ ᠰᠤᠷᠭᠠᠭᠤᠯᠢ ᠬᠤᠰᠢᠭᠤ ᠱᠠᠳᠤᠨ ᠤ ᠰᠤᠷᠭᠠᠭᠤᠯᠢ ᠠᠴᠠ ᠲᠤᠳᠠᠬᠤ ᠵᠦᠢᠯ ᠪᠠᠶᠢᠬᠤ ᠦᠭᠡᠢ ᠪᠤᠯᠤᠭᠰᠠᠨ  ᠤᠤ︖                   ᠮᠧᠢ ᠬᠤᠧᠠ᠄ ᠪᠠᠭ᠎ᠠ ᠰᠤᠷᠭᠠᠭᠤᠯᠢ ᠶᠢᠨ ᠬᠡᠮᠵᠢᠶᠠᠨ ᠳᠤ ᠪᠤᠯ ᠲᠡᠮᠡᠢ ᠶᠡᠭᠡ ᠵᠦᠷᠢᠶᠡᠨ ᠦᠭᠡᠢ᠃           ᠰᠤᠷᠪᠤᠯᠵᠢᠯᠠᠭᠴᠢ᠄ ᠡᠨᠡ ᠵᠦᠷᠢᠶ᠎ᠠ ᠪᠠᠨ ᠪᠠᠭᠠᠰᠬᠠᠬᠤ ᠶᠢᠨ ᠲᠦᠯᠦᠭᠡ ᠶᠠᠮᠠᠷ ᠠᠷᠭ᠎ᠠ ᠬᠡᠮᠵᠢᠶ᠎ᠠ ᠠᠪᠳᠠᠭ ᠪᠤᠢ︖          ᠮᠧᠢ ᠬᠤᠧᠠ᠄ ᠪᠢᠳᠡᠨ ᠤ ᠴᠢᠷᠮᠠᠶᠢᠵᠥ ᠤᠯᠤᠭᠰᠠᠨ ᠠᠮᠵᠢᠯᠳᠠ ᠪᠠᠨ ᠶᠠᠷᠢᠪᠠᠯ᠂ ᠮᠠᠨ ᠤ ᠰᠤᠷᠭᠠᠭᠤᠯᠢ ᠵᠢᠯ  ᠪᠤᠯᠭᠠᠨ ᠬᠤᠰᠢᠭᠤ ᠬᠤᠳᠠ ᠶᠢᠨ ᠦᠨᠠᠯᠠᠯᠳᠠ ᠳᠤ ᠰᠠᠶᠢᠨ ᠬᠢᠷᠢ ᠪᠦᠳᠦᠮᠵᠢ ᠤᠯᠳᠠᠭ᠃ ᠡᠨᠡ ᠵᠢᠯ ᠤᠨ ᠡᠨᠡᠬᠦ  ᠦᠨᠡᠯᠡᠯᠳᠡ ᠳᠤ ᠮᠠᠨ ᠤ ᠰᠤᠷᠭᠠᠭᠤᠯᠢ ᠶᠢᠨ ᠲᠠᠪᠤᠳᠤᠭᠠᠷ ᠤᠨ ᠤ ᠠᠩᠭ᠍ᠯᠢ ᠬᠡᠯᠡ᠂ ᠲᠤᠭ᠎ᠠ ᠶᠢᠨ ᠬᠢᠷᠢ ᠬᠡᠮᠵᠢᠶ᠎ᠠ  ᠮᠠᠨ ᠤ ᠬᠤᠰᠢᠭᠤᠨ ᠤ ᠮᠤᠩᠭᠤᠯ ᠦᠨᠳᠦᠰᠦᠳᠡᠨ ᠤ ᠲᠠᠪᠤᠨ ᠰᠤᠷᠭᠠᠭᠤᠯᠢ ᠶᠢᠨ ᠲᠤᠳᠤᠷ᠎ᠠ ᠪᠦᠷ ᠨᠢᠭᠡᠳᠦᠭᠡᠷ ᠲᠤ ᠤᠷᠤᠵᠠᠢ᠃ ᠵᠢᠷᠭᠤᠳᠤᠭᠠᠷ ᠠᠩᠬᠢ ᠶᠢᠨ ᠬᠢᠳᠠᠳ ᠬᠡᠯᠡ᠂ ᠠᠩᠭ᠍ᠯᠢ ᠬᠡᠯᠡ ᠨᠢ ᠨᠢᠭᠡᠳᠦᠭᠡᠷ ᠲᠤ ᠤᠷᠤᠭᠠᠳ᠂ ᠲᠤᠭ᠎ᠠ  ᠪᠤᠯᠤᠨ ᠬᠡᠯᠡ ᠪᠢᠴᠢᠭ ᠤᠨ ᠬᠢᠴᠢᠶᠠᠯ ᠬᠤᠶᠠᠳᠤᠭᠠᠷ ᠲᠤ ᠤᠷᠤᠵᠠᠢ᠃ ᠤᠳᠤ ᠬᠢᠳᠠᠳ ᠢᠶᠠᠷ ᠬᠢᠴᠢᠶᠠᠯᠯᠠᠵᠥ ᠪᠠᠶᠢᠭ᠎ᠠ  ᠰᠤᠷᠭᠠᠭᠤᠯᠢ ᠠᠴᠠ ᠪᠦᠷ ᠲᠡᠮᠠᠢ ᠲᠤᠳᠠᠬᠤ ᠦᠭᠡᠢ᠂ ᠠᠩᠭ᠍ᠯᠢ ᠬᠡᠯᠡᠨ ᠤ ᠬᠢᠷᠢ ᠬᠡᠮᠵᠢᠶ᠎ᠠ ᠬᠢᠳᠠᠳ ᠢᠶᠠᠷ ᠬᠢᠴᠢᠶᠡᠯᠯᠡᠵᠥ  ᠪᠠᠶᠢᠭ᠎ᠠ ᠰᠤᠷᠭᠠᠭᠤᠯᠢ ᠶᠢᠨ ᠲᠡᠭᠰᠢᠳᠬᠡᠯ ᠬᠤᠪᠢ ᠠᠴᠠ ᠪᠠᠰᠠ ᠦᠨᠳᠦᠷ ᠪᠤᠯᠵᠦ ᠪᠠᠶᠢᠨ᠎ᠠ᠃ ᠡᠨᠡ ᠨᠢ ᠵᠦᠪᠬᠡᠨ ᠨᠢᠭᠡ  ᠤᠳᠠᠭᠠᠨ ᠤ ᠦᠨᠡᠯᠡᠯᠳᠡ ᠰᠢᠯᠭᠠᠯᠳᠠ ᠪᠤᠯᠪᠠᠴᠦ ᠪᠠᠰᠠ ᠨᠢᠭᠡ ᠵᠦᠢᠯ ᠤᠨ ᠠᠮᠵᠢᠯᠳᠠ ᠭᠡᠵᠤ ᠪᠤᠯᠤᠨ᠎ᠠ᠃ ᠮᠠᠨ ᠤ ᠰᠤᠷᠭᠠᠭᠤᠯᠢ ᠶᠢᠨ ᠬᠤᠰᠢᠭᠤᠨ ᠤ ᠮᠤᠩᠭᠤᠯ ᠬᠡᠯᠡᠨ ᠤ ᠴᠢᠳᠠᠪᠤᠷᠢ ᠶᠢᠨ ᠤᠷᠤᠯᠳᠤᠭᠠᠨ ᠳᠤ ᠤᠷᠤᠯᠴᠠᠭᠠᠳ ᠨᠢᠭᠡᠳᠦᠭᠡᠷ  ᠲᠡᠰ ᠲᠤ ᠤᠷᠤᠵᠥ ᠦᠩᠭᠡᠷᠡᠭᠰᠡᠨ᠂ ᠮᠠᠨ ᠤ ᠰᠤᠷᠭᠠᠭᠤᠯᠢ ᠶᠢᠨ ᠰᠤᠷᠤᠭᠴᠢᠳ ᠪᠠᠰᠠ ᠮᠠᠰᠢ ᠤᠯᠠᠨ  ᠨᠡᠪᠳᠡᠷᠡᠬᠦᠯᠦᠭᠴᠢ ᠬᠦᠳᠦᠯᠦᠭᠴᠢ ᠶᠢᠨ ᠤᠷᠤᠯᠳᠤᠭᠠᠨ ᠳᠤ ᠲᠡᠷᠢᠬᠦᠯᠡᠵᠥ ᠦᠩᠭᠡᠷᠡᠭᠰᠡᠨ᠃ ᠮᠠᠨ ᠤ ᠰᠤᠷᠭᠠᠭᠤᠯᠢ ᠶᠢᠨ  ᠲᠤᠪᠰᠢᠭᠤᠷ ᠬᠦᠭᠵᠢᠮ ᠡᠬᠢᠯᠡᠵᠥ ᠵᠢᠭᠠᠭᠠᠳ ᠭᠤᠷᠪᠠᠨ ᠵᠢᠯ ᠪᠤᠯᠵᠥ ᠪᠠᠶᠢᠨ᠎ᠠ᠃ ᠮᠠᠨ ᠤ ᠬᠡᠤᠬᠡᠳ ᠤᠨ ᠲᠤᠪᠰᠢᠭᠤᠷ  ᠲᠤᠪᠰᠢᠭᠤᠷᠳᠠᠬᠤ ᠬᠢᠷᠢ ᠬᠡᠮᠵᠢᠶ᠎ᠠ ᠨᠡᠯᠢᠶᠡᠳ ᠦᠨᠳᠦᠷ ᠪᠤᠯᠴᠢᠬᠠᠭᠰᠨᠨ᠂ 2017 ᠤᠨ ᠤ ᠦᠪᠦᠷ ᠮᠤᠩᠭᠤᠯ ᠤᠨ  ᠬᠡᠤᠬᠡᠳ ᠪᠠᠭᠠᠴᠤᠳ ᠤᠨ ᠰᠢᠨ᠎ᠠ ᠵᠢᠯ ᠤᠨ ᠦᠳᠡᠰᠢᠯᠡᠭᠡ ᠳᠤ ᠤᠷᠤᠯᠴᠠᠭᠰᠠᠨ ᠶᠤᠮ᠃ ᠰᠤᠮᠤ ᠱᠠᠳᠤᠨ ᠤ  ᠬᠡᠤᠬᠡᠳ ᠤᠳ ᠡᠶᠢᠮᠦ ᠲᠤᠮᠤ ᠲᠠᠶᠢᠰᠠᠨ ᠳᠤ ᠭᠠᠷᠬᠤ ᠳᠤ ᠪᠢᠳᠡ ᠶᠡᠭᠡ ᠪᠠᠶᠠᠷᠯᠠᠭᠰᠠᠨ᠂ ᠭᠡᠷ ᠤᠨ ᠠᠬᠠᠮᠠᠳ ᠮᠠᠰᠢ  ᠦᠨᠳᠦᠷ ᠦᠨᠡᠯᠡᠯᠳᠡ ᠦᠭᠬᠦᠭᠰᠡᠨ᠃                   ᠰᠤᠷᠪᠤᠯᠵᠢᠯᠠᠬᠴᠢ᠄ ᠲᠡ ᠦᠪᠠᠷ ᠲᠡᠭᠡᠨ ᠦᠡᠳᠤᠰᠤᠡ ᠱᠠᠳᠤᠡ ᠤ ᠰᠤᠷᠭᠠᠨ ᠬᠦᠮᠤᠵᠢᠯ‌‍ᠤᠨ ᠠᠵᠢᠯ ᠬᠢᠵᠤ   ᠪᠠᠶᠢᠭ᠎ᠠ᠂ ᠤᠳᠤ ᠦᠡᠳᠤᠰᠤᠡ ᠱᠠᠳᠤᠡ ᠤ ᠰᠤᠷᠭᠠᠡ ᠬᠦᠮᠤᠵᠢᠯ ᠳᠤ ᠲᠤᠯᠭᠠᠮ᠎ᠠ ᠱᠠᠭᠠᠷᠳᠠᠬᠳᠠᠵᠤ ᠪᠠᠶᠢᠭ᠎ᠠ  ᠠᠰᠠᠭᠤᠳᠠᠯ ᠶᠠᠭᠤ ᠪᠤᠢ︖                   ᠮᠧᠢ ᠬᠤᠧᠡ᠄ ᠪᠢ ᠰᠤᠮᠤ ᠱᠠᠳᠤᠡ ᠤ ᠰᠤᠷᠭᠠᠡ ᠬᠦᠮᠤᠵᠢᠯ ᠤᠨ ᠹᠷᠤᠨᠲ ᠲᠤ ᠠᠵᠢᠯᠯᠠᠭᠠᠳ ᠬᠤᠷᠢ ᠭᠠᠷᠤᠢ  ᠵᠢᠯ ᠪᠤᠯᠵᠤ ᠪᠠᠶᠢᠨ᠎ᠠ᠃ ᠮᠠᠨ ᠤ ᠰᠤᠷᠭᠠᠭᠤᠯᠢ ᠪᠠᠷ ᠠᠪᠴᠤ ᠬᠡᠯᠠᠪᠠᠯ ᠰᠤᠷᠤᠬᠴᠢ ᠶᠢᠨ ᠲᠤᠭ᠎ᠠ ᠤᠯᠠᠰᠢᠷᠠᠵᠤ᠂  ᠠᠩᠬᠢ ᠶᠢᠨ ᠬᠡᠷ ᠪᠠᠭᠳᠠᠬᠤ ᠦᠬᠡᠢ ᠪᠤᠯᠤᠭᠠᠳ ᠪᠠᠶᠢᠨ᠎ᠠ᠃ ᠠᠩᠬᠢ ᠶᠢᠨ ᠬᠡᠷ ᠤᠨ ᠠᠰᠠᠭᠤᠳᠠᠯ ᠪᠤᠯ ᠰᠤᠮᠤ  ᠱᠠᠳᠤᠡ ᠤ ᠰᠤᠷᠭᠠᠭᠤᠯᠢ ᠳᠤ ᠠᠪᠴᠤ ᠬᠡᠯᠡᠪᠠᠯ ᠪᠠᠰᠡ ᠨᠢᠬᠡᠨ ᠶᠡᠭᠡ ᠠᠰᠠᠭᠤᠳᠠᠯ ᠪᠤᠯᠤᠨ᠎ᠠ᠃ ᠬᠤᠶᠠᠷ ᠲᠤ ᠰᠤᠷᠬᠤ  ᠨᠠᠰᠤᠡ ᠠᠴᠠ ᠡᠮᠤᠨᠡᠬᠢ ᠰᠤᠷᠭᠠᠨ ᠬᠦᠮᠤᠵᠢᠯ ᠪᠤᠯ ᠤᠳᠤ ᠶᠢᠨ ᠨᠠᠶᠢᠬᠡᠮ ᠤᠨ ᠤᠯᠠᠨ ᠲᠦᠮᠡᠨ ᠤ ᠰᠠᠨᠠᠭᠠᠰᠢᠷᠠᠵᠤ  ᠪᠠᠶᠢᠭ᠎ᠠ ᠠᠰᠠᠭᠤᠳᠠᠯ ᠪᠤᠯᠤᠨ᠎ᠠ᠃ ᠰᠤᠷᠬᠤ ᠨᠠᠰᠤᠡ ᠠᠴᠠ ᠡᠮᠤᠨᠡᠬᠢ ᠰᠤᠷᠭᠠᠡ ᠬᠦᠮᠤᠵᠢᠯ ᠪᠤᠯ ᠮᠠᠰᠢ ᠴᠢᠬᠤᠯᠠ᠃  ᠮᠠᠨ ᠤ ᠡᠧᠡᠩᠬᠢ ᠬᠤᠰᠢᠭᠤ ᠪᠠᠷ ᠠᠪᠴᠤ ᠬᠡᠯᠡᠪᠠᠯ ᠤᠳᠤ ᠠᠯᠪᠠᠨ ᠠᠴᠠ ᠡᠷᠬᠢᠯᠡᠭᠰᠠᠨ ᠰᠤᠮᠤ ᠱᠠᠳᠤᠨ ᠤ ᠴᠡᠴᠡᠷᠯᠢᠭ  ᠬᠤᠶᠡᠷ ᠪᠠᠶᠢᠳᠠᠭ᠃ ᠡᠬᠦᠨ ᠳᠤ ᠮᠠᠯᠴᠢᠳ ᠤᠨ ᠬᠡᠤᠬᠡᠳ ᠤᠨ ᠠᠯᠪᠠᠨ ᠠᠴᠠ ᠡᠷᠬᠢᠯᠡᠭᠰᠠᠨ ᠴᠡᠴᠡᠷᠯᠢᠭ ᠲᠤ  ᠬᠡᠤᠬᠡᠳ ᠢᠶᠠᠨ ᠬᠦᠷᠬᠡᠵᠤ ᠪᠠᠶᠢᠭ᠎ᠠ ᠨᠢ 50% ᠭᠠᠷᠤᠢ ᠶᠢ ᠯᠡ ᠡᠵᠡᠯᠡᠵᠤ᠂ 40% ᠭᠠᠷᠤᠢ ᠨᠢ ᠬᠤᠪᠢ ᠬᠦᠮᠤᠨ ᠤ  ᠡᠷᠬᠢᠯᠡᠭᠰᠠᠨ ᠴᠡᠴᠡᠷᠯᠢᠭ ᠲᠤ ᠪᠤᠢ᠃ ᠡᠶᠢᠮᠤ ᠠᠴᠠ ᠴᠡᠴᠡᠷᠯᠢᠭ ᠤᠨ ᠪᠦᠳᠤᠬᠡᠨ ᠪᠠᠶᠢᠭᠤᠯᠤᠯᠳᠡ ᠪᠤᠯ ᠮᠠᠨ ᠤ  ᠬᠤᠰᠢᠭᠤᠨ ᠤ ᠰᠤᠮᠤ ᠱᠠᠳᠤᠡ ᠳᠤ ᠶᠡᠭᠡ ᠪᠠᠷ ᠲᠤᠳᠠᠬᠳᠠᠵᠤ ᠪᠠᠶᠢᠭ᠎ᠠ ᠰᠤᠷᠭᠠᠡ ᠬᠦᠮᠤᠵᠢᠯ ᠪᠤᠯᠤᠨ᠎ᠠ᠃ ᠰᠤᠮᠤ   ᠱᠠᠳᠤᠡ ᠤ ᠴᠡᠴᠡᠷᠯᠢᠭ ᠤᠨ ᠨᠦᠬᠦᠴᠠᠯ ᠨᠢ ᠬᠤᠰᠢᠭᠤ ᠬᠤᠳᠡ ᠶᠢᠨ ᠲᠡᠰ ᠤᠨ ᠴᠡᠴᠡᠷᠯᠢᠭ ᠲᠠᠢ ᠬᠠᠷᠢᠴᠠᠭᠤᠯᠪᠡᠯ ᠮᠠᠰᠢ  ᠶᠡᠭᠡ ᠵᠦᠷᠢᠶᠡᠡᠳᠠᠢ᠃                   ᠰᠤᠷᠪᠤᠯᠵᠢᠯᠠᠬᠴᠢ᠄ ᠰᠤᠮᠤᠨ ᠤ ᠰᠤᠷᠭᠠᠡ ᠬᠦᠮᠤᠵᠢᠯ ᠡᠷᠬᠢᠯᠡᠬᠦ ᠨᠢ ᠶᠠᠮᠠᠷᠰᠢᠤ ᠠᠴᠢ ᠬᠤᠯᠪᠤᠭᠳᠠᠯ ᠲᠠᠢ ᠪᠤᠢ︖  ᠬᠤᠵᠢᠮ ᠶᠠᠮᠠᠷᠰᠢᠤ ᠬᠦᠭᠵᠢᠯᠳᠡ ᠶᠢᠨ ᠬᠠᠨᠳᠤᠰᠢ ᠲᠠᠢ ᠪᠤᠢ︖                   ᠮᠧᠢ ᠬᠤᠧᠡ᠄ ᠰᠤᠮᠤ ᠱᠠᠳᠤᠡ ᠳᠤ ᠰᠤᠷᠭᠠᠭᠤᠯᠢ ᠡᠷᠬᠢᠯᠡᠪᠡᠯ ᠮᠠᠯᠴᠢᠳ ᠤᠨ ᠠᠮᠢᠳᠤᠷᠠᠯ ᠳᠤ ᠮᠠᠰᠢ ᠶᠡᠭᠡ  ᠲᠤᠰᠡ ᠲᠡᠮᠵᠢᠯᠭᠡ ᠪᠤᠯᠤᠨ᠎ᠠ᠃ ᠮᠠᠯᠴᠢᠳ ᠬᠤᠰᠢᠭᠤᠨ ᠳᠤ ᠬᠡᠤᠬᠡᠳ ᠢᠶᠠᠨ ᠬᠦᠷᠭᠡᠵᠥ᠂ ᠭᠡᠷ ᠬᠦᠯᠦᠰᠦᠯᠠᠨ ᠲᠠᠭᠠᠵᠤ  ᠰᠠᠭᠤᠪᠠᠯ ᠮᠠᠰᠢ ᠶᠡᠭᠡ ᠵᠠᠷᠤᠳᠠᠯ ᠬᠡᠷᠡᠭᠰᠡᠨ᠎ᠠ᠃ ᠡᠶᠢᠮᠤ ᠠᠴᠠ ᠰᠤᠮᠤ ᠱᠠᠳᠤᠨ ᠤ ᠰᠤᠷᠭᠠᠭᠤᠯᠢ ᠶᠢ ᠰᠠᠶᠢᠳᠤᠷ  ᠡᠷᠬᠢᠯᠡᠭᠰᠡᠨ ᠠᠴᠠ ᠮᠠᠯᠴᠢᠳ ᠤᠨ ᠠᠮᠢᠳᠤᠷᠠᠯ ᠤᠨ ᠲᠠᠯ᠎ᠠ ᠪᠠᠷ ᠪᠡ ᠪᠤᠰᠤᠳ ᠡᠯ᠎ᠠ ᠲᠠᠯ᠎ᠠ ᠪᠠᠷ ᠴᠤ ᠬᠡᠰᠠᠨ ᠴᠦᠮ  ᠲᠦᠬᠦᠮ ᠦᠵᠡᠬᠦᠯᠵᠤ ᠪᠠᠶᠢᠨ᠎ᠠ᠃ ᠡᠬᠦᠳᠡᠡ ᠳᠠᠬᠢ ᠰᠤᠷᠭᠠᠨ ᠬᠦᠮᠤᠵᠢᠯ ᠨᠢ ᠮᠠᠯᠴᠢᠳ ᠤᠨ ᠠᠮᠢᠳᠤᠷᠠᠯ ᠢ  ᠰᠠᠶᠢᠵᠢᠷᠠᠭᠤᠯᠬᠤ ᠳᠤ ᠲᠤᠰᠠᠳᠠᠢ᠃ ᠦᠡᠳᠤᠰᠤᠳᠡᠡ ᠤ ᠰᠤᠷᠭᠠᠨ ᠬᠦᠮᠤᠵᠢᠯ ᠤᠨ ᠬᠦᠭᠵᠢᠯᠳᠡ ᠶᠢᠨ ᠲᠠᠯ᠎ᠠ ᠪᠠᠷ  ᠠᠪᠴᠤ ᠬᠡᠯᠠᠪᠠᠯ ᠪᠠᠰᠡ ᠮᠠᠰᠢ ᠰᠠᠶᠢᠨ᠃ ᠮᠠᠨ ᠤ ᠤᠷᠴᠢᠨ ᠲᠤᠭᠤᠷᠢᠨ ᠮᠠᠯᠵᠢᠬᠤ ᠠᠮᠢᠳᠤᠷᠠᠯ ᠠᠴᠠ ᠰᠠᠯᠤᠭᠰᠠᠨ  ᠦᠬᠡᠢ ᠤᠴᠢᠷ ᠠᠴᠠ ᠦᠡᠳᠤᠰᠤᠳᠡᠡ ᠤ ᠰᠤᠷᠭᠠᠨ ᠬᠦᠮᠦᠵᠢᠯ ᠳᠤ ᠮᠠᠰᠢ ᠰᠠᠶᠢᠨ ᠰᠠᠭᠤᠷᠢ ᠲᠠᠯᠪᠢᠪᠠ᠃ ᠬᠡᠷᠪᠡ ᠰᠤᠮᠤ  ᠱᠠᠳᠤᠨ ᠳᠤ ᠰᠤᠷᠭᠠᠭᠤᠯᠢ ᠦᠭᠡᠢ ᠪᠤᠯ ᠬᠡᠤᠬᠡᠳ ᠢᠶᠠᠨ ᠪᠠᠭ᠎ᠠ ᠠᠴᠠ ᠨᠢ ᠬᠤᠰᠢᠭᠤᠨ ᠤ ᠲᠦᠪ ᠲᠡᠭᠡᠨ ᠬᠦᠷᠭᠡᠨ᠎ᠠ᠂  3 ᠨᠠᠰᠤ ᠠᠷᠠᠢ ᠬᠦᠷᠴᠦ ᠪᠠᠶᠢᠭ᠎ᠠ ᠬᠡᠤᠬᠡᠳ ᠡᠴᠢᠬᠡ ᠡᠬᠡ ᠠᠴᠠ ᠪᠠᠨ ᠰᠠᠯᠵᠤ ᠬᠤᠰᠢᠭᠤᠨ ᠳᠤ ᠴᠡᠴᠡᠷᠯᠢᠭ ᠲᠤ  ᠰᠠᠭᠤᠨ᠎ᠠ᠃ ᠡᠨᠡ ᠨᠢ ᠬᠡᠤᠬᠡᠤᠡ ᠤᠨ ᠪᠡᠶ᠎ᠡ ᠰᠡᠳᠬᠢᠯ ᠤᠨ ᠡᠷᠡᠬᠦᠯ ᠴᠢᠬᠢᠷᠠᠭ ᠦᠰᠤᠡ ᠪᠤᠶᠢᠵᠢᠯᠳᠠ ᠶᠢᠨ ᠲᠠᠯ᠎ᠠ ᠪᠠᠷ  ᠲᠤᠳᠠᠬᠳᠠᠯ ᠠᠪᠴᠢᠷᠠᠨ᠎ᠠ᠃ ᠡᠴᠢᠬᠡ ᠡᠬᠡ ᠶᠢᠨ ᠬᠠᠶᠢᠷ᠎ᠠ ᠬᠠᠯᠠᠮᠵᠢ ᠶᠢᠨ ᠲᠠᠯ᠎ᠠ ᠪᠠᠷ ᠲᠤᠳᠠᠬᠳᠠᠵᠤ᠂ ᠡᠷᠡᠬᠦᠯ ᠢᠶᠠᠷ  ᠦᠰᠤᠡ ᠪᠤᠶᠢᠵᠢᠬᠤ ᠳᠤ ᠠᠰᠢᠭ ᠦᠬᠡᠢ᠃ ᠡᠶᠢᠮᠤ ᠠᠴᠠ ᠰᠤᠮᠤ ᠱᠠᠳᠤᠡ ᠳᠤ ᠰᠤᠷᠭᠠᠭᠤᠯᠢ ᠡᠷᠬᠢᠯᠡᠬᠦ ᠨᠢ  ᠮᠠᠯᠴᠢᠳ ᠤᠨ ᠠᠮᠢᠳᠤᠷᠠᠯ᠂ ᠦᠡᠳᠤᠰᠤᠳᠡᠡ ᠤ ᠰᠤᠶᠤᠯ ᠰᠤᠷᠭᠠᠨ ᠬᠦᠮᠤᠵᠢᠯ ᠤᠨ ᠬᠦᠭᠵᠢᠯᠳᠡ᠂ ᠬᠡᠤᠬᠡᠳ ᠤᠨ  ᠡᠷᠡᠬᠦᠯ ᠴᠢᠬᠢᠷᠠᠭ ᠢᠶᠠᠷ ᠦᠰᠤᠡ ᠪᠤᠶᠢᠵᠢᠬᠤ ᠳᠤ ᠪᠦᠷ ᠮᠠᠰᠢ ᠴᠢᠬᠤᠯᠡ ᠠᠴᠢ ᠬᠤᠯᠪᠤᠭᠳᠠᠯ ᠲᠠᠢ᠃                   ᠰᠤᠷᠪᠤᠯᠵᠢᠯᠬᠠᠴᠢ᠄ ᠰᠤᠷᠭᠠᠭᠤᠯᠢ ᠶᠢᠨ ᠪᠦᠳᠤᠬᠡᠨ ᠪᠠᠶᠢᠭᠤᠯᠤᠯᠳᠡ᠂ ᠵᠢᠭᠠᠨ ᠰᠤᠷᠭᠠᠯᠳᠡ ᠶᠢᠨ ᠲᠠᠯ᠎ᠠ ᠪᠠᠷ  ᠶᠠᠮᠠᠷᠰᠢᠤ ᠲᠦᠰᠤᠪ ᠪᠤᠳᠤᠯᠭ᠎ᠠ ᠲᠠᠢ ᠪᠠᠶᠢᠭ᠎ᠠ ᠪᠤᠢ︖                   ᠮᠧᠢ ᠬᠤᠧᠡ᠄ ᠮᠠᠨ ᠤ ᠰᠤᠷᠭᠠᠭᠤᠯᠢ ᠤᠳᠤ ᠶᠠᠭ ᠬᠦᠭᠵᠢᠯᠳᠡ ᠶᠢᠨ ᠱᠠᠳᠤᠡ ᠳᠠᠭᠠᠨ ᠪᠤᠢ᠃ ᠪᠠᠭ᠎ᠠ  ᠰᠤᠷᠭᠠᠭᠤᠯᠢ ᠳᠠᠭᠠᠨ ᠰᠠᠷᠠᠭᠤᠯ ᠰᠠᠶᠢᠬᠠᠨ ᠠᠩᠬᠢ ᠶᠢᠨ ᠬᠡᠷ ᠲᠠᠢ ᠪᠤᠯᠤ᠋ ᠡᠶ᠎ᠡ ᠬᠡᠵᠤ ᠬᠦᠰᠡᠵᠤ ᠪᠠᠶᠢᠨ᠎ᠠ᠃ ᠵᠢᠭᠠᠨ  ᠰᠤᠷᠭᠠᠯᠳᠡ ᠶᠢᠨ ᠲᠠᠯ᠎ᠠ ᠪᠠᠷ ᠮᠤᠩᠭᠤᠯ ᠢᠶᠠᠷ ᠬᠢᠴᠢᠶᠠᠯᠯᠠᠵᠤ ᠪᠠᠶᠢᠭ᠎ᠠ ᠦᠡᠳᠤᠰᠤᠳᠡᠡ ᠤ ᠰᠤᠷᠭᠠᠭᠤᠯᠢ ᠪᠤᠯᠬᠤᠷ  ᠦᠡᠳᠤᠰᠤᠳᠡᠡ ᠤ ᠰᠤᠷᠭᠠᠠ ᠬᠦᠮᠤᠵᠢᠯ ᠤᠨ ᠵᠢᠭᠠᠨ ᠰᠤᠷᠭᠠᠯᠳᠡ ᠶᠢ ᠤᠯᠠᠮ ᠨᠢᠬᠡ ᠠᠯᠬᠤᠮ ᠲᠡᠭᠡᠭᠰᠢᠯᠡᠬᠦᠯᠵᠤ᠂  ᠮᠤᠩᠭᠤᠯ ᠦᠬᠡ ᠬᠡᠯᠡ ᠦᠰᠦᠭ ᠪᠢᠴᠢᠭ ᠢᠶᠠᠨ ᠤᠯᠠᠮ ᠰᠠᠶᠢᠨ ᠰᠤᠷᠴᠤ᠂ ᠦᠡᠳᠤᠰᠤᠳᠡᠡ ᠤ ᠰᠤᠷᠭᠠᠨ  ᠬᠦᠮᠤᠵᠢᠯ ᠤᠨ ᠬᠦᠭᠵᠢᠯᠳᠡ ᠳᠤ ᠪᠠᠳᠤ ᠪᠠᠬᠢ ᠰᠠᠭᠤᠷᠢ ᠶᠢ ᠲᠠᠯᠪᠢᠨ᠎ᠠ᠃ ᠮᠦᠨ ᠴᠦ ᠲᠠᠷᠠᠭ᠎ᠠ ᠵᠢᠯ ᠢᠮᠢᠨ ᠲᠦᠪ  ᠰᠤᠷᠭᠠᠭᠤᠯᠢ ᠪᠠᠶᠢᠭᠤᠯᠤᠬᠳᠠᠬᠰᠠᠨ ᠵᠠᠭᠤᠨ ᠵᠢᠯ ᠤᠨ ᠤᠢ ᠶᠢ ᠤᠬᠳᠤᠨ ᠠᠪᠴᠢᠷᠠᠬᠤ ᠭᠡᠵᠤ ᠪᠤᠢ᠂ ᠦᠡᠳᠤᠰᠤᠳᠡᠡ ᠤ  ᠰᠤᠷᠭᠠᠨ ᠬᠦᠮᠤᠵᠢᠯ ᠢᠶᠠᠨ ᠦᠷᠬᠦᠯᠵᠢᠬᠦᠯᠤᠨ ᠬᠦᠭᠵᠢᠬᠦᠯᠵᠥ᠂ ᠰᠤᠷᠭᠠᠭᠤᠯᠢ ᠪᠠᠶᠢᠭᠤᠯᠤᠬᠳᠠᠬᠰᠠᠨ ᠵᠠᠭᠤᠨ ᠵᠢᠯ ᠢᠶᠠᠨ  ᠪᠠᠯᠬᠡᠯᠡᠬᠦ ᠠᠵᠢᠯᠯᠠᠭ᠎ᠠ ᠦᠷᠨᠢᠬᠦᠯᠤ᠋ ᠡᠶ᠎ᠡ ᠬᠡᠵᠤ ᠰᠠᠨᠠᠭᠠᠰᠢᠷᠠᠵᠤ ᠪᠠᠶᠢᠨ᠎ᠠ᠃ ᠪᠠᠰᠡ ᠴᠡᠴᠡᠷᠯᠢᠭ ᠢᠶᠠᠨ ᠤᠯᠠᠮ ᠰᠠᠶᠢᠬᠠᠨ  ᠪᠠᠶᠢᠭᠤᠯᠵᠤ᠂ ᠮᠠᠯᠴᠢᠡ ᠲᠦᠮᠡᠨ‌‍ᠳᠡᠭᠡᠨ ᠦᠢᠯᠡᠴᠢᠯᠡᠨ᠎ᠠ᠃                   ᠰᠤᠷᠪᠤᠯᠵᠢᠯᠬᠠᠴᠢ᠄ ᠲᠡ ᠪᠤᠯ ᠤᠯᠤᠰ ᠤᠨ ᠲᠡᠰ ᠤᠨ ᠰᠢᠯᠢᠳᠡᠭ ᠪᠠᠭᠰᠢ᠂ ᠤᠷᠤᠡ ᠤ ᠲᠡᠰ ᠤᠨ ᠰᠢᠯᠢᠳᠡᠭ  ᠨᠠᠮ ᠤᠨ ᠠᠵᠢᠯᠳᠠᠨ᠂ 2015 ᠤᠡ ᠳᠤ ᠬᠤᠳᠡ ᠶᠢᠨ ᠲᠡᠰ ᠤᠨ ᠬᠦᠳᠡᠯᠮᠤᠷᠢ ᠶᠢᠨ ᠵᠢᠱᠢᠶᠠᠴᠢ᠂ 2016  ᠤᠡ ᠳᠤ ᠬᠠᠮᠤᠭ ᠤᠨ ᠰᠤᠳᠤᠡ ᠲᠤᠰᠬᠤᠨ ᠤ ᠲᠡᠰ ᠤᠨ ᠰᠤᠷᠭᠠᠭᠤᠯᠢ ᠶᠢᠨ ᠵᠠᠬᠢᠷᠤᠯ᠂ ᠪᠠᠰᠡ ᠦᠩᠬᠡ ᠬᠡᠷᠡᠯᠳᠠᠢ ᠪᠠᠷ  ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠤᠨ ᠲᠦᠯᠦᠬᠡᠯᠡᠭᠴᠢ ᠪᠠᠷ ᠬᠤᠷᠠᠯ ᠳᠤ ᠤᠷᠤᠯᠴᠠᠵᠤ᠂ ᠠᠷᠠᠳ ᠤᠨ  ᠠᠮᠢᠳᠤᠷᠠᠯ᠂ ᠰᠤᠷᠭᠠᠨ ᠬᠦᠮᠤᠵᠢᠯ᠂ ᠰᠤᠶᠤᠯ ᠤᠨ ᠲᠤᠬᠠᠢ ᠦᠪᠠᠷ ᠤᠨ ᠰᠠᠨᠠᠯ ᠲᠤᠷᠠᠳᠤᠯᠭ᠎ᠠ ᠪᠠᠨ ᠲᠡᠪᠰᠢᠬᠦᠯᠦᠭᠰᠠᠨ  ᠪᠠᠶᠢᠨ᠎ᠠ᠃ ᠬᠤᠷᠠᠯ ᠤᠨ ᠲᠠᠷᠠᠭ᠎ᠠ ᠬᠤᠷᠠᠯ ᠤᠨ ᠵᠤᠷᠢᠭ ᠰᠠᠨᠠᠭ᠎ᠠ ᠶᠢ ᠨᠠᠷᠢᠨ ᠬᠢᠨᠠᠮᠠᠭᠠᠢ ᠨᠠᠶᠢᠳᠠᠪᠤᠷᠢᠵᠢᠭᠤᠯᠵᠤ  ᠠᠵᠢᠯ ᠳᠠᠭᠠᠨ ᠪᠠᠰᠡ ᠮᠠᠰᠢ ᠠᠮᠵᠢᠯᠳᠠ ᠲᠠᠢ ᠶᠠᠪᠤᠭ᠎ᠠ᠂ ᠤᠳᠤ ᠨᠠᠮ ᠤᠨ ᠠᠷᠪᠠ ᠶᠢᠰᠤᠳᠤᠬᠡᠷ ᠶᠡᠭᠡ ᠬᠤᠷᠠᠯ ᠳᠤ  ᠶᠠᠮᠠᠷᠰᠢᠤ ᠬᠦᠰᠡᠯ ᠨᠠᠶᠢᠳᠠᠯᠭ᠎ᠠ ᠲᠠᠢ ᠪᠠᠶᠢᠭ᠎ᠠ ᠪᠤᠢ︖                   ᠮᠧᠢ ᠬᠤᠧᠡ᠄ ᠪᠢ ᠰᠤᠷᠭᠠᠨ ᠬᠦᠮᠤᠵᠢᠯ ᠤᠨ ᠠᠵᠢᠯ ᠢ ᠬᠢᠵᠤ ᠪᠠᠶᠢᠭ᠎ᠠ ᠪᠤᠯᠬᠤᠷ ᠰᠤᠷᠭᠠᠨ ᠬᠦᠮᠤᠵᠢᠯ ᠤᠨ  ᠲᠡᠩᠴᠡᠬᠦᠷᠢᠳᠠᠢ ᠬᠦᠭᠵᠢᠯᠳᠡ ᠶᠢᠨ ᠲᠤᠬᠠᠢ ᠶᠡᠭᠡ ᠪᠤᠳᠤᠯᠭᠠᠰᠢᠷᠠᠳᠠᠭ᠃ ᠰᠤᠷᠬᠤ ᠨᠠᠰᠤᠨ ᠠᠴᠠ ᠡᠮᠤᠨᠡᠬᠢ ᠰᠤᠷᠭᠠᠨ  ᠬᠦᠮᠤᠵᠢᠯ ᠢ ᠲᠡᠩᠴᠡᠬᠦᠷᠢᠳᠠᠢ ᠬᠦᠭᠵᠢᠬᠦᠯᠬᠦ ᠶᠢ ᠬᠦᠰᠡᠵᠤ ᠪᠠᠶᠢᠨ᠎ᠠ᠃ ᠮᠠᠯᠴᠢᠳ ᠤᠨ ᠬᠡᠤᠬᠡᠳ ᠬᠤᠳᠡ ᠶᠢᠨ  ᠬᠡᠤᠬᠡᠳ ᠲᠠᠢ ᠠᠳᠠᠯᠢᠬᠠᠨ ᠴᠡᠴᠡᠷᠯᠢᠭ ᠲᠤ ᠰᠠᠭᠤᠵᠤ ᠰᠤᠷᠬᠤ ᠨᠠᠰᠤᠡ ᠠᠴᠠ ᠡᠮᠤᠨᠡᠬᠢ ᠰᠤᠷᠭᠠᠡ ᠬᠦᠮᠤᠵᠢᠯ  ᠬᠦᠷᠳᠡᠬᠦ ᠴᠢᠬᠤᠯᠡ ᠲᠠᠢ᠃ ᠮᠤᠩᠭᠤᠯ ᠢᠶᠠᠷ ᠰᠤᠷᠤᠬᠰᠠᠨ ᠬᠡᠤᠬᠡᠳ ᠤᠨ ᠠᠵᠢᠯ ᠤᠯᠭᠤᠯᠳᠠ ᠶᠢᠨ ᠲᠠᠯ᠎ᠠ ᠪᠠᠷ ᠮᠠᠰᠢ  ᠶᠡᠭᠡ ᠬᠦᠴᠢᠷᠳᠠᠯᠳᠠᠢ᠃ ᠤᠷᠤᠡ ᠨᠤᠳᠤᠭ ᠢᠶᠠᠷ ᠠᠪᠴᠤ ᠬᠡᠯᠠᠪᠠᠯ ᠮᠤᠩᠭᠤᠯ ᠠᠵᠢᠯᠳᠠᠨ ᠬᠡᠷᠡᠭᠯᠠᠵᠤ ᠪᠠᠶᠢᠭ᠎ᠠ ᠡᠯ᠎ᠠ  ᠪᠠᠶᠢᠭᠤᠯᠤᠯᠭ᠎ᠠ ᠳᠤ ᠮᠤᠩᠭᠤᠯ ᠢᠶᠠᠷ ᠠᠵᠢᠯᠯᠠᠬᠤ ᠠᠵᠢᠯ ᠤᠨ ᠪᠠᠶᠢᠷᠢ ᠶᠡᠬᠡᠪᠠᠷ ᠲᠤᠳᠠᠬᠳᠠᠵᠤ ᠪᠠᠶᠢᠨ᠎ᠠ᠃ ᠡᠧᠡᠩᠬᠢ  ᠬᠤᠰᠢᠭᠤ ᠪᠠᠷ ᠵᠢᠱᠢᠶᠡᠯᠡᠪᠡᠯ ᠮᠤᠩᠭᠤᠯ ᠢᠶᠠᠷ ᠬᠢᠴᠢᠶᠠᠯᠯᠠᠵᠤ ᠪᠠᠶᠢᠭ᠎ᠠ ᠰᠤᠷᠭᠠᠭᠤᠯᠢ ᠳᠤ ᠪᠠᠭᠰᠢ ᠶᠡᠬᠡᠪᠠᠷ ᠲᠤᠳᠠᠬᠳᠠᠵᠤ  ᠪᠠᠶᠢᠨ᠎ᠠ᠃ ᠭᠠᠵᠠᠷ ᠤᠷᠤᠡ ᠤ ᠤᠡᠴᠠᠯᠢᠭ ᠲᠠᠭᠠᠨ ᠲᠤᠬᠢᠷᠠᠭᠰᠠᠨ ᠮᠤᠩᠭᠤᠯ ᠤᠶᠤᠳᠠᠳ ᠤᠨ ᠠᠵᠢᠯ ᠤᠯᠭᠤᠯᠳᠡ ᠶᠢ  ᠲᠡᠭᠡᠭᠰᠢᠯᠡᠬᠦᠯᠵᠤ᠂ ᠠᠵᠢᠯ ᠤᠯᠭᠤᠯᠳᠡ ᠶᠢ ᠤᠯᠠᠮ ᠦᠡᠳᠤᠷ ᠪᠤᠯᠭᠠᠵᠤ ᠲᠦᠷᠤ ᠶᠢᠨ ᠪᠤᠳᠤᠯᠭ᠎ᠠ ᠶᠢᠨ  ᠬᠠᠷᠠᠭᠠᠯᠵᠠᠯᠠᠯ ᠢ ᠬᠦᠷᠳᠡᠬᠡᠬᠦ ᠶᠢ ᠬᠦᠰᠡᠵᠤ ᠪᠠᠶᠢᠨ᠎ᠠ᠃ ᠰᠤᠮᠤ ᠱᠠᠳᠤᠡ ᠳᠤ ᠪᠠᠶᠢᠭ᠎ᠠ ᠪᠤᠯᠬᠤᠷ ᠠᠮᠢ ᠠᠬᠤᠢ ᠶᠢᠨ  ᠬᠠᠮᠠᠭᠠᠯᠠᠯᠳᠡ ᠶᠢᠨ ᠲᠤᠬᠠᠢ ᠪᠠᠰᠡ ᠶᠡᠭᠡ ᠠᠩᠬᠠᠷᠤᠯ ᠢᠶᠠᠨ ᠲᠠᠯᠪᠢᠳᠠᠭ᠃ ᠮᠠᠯᠴᠢᠳ ᠤᠨ ᠬᠠᠳᠤᠯᠠᠩ᠂ ᠭᠤᠤᠯ ᠤᠰᠤ  ᠵᠡᠷᠬᠡ ᠲᠠᠯ᠎ᠠ ᠶᠢᠨ ᠠᠮᠢ ᠠᠬᠤᠢ ᠶᠢᠨ ᠬᠠᠮᠠᠭᠠᠯᠡᠯᠳᠡ ᠶᠢᠨ ᠲᠤᠬᠠᠢ ᠰᠠᠨᠠᠯ ᠲᠤᠷᠠᠳᠤᠯᠭ᠎ᠠ ᠲᠠᠢ᠃ ᠨᠤᠳᠤᠭ ᠪᠠᠯᠴᠢᠬᠡᠷ ᠤᠨ  ᠲᠠᠩᠴᠡᠬᠦᠷᠢ ᠶᠢ ᠬᠠᠮᠠᠭᠠᠯᠠᠵᠤ᠂ ᠠᠮᠢ ᠠᠬᠤᠢ ᠶᠢᠨ ᠪᠦᠳᠤᠬᠡᠨ ᠪᠠᠶᠢᠭᠤᠯᠤᠯᠳᠡ ᠪᠠᠨ ᠴᠢᠩᠭᠠᠳᠬᠠᠨ᠎ᠠ᠃          ᠰᠤᠷᠪᠤᠯᠵᠢᠯᠠᠬᠴᠢ᠄ ᠲᠡᠨ ᠤ ᠰᠤᠷᠪᠤᠯᠵᠢᠯᠠᠭ᠎ᠠ ᠬᠦᠯᠢᠶᠡᠭᠰᠡᠨ ᠳᠤ ᠪᠠᠶᠠᠷᠯᠠᠯ᠎ᠠ᠂ ᠢᠮᠢᠨ ᠲᠦᠪ  ᠰᠤᠷᠭᠠᠭᠤᠯᠢ ᠶᠢᠨ ᠢᠷᠡᠬᠡᠳᠤᠢ ᠶᠢᠨ ᠰᠠᠶᠢᠨ ᠰᠠᠶᠢᠬᠠᠨ ᠢ ᠵᠦᠩᠨᠡᠶ᠎ᠡ︕  
 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号