ᠡᠸᠡᠩᠬᠢ ᠬᠤᠰᠢᠭᠤᠨ ᠤ ᠬᠢᠨ 384 ᠶᠠᠳᠠᠭᠤ ᠬᠦᠴᠢᠷᠳᠡᠯᠳᠡᠢ ᠰᠤᠷᠤᠭᠴᠢ ᠶᠢ ᠲᠡᠳᠬᠦᠪᠡ
ᠨᠡᠶᠢᠲᠡᠯᠡᠭᠰᠡᠨ ᠴᠠᠭ᠄
2017/10/31
   ᠡᠸᠡᠩᠭᠢ ᠬᠤᠰᠢᠭᠤ ᠰᠤᠷᠭᠠᠨ ᠬᠦᠮᠦᠵᠢᠯ ᠢᠶᠠᠷ ᠶᠠᠳᠠᠭᠤ ᠶᠢ ᠲᠡᠳᠬᠦᠬᠦ ᠠᠷᠭ᠎ᠠ ᠬᠡᠮᠵᠢᠶ᠎ᠠ ᠶᠢ ᠢᠳᠡᠪᠬᠢᠲᠠᠢ ᠲᠤᠤᠱᠯᠠᠭᠤᠯᠵᠦ᠂ ᠰᠤᠶᠤᠯ ᠤᠨ ᠮᠦᠷ ᠢ ᠬᠦᠬᠡᠬᠡᠭᠦ ᠵᠠᠮ ᠲᠡᠭᠡᠷ᠎ᠠ ᠨᠢᠭᠡ ᠰᠤᠷᠤᠭᠴᠢ ᠶᠢ ᠴᠦ ᠡᠩᠨᠡᠭᠡᠨ ᠠᠴᠠ ᠪᠠᠨ ᠬᠤᠵᠢᠭᠳᠠᠭᠤᠯᠬᠤ ᠦᠭᠡᠢ ᠪᠠᠷ ᠴᠢᠷᠮᠠᠶᠢᠵᠤ ᠪᠤᠢ᠃ 2014 ᠤᠨ ᠠᠴᠠ ᠨᠠᠰᠢ ᠲᠤᠰ ᠬᠤᠰᠢᠭᠤᠨ ᠤ ᠲᠤᠤᠷ᠎ᠠ ᠪᠠᠳᠤᠯᠠᠭᠠᠳᠦ ᠭᠡᠷ ᠪᠦᠯᠢ ᠶᠢᠨ 384 ᠬᠡᠤᠭᠡᠳ 1538 ᠲᠦᠮᠡᠨ ᠲᠦᠭᠦᠷᠢᠭ ᠤᠨ ᠲᠡᠳᠬᠦᠮᠵᠢ ᠶᠢᠨ ᠮᠦᠡᠭᠭᠦ ᠭᠤᠶᠤᠴᠢᠯᠠᠪᠡ᠃          ᠨᠢᠮᠬᠡᠬᠡᠨ ᠨᠢᠭᠡ ᠬᠠᠭᠤᠳᠠᠰᠦ ᠶᠡᠭᠡ ᠰᠤᠷᠭᠠᠭᠤᠯᠢ ᠳᠤ ᠡᠯᠰᠡᠭᠳᠡᠭᠰᠡᠨ ᠮᠡᠳᠡᠭᠳᠡᠯ ᠤᠨ ᠪᠢᠴᠢᠭ ᠨᠢ ᠤᠯᠠᠨ ᠤᠯᠠᠨ ᠶᠡᠭᠡ ᠰᠤᠷᠭᠠᠭᠤᠯᠢ ᠳᠤ ᠰᠢᠯᠭᠠᠭᠰᠠᠳ ᠤᠨ ᠭᠡᠷ ᠪᠦᠯᠢ ᠶᠢᠨ ᠵᠤᠯ ᠵᠢᠷᠭᠠᠯ ᠢ ᠠᠴᠢᠶᠠᠯᠠᠵᠦ ᠪᠤᠢ ᠬᠡᠵᠦ ᠬᠡᠯᠡᠬᠦ ᠳᠤ ᠢᠯᠡᠬᠦᠳᠡᠬᠦ ᠦᠭᠡᠢ ᠪᠠᠶᠢᠬ᠎ᠠ᠃ ᠬᠡᠪᠡᠴᠦ ᠲᠠᠳᠡᠨ ᠤ ᠲᠤᠮᠳᠡ ᠡᠶᠢᠮᠦᠷᠬᠦ‍ ᠨᠢᠬᠡ ᠪᠦᠯᠦᠭ ᠬᠦᠮᠦᠰ ᠪᠤᠢ᠃ ᠲᠡᠳᠡᠨᠤᠰ ᠲᠤ ᠶᠡᠭᠡ ᠰᠤᠷᠭᠠᠭᠤᠯᠢ ᠳᠤ ᠡᠯᠰᠡᠭᠳᠡᠭᠰᠡᠨ ᠮᠡᠳᠡᠭᠳᠡᠯ ᠤᠨ ᠪᠢᠴᠢᠭ ᠨᠢ ᠠᠵᠠ ᠲᠤᠬᠢᠶᠠᠯ᠂ ᠬᠦᠰᠡᠯ ᠵᠦᠡᠭᠨᠡᠯ ᠤᠯᠭᠤᠬᠤ ᠶᠢᠨ ᠬᠠᠮᠳᠦ ᠨᠦᠰᠡᠷ ᠬᠦᠨᠳᠦ ᠠᠵᠦ ᠠᠬᠤᠢ ᠶᠢᠨ ᠲᠠᠷᠤᠭᠠᠰᠦ ᠠᠪᠴᠢᠷᠠᠵᠦ ᠦᠭᠳᠡᠭ᠃ ᠦᠨᠢᠷ ᠪᠤᠯ ᠰᠢᠨᠡᠭᠡᠨ ᠪᠠᠷᠠᠭᠤᠨ ᠰᠤᠮᠤᠨ ᠤ ᠰᠢᠪᠡᠭᠡ ᠭᠠᠴᠠᠭᠠᠨ ᠤ ᠵᠢᠷ ᠤᠨ ᠨᠢᠬᠡᠨ ᠮᠠᠯᠴᠢᠨ ᠤ ᠬᠡᠤᠭᠡᠳ᠂ ᠡᠨᠡ ᠵᠢᠯ ᠤᠨ ᠶᠡᠭᠡ ᠰᠤᠷᠭᠠᠭᠤᠯᠢ ᠳᠤ ᠰᠢᠯᠭᠠᠭᠤᠯᠬᠤ ᠰᠢᠯᠭᠠᠯᠳᠠ ᠳᠤ ᠲᠡᠷᠡ 537 ᠶᠢᠨ ᠦᠨᠳᠤᠷ ᠬᠤᠪᠢ ᠪᠠᠷ ᠳ᠋ᠠᠯᠢᠶᠠᠨ ᠤ ᠶᠡᠭᠡ ᠰᠤᠷᠭᠠᠭᠤᠯᠢ ᠳᠤ ᠰᠢᠯᠭᠠᠨ ᠤᠷᠤᠵᠠᠢ᠃ ᠶᠡᠭᠡ ᠰᠤᠷᠭᠠᠭᠤᠯᠢ ᠳᠤ ᠡᠯᠰᠡᠭᠳᠡᠭᠰᠡᠨ ᠮᠡᠳᠡᠭᠳᠡᠯ ᠤᠨ ᠪᠢᠴᠢᠭ ᠢᠶᠠᠨ ᠤᠯᠤᠭᠠᠳ ᠲᠡᠷᠡ ᠪᠠᠶᠠᠷ ᠭᠤᠨᠢᠭ ᠬᠤᠤᠰᠯᠠᠭᠰᠠᠨ ᠵᠦᠷᠢᠴᠠᠯᠲᠦ ᠪᠠᠶᠢᠳᠠᠯ ᠳᠤ ᠤᠷᠤᠯ ᠎ᠠ᠃ ᠲᠡᠬᠦᠨ ᠤ ᠡᠵᠢ ᠨᠢ ᠬᠦᠨᠳᠦ ᠡᠪᠡᠳᠴᠢᠨ ᠳᠤ ᠨᠡᠷᠪᠡᠭᠳᠡᠭᠰᠡᠨ ᠠᠴᠠ ᠪᠤᠯᠵᠦ᠂ ᠡᠵᠢ ᠦᠬᠢᠨ ᠬᠤᠶᠠᠭᠤᠯᠠ ᠪᠠᠨ ᠲᠤᠤᠷ᠎ᠠ ᠪᠠᠳᠤᠯᠠᠭ᠎ᠠ ᠶᠢᠨ ᠮᠦᠡᠭᠭᠦ ᠪᠠᠷ ᠠᠮᠢᠳᠤᠷᠠᠯ ᠢᠶᠠᠨ ᠠᠷᠭᠠᠴᠠᠭᠠᠵᠦ ᠪᠠᠶᠢᠵᠠᠢ᠃ ᠶᠠᠭ ᠦᠨᠢᠷ ᠤᠨ ᠭᠡᠷ ᠪᠦᠯᠢ ᠶᠢᠨ ᠬᠢᠨ ᠶᠡᠭᠡ ᠰᠤᠷᠭᠠᠭᠤᠯᠢ ᠳᠤ ᠤᠷᠤᠬᠤ ᠰᠤᠷᠤᠯᠭ᠎ᠠ ᠶᠢᠨ ᠰᠦᠢᠳᠭᠡᠯ ᠤᠨ ᠲᠦᠯᠦᠭᠡ ᠰᠠᠨᠠᠭᠠᠰᠢᠷᠠᠵᠤ ᠪᠠᠶᠢᠬᠤ ᠳᠤ᠂ ᠲᠤᠰ ᠬᠤᠰᠢᠭᠤᠨ ᠤ ᠰᠤᠷᠭᠠᠨ ᠬᠦᠮᠦᠵᠢᠯ ᠤᠨ ᠲᠤᠪᠴᠢᠶᠠᠨ ᠤ ᠠᠵᠢᠯᠳᠡᠨ ᠦᠨᠢᠷ ᠢ ᠬᠠᠪᠰᠤᠷᠴᠦ ︽ᠦᠪᠦᠷ ᠮᠤᠩᠭᠤᠯ ᠤᠨ ᠬᠤᠳᠠ ᠬᠦᠳᠡᠭᠡ ᠶᠢᠨ ᠲᠤᠤᠷ᠎ᠠ ᠪᠠᠳᠤᠯᠠᠭᠠᠳᠦ ᠭᠡᠷ ᠪᠦᠯᠢ ᠶᠢᠨ ᠦᠷ᠎ᠠ ᠬᠡᠤᠬᠡᠳ ᠤᠨ ᠡᠩ ᠤᠨ ᠶᠡᠭᠡ ᠲᠡᠭᠡᠳᠦ ᠰᠤᠷᠭᠠᠭᠤᠯᠢ ᠳᠤ ᠲᠠᠪᠰᠢᠬᠦ ᠲᠡᠳᠬᠦᠮᠵᠢ ᠶᠢᠨ ᠮᠦᠡᠭᠭᠦ︾ ᠶᠢ ᠭᠤᠶᠤᠴᠢᠯᠠᠵᠦ ᠦᠭᠪᠡ᠃ ᠡᠶᠢᠨᠬᠦ ᠦᠨᠢᠷ ᠨᠢᠭᠡᠯᠡ ᠳᠤᠤᠷ ᠎ᠠ ᠲᠦᠷᠪᠡᠨ ᠲᠦᠮᠡᠨ ᠲᠦᠭᠦᠷᠢᠭ ᠤᠨ ᠲᠡᠳᠬᠦᠮᠵᠢ ᠶᠢᠨ ᠮᠦᠡᠭᠭᠦ ᠤᠯᠵᠤ᠂ ᠡᠨᠡ ᠨᠢ ᠦᠨᠢᠷ ᠤᠨ ᠪᠦᠬᠦ᠋ᠢᠯᠡ ᠶᠡᠭᠡ ᠰᠤᠷᠭᠠᠭᠤᠯᠢ ᠶᠢᠨ ᠬᠤᠭᠤᠴᠠᠭᠠᠨ ᠳᠠᠬᠢ ᠰᠤᠷᠤᠯᠭ᠎ᠠ ᠶᠢᠨ ᠰᠦᠢᠳᠭᠡᠯ ᠳᠤ ᠬᠦᠢᠴᠡᠴᠢᠬᠡᠨ᠎ᠠ᠃          ᠤᠢᠢᠯᠠᠭᠠᠭᠰᠠᠨ ᠢᠶᠠᠷ᠂ 2014 ᠤᠨ ᠳᠤ ︽ᠲᠤᠤᠷ᠎ᠠ ᠪᠠᠳᠤᠯᠠᠭᠠᠳᠦ ᠭᠡᠷ ᠪᠦᠯᠢ ᠶᠢᠨ ᠦᠷ᠎ᠠ ᠬᠡᠤᠬᠡᠳ ᠤᠨ ᠡᠩ ᠤᠨ ᠲᠡᠭᠡᠳᠦ ᠰᠤᠷᠭᠠᠭᠤᠯᠢ ᠳᠤ ᠲᠠᠪᠰᠢᠬᠤ ᠲᠡᠳᠬᠦᠮᠵᠢ ᠶᠢᠨ ᠮᠦᠡᠭᠭᠦ︾ ᠶᠢ ᠡᠬᠢᠯᠡᠨ ᠬᠡᠷᠡᠭᠵᠢᠬᠦᠯᠦᠭᠰᠡᠨ ᠠᠴᠠ ᠨᠠᠰᠢ᠂ ᠲᠤᠰ ᠬᠤᠰᠢᠭᠤ ᠨᠢ ᠲᠤᠤᠷ᠎ᠠ ᠪᠠᠳᠤᠯᠠᠭᠠᠳᠦ ᠶᠡᠳᠡᠭᠤ ᠬᠦᠴᠢᠷᠳᠡᠯᠳᠡᠢ ᠬᠡᠷ ᠪᠦᠯᠢ ᠶᠢᠨ 384 ᠬᠡᠤᠬᠡᠳ ᠲᠤ ᠨᠠᠶᠢᠳᠡ 1538 ᠲᠦᠮᠡᠨ ᠲᠦᠭᠦᠷᠢᠭ ᠤᠨ ᠲᠡᠳᠭᠦᠮᠵᠢ ᠶᠢᠨ ᠮᠦᠡᠭᠭᠦ ᠶᠢ ᠭᠤᠶᠤᠴᠢᠯᠠᠨ ᠦᠭᠪᠡ᠃ ᠡᠭᠦᠨ ᠤ ᠲᠤᠳᠤᠷ᠎ᠠ ᠶᠡᠭᠡ ᠰᠤᠷᠭᠠᠭᠤᠯᠢ ᠶᠢᠨ ᠵᠢᠩᠭᠢᠨᠢ ᠠᠩᠭᠢ ᠳᠤ ᠰᠢᠯᠭᠠᠨ ᠤᠷᠤᠭᠰᠠᠨ ᠰᠤᠷᠤᠭᠴᠢ ᠳᠤ ᠨᠢᠭᠡᠯᠡ ᠳᠤᠤᠷ ᠎ᠠ 4 ᠲᠦᠮᠡᠨ ᠲᠦᠭᠦᠷᠢᠭ ᠤᠨ ᠲᠡᠳᠭᠦᠮᠵᠢ ᠶᠢᠨ ᠮᠦᠡᠭᠭᠦ ᠤᠯᠭᠤᠵᠤ᠂ ᠶᠡᠭᠡ ᠰᠤᠷᠭᠠᠭᠤᠯᠢ ᠶᠢᠨ ᠲᠤᠰᠬᠠᠢ ᠮᠡᠷᠭᠡᠵᠢᠯ ᠤᠨ ᠠᠩᠭᠢ ᠳᠤ ᠰᠢᠯᠭᠠᠨ ᠤᠷᠤᠭᠰᠠᠨ ᠰᠤᠷᠤᠭᠴᠢ ᠳᠤ ᠨᠢᠭᠡᠯᠡ ᠳᠤᠤᠷ ᠎ᠠ 3 ᠲᠦᠮᠡᠨ ᠲᠦᠭᠦᠷᠢᠭ ᠤᠨ ᠲᠡᠳᠭᠦᠮᠵᠢ ᠶᠢᠨ ᠮᠦᠡᠭᠬᠦ ᠤᠯᠭᠤᠨ᠎ᠠ᠃ ᠡᠨᠡ ᠨᠢ ᠮᠠᠰᠢ ᠤᠯᠠᠨ ᠶᠠᠳᠠᠭᠤ ᠬᠦᠴᠢᠷᠳᠡᠯᠳᠡᠢ ᠰᠤᠷᠤᠭᠴᠢᠳ ᠤᠨ ᠰᠤᠶᠤᠯ ᠤᠨ ᠮᠦᠷ ᠢ ᠬᠦᠬᠡᠬᠡᠬᠦ ᠵᠠᠮ ᠢ ᠤᠯᠠᠮ ᠰᠠᠷᠠᠭᠤᠯ ᠳᠠᠷᠳᠠᠩ ᠪᠤᠯᠭᠠᠭᠰᠠᠨ ᠨᠢ ᠶᠠᠷᠢᠶᠠᠨ ᠦᠭᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09002379号