ᠬᠦᠯᠦᠨ ᠪᠣᠶᠢᠷ ᠣᠬᠤᠷ ᠰᠡᠭᠦᠯᠳᠦ ᠬᠤᠨᠢ ᠶᠢᠨ ᠡᠭᠦᠯᠳᠡᠷ ᠪᠣᠶᠢᠵᠢᠭᠤᠯᠬᠤ ᠠᠵᠢᠯ ᠤᠨ ᠬᠠᠮᠢᠶ᠎ᠠ ᠪᠦᠬᠦᠢ ᠠᠰᠠᠭᠤᠳᠠᠯ
ᠨᠡᠶᠢᠲᠡᠯᠡᠭᠰᠡᠨ ᠴᠠᠭ᠄
2017-11-16
      ᠰᠣᠷᠪᠣᠯᠵᠢᠯᠠᠭᠰᠠᠨ ᠡᠳᠦᠷ᠄ 2017 ᠣᠨ ᠤ 10 ᠰᠠᠷ᠎ᠠ ᠶᠢᠨ 10 ᠤ ᠡᠳᠦᠷ     ᠰᠣᠷᠪᠣᠯᠵᠢᠯᠠᠭ᠎ᠠ ᠬᠦᠯᠢᠶᠡᠭᠴᠢ᠄ ᠡᠸ᠋ᠨᠩᠬᠢ ᠬᠤᠰᠢᠭᠤᠨ ᠤ ᠲᠠᠷᠢᠶᠠᠯᠠᠩ ᠮᠠᠯ ᠠᠵᠣ ᠠᠬᠤᠢ ᠶᠢᠨ ᠲᠣᠪᠴᠢᠶ᠎ᠠ  ᠶᠢᠨ ᠳᠡᠳ᠋ ᠳᠠᠷᠤᠭ᠎ᠠ ᠭᠦᠸᠧ ᠯᠢᠩ ᡁᠢ᠂ ᠮᠠᠯ ᠠᠵᠣ ᠠᠬᠤᠢ ᠶᠢᠨ ᠠᠵᠢᠯ ᠤᠨ ᠦᠷᠳᠡᠭᠡ ᠶᠢᠨ ᠳᠠᠷᠤᠭ᠎ᠠ ᠲᠠᠨ ᠢᠦᠢ ᠸᠧᠨ᠂ ᠮᠠᠯ ᠠᠵᠣ ᠠᠬᠤᠢ ᠶᠢᠨ ᠠᠵᠢᠯ ᠤᠨ ᠦᠷᠳᠡᠭᠡ ᠶᠢᠨ ᠠᠵᠢᠯᠳᠠᠨ ᠴᠢᠨ ᠢᠦᠢ ᠵᠢᠣᠸᠠᠨ      ᠰᠣᠷᠪᠣᠯᠵᠢᠯᠠᠭ᠎ᠠ ᠬᠢᠭᠰᠡᠨ ᠭᠠᠵᠠᠷ᠄ ᠡᠸ᠋ᠨᠩᠬᠢ ᠬᠤᠰᠢᠭᠤᠨ ᠤ ᠲᠠᠷᠢᠶᠠᠯᠠᠩ ᠮᠠᠯ ᠠᠵᠣ ᠠᠬᠤᠢ ᠶᠢᠨ ᠲᠣᠪᠴᠢᠶ᠎ᠠ      ᠭᠤᠣᠯᠯᠠᠨ ᠡᠷᠬᠢᠯᠡᠭᠰᠡᠨ ᠨᠢᠭᠡᠴᠡ᠄ ᠡᠸ᠋ᠨᠩᠬᠢ ᠬᠤᠰᠢᠭᠤᠨ ᠤ ᠵᠠᠰᠠᠭ ᠤᠨ ᠣᠷᠳᠣᠨ ᠤ ᠰᠦᠯᠵᠢᠶᠡᠨ ᠦᠷᠳᠡᠭᠡ      ᠰᠣᠷᠪᠣᠯᠵᠢᠯᠠᠭ᠎ᠠ ᠶᠢᠨ ᠲᠣᠪᠴᠢ ᠲᠠᠨᠢᠯᠴᠠᠭᠤᠯᠭ᠎ᠠ᠄ ᠲᠣᠰ ᠬᠤᠭᠤᠴᠠᠭᠠᠨ ᠤ ᠰᠣᠷᠪᠣᠯᠵᠢᠯᠠᠭ᠎ᠠ ᠳᠤ ᠬᠤᠰᠢᠭᠤᠨ ᠤ ᠲᠠᠷᠢᠶᠠᠯᠠᠩ ᠮᠠᠯ ᠠᠵᠣ ᠠᠬᠤᠢ ᠶᠢᠨ ᠲᠣᠪᠴᠢᠶᠠᠨ ᠤ ᠳᠡᠳ᠋ ᠳᠠᠷᠤᠭ᠎ᠠ ᠭᠦᠸᠧ ᠯᠢᠩ ᡁᠢ᠂ ᠮᠠᠯ ᠠᠵᠣ ᠠᠬᠤᠢ ᠶᠢᠨ ᠠᠵᠢᠯ ᠤᠨ ᠦᠷᠳᠡᠭᠡ ᠶᠢᠨ ᠳᠠᠷᠤᠭ᠎ᠠ ᠲᠠᠨ ᠢᠦᠢ ᠸᠧᠨ᠂ ᠮᠠᠯ ᠠᠵᠣ ᠠᠬᠤᠢ ᠶᠢᠨ ᠠᠵᠢᠯ ᠤᠨ ᠦᠷᠳᠡᠭᠡ ᠶᠢᠨ ᠠᠵᠢᠯᠳᠠᠨ ᠴᠢᠨ ᠰᠢᠣ ᠵᠢᠣᠸᠠᠨ ᠢ ᠣᠷᠢᠵᠣ᠂ ᠬᠦᠯᠦᠨ ᠪᠣᠶᠢᠷ ᠣᠬᠤᠷ ᠰᠡᠭᠦᠯᠳᠦ ᠬᠤᠨᠢ ᠶᠢᠨ ᠡᠭᠦᠯᠳᠡᠷ ᠪᠣᠶᠢᠵᠢᠭᠤᠯᠬᠤ ᠠᠵᠢᠯ ᠤᠨ ᠬᠠᠮᠢᠶ᠎ᠠ ᠪᠦᠬᠦᠢ ᠠᠰᠠᠭᠤᠳᠠᠯ ᠤᠨ ᠲᠣᠬᠠᠢ ᠬᠠᠷᠢᠭᠤᠯᠲᠠ ᠶᠢ ᠨᠢ ᠰᠣᠨᠣᠰᠪᠠ᠃      ᠣᠭᠳᠣᠬᠤ ᠦᠭᠡ      ᠬᠦᠸᠧ ᠯᠢᠩ ᡁᠢ᠄ ᠰᠠᠶᠢᠨ ᠪᠠᠶᠢᠵᠠᠭᠠᠨ᠎ᠠ ᠦᠦ︕ ︽ ᠡᠷᠬᠢᠮ ᠵᠣᠴᠢᠨ ᠤ ᠰᠣᠷᠪᠣᠯᠵᠢᠯᠠᠭ᠎ᠠ︾ ᠪᠠᠷ ᠳᠠᠮᠵᠢᠨ ᠲᠠ ᠪᠦᠬᠦᠨ ᠲᠠᠢ ᠬᠦᠯᠦᠨ ᠪᠣᠶᠢᠷ ᠤᠨ ᠣᠬᠤᠷ ᠰᠡᠭᠦᠯᠳᠦ ᠬᠤᠨᠢᠨ ᠤ ᠡᠭᠦᠯᠳᠡᠷ ᠪᠣᠶᠢᠵᠢᠭᠤᠯᠬᠤ ᠬᠠᠮᠢᠶ᠎ᠠ ᠪᠦᠬᠦᠢ ᠠᠵᠢᠯ ᠤᠨ ᠲᠣᠬᠠᠢ ᠬᠠᠮᠳᠣᠪᠡᠷ ᠰᠠᠨᠠᠯ ᠰᠣᠯᠢᠯᠴᠠᠬᠤ ᠪᠣᠯᠣᠭᠰᠠᠨ ᠳᠠᠭᠠᠨ ᠮᠠᠰᠢ ᠪᠠᠶᠠᠷᠳᠠᠢ ᠪᠠᠶᠢᠨ᠎ᠠ᠃ ᠡᠩ ᠲᠡᠷᠢᠬᠦᠨ ᠳᠤ᠂ ᠬᠦᠯᠦᠨ ᠪᠣᠶᠢᠷ ᠤᠨ ᠣᠬᠤᠷ ᠰᠡᠭᠦᠯᠳᠦ ᠬᠤᠨᠢ ᠶᠢᠨ ᠡᠭᠦᠯᠳᠡᠷ ᠪᠣᠶᠢᠵᠢᠭᠤᠯᠬᠤ ᠠᠵᠢᠯ ᠢ ᠣᠷᠳᠣ ᠬᠤᠭᠤᠴᠠᠭ᠎ᠠ ᠪᠠᠷ ᠬᠠᠯᠠᠮᠵᠢᠯᠠᠨ ᠳᠡᠮᠵᠢᠭᠰᠡᠭᠡᠷ ᠢᠷᠡᠭᠰᠡᠨ ᠲᠠ ᠪᠦᠬᠦᠨ ᠳᠤ ᠴᠢᠩ ᠰᠡᠳᠬᠢᠯ ᠤᠨ ᠲᠠᠯᠠᠷᠬᠠᠯ ᠢᠶᠠᠨ ᠲᠡᠪᠰᠢᠭᠦᠯᠵᠦ ᠪᠠᠶᠢᠨ᠎ᠠ︕      ᠠᠰᠠᠭᠤᠯᠳᠠ᠄ ᠬᠦᠯᠦᠨ ᠪᠣᠶᠢᠷ ᠤᠨ ᠣᠬᠤᠷ ᠰᠡᠭᠦᠯᠳᠦ ᠬᠤᠨᠢᠨ ᠤ ᠣᠳᠣᠬᠠᠨ ᠤ ᠬᠦᠭᠵᠢᠯᠲᠡ ᠶᠢᠨ ᠪᠠᠶᠢᠳᠠᠯ  ᠨᠢ ᠶᠠᠮᠠᠷ ᠪᠣᠢ︖      ᠬᠦᠸᠧ ᠯᠢᠩ ᡁᠢ᠄ ᠬᠦᠯᠦᠨ ᠪᠣᠶᠢᠷ ᠤᠨ ᠣᠬᠤᠷ ᠰᠡᠭᠦᠯᠳᠦ ᠬᠤᠨᠢ ᠪᠣᠯ ᠬᠦᠯᠦᠨ ᠪᠣᠶᠢᠷ ᠬᠤᠨᠢ ᠶᠢᠨ ᠰᠠᠶᠢᠨ ᠣᠳᠣᠮ ᠪᠣᠯᠣᠨ᠎ᠠ᠂ ᠪᠦᠷᠢᠨ ᠪᠣᠰᠣ ᠪᠦᠷᠢᠳᠬᠡᠯ ᠢ ᠦᠨᠳᠦᠰᠦᠯᠡᠪᠡᠯ᠂ ᠬᠦᠯᠦᠨ ᠪᠣᠶᠢᠷ ᠭᠠᠵᠠᠷ ᠣᠷᠣᠨ ᠳᠤ ᠠᠷᠠᠴᠢᠯᠠᠨ ᠲᠡᠵᠢᠭᠡᠵᠦ ᠪᠠᠶᠢᠭ᠎ᠠ ᠲᠤᠭ᠎ᠠ ᠬᠡᠮᠵᠢᠶ᠎ᠡ ᠨᠢ 23 ᠲᠦᠮᠡᠨ ᠲᠣᠯᠣᠭᠠᠢ ᠪᠣᠢ᠂ ᠡᠭᠦᠨ ᠤ ᠳᠣᠳᠣᠷ᠎ᠠ ᠮᠠᠨ ᠤ ᠬᠤᠰᠢᠭᠤᠨ ᠤ ᠬᠢᠯᠢ ᠳᠣᠳᠣᠷ᠎ᠠ 20 ᠲᠦᠮᠡᠨ ᠲᠣᠯᠣᠭᠠᠢ ᠪᠠᠶᠢᠵᠣ᠂ ᠡᠷᠬᠢᠨ ᠲᠣᠭᠤᠷᠢᠨ ᠤ ᠬᠤᠰᠢᠭᠤ ᠬᠤᠲᠠ ᠳᠤ 3 ᠲᠦᠮᠡᠨ ᠲᠣᠯᠣᠭᠠᠢ ᠪᠣᠢ᠃      ᠮᠠᠨ ᠤ ᠬᠤᠰᠢᠭᠤ ᠬᠦᠯᠦᠨ ᠪᠣᠶᠢᠷ ᠣᠬᠤᠷ ᠰᠡᠭᠦᠯᠳᠦ ᠬᠤᠨᠢ ᠶᠢ ᠭᠤᠣᠯ ᠳᠡᠯᠭᠡᠷᠡᠭᠦᠯᠬᠦ ᠡᠭᠦᠯᠳᠡᠷ ᠪᠣᠯᠭᠠᠵᠣ᠂ ᠰᠢᠨᠡᠬᠡᠨ ᠪᠠᠷᠠᠭᠤᠨ ᠰᠣᠮᠣ ᠶᠢ ᠡᠭᠦᠯᠳᠡᠷ ᠰᠣᠩᠭᠤᠨ ᠨᠡᠮᠡᠭᠳᠡᠬᠦᠯᠬᠦ ᠭᠤᠣᠯᠯᠠᠬᠤ ᠣᠷᠣᠨ ᠢᠶᠠᠷ ᠲᠣᠭᠲᠠᠭᠠᠵᠣ᠂ ᠬᠦᠯᠦᠨ ᠪᠣᠶᠢᠷ ᠣᠬᠤᠷ ᠰᠡᠭᠦᠯᠳᠦ ᠬᠤᠨᠢ ᠶᠢᠨ ᠠᠵᠣ ᠦᠢᠯᠡᠰ ᠤᠨ ᠬᠦᠷᠢᠶᠡᠯᠡᠩ ᠲᠣᠭᠤᠷᠢᠭ ᠪᠠᠶᠢᠭᠤᠯᠪᠠ᠃ ᠬᠡᠳᠦᠨ ᠵᠢᠯ ᠤᠨ ᠴᠢᠷᠮᠠᠶᠢᠯᠠᠭ᠎ᠠ ᠪᠠᠷ ᠳᠠᠮᠵᠢᠭᠤᠯᠣᠨ ᠣᠣᠯ ᠤᠨ ᠡᠭᠦᠯᠳᠡᠷ ᠤᠨ ᠲᠠᠯᠠᠪᠠᠢ ᠪᠠᠷ ᠭᠤᠣᠯ ᠪᠣᠯᠭᠠᠵᠣ᠂ ᠡᠭᠦᠯᠳᠡᠷ ᠤᠨ ᠬᠤᠨᠢ ᠶᠢ ᠦᠷᠬᠡᠳᠬᠡᠨ ᠦᠷᠡᠵᠢᠬᠦᠯᠬᠦ ᠲᠠᠯᠠᠪᠠᠢ ᠪᠠᠷ ᠭᠤᠣᠯᠯᠠᠭᠴᠢ ᠬᠦᠴᠦᠨ᠂ ᠰᠣᠩᠭᠤᠨ ᠪᠣᠶᠢᠵᠢᠭᠤᠯᠬᠤ ᠭᠤᠣᠯᠯᠠᠭᠴᠢ ᠡᠷᠦᠬᠡ ᠪᠠᠷ ᠰᠠᠭᠤᠷᠢ ᠪᠣᠯᠭᠠᠭᠰᠠᠨ ᠮᠢᠬᠠᠨ ᠤ ᠬᠤᠨᠢ ᠶᠢᠨ ᠰᠠᠶᠢᠨ ᠡᠭᠦᠯᠳᠡᠷ ᠢ ᠦᠷᠡᠵᠢᠬᠦᠯᠦᠨ ᠪᠣᠶᠢᠵᠢᠭᠤᠯᠬᠤ ᠲᠣᠭᠲᠠᠯᠴᠠᠭ᠎ᠠ ᠶᠢ ᠠᠭᠠᠵᠢᠮ ᠢᠶᠠᠷ ᠪᠠᠶᠢᠭᠤᠯᠪᠠ᠃      ᠠᠰᠠᠭᠤᠯᠳᠠ᠄ ᠬᠦᠯᠦᠨ ᠪᠣᠶᠢᠷ ᠣᠬᠤᠷ ᠰᠡᠭᠦᠯᠳᠦ ᠬᠤᠨᠢᠨ ᠤ ᠳᠠᠪᠠᠭᠤᠯᠢᠭ ᠲᠠᠯ᠎ᠠ ᠨᠢ ᠶᠠᠮᠠᠷ ᠶᠠᠮᠠᠷ ᠪᠠᠶᠢᠳᠠᠭ ᠪᠣᠢ︖      ᠲᠠᠨ ᠢᠦᠢ ᠸᠧᠨ᠄ ᠬᠦᠯᠦᠨ ᠪᠣᠶᠢᠷ ᠣᠬᠤᠷ ᠰᠡᠭᠦᠯᠳᠦ ᠬᠤᠨᠢ ᠨᠢ ᠲᠣᠰ ᠭᠠᠵᠠᠷ ᠤᠨ ᠠᠮᠢ ᠠᠬᠤᠢ ᠣᠷᠴᠢᠨ ᠲᠣᠭᠤᠷᠢᠨ ᠳᠤ ᠮᠠᠰᠢ ᠴᠢᠩᠭ᠎ᠠ ᠵᠣᠬᠢᠴᠠᠬᠤ ᠴᠢᠳᠠᠯ ᠲᠠᠢ᠂ ᠬᠠᠬᠢᠷ ᠬᠦᠢᠳᠡᠨ ᠠᠭᠠᠬᠢᠮ᠎ᠠ ᠬᠠᠯᠠᠭᠤᠨ ᠳᠤ ᠲᠡᠰᠪᠦᠷᠢᠲᠡᠢ ᠂ ᠪᠦᠳᠦᠭᠦᠯᠢᠭ ᠲᠡᠵᠢᠭᠡᠯ ᠪᠣᠷᠳᠤᠭ᠎ᠠ ᠪᠠᠷ ᠠᠷᠠᠴᠢᠯᠠᠬᠤ ᠳᠤ ᠵᠣᠬᠢᠴᠠᠬᠤ ᠪᠦᠭᠡᠳ ᠴᠠᠭ ᠠᠭᠤᠷ ᠤᠨ ᠬᠤᠪᠢᠷᠠᠯᠲᠠ ᠳᠤ ᠵᠣᠬᠢᠴᠠᠵᠣ ᠴᠢᠳᠠᠳᠠᠭ︔ ᠬᠤᠷᠠᠭ᠎ᠠ ᠨᠢ ᠦᠰᠦᠯᠲᠡ ᠶᠢᠨ ᠬᠤᠭᠤᠴᠠᠭ᠎ᠠ ᠳᠠᠭᠠᠨ ᠪᠣᠶᠢᠵᠢᠯᠲᠠ ᠪᠠᠷ ᠲᠦᠷᠬᠡᠨ︔ ᠰᠡᠭᠦᠯ ᠨᠢ ᠣᠬᠤᠷ ᠪᠣᠯᠬᠤᠷ ᠬᠡᠬᠡᠯᠳᠦᠭᠦᠯᠭᠡ ᠬᠢᠬᠦ ᠳᠤ ᠬᠢᠯᠪᠠᠷ᠂ ᠡᠮ᠎ᠡ ᠬᠤᠨᠢ ᠶᠢᠨ ᠬᠡᠬᠡᠯᠳᠦᠬᠦ ᠨᠣᠷᠮ᠎ᠠ ᠨᠢ ᠦᠨᠳᠦᠷ︔ ᠣᠳᠣᠮᠯᠠᠯ ᠤᠨ ᠴᠢᠨᠠᠷ ᠨᠢ ᠲᠣᠭᠲᠠᠪᠣᠷᠢᠲᠠᠢ︔ ᠮᠢᠬᠠᠨ ᠤ ᠭᠠᠷᠣᠯᠳᠠᠳᠣ ᠴᠢᠨᠠᠷ ᠢᠶᠠᠷ ᠰᠠᠶᠢᠨ᠂ ᠮᠢᠬᠠᠨ  ᠤ ᠴᠢᠨᠠᠷ ᠨᠢ ᠰᠠᠶᠢᠨ ᠪᠣᠯᠴᠢᠩ ᠤᠨ ᠬᠤᠭᠤᠷᠣᠨᠳᠣᠬᠢ ᠦᠬᠡᠬᠦ ᠨᠢ ᠬᠠᠷᠢᠴᠠᠩᠭᠤᠢ ᠪᠠᠷ ᠣᠯᠠᠨ ᠪᠠᠶᠢᠳᠠᠭ ᠪᠦᠬᠡᠳ ᠲᠠᠷᠬᠠᠯᠲᠠ ᠨᠢ ᠵᠢᠭᠳᠡ ᠪᠣᠯᠬᠤᠷ ᠬᠡᠷᠡᠭᠯᠡᠭᠴᠢᠳ ᠪᠣᠯᠣᠨ ᠵᠠᠬ᠎ᠠ ᠳᠡᠯᠭᠡᠭᠦᠷ ᠤᠨ ᠲᠦᠷᠦᠬᠦᠨ ᠳᠤ ᠰᠣᠩᠭᠤᠬᠤ ᠮᠢᠬᠠᠨ  ᠤ ᠲᠦᠷᠦᠯ ᠪᠣᠯᠣᠨ᠎ᠠ᠃      ᠠᠰᠠᠭᠤᠯᠳᠠ᠄ ᠬᠦᠯᠦᠨ ᠪᠣᠶᠢᠷ ᠣᠬᠤᠷ ᠰᠡᠭᠦᠯᠲᠦ ᠬᠤᠨᠢᠨ ᠤ ᠭᠠᠳᠠᠷ ᠳᠦᠷᠰᠦ ᠶᠢᠨ ᠣᠨᠴᠠᠯᠢᠭ ᠨᠢ ᠶᠠᠮᠠᠷ ᠪᠠᠶᠢᠳᠠᠭ︖      ᠴᠢᠨ ᠰᠢᠦ ᠵᠢᠤᠸᠠᠨ᠄ ᠬᠦᠯᠦᠨ ᠪᠣᠶᠢᠷ ᠣᠬᠤᠷ ᠰᠡᠭᠦᠯᠳᠦ ᠬᠤᠨᠢ ᠶᠢᠨ ᠪᠡᠶ᠎ᠡ ᠪᠢᠯᠳᠠᠷ ᠨᠢ ᠬᠦᠳᠡᠷ ᠴᠢᠬᠢᠷᠠᠭ᠂ ᠪᠦᠲᠦᠴᠡ ᠨᠢ ᠵᠢᠭᠳᠡ᠂ ᠨᠢᠷᠣᠭᠤ ᠨᠢ ᠲᠡᠭᠰᠢ ᠠᠰᠬᠠᠨ᠂ ᠴᠡᠭᠡᠵᠢ ᠨᠢ ᠦᠷᠭᠡᠨ ᠪᠦᠬᠡᠳ ᠬᠦᠨ᠂ ᠳᠦᠷᠪᠡᠨ ᠮᠦᠴᠢ  ᠨᠢ ᠳᠣᠷᠪᠢᠯᠢᠭ᠂ ᠪᠡᠶ᠎ᠡ ᠨᠢ ᠣᠷᠳᠣ ᠳᠦᠷᠪᠡᠯᠵᠢᠨ ᠬᠡᠯᠪᠡᠷᠢᠲᠡᠢ᠂ ᠬᠤᠶᠢᠳᠣ ᠪᠡᠶ᠎ᠡ ᠨᠢ ᠦᠷᠭᠡᠨ ᠪᠦᠭᠡᠳ ᠲᠠᠷᠭᠤᠯᠢᠭ᠂ ᠲᠠᠷᠭᠤ ᠠᠪᠴᠣ ᠬᠦᠢᠴᠡᠭᠰᠡᠨ ᠤ ᠳᠠᠷᠠᠭ᠎ᠠ ᠪᠦᠭᠡᠷᠡᠩᠬᠡᠢ ᠰᠠᠭᠤᠯᠭ᠎ᠠ ᠬᠡᠯᠪᠡᠷᠢᠲᠡᠢ ᠪᠣᠯᠵᠣ᠂ ᠪᠡᠶ᠎ᠡ ᠳᠡᠭᠡᠷᠡᠬᠢ ᠪᠦᠷᠬᠦᠬᠦᠯ ᠦᠰᠦ ᠨᠢ ᠴᠠᠭᠠᠨ ᠦᠩᠭᠡ ᠲᠠᠢ᠂ ᠬᠤᠴᠠ ᠶᠢᠨ ᠵᠠᠷᠢᠮ ᠨᠢ ᠡᠪᠡᠷ ᠲᠠᠢ᠂ ᠡᠮ᠎ᠡ ᠬᠤᠨᠢ ᠨᠢ ᠡᠪᠡᠷ ᠦᠭᠡᠢ᠃       ᠠᠰᠠᠭᠤᠯᠳᠠ 4᠄ ᠶᠠᠭᠤᠨ ᠳᠤ ᠬᠦᠯᠦᠨ ᠪᠣᠶᠢᠷ ᠣᠬᠤᠷ ᠰᠡᠭᠦᠯᠳᠦ ᠬᠤᠨᠢ ᠶᠢ ᠪᠣᠶᠢᠵᠢᠭᠤᠯᠬᠤ ᠪᠣᠢ︖       ᠲᠠᠨ ᠢᠦᠢ ᠸᠧᠨ᠄ ᠬᠦᠯᠦᠨ ᠪᠣᠶᠢᠷ ᠣᠬᠤᠷ ᠰᠡᠭᠦᠯᠳᠦ ᠬᠤᠨᠢ ᠨᠢ ᠦᠰᠴᠦ ᠪᠣᠶᠢᠵᠢᠬᠤ ᠨᠢ ᠬᠤᠷᠳᠣᠨ᠂ ᠠᠮᠢᠵᠢᠷᠠᠯ ᠤᠨ ᠬᠦᠴᠦᠨ ᠨᠢ ᠴᠢᠩᠭ᠎ᠠ᠂ ᠮᠢᠬᠠᠨ ᠤ ᠴᠢᠨᠠᠷ ᠨᠢ ᠰᠠᠶᠢᠨ᠂ ᠮᠢᠬᠠᠨ ᠤ ᠭᠠᠷᠣᠯᠳᠠᠳᠣ ᠴᠢᠳᠠᠯ ᠪᠠ ᠪᠡᠶ᠎ᠡ ᠪᠢᠯᠳᠠᠷ ᠭᠠᠳᠠᠷ ᠳᠦᠷᠰᠦ ᠶᠢᠨ ᠵᠢᠭᠳᠡ ᠪᠠᠶᠢᠬᠤ ᠬᠡᠮᠵᠢᠶ᠎ᠡ ᠶᠢ ᠨᠢ ᠳᠡᠭᠡᠭᠰᠢᠯᠡᠬᠦᠯᠵᠦ ᠪᠣᠯᠳᠠᠭ᠃ ᠮᠢᠬᠠᠨ ᠤ ᠬᠤᠨᠢ  ᠶᠢᠨ ᠰᠦᠷᠦᠭᠵᠢᠯ ᠪᠡᠶ᠎ᠡ ᠶᠢᠨ ᠲᠤᠭ᠎ᠠ ᠬᠡᠮᠵᠢᠶ᠎ᠡ ᠶᠢ ᠦᠰᠬᠡᠨ ᠨᠡᠮᠡᠭᠳᠡᠬᠦᠯᠵᠦ᠂ ᠬᠤᠨᠢᠨ ᠮᠢᠬ᠎ᠠ ᠶᠢᠨ ᠰᠠᠶᠢᠨ ᠴᠢᠨᠠᠷ  ᠤᠨ ᠲᠦᠷᠦᠯ ᠳᠡᠮᠳᠡᠭᠲᠦ ᠶᠢ ᠡᠭᠦᠳᠴᠦ᠂ ᠮᠢᠬᠠᠨ ᠤ ᠬᠤᠨᠢ ᠶᠢᠨ ᠦᠢᠯᠡᠳᠪᠦᠷᠢᠯᠡᠯ ᠤᠨ ᠦᠷ᠎ᠡ ᠠᠰᠢᠭ ᠢ ᠳᠡᠭᠡᠭᠰᠢᠯᠡᠬᠦᠯᠵᠦ᠂ ᠦᠨᠳᠦᠷ ᠭᠠᠷᠣᠯᠲᠠ ᠲᠠᠢ᠂ ᠦᠨᠳᠦᠷ ᠦᠷ᠎ᠡ ᠠᠰᠢᠭ ᠲᠠᠢ᠂ ᠰᠢᠯᠢᠳᠡᠭ ᠰᠠᠶᠢᠨ ᠮᠠᠯ ᠠᠵᠣ ᠠᠬᠤᠢ ᠶᠢᠨ ᠵᠠᠮ ᠢᠶᠠᠷ ᠵᠠᠮᠨᠠᠬᠤ ᠪᠣᠯᠣᠨ᠎ᠠ᠃      ᠠᠰᠠᠭᠤᠯᠳᠠ 5᠄ ᠬᠦᠯᠦᠨ ᠪᠣᠶᠢᠷ ᠣᠬᠤᠷ ᠰᠡᠭᠦᠯᠳᠦ ᠬᠤᠨᠢ ᠶᠢ ᠰᠣᠩᠭᠤᠨ ᠪᠣᠶᠢᠵᠢᠭᠤᠯᠬᠤ ᠴᠢᠭᠯᠡᠯ ᠨᠢ ᠶᠠᠭᠤ ᠪᠣᠢ︖      ᠲᠠᠨ ᠢᠦᠢ ᠸᠧᠨ᠄ ᠬᠦᠢᠳᠡᠨ ᠪᠠ ᠪᠦᠳᠦᠭᠦᠯᠢᠭ ᠠᠷᠠᠴᠢᠯᠠᠯᠲᠠ ᠳᠤ ᠳᠠᠭᠠᠭᠠᠴᠢᠲᠠᠢ᠂ ᠮᠠᠯᠵᠢᠬᠤ ᠳᠤ ᠵᠣᠬᠢᠴᠠᠬᠤ᠂ ᠦᠰᠴᠦ ᠪᠣᠶᠢᠵᠢᠬᠤ ᠨᠢ ᠲᠦᠷᠭᠡᠨ᠂ ᠮᠢᠬᠠᠨ ᠤ ᠭᠠᠷᠣᠯᠳᠠᠳᠣ ᠴᠢᠳᠠᠯ ᠨᠢ ᠦᠨᠳᠦᠷ᠂ ᠵᠣᠬᠢᠴᠠᠬᠤ ᠴᠢᠨᠠᠷ ᠨᠢ ᠴᠢᠩᠭ᠎ᠠ ᠪᠠ ᠰᠡᠭᠦᠯ ᠨᠢ ᠣᠬᠤᠷ ᠮᠦᠷᠳᠡᠭᠡᠨ ᠪᠢᠴᠢᠬᠠᠨ ᠪᠠᠶᠢᠳᠠᠭ ᠢᠶᠠᠷ ᠢᠶᠠᠨ ᠨᠡᠶᠢᠳᠡᠯᠢᠭ ᠡᠭᠦᠯᠳᠡᠷ ᠤᠨ ᠣᠨᠴᠠᠯᠢᠭ ᠪᠣᠯᠭᠠᠭᠰᠠᠨ ᠪᠠᠭ᠎ᠠ ᠦᠬᠡᠬᠦᠲᠦ ᠣᠬᠤᠷ ᠰᠡᠭᠦᠯᠲᠦ ᠬᠡᠯᠪᠡᠷᠢ ᠶᠢᠨ ᠪᠠᠭ᠎ᠠ ᠦᠬᠡᠬᠦᠲᠦ ᠣᠬᠤᠷ ᠰᠡᠭᠦᠯᠲᠦ ᠬᠡᠯᠪᠡᠷᠢ ᠶᠢᠨ ᠬᠤᠨᠢ ᠪᠠᠷ ᠬᠦᠯᠦᠨ ᠪᠣᠶᠢᠷ ᠣᠬᠤᠷ ᠰᠡᠭᠦᠯᠳᠦ ᠬᠤᠨᠢ ᠶᠢ ᠪᠣᠶᠢᠵᠢᠭᠤᠯᠬᠤ ᠴᠢᠭᠯᠡᠯ ᠪᠣᠯᠭᠠᠪᠠ᠃      ᠠᠰᠠᠭᠤᠯᠳᠠ 6᠄ ᠬᠦᠯᠦᠨ ᠪᠣᠶᠢᠷ ᠣᠬᠤᠷ ᠰᠡᠭᠦᠯᠳᠦ ᠬᠤᠨᠢ ᠶᠢᠨ ᠡᠭᠦᠯᠳᠡᠷ ᠪᠣᠶᠢᠵᠢᠭᠤᠯᠬᠤ ᠭᠤᠣᠯ ᠠᠷᠭ᠎ᠠ  ᠨᠢ ᠶᠠᠭᠤ ᠪᠣᠢ︖     ᠴᠢᠨ ᠰᠢᠦ ᠵᠢᠣᠸᠠᠨ᠄ ᠬᠦᠯᠦᠨ ᠪᠣᠶᠢᠷ ᠤᠨ ᠣᠬᠤᠷ ᠰᠡᠭᠦᠯᠳᠦ ᠬᠤᠨᠢ ᠶᠢᠨ ᠡᠭᠦᠯᠳᠡᠷ ᠢ ᠪᠣᠶᠢᠵᠢᠭᠤᠯᠬᠤ ᠳᠤ ᠭᠤᠣᠯᠳᠠᠭᠤ ᠴᠡᠪᠡᠷ ᠡᠭᠦᠯᠳᠡᠷ ᠦᠰᠬᠡᠬᠦ ᠠᠷᠭ᠎ᠠ ᠶᠢ ᠬᠡᠷᠡᠭᠯᠡᠨ᠎ᠡ᠃  ᠳᠠᠷᠣᠢ ᠨᠢᠬᠡᠨ ᠵᠦᠢᠯ ᠤᠨ ᠡᠭᠦᠯᠳᠡᠷ ᠢ ᠬᠠᠳᠠᠭᠠᠯᠠᠬᠤ ᠶᠢᠨ ᠬᠠᠮᠳᠣ ᠨᠡᠮᠡᠭᠳᠡᠬᠦᠯᠬᠦ ᠶᠢᠨ ᠲᠦᠯᠦᠭᠡ ᠬᠡᠷᠡᠭᠯᠡᠬᠦ ᠲᠣᠰ ᠡᠭᠦᠯᠳᠡᠷ ᠤᠨ ᠬᠤᠴᠠ ᠪᠣᠯᠣᠨ ᠡᠮ᠎ᠡ ᠬᠤᠨᠢ ᠶᠢ ᠦᠪᠡᠷ ᠤᠨ ᠰᠦᠷᠦᠭ ᠲᠤᠨᠢ ᠦᠷᠡᠵᠢᠬᠦᠯᠬᠦ ᠬᠢᠬᠡᠳ ᠰᠣᠩᠭᠤᠨ ᠪᠣᠶᠢᠵᠢᠭᠤᠯᠬᠤ ᠠᠷᠭ᠎ᠠ ᠪᠣᠯᠣᠨ᠎ᠠ᠃      ᠠᠰᠠᠭᠤᠯᠳᠠ 7᠄ ᠬᠦᠯᠦᠨ ᠪᠣᠶᠢᠷ ᠣᠬᠤᠷ ᠰᠡᠭᠦᠯᠳᠦ ᠬᠤᠨᠢ ᠶᠢᠨ ᠡᠭᠦᠯᠳᠡᠷ ᠰᠣᠩᠭᠤᠯᠲᠠ ᠬᠡᠭᠴᠢ ᠶᠠᠭᠤ ᠪᠣᠢ︖      ᠴᠢᠨ ᠰᠢᠦ ᠵᠢᠣᠸᠠᠨ᠄ ᠡᠭᠦᠯᠳᠡᠷ ᠰᠣᠩᠭᠤᠬᠤ ᠭᠡᠳᠡᠭ ᠨᠢ ᠣᠷᠢᠳᠴᠢᠯᠠᠨ ᠲᠣᠭᠲᠠᠭᠠᠭᠰᠠᠨ ᠬᠠᠷᠠᠯᠲᠠ ᠶᠣᠰᠣᠭᠠᠷ᠂ ᠨᠢᠬᠡᠨ ᠰᠢᠷᠢᠰ ᠠᠷᠭ᠎ᠠ ᠬᠡᠮᠵᠢᠶ᠎ᠡ ᠠᠪᠴᠣ᠂ ᠬᠤᠨᠢᠨ ᠰᠦᠷᠦᠭ ᠳᠣᠳᠣᠷ᠎ᠠ ᠠᠴᠠ ᠰᠢᠯᠢᠳᠡᠭ ᠪᠣᠳᠠᠭᠠᠯᠢ ᠪᠡᠶ᠎ᠡ ᠶᠢ ᠦᠯᠡᠳᠡᠭᠡᠨ ᠠᠪᠴᠣ ᠡᠭᠦᠯᠳᠡᠷ ᠤᠨ ᠮᠠᠯ ᠪᠣᠯᠭᠠᠬᠤ ᠳᠤ ᠬᠡᠷᠡᠭᠯᠡᠵᠦ᠂ ᠡᠭᠦᠯᠳᠡᠷ ᠤᠨ ᠱᠠᠭᠠᠷᠳᠠᠯᠭ᠎ᠠ ᠳᠤ ᠨᠡᠶᠢᠴᠡᠬᠦ ᠦᠭᠡᠢ ᠪᠣᠳᠠᠭᠠᠯᠢ ᠪᠡᠶ᠎ᠡ ᠶᠢ ᠰᠢᠷᠪᠢᠭᠳᠡᠬᠦᠯᠬᠦ ᠶᠢ ᠬᠡᠯᠡᠨ᠎ᠡ᠃      ᠠᠰᠠᠭᠤᠯᠳᠠ 8᠄ ᠬᠦᠯᠦᠨ ᠪᠣᠶᠢᠷ ᠣᠬᠤᠷ ᠰᠡᠭᠦᠯᠳᠦ ᠬᠤᠨᠢ ᠶᠢᠨ ᠡᠭᠦᠯᠳᠡᠷ ᠢ ᠰᠣᠩᠭᠤᠬᠤ ᠳᠤ ᠶᠠᠮᠠᠷ ᠶᠠᠮᠠᠷ ᠠᠷᠭ᠎ᠠ ᠪᠠᠶᠢᠳᠠᠭ ᠪᠣᠢ︖      ᠴᠢᠨ ᠰᠢᠦ ᠵᠢᠣᠸᠠᠨ᠄ ᠪᠣᠳᠠᠭᠠᠯᠢ ᠪᠡᠶ᠎ᠡ ᠶᠢ ᠰᠣᠩᠭᠤᠬᠤ᠂ ᠣᠳᠣᠮ ᠴᠠᠳᠢᠭ ᠢ ᠰᠣᠩᠭᠤᠬᠤ ᠪᠠ ᠦᠷ᠎ᠡ ᠦᠨᠳᠦᠰᠦ ᠶᠢ ᠰᠣᠩᠭᠤᠬᠤ ᠪᠣᠯᠣᠨ᠎ᠠ᠃      ᠠᠰᠠᠭᠤᠯᠳᠠ 9᠄ ᠬᠦᠯᠦᠨ ᠪᠣᠶᠢᠷ ᠣᠬᠤᠷ ᠰᠡᠭᠦᠯᠳᠦ ᠬᠤᠨᠢ ᠶᠢ ᠰᠣᠩᠭᠤᠨ ᠬᠡᠬᠡᠯᠳᠦᠭᠦᠯᠬᠦ ᠬᠡᠭᠴᠢ ᠨᠢ ᠶᠠᠭᠤ ᠪᠣᠢ︖      ᠴᠢᠨ ᠰᠢᠦ ᠵᠢᠣᠸᠠᠨ᠄ ᠰᠣᠩᠭᠤᠨ ᠬᠡᠬᠡᠯᠳᠦᠬᠦᠯᠬᠦ ᠪᠣᠯ ᠡᠭᠦᠯᠳᠡᠷ ᠪᠣᠶᠢᠵᠢᠭᠤᠯᠬᠤ ᠬᠠᠷᠠᠯᠲᠠ ᠶᠢ ᠦᠨᠳᠦᠰᠦᠯᠡᠨ ᠡᠮ᠎ᠡ ᠬᠤᠨᠢ ᠳᠤ ᠲᠣᠬᠢᠷᠠᠮᠵᠢᠲᠠᠢ ᠬᠤᠴᠠ ᠰᠣᠩᠭᠤᠵᠣ ᠦᠭᠬᠦ ᠪᠣᠶᠣ ᠬᠤᠴᠠ ᠳᠤ ᠲᠣᠬᠢᠷᠠᠮᠵᠢᠲᠠᠢ ᠡᠮ᠎ᠡ ᠬᠤᠨᠢ ᠶᠢ ᠲᠦᠯᠦᠪᠯᠡᠭᠡ ᠲᠠᠢ ᠪᠠᠷ ᠰᠣᠩᠭᠤᠨ ᠦᠭᠴᠦ ᠬᠡᠬᠡᠯᠳᠦᠭᠦᠯᠭᠡ ᠬᠢᠵᠦ᠂ ᠳᠠᠷᠠᠭᠠᠴᠢ ᠶᠢᠨ ᠦᠶ᠎ᠡ ᠶᠢᠨ ᠣᠳᠣᠮᠯᠠᠯ ᠤᠨ ᠭᠧᠨ ᠢ ᠰᠠᠨᠠᠭᠠᠴᠢᠯᠠᠭ᠎ᠠ ᠲᠠᠢ ᠪᠠᠷ ᠨᠡᠶᠢᠯᠡᠬᠦᠯᠵᠦ᠂ ᠰᠠᠶᠢᠨ ᠡᠬᠦᠯᠳᠡᠷ ᠢ ᠪᠣᠶᠢᠵᠢᠭᠤᠯᠬᠤ ᠪᠣᠶᠣ ᠠᠰᠢᠭᠯᠠᠬᠤ ᠬᠠᠷᠠᠯᠲᠠ  ᠳᠤ ᠬᠦᠷᠬᠦ ᠪᠣᠯᠣᠨ᠎ᠠ᠃      ᠠᠰᠠᠭᠤᠯᠳᠠ 10᠄ ᠪᠣᠳᠠᠭᠠᠯᠢ ᠪᠡᠶ᠎ᠡ ᠶᠢ ᠰᠣᠩᠭᠤᠨ ᠬᠡᠬᠡᠯᠳᠦᠬᠦᠯᠬᠦ ᠳᠤ ᠠᠪᠬᠤ ᠭᠤᠣᠯ ᠠᠷᠭ᠎ᠠ ᠳᠤ ᠬᠡᠳᠦᠨ ᠵᠦᠢᠯ ᠪᠠᠶᠢᠬᠤ ᠪᠣᠢ︖      ᠴᠢᠨ ᠰᠢᠦ ᠵᠢᠣᠸᠠᠨ᠄ ᠪᠣᠳᠠᠭᠠᠯᠢ ᠪᠡᠶ᠎ᠡ ᠶᠢ ᠰᠣᠩᠭᠤᠨ ᠬᠡᠬᠡᠯᠳᠦᠬᠦᠯᠬᠦ ᠳᠤ᠂ ᠬᠡᠬᠡᠯᠳᠦᠭᠦᠯᠬᠦ ᠬᠤᠣᠰ ᠲᠠᠯ᠎ᠠ  ᠶᠢᠨ ᠴᠢᠨᠠᠷ ᠴᠢᠨᠰᠠᠭ᠎ᠠ ᠶᠢ ᠬᠠᠷᠢᠴᠠᠭᠤᠯᠣᠭᠠᠳ ᠠᠳᠠᠯᠢ ᠪᠣᠰᠣ ᠪᠠᠶᠢᠬᠤ ᠶᠢ ᠦᠨᠳᠦᠰᠦᠯᠡᠨ ᠠᠳᠠᠯᠢ ᠴᠢᠨᠠᠷ ᠴᠢᠨᠰᠠᠭ᠎ᠠ  ᠲᠠᠢ ᠶᠢ ᠰᠣᠩᠭᠤᠨ ᠬᠡᠬᠡᠯᠳᠦᠭᠦᠯᠬᠦ ᠪᠠ ᠣᠨᠳᠣᠣ ᠴᠢᠨᠠᠷ ᠴᠢᠨᠰᠠᠭ᠎ᠠ ᠲᠠᠢ ᠶᠢ ᠰᠣᠩᠭᠤᠨ ᠬᠡᠬᠡᠯᠳᠦᠭᠦᠯᠬᠦ ᠬᠤᠶᠠᠷ ᠵᠦᠢᠯ ᠬᠤᠪᠢᠶᠠᠵᠣ ᠪᠣᠯᠣᠨ᠎ᠠ︔ ᠬᠡᠬᠡᠯᠳᠦᠭᠦᠯᠬᠦ ᠬᠤᠣᠰ ᠲᠠᠯ᠎ᠠ ᠶᠢᠨ ᠣᠷᠤᠭ ᠲᠦᠷᠦᠯ ᠤᠨ ᠬᠤᠯᠠ ᠣᠶᠢᠷ᠎ᠠ ᠨᠢ ᠠᠳᠠᠯᠢ ᠪᠣᠰᠣ ᠪᠠᠶᠢᠬᠤ ᠶᠢ ᠦᠨᠳᠦᠰᠦᠯᠡᠨ ᠣᠶᠢᠷ᠎ᠠ ᠲᠦᠷᠦᠯ ᠤᠨ ᠪᠠ ᠬᠤᠯᠠ ᠲᠦᠷᠦᠯ ᠤᠨ ᠬᠤᠭᠤᠷᠣᠨᠳᠣᠬᠢ ᠬᠡᠬᠡᠯᠳᠦᠭᠦᠯᠬᠦ ᠬᠡᠵᠦ ᠬᠤᠶᠠᠷ ᠵᠦᠢᠯ ᠬᠤᠪᠢᠶᠠᠵᠣ ᠪᠣᠯᠣᠨ᠎ᠠ︔ ᠬᠡᠬᠡᠯᠳᠦᠭᠦᠯᠬᠦ ᠬᠤᠣᠰ ᠲᠠᠯ᠎ᠠ ᠶᠢᠨ ᠣᠷᠤᠭ ᠲᠦᠷᠦᠯ ᠤᠨ ᠪᠠ ᠬᠤᠯᠠ ᠲᠦᠷᠦᠯ ᠤᠨ ᠬᠤᠭᠤᠷᠣᠨᠳᠣᠬᠢ ᠬᠡᠬᠡᠯᠳᠦᠭᠦᠯᠬᠦ ᠬᠡᠵᠦ ᠬᠤᠶᠠᠷ ᠵᠦᠢᠯ ᠬᠤᠪᠢᠷᠠᠵᠣ ᠪᠣᠯᠣᠨ᠎ᠠ᠃      ᠠᠰᠠᠭᠤᠯᠳᠠ 11᠄ ᠶᠠᠭᠤᠨ ᠳᠤ ᠬᠦᠯᠦᠨ ᠪᠣᠶᠢᠷ ᠣᠬᠤᠷ ᠰᠡᠭᠦᠯᠲᠦ ᠬᠤᠨᠢ ᠶᠢᠨ ᠡᠭᠦᠯᠳᠡᠷ ᠪᠣᠶᠢᠵᠢᠭᠤᠯᠬᠤ ᠭᠤᠣᠯᠳᠠᠯᠭᠠᠳᠣ ᠰᠦᠷᠦᠭ ᠢ ᠪᠠᠶᠢᠭᠤᠯᠬᠤ ᠪᠣᠢ︖      ᠭᠦᠸᠧ ᠯᠢᠩ ᡁᠢ᠄ ᠬᠦᠯᠦᠨ ᠪᠣᠶᠢᠷ ᠣᠬᠤᠷ ᠰᠡᠭᠦᠯᠲᠦ ᠬᠤᠨᠢ ᠶᠢᠨ ᠡᠭᠦᠯᠳᠡᠷ ᠪᠣᠶᠢᠵᠢᠭᠤᠯᠬᠤ ᠶᠠᠪᠣᠴᠠ ᠳᠣᠮᠳᠠ᠂ ᠡᠭᠦᠯᠳᠡᠷ ᠪᠣᠶᠢᠵᠢᠭᠤᠯᠬᠤ ᠱᠠᠭᠠᠷᠳᠠᠯᠭ᠎ᠠ ᠳᠤ ᠲᠣᠬᠢᠷᠠᠬᠤ ᠬᠦᠯᠦᠨ ᠪᠣᠶᠢᠷ ᠣᠬᠤᠷ ᠰᠡᠭᠦᠯᠲᠦ ᠡᠮ᠎ᠡ ᠬᠤᠨᠢ  ᠶᠢ ᠰᠣᠩᠭᠤᠵᠣ ᠡᠭᠦᠯᠳᠡᠷ ᠰᠣᠩᠭᠤᠬᠤ ᠰᠦᠷᠦᠭ ᠪᠠᠶᠢᠭᠤᠯᠵᠣ᠂ ᠬᠦᠯᠦᠨ ᠪᠣᠶᠢᠷ ᠣᠬᠤᠷ ᠰᠡᠭᠦᠯᠳᠦ ᠬᠤᠴᠠ ᠶᠢ ᠬᠡᠷᠡᠭᠯᠡᠨ ᠬᠡᠬᠡᠯᠳᠦᠭᠦᠯᠵᠦ᠂ ᠰᠠᠨᠠᠭᠠᠨ ᠳᠤ ᠨᠡᠶᠢᠴᠡᠭᠰᠡᠨ ᠬᠡᠯᠪᠡᠷᠢ ᠪᠦᠬᠦᠢ ᠪᠣᠳᠠᠭᠠᠯᠢ ᠪᠡᠶ᠎ᠡ ᠶᠢ ᠪᠣᠶᠢᠵᠢᠭᠤᠯᠵᠣ᠂ ᠡᠭᠦᠯᠳᠡᠷ ᠤᠨ ᠰᠦᠷᠦᠭ ᠲᠤ ᠰᠠᠨᠠᠭᠠᠨ ᠳᠤ ᠨᠡᠶᠢᠴᠡᠭᠰᠡᠨ ᠬᠡᠯᠪᠡᠷᠢ ᠲᠠᠢ ᠪᠣᠳᠠᠭᠠᠯᠢ ᠪᠡᠶ᠎ᠡ ᠭᠠᠷᠬᠤ ᠦᠶ᠎ᠡ ᠳᠤ᠂ ᠭᠤᠣᠯᠳᠠᠯᠭᠠᠳᠣ ᠰᠦᠷᠦᠭ ᠪᠠᠶᠢᠭᠤᠯᠵᠣ᠂ ᠣᠳᠣᠮᠯᠠᠯ ᠤᠨ ᠰᠢᠨᠵᠢ ᠲᠡᠮᠳᠡᠭ ᠢ ᠲᠣᠭᠲᠠᠪᠣᠷᠢᠵᠢᠭᠤᠯᠵᠣ᠂ ᠡᠭᠦᠯᠳᠡᠷ ᠤᠨ ᠰᠦᠷᠦᠭ ᠤᠨ ᠲᠤᠭ᠎ᠠ ᠬᠡᠮᠵᠢᠶ᠎ᠡ ᠶᠢ ᠣᠯᠠᠨ ᠪᠣᠯᠭᠠᠨ᠎ᠠ᠃      ᠠᠰᠠᠭᠤᠯᠳᠠ 12᠄ ᠬᠦᠯᠦᠨ ᠪᠣᠶᠢᠷ ᠤᠨ ᠣᠬᠤᠷ ᠰᠡᠭᠦᠯᠲᠦ ᠬᠤᠨᠢ ᠶᠢᠨ ᠡᠭᠦᠯᠳᠡᠷ ᠪᠣᠶᠢᠵᠢᠭᠤᠯᠬᠤ ᠭᠤᠣᠯᠯᠠᠬᠤ ᠡᠷᠦᠬᠡ ᠶᠢᠨ ᠬᠠᠷᠢᠭᠤᠴᠠᠯᠭ᠎ᠠ ᠬᠢᠬᠡᠳ ᠡᠭᠦᠷᠭᠡ ᠨᠢ ᠶᠠᠭᠤ ᠪᠣᠢ︖      ᠲᠠᠨ ᠢᠦᠢ ᠸᠧᠨ᠄ ᠡᠭᠦᠯᠳᠡᠷ ᠪᠣᠶᠢᠵᠢᠭᠤᠯᠬᠤ ᠠᠵᠢᠯ ᠤᠨ ᠵᠦᠪᠯᠡᠯ ᠯᠦᠭᠡ ᠢᠳᠡᠪᠬᠢᠲᠡᠢ ᠬᠠᠮᠵᠢᠯᠴᠠᠵᠣ᠂ ᠬᠦᠯᠦᠨ ᠪᠣᠶᠢᠷ ᠣᠬᠤᠷ ᠰᠡᠭᠦᠯᠲᠦ ᠬᠤᠨᠢ ᠶᠢᠨ ᠡᠭᠦᠯᠳᠡᠷ ᠰᠣᠩᠭᠤᠵᠣ ᠰᠣᠩᠭᠤᠨ ᠬᠡᠬᠡᠯᠳᠦᠭᠦᠯᠬᠦ ᠵᠡᠷᠭᠡ ᠠᠵᠢᠯ ᠢ ᠦᠷᠨᠢᠬᠦᠯᠵᠦ᠂ ᠮᠡᠷᠭᠡᠵᠢᠯᠲᠡᠨ ᠤ ᠵᠢᠭᠠᠨ ᠵᠢᠯᠣᠭᠤᠳᠬᠤ ᠪᠠ ᠬᠠᠮᠢᠶᠠᠷᠣᠯᠲᠠ ᠬᠢᠬᠦ ᠶᠢ ᠳᠠᠭᠠᠨ᠎ᠠ︔ ᠬᠦᠯᠦᠨ ᠪᠣᠶᠢᠷ  ᠤᠨ ᠣᠬᠤᠷ ᠰᠡᠭᠦᠯᠲᠦ ᠬᠤᠨᠢ ᠶᠢᠨ ᠡᠭᠦᠯᠳᠡᠷ ᠪᠣᠶᠢᠵᠢᠭᠤᠯᠬᠤ ᠮᠡᠷᠭᠡᠵᠢᠯ ᠤᠨ ᠵᠠᠮ ᠱᠣᠭᠤᠮ ᠢ 5 ᠵᠢᠯ ᠠᠴᠠ ᠴᠦᠬᠡᠨ ᠪᠠᠶᠢᠯᠭᠠᠬᠤ ᠦᠭᠡᠢ ᠶᠢ ᠪᠠᠷᠢᠮᠲᠠᠯᠠᠨ᠎ᠠ︔ ᠭᠤᠣᠯᠳᠠᠯᠭᠠᠳᠣ ᠰᠦᠷᠦᠭ ᠤᠨ ᠰᠠᠭᠤᠷᠢ ᠡᠬᠡ ᠬᠤᠨᠢ ᠶᠢᠨ ᠬᠡᠪᠴᠢᠶ᠎ᠡ ᠶᠢ 500 ᠲᠣᠯᠣᠭᠠᠢ ᠠᠴᠠ ᠳᠡᠭᠡᠭᠰᠢ ᠳᠤ ᠬᠦᠷᠭᠡᠨ᠎ᠡ︔ ᠱᠠᠭᠠᠷᠳᠠᠯᠭ᠎ᠠ ᠶᠣᠰᠣᠭᠠᠷ ᠬᠤᠨᠢᠨ ᠰᠦᠷᠦᠭ ᠤᠨ ᠪᠦᠬᠦᠶᠢᠯᠡ ᠰᠦᠷᠦᠭ ᠲᠤ ᠬᠢᠨᠠᠨ ᠲᠣᠭᠲᠠᠭᠠᠯᠲᠠ ᠬᠢᠵᠦ᠂ ᠪᠠᠷᠢᠮᠵᠢᠶ᠎ᠠ ᠳᠤ ᠨᠡᠶᠢᠴᠡᠬᠦ ᠦᠭᠡᠢ ᠬᠤᠨᠢ ᠶᠢ ᠰᠢᠷᠪᠢᠭᠳᠡᠬᠦᠯᠦᠨ᠂ ᠭᠤᠣᠯᠳᠠᠯᠭᠠᠳᠣ ᠰᠦᠷᠦᠭ ᠤᠨ ᠪᠠᠷᠢᠮᠵᠢᠶᠠᠨ ᠳᠤ ᠨᠡᠶᠢᠴᠡᠬᠦ ᠣᠬᠤᠷ ᠰᠡᠭᠦᠯᠲᠦ ᠬᠤᠨᠢ ᠶᠢ 100% ᠳᠤ ᠬᠦᠷᠭᠡᠬᠦ ᠬᠡᠷᠡᠭᠲᠡᠢ︔ ᠭᠤᠣᠯᠳᠠᠯᠭᠠᠳᠣ ᠰᠦᠷᠦᠭ ᠳᠠᠬᠢ ᠲᠣᠰᠠᠭᠠᠷ ᠠᠷᠠᠴᠢᠯᠠᠨ ᠲᠡᠵᠢᠭᠡᠵᠦ᠂ ᠰᠦᠷᠦᠭ ᠠᠴᠠ ᠰᠠᠯᠭᠠᠬᠤ ᠪᠠ ᠪᠣᠰᠣᠳ ᠬᠤᠨᠢ ᠲᠠᠢ ᠨᠢᠭᠡ ᠰᠦᠷᠦᠭ ᠲᠤ ᠬᠤᠯᠢᠯᠳᠣᠭᠤᠯᠣᠨ ᠲᠡᠵᠢᠭᠡᠵᠦ ᠪᠣᠯᠬᠤ ᠦᠭᠡᠢ︔ ᠡᠭᠦᠯᠳᠡᠷ ᠪᠣᠶᠢᠵᠢᠭᠤᠯᠬᠤ ᠠᠵᠢᠯ ᠤᠨ ᠵᠦᠪᠯᠡᠯ ᠤᠨ ᠱᠠᠭᠠᠷᠳᠠᠯᠭ᠎ᠠ ᠶᠣᠰᠣᠭᠠᠷ ᠬᠤᠨᠢᠨ ᠰᠦᠷᠦᠭ ᠲᠤ ᠭᠠᠷ ᠬᠡᠬᠡᠯᠳᠦᠭᠦᠯᠭᠡ ᠬᠢᠬᠦ ᠠᠵᠢᠯ ᠢ ᠪᠡᠶᠡᠯᠡᠭᠦᠯᠦᠨ᠎ᠡ︔ ᠮᠡᠷᠭᠡᠵᠢᠯᠲᠡᠨ ᠯᠦᠭᠡ ᠢᠳᠡᠪᠬᠢᠲᠡᠢ ᠬᠠᠮᠵᠢᠯᠴᠠᠵᠣ ᠣᠯᠠᠷᠢᠯ ᠢ ᠦᠵᠡᠵᠦ ᠪᠠᠶᠢᠭᠠᠳ ᠪᠦᠬᠦᠶᠢᠯᠡ ᠰᠦᠷᠦᠭ ᠲᠤ ᠬᠢᠨᠠᠨ ᠲᠣᠭᠲᠠᠭᠠᠯᠲᠠ ᠬᠢᠬᠦ᠂ ᠴᠢᠬᠢᠨ ᠤ ᠲᠡᠮᠳᠡᠭ ᠵᠡᠭᠦᠯᠭᠡᠬᠦ᠂ ᠦᠢᠯᠡᠳᠪᠦᠷᠢᠯᠡᠯ ᠤᠨ ᠴᠢᠳᠠᠯ ᠢ ᠨᠢ ᠬᠡᠮᠵᠢᠨ ᠲᠣᠭᠲᠠᠭᠠᠬᠤ ᠶᠢ ᠦᠷᠨᠢᠬᠦᠯᠬᠦ ᠪᠦᠭᠡᠳ ᠴᠢᠬᠢᠨ ᠤ ᠳᠡᠮᠳᠡᠭ ᠨᠢ ᠦᠭᠡᠢ ᠪᠣᠯᠣᠭᠰᠠᠨ ᠪᠣᠯ ᠴᠠᠭ ᠲᠣᠬᠠᠢ ᠳᠤᠨᠢ ᠨᠦᠬᠦᠪᠦᠷᠢᠯᠡᠨ ᠵᠡᠭᠦᠯᠭᠡᠬᠦ ᠬᠡᠷᠡᠭᠲᠡᠢ︔ ᠭᠤᠣᠯᠳᠠᠯᠭᠠᠳᠣ ᠰᠦᠷᠦᠭ ᠤᠨ ᠬᠤᠨᠢ  ᠶᠢ ᠳᠣᠷ᠎ᠠ ᠪᠠᠷ ᠢᠶᠠᠨ ᠬᠤᠳᠠᠯᠳᠣᠬᠤ ᠪᠠ ᠠᠯᠠᠵᠣ ᠨᠢᠳᠣᠯᠠᠵᠣ ᠪᠣᠯᠬᠤ ᠦᠭᠡᠢ᠂ ᠬᠤᠳᠠᠯᠳᠣᠬᠤ ᠪᠠ ᠨᠢᠳᠣᠯᠠᠬᠤ ᠴᠢᠬᠤᠯᠠ ᠲᠠᠢ ᠪᠣᠯ ᠡᠷᠬᠡᠪᠰᠢ ᠡᠭᠦᠯᠳᠡᠷ ᠪᠣᠶᠢᠵᠢᠭᠤᠯᠬᠤ ᠠᠵᠢᠯ ᠤᠨ ᠺᠣᠮᠢᠰ ᠢᠶᠠᠷ ᠵᠦᠪᠰᠢᠶᠡᠷᠡᠭᠦᠯᠬᠦ ᠬᠡᠷᠡᠭᠲᠡᠢ᠂ ᠬᠡᠷᠪᠡ ᠦᠨᠡᠨᠬᠦ ᠣᠨᠴᠠᠭᠠᠢ ᠰᠢᠯᠳᠠᠭᠠᠨ ᠠᠴᠠ ᠪᠣᠯᠣᠭᠠᠳ ᠵᠠᠪᠠᠯ ᠬᠤᠳᠠᠯᠳᠣᠬᠤ ᠳᠤ ᠬᠦᠷᠪᠡᠯ᠂ ᠡᠭᠦᠯᠳᠡᠷ ᠪᠣᠶᠢᠵᠢᠭᠤᠯᠬᠤ ᠺᠣᠮᠢᠰ ᠤᠨ ᠵᠢᠭᠠᠨ ᠲᠣᠭᠲᠠᠭᠠᠭᠰᠠᠨ ᠪᠣᠰᠣᠳ ᠭᠤᠣᠯᠯᠠᠬᠤ ᠡᠷᠦᠬᠡ ᠪᠣᠶᠣ ᠲᠡᠵᠢᠬᠡᠨ ᠦᠷᠡᠵᠢᠭᠦᠯᠬᠦ ᠲᠠᠯᠠᠪᠠᠢ ᠳᠤ ᠬᠤᠳᠠᠯᠳᠣᠨ ᠦᠭᠬᠦ ᠬᠡᠷᠡᠭᠲᠡᠢ᠃      ᠠᠰᠠᠭᠤᠯᠳᠠ 13᠄ ᠬᠦᠯᠦᠨ ᠪᠣᠶᠢᠷ ᠣᠬᠤᠷ ᠰᠡᠭᠦᠯᠲᠦ ᠬᠤᠨᠢ ᠶᠢᠨ ᠭᠠᠳᠠᠷ ᠲᠦᠷᠰᠦ ᠶᠢ ᠬᠢᠨᠠᠨ ᠲᠣᠭᠲᠠᠭᠠᠬᠤ ᠶᠢᠨ ᠠᠴᠢ ᠬᠤᠯᠪᠣᠭᠳᠠᠯ ᠨᠢ ᠶᠠᠭᠤ ᠪᠣᠢ︖      ᠲᠠᠨ ᠢᠦᠢ ᠸᠧᠨ᠄ ᠡᠭᠦᠯᠳᠡᠷ ᠤᠨ ᠬᠤᠨᠢ ᠳᠤ ᠳᠡᠰ ᠲᠣᠭᠲᠠᠭᠠᠵᠣ᠂ ᠮᠠᠭᠤ ᠬᠤᠨᠢ ᠶᠢ ᠰᠢᠷᠪᠢᠭᠳᠡᠬᠦᠯᠵᠦ᠂ ᠰᠠᠶᠢᠨ ᠵᠡᠷᠭᠡ ᠳᠡᠰ ᠲᠠᠢ ᠬᠤᠨᠢ ᠶᠢ ᠰᠣᠩᠭᠤᠨ ᠦᠯᠡᠳᠡᠭᠡᠵᠦ᠂ ᠳᠡᠵᠢᠬᠡᠨ ᠦᠷᠡᠵᠢᠬᠦᠯᠬᠦ ᠦᠷ᠎ᠡ ᠠᠰᠢᠭ ᠢ ᠳᠡᠭᠡᠭᠰᠢᠯᠡᠭᠦᠯᠦᠨ᠎ᠡ︔ ᠡᠭᠦᠯᠳᠡᠷ ᠰᠣᠩᠭᠤᠬᠤ ᠰᠣᠩᠭᠤᠨ ᠬᠡᠬᠡᠯᠳᠦᠭᠦᠯᠬᠦ ᠠᠵᠢᠯ ᠳᠤ ᠮᠡᠷᠭᠡᠵᠢᠯ ᠤᠨ ᠡᠰᠢ ᠪᠠᠷᠢᠮᠲᠠ ᠬᠠᠩᠭᠠᠨ᠎ᠠ︔ ᠪᠣᠳᠠᠭᠠᠯᠢ ᠪᠡᠶ᠎ᠡ ᠶᠢᠨ ᠪᠣᠶᠢᠵᠢᠭᠤᠯᠬᠤ ᠴᠢᠭᠯᠡᠯ ᠢ ᠲᠣᠭᠲᠠᠭᠠᠵᠣ᠂ ᠰᠦᠷᠦᠭ ᠢ ᠠᠳᠠᠯᠢ ᠴᠢᠨᠠᠷ ᠴᠢᠨᠰᠠᠭ᠎ᠠ ᠲᠠᠢ ᠪᠣᠯᠭᠠᠵᠣ᠂ ᠬᠠᠮᠢᠶᠠᠷᠬᠤ ᠳᠤ ᠳᠦᠬᠦᠮ ᠪᠣᠯᠭᠠᠨ᠎ᠠ᠃      ᠠᠰᠠᠭᠤᠯᠳᠠ 14᠄ ᠬᠦᠯᠦᠨ ᠪᠣᠶᠢᠷ ᠣᠬᠤᠷ ᠰᠡᠭᠦᠯᠲᠦ ᠬᠤᠨᠢ ᠶᠢᠨ ᠭᠠᠳᠠᠷ ᠲᠦᠷᠰᠦ ᠶᠢ ᠬᠢᠨᠠᠨ ᠲᠣᠭᠲᠠᠭᠠᠬᠤ ᠠᠷᠭ᠎ᠠ ᠳᠤ ᠬᠡᠳᠦᠨ ᠵᠦᠢᠯ ᠪᠠᠶᠢᠬᠤ ᠪᠣᠢ︖      ᠴᠢᠨ ᠰᠢᠦ ᠵᠢᠣᠸᠠᠨ᠄ ᠨᠢᠳᠣ ᠪᠠᠷ ᠢᠶᠠᠨ ᠬᠢᠨᠠᠨ ᠲᠣᠭᠲᠠᠭᠠᠬᠤ᠂ ᠬᠤᠪᠢ ᠦᠭᠴᠦ ᠬᠢᠨᠠᠨ ᠲᠣᠭᠲᠠᠭᠠᠬᠤ᠂ ᠬᠡᠮᠵᠢᠵᠦ ᠪᠠᠶᠢᠭᠠᠳ ᠬᠢᠨᠠᠨ ᠲᠣᠭᠲᠠᠭᠠᠬᠤ ︵ ᠪᠡᠶ᠎ᠡ ᠶᠢᠨ ᠬᠡᠮᠵᠢᠶ᠎ᠡ ᠪᠠ ᠪᠡᠶ᠎ᠡ ᠶᠢᠨ ᠬᠦᠨᠳᠦ︶᠃      ᠠᠰᠠᠭᠤᠯᠲᠠ 15᠄ ᠭᠠᠷ ᠬᠡᠬᠡᠯᠳᠦᠭᠦᠯᠭᠡ ᠶᠢᠨ ᠮᠡᠷᠭᠡᠵᠢᠯ ᠨᠢ ᠶᠠᠭᠤ ᠪᠣᠢ︖      ᠴᠢᠨ ᠰᠢᠦ ᠵᠢᠣᠸᠠᠨ᠄ ᠬᠤᠨᠢ ᠬᠡᠬᠡᠯᠳᠦᠭᠦᠯᠬᠦ ᠠᠷᠭ᠎ᠠ ᠶᠢ ᠠᠪᠴᠠᠯ ᠪᠠ ᠭᠠᠷ ᠬᠡᠬᠡᠯᠳᠦᠭᠦᠯᠭᠡ ᠬᠢᠬᠦ ᠬᠤᠶᠠᠷ ᠵᠦᠢᠯ ᠬᠤᠪᠢᠶᠠᠨ᠎ᠠ᠂ ᠭᠠᠷ ᠬᠡᠬᠡᠯᠳᠦᠭᠦᠯᠭᠡ ᠬᠢᠬᠦ ᠪᠠᠭᠠᠵᠢ ᠬᠡᠷᠡᠭᠰᠡᠯ ᠢ ᠬᠡᠷᠡᠭᠯᠡᠨ ᠡᠭᠦᠯᠳᠡᠷ ᠤᠨ ᠬᠤᠨᠢ ᠶᠢᠨ ᠦᠷ᠎ᠡ  ᠶᠢᠨ ᠰᠢᠩᠬᠡᠨ ᠢ ᠠᠪᠴᠣ ᠳᠠᠬᠢᠭᠠᠳ ᠡᠮ᠎ᠡ ᠬᠤᠨᠢ ᠶᠢᠨ ᠦᠷᠡᠵᠢᠯ ᠤᠨ ᠵᠠᠮ ᠳᠤ ᠶᠡᠬᠦᠯᠡᠨ ᠣᠷᠣᠭᠤᠯᠵᠣ᠂ ᠡᠮ᠎ᠡ ᠬᠤᠨᠢ ᠶᠢ ᠬᠡᠬᠡᠯᠳᠦᠭᠦᠯᠬᠦ ᠠᠷᠭ᠎ᠠ ᠪᠣᠯᠣᠨ᠎ᠠ᠃      ᠠᠰᠠᠭᠤᠯᠳᠠ 16᠄ ᠶᠠᠭᠤᠨ ᠳᠤ ᠡᠭᠦᠯᠳᠡᠷ ᠤᠨ ᠬᠤᠨᠢ ᠶᠢ ᠲᠣᠬᠢᠷᠠᠭᠤᠯᠣᠨ ᠰᠣᠯᠢᠯᠴᠠᠬᠤ ᠪᠣᠢ︖      ᠴᠢᠨ ᠰᠢᠦ ᠵᠢᠦᠸᠠᠨ᠄ ᠨᠢᠭᠡ ᠰᠦᠷᠦᠭ ᠬᠤᠨᠢᠨ ᠳᠤ ᠬᠡᠷᠪᠡ ᠣᠷᠳᠣ ᠬᠤᠭᠤᠴᠠᠭ᠎ᠠ ᠪᠠᠷ ᠠᠳᠠᠯᠢᠬᠠᠨ ᠡᠬᠦᠯᠳᠡᠷ  ᠤᠨ ᠬᠤᠨᠢ ᠶᠢ ᠬᠡᠷᠡᠭᠯᠡᠭᠡᠳ ᠪᠠᠶᠢᠪᠠᠯ ᠣᠶᠢᠷ᠎ᠠ ᠲᠦᠷᠦᠯ ᠤᠨ ᠬᠤᠭᠤᠷᠣᠨᠳᠣ ᠬᠡᠬᠡᠯᠳᠦᠭᠦᠯᠭᠡ ᠬᠢᠵᠦ᠂ ᠡᠭᠦᠯᠳᠡᠷ ᠤᠨ ᠬᠤᠨᠢ ᠨᠢ ᠦᠪᠡᠷ ᠤᠨ ᠬᠤᠶᠢᠴᠢ ᠦᠶ᠎ᠡ ᠪᠠᠨ ᠬᠡᠬᠡᠯᠳᠦᠭᠦᠯᠵᠦ᠂ ᠣᠳᠣᠮᠯᠠᠯ ᠤᠨ ᠡᠪᠡᠳᠴᠢᠨ ᠢ ᠡᠭᠦᠰᠬᠡᠵᠦ ᠮᠡᠳᠡᠬᠦ ᠪᠣᠶᠣ ᠦᠢᠯᠡᠳᠪᠦᠷᠢᠯᠡᠯ ᠤᠨ ᠴᠢᠳᠠᠯ ᠢ ᠳᠣᠷᠣᠭᠰᠢᠭᠤᠯᠬᠤ ᠵᠡᠷᠭᠡ ᠴᠢᠬᠤᠯᠠ ᠦᠭᠡᠢ ᠬᠤᠬᠢᠷᠠᠯ ᠢ ᠠᠪᠴᠢᠷᠠᠵᠣ ᠥᠭᠬᠦ ᠪᠣᠯᠣᠨ᠎ᠠ᠃      ᠠᠰᠠᠭᠤᠯᠳᠠ 17᠄ ᠡᠭᠦᠯᠳᠡᠷ ᠤᠨ ᠬᠤᠨᠢ ᠶᠢ ᠲᠣᠬᠢᠷᠠᠭᠤᠯᠵᠣ ᠰᠤᠯᠢᠯᠴᠠᠬᠤ ᠳᠤ ᠶᠠᠮᠠᠷ ᠵᠠᠷᠴᠢᠮ ᠪᠠᠶᠢᠳᠠᠭ ᠪᠣᠢ︖    ᠴᠢᠨ ᠰᠢᠦ ᠵᠢᠣᠸᠠᠨ᠄ ᠭᠤᠷᠪᠠᠨ ᠵᠢᠯ ᠪᠣᠯᠬᠤ ᠪᠦᠷᠢ ᠨᠢᠭᠡ ᠣᠳᠠᠭ᠎ᠠ ᠰᠣᠯᠢᠯᠴᠠᠨ᠎ᠠ︔ ᠲᠣᠬᠢᠷᠠᠭᠤᠯᠬᠤ ᠡᠭᠦᠯᠳᠡᠷ  ᠤᠨ ᠬᠤᠨᠢ ᠨᠢ ᠡᠭᠦᠯᠳᠡᠷ ᠰᠣᠩᠭᠤᠬᠤ ᠰᠣᠩᠭᠤᠨ ᠬᠡᠬᠡᠯᠳᠦᠭᠦᠯᠬᠦ ᠵᠠᠷᠴᠢᠮ ᠳᠤ ᠨᠡᠶᠢᠴᠡᠵᠦ᠂ ᠰᠦᠷᠦᠭ ᠤᠨ ᠣᠳᠣᠮᠯᠠᠯ  ᠤᠨ ᠲᠣᠭᠲᠠᠪᠣᠷᠢᠲᠣ ᠴᠢᠨᠠᠷ ᠢ ᠪᠠᠲᠣᠯᠠᠬᠤ ᠬᠡᠷᠡᠭᠲᠡᠢ︔ ᠲᠠᠲᠠᠨ ᠣᠷᠣᠭᠤᠯᠣᠭᠰᠠᠨ ᠡᠭᠦᠯᠳᠡᠷ ᠤᠨ ᠬᠤᠨᠢ ᠨᠢ ᠡᠪᠡᠳᠴᠢᠨ ᠦᠭᠡᠢ ᠡᠷᠡᠭᠦᠯ ᠪᠠᠶᠢᠬᠤ ᠬᠡᠷᠡᠭᠲᠡᠢ︔ ᠡᠭᠦᠯᠳᠡᠷ ᠰᠠᠶᠢᠵᠢᠷᠠᠭᠤᠯᠬᠤ ᠰᠠᠯᠠᠭ᠎ᠠ ᠮᠦᠴᠢᠷ ᠤᠨ ᠬᠤᠷᠸ᠎ᠠ ᠡᠵᠡᠮᠰᠢᠯ ᠲᠣᠬᠢᠷᠠᠭᠤᠯᠭ᠎ᠠ ᠬᠢᠬᠡᠳ ᠠᠷᠠᠴᠢᠯᠠᠨ ᠲᠡᠵᠢᠬᠡᠬᠦ ᠡᠷᠦᠬᠡ ᠶᠢᠨ ᠦᠪᠡᠷ ᠢᠶᠠᠨ ᠲᠣᠬᠢᠷᠠᠭᠤᠯᠵᠣ᠂ ᠰᠣᠯᠢᠯᠴᠠᠬᠤ  ᠶᠢ ᠬᠠᠷᠢᠯᠴᠠᠨ ᠣᠶᠠᠯᠳᠣᠭᠤᠯᠬᠤ ᠵᠠᠷᠴᠢᠮ ᠢ ᠪᠠᠷᠢᠮᠲᠠᠯᠠᠪᠠᠯ ᠵᠣᠬᠢᠨ᠎ᠠ᠃      ᠠᠰᠠᠭᠤᠯᠳᠠ 18᠄ ᠬᠦᠯᠦᠨ ᠪᠣᠶᠢᠷ ᠣᠬᠤᠷ ᠰᠡᠭᠦᠯᠳᠦ ᠬᠤᠨᠢ ᠶᠢᠨ ᠡᠭᠦᠯᠳᠡᠷ ᠪᠣᠶᠢᠵᠢᠭᠤᠯᠬᠤ ᠶᠠᠪᠣᠴᠠ ᠳᠣᠮᠳᠠ᠂ ᠬᠡᠬᠡᠯᠳᠦᠭᠰᠡᠨ ᠡᠮ᠎ᠡ ᠬᠤᠨᠢ ᠶᠢ ᠠᠷᠠᠴᠢᠯᠠᠨ ᠬᠠᠮᠢᠶᠠᠷᠬᠤ ᠳᠤ ᠶᠠᠭᠤ ᠶᠠᠭᠤ ᠶᠢ ᠠᠩᠬᠠᠷᠬᠤ ᠬᠡᠷᠡᠭᠲᠡᠢ ᠪᠣᠢ︖      ᠴᠢᠨ ᠰᠢᠦ ᠵᠢᠣᠸᠠᠨ᠄ ᠬᠡᠬᠡᠬᠡᠯ ᠲᠣᠭᠲᠠᠭᠰᠠᠨ ᠡᠬᠢᠨ ᠤ ᠬᠤᠭᠤᠴᠠᠭ᠎ᠠ ︵ ᠪᠠᠷᠤᠭ 3 ᠰᠠᠷ᠎ᠠ︶ ᠳᠤ ᠬᠦᠪᠦᠷᠡᠯ  ᠤᠨ ᠪᠣᠶᠢᠵᠢᠯᠲᠠ ᠨᠢ ᠣᠳᠠᠭᠠᠯᠢᠭ᠂ ᠰᠢᠮ᠎ᠡ ᠳᠡᠵᠢᠭᠡᠯᠲᠦ ᠪᠣᠳᠠᠰ ᠢ ᠱᠠᠭᠠᠷᠳᠠᠬᠤ ᠨᠢ ᠴᠦᠬᠡᠨ ᠲᠣᠯᠠ ᠶᠡᠷᠦ ᠳᠡᠭᠡᠨ ᠰᠣᠯᠠ ᠪᠡᠯᠴᠢᠬᠡᠬᠦ ᠪᠣᠶᠣ ᠬᠦᠷᠦᠯᠴᠡᠬᠦᠶᠢᠴᠡ ᠬᠦᠬᠡ ᠡᠪᠡᠰᠦ ᠦᠭᠴᠦ ᠵᠣᠬᠢᠰᠲᠠᠢ ᠪᠠᠷ ᠨᠦᠬᠦᠵᠦ ᠲᠡᠵᠢᠭᠡᠪᠡᠯ ᠳᠠᠷᠣᠢ ᠰᠢᠮ᠎ᠡ ᠲᠡᠵᠢᠭᠡᠯ ᠤᠨ ᠬᠡᠷᠡᠭᠴᠡᠭᠡ ᠶᠢ ᠨᠢ ᠬᠠᠩᠭᠠᠵᠣ ᠴᠢᠳᠠᠨ᠎ᠠ︔ ᠬᠡᠬᠡᠯᠳᠦᠭᠰᠡᠨ ᠤ ᠰᠡᠭᠦᠯᠴᠢ ᠶᠢᠨ ᠬᠤᠭᠤᠴᠠᠭᠠᠨ  ᠳᠤ ᠬᠡᠣᠬᠡᠢ ᠨᠢ ᠲᠦᠷᠬᠡᠨ ᠪᠣᠶᠢᠵᠢᠬᠤ ᠪᠣᠯᠬᠤᠷ ᠲᠡᠵᠢᠬᠡᠯ ᠪᠣᠷᠳᠤᠭ᠎ᠠ ᠨᠦᠬᠦᠪᠦᠷᠢᠯᠡᠬᠦ ᠶᠢ ᠠᠩᠬᠠᠷᠴᠣ᠂ ᠰᠣᠯᠠ ᠪᠡᠯᠴᠢᠭᠡᠬᠦ ᠠᠴᠠ ᠭᠠᠳᠠᠨ᠎ᠠ᠂ ᠬᠤᠨᠢ ᠪᠦᠷᠢ ᠳᠤ ᠡᠳᠦᠷ ᠪᠦᠷᠢ 450 ᠭᠷᠠᠮ ᠤᠨ ᠨᠠᠷᠢᠯᠢᠭ ᠪᠣᠷᠳᠤᠭ᠎ᠠ᠂ 1 ᠺᠢᠯᠣᠭ᠍ᠷᠠᠮ— 1.5 ᠺᠢᠯᠣᠭ᠍ᠷᠠᠮ ᠬᠠᠭᠤᠷᠠᠢ ᠡᠪᠡᠰᠦ᠂ 1 ᠺᠢᠯᠣᠭ᠍ᠷᠠᠮ ᠬᠦᠬᠡ ᠪᠠᠷ ᠳᠠᠷᠣᠰᠢᠭᠤᠯᠣᠭᠰᠠᠨ ᠳᠡᠵᠢᠬᠡᠯ ᠡᠪᠡᠰᠦ᠂ 15 ᠭᠷᠠᠮ ᠢᠳᠡᠬᠡᠨ ᠤ ᠳᠠᠪᠣᠰᠣ ᠪᠠ ᠶᠠᠰᠣᠨ ᠤ ᠨᠣᠨᠳᠠᠭ ᠢᠶᠠᠷ ᠨᠦᠬᠦᠵᠦ ᠳᠡᠵᠢᠭᠡᠨ᠎ᠡ︔ ᠬᠠᠮᠢᠶᠠᠷᠣᠯᠲᠠ  ᠪᠠᠷ ᠨᠠᠷᠢᠯᠢᠭ ᠪᠠᠶᠢᠵᠣ᠂ ᠪᠡᠯᠴᠢᠭᠡᠬᠦ᠂ ᠬᠤᠷᠢᠶᠠᠵᠣ ᠠᠪᠬᠤ᠂ ᠣᠰᠣᠯᠠᠬᠤ᠂ ᠳᠡᠵᠢᠬᠡᠯ ᠨᠦᠬᠦᠪᠦᠷᠢᠯᠡᠬᠦ ᠳᠤ ᠴᠦᠮ ᠡᠮᠬᠢ ᠳᠠᠷᠠᠭ᠎ᠠ ᠲᠠᠢ ᠠᠭᠠᠵᠢᠮ ᠯᠠᠪᠳᠠᠭᠤᠨ ᠬᠢᠵᠦ᠂ ᠰᠢᠬᠠᠯᠳᠣᠬᠤ᠂ ᠭᠤᠯᠭᠤᠵᠣ ᠣᠨᠠᠬᠤ ᠠᠴᠠ ᠰᠡᠷᠭᠡᠶᠢᠯᠡᠨ᠂ ᠳᠡᠭᠡᠷ᠎ᠡ ᠠᠴᠠ ᠦᠰᠦᠷᠡᠬᠦ᠂ ᠭᠤᠣ ᠬᠠᠷᠠᠶᠢᠬᠤ ᠶᠢ ᠴᠢᠩᠭ᠎ᠠ ᠰᠡᠷᠭᠡᠶᠢᠯᠡᠵᠦ᠂ ᠴᠢᠳᠠᠬᠤ ᠶᠢᠨ ᠳᠣᠳᠣᠷ᠎ᠠ ᠲᠡᠭᠰᠢ ᠭᠠᠵᠠᠷ  ᠢ ᠡᠷᠢᠵᠦ  ᠪᠡᠯᠴᠢᠭᠡᠷᠯᠡᠬᠦᠯᠬᠦ ᠪᠦᠭᠡᠳ ᠵᠣᠷᠢᠭᠤᠳᠠ ᠳᠠᠳᠠᠵᠣ ᠴᠢᠩᠭᠠᠬᠤ᠂ ᠰᠣᠴᠢᠭᠠᠵᠣ ᠦᠷᠭᠦᠭᠡᠬᠦ ᠦᠭᠡᠢ ᠪᠠᠶᠢᠵᠣ᠂ ᠬᠤᠭᠤᠷᠣᠨᠳᠣ ᠪᠠᠨ ᠮᠦᠷᠭᠦᠯᠳᠦᠬᠦ ᠲᠡᠮᠡᠴᠡᠯᠳᠦᠬᠦ ᠶᠢ ᠣᠯᠵᠣ ᠦᠵᠡᠪᠡᠯ ᠳᠣᠣᠷ᠎ᠠ ᠨᠢ ᠬᠤᠷᠢᠭᠯᠠᠨ ᠵᠣᠭᠰᠣᠭᠠᠬᠤ ᠬᠡᠷᠡᠭᠲᠡᠢ︔ ᠡᠮ᠎ᠡ ᠬᠤᠨᠢ ᠬᠡᠬᠡᠯᠳᠦᠭᠰᠡᠨ ᠰᠡᠭᠦᠯᠴᠢ ᠶᠢᠨ ᠬᠤᠭᠤᠴᠠᠭᠠᠨ ᠳᠤ ᠴᠠᠪᠢ ᠨᠢ ᠳᠣᠷᠣᠭᠰᠢ ᠰᠠᠭᠤᠬᠤ᠂ ᠬᠡᠪᠡᠯᠢ ᠨᠢ ᠳᠣᠷᠣᠭᠰᠢ ᠣᠨᠵᠠᠶᠢᠬᠤ᠂ ᠬᠦᠬᠦ ᠨᠢ ᠬᠠᠪᠣᠳᠴᠣ ᠪᠦᠲᠦᠭᠦᠷᠡᠬᠦ᠂ ᠣᠮᠠᠢ ᠶᠢᠨ ᠠᠮᠰᠠᠷ ᠬᠠᠪᠣᠳᠴᠣ ᠪᠦᠳᠦᠬᠦᠷᠡᠬᠦ᠂ ᠨᠢᠯᠴᠠᠭᠠᠢ ᠰᠢᠩᠬᠡᠨ ᠣᠷᠣᠰᠣᠨ ᠭᠠᠷᠬᠤ᠂ ᠦᠷᠭᠦᠯᠵᠢ ᠬᠡᠷᠡᠮ ᠤᠨ ᠪᠣᠯᠣᠩ ᠳᠤ ᠭᠠᠭᠴᠠᠭᠠᠷ ᠬᠡᠪᠳᠡᠬᠦ ᠂ ᠰᠢᠬᠡᠬᠦ ᠨᠢ ᠣᠯᠠᠰᠢᠷᠠᠬᠤ᠂ ᠬᠦᠳᠡᠯᠵᠦ ᠪᠠᠷᠢᠬᠤ ᠨᠢ ᠲᠣᠭᠲᠠᠪᠣᠷᠢ ᠦᠭᠡᠢ᠂ ᠣᠳᠠᠯ ᠦᠭᠡᠢ ᠬᠡᠪᠳᠡᠵᠦ ᠣᠳᠠᠯ ᠦᠭᠡᠢ ᠪᠣᠰᠬᠤ᠂ ᠬᠡᠪᠡᠯᠢ ᠪᠠᠨ ᠵᠣᠬᠰᠣᠯ ᠦᠭᠡᠢ ᠡᠷᠬᠢᠵᠦ ᠦᠵᠡᠬᠦ ᠪᠠ ᠮᠠᠶᠢᠯᠠᠬᠤ ᠳᠠᠭᠤᠨ ᠭᠠᠷᠬᠤ ᠵᠡᠷᠭᠡ ᠦᠵᠡᠭᠳᠡᠯ ᠭᠠᠷᠬᠤ ᠨᠢ ᠴᠦᠮ ᠡᠮ᠎ᠡ ᠬᠤᠨᠢ ᠶᠢᠨ ᠲᠦᠯᠡᠯᠡᠬᠦ ᠠᠴᠠ ᠡᠮᠦᠨᠡᠬᠢ ᠢᠯᠡᠷᠡᠯ ᠮᠦᠨ᠂ ᠡᠶᠢᠮᠦ ᠠᠴᠠ ᠬᠤᠨᠢᠨ ᠬᠠᠰᠢᠶ᠎ᠠ ᠪᠣᠯᠣᠨ ᠲᠦᠯᠡᠯᠡᠬᠦ ᠬᠠᠰᠢᠶ᠎ᠠ ᠶᠢ ᠨᠢᠭᠡ ᠣᠳᠠᠭ᠎ᠠ ᠱᠦᠬᠦᠷᠳᠡᠨ ᠠᠷᠢᠭᠤᠳᠬᠠᠵᠣ᠂ ᠡᠭᠦᠳᠡ ᠴᠣᠩᠬᠤ ᠶᠢ ᠨᠢ ᠰᠡᠯᠪᠢᠨ ᠵᠠᠰᠠᠵᠣ᠂ ᠰᠠᠯᠬᠢᠨ ᠨᠦᠬᠡ ᠶᠢ ᠪᠦᠭᠯᠡᠵᠦ᠂ ᠳᠡᠪᠢᠰᠬᠦ ᠡᠪᠡᠰᠦ ᠶᠢ ᠬᠦᠢᠴᠡᠳ ᠪᠡᠯᠡᠳᠬᠡᠬᠦ ᠪᠦᠭᠡᠳ ᠬᠤᠯᠪᠣᠭᠳᠠᠯ ᠪᠦᠬᠦᠢ ᠬᠦᠮᠦᠰ ᠲᠤ ᠮᠡᠳᠡᠭᠳᠡᠵᠦ ᠲᠦᠯᠡᠯᠡᠬᠦ ᠠᠴᠠ ᠡᠮᠦᠨᠡᠬᠢ ᠪᠡᠯᠡᠳᠬᠡᠯ ᠠᠵᠢᠯ ᠢ ᠰᠠᠶᠢᠳᠣᠷ ᠬᠢᠯᠭᠡᠬᠦ ᠬᠡᠷᠡᠭᠳᠡᠢ᠃   ᠠᠰᠠᠭᠤᠯᠲᠠ 19᠄ ᠬᠦᠯᠦᠨ ᠪᠣᠶᠢᠷ ᠣᠬᠤᠷ ᠰᠡᠭᠦᠯᠲᠦ ᠬᠤᠨᠢ ᠬᠢᠬᠡᠳ ᠪᠦᠲᠦᠭᠦᠨ ᠰᠡᠭᠦᠯᠲᠦ ᠬᠤᠨᠢ ᠶᠢᠨ ᠦᠢᠯᠡᠳᠪᠦᠷᠢᠯᠡᠯ ᠤᠨ ᠠᠵᠣ ᠠᠬᠤᠢ ᠶᠢᠨ ᠦᠷ᠎ᠡ ᠠᠰᠢᠭ ᠢ ᠠᠳᠠᠯᠢᠳᠬᠠᠪᠠᠯ ᠶᠠᠮᠠᠷ ᠪᠣᠢ︖      ᠲᠠᠨ ᠢᠦᠢ ᠸᠧᠨ᠄ 2017 ᠣᠨ ᠤ ᠮᠢᠬᠠᠨ ᠤ ᠬᠤᠨᠢ ᠶᠢᠨ ᠵᠠᠬ᠎ᠠ ᠳᠡᠯᠭᠡᠭᠦᠷ ᠤᠨ ᠦᠨ᠎ᠡ ᠪᠠᠷ ᠬᠠᠷᠢᠴᠠᠭᠤᠯᠪᠠᠯ᠂ ᠨᠢᠭᠡ ᠲᠣᠯᠣᠭᠠᠢ ᠬᠦᠯᠦᠨ ᠪᠣᠶᠢᠷ ᠣᠬᠤᠷ ᠰᠡᠭᠦᠯᠲᠦ ᠬᠤᠨᠢ ᠶᠢ ᠪᠣᠷᠣᠯᠠᠭᠤᠯᠣᠭᠰᠠᠨ ᠶᠡᠷᠥᠩᠬᠡᠢ ᠣᠷᠣᠯᠭ᠎ᠠ ᠨᠢ 745 ᠲᠦᠭᠦᠷᠢᠭ᠂ ᠨᠢᠭᠡ ᠪᠦᠳᠦᠬᠦᠨ ᠰᠡᠭᠦᠯᠲᠦ ᠬᠤᠨᠢ ᠶᠢ ᠪᠣᠷᠣᠯᠠᠭᠤᠯᠣᠭᠰᠠᠨ ᠶᠡᠷᠥᠩᠬᠡᠢ ᠣᠷᠣᠯᠭ᠎ᠠ ᠨᠢ 680.5 ᠲᠦᠭᠦᠷᠢᠭ᠂ ᠬᠦᠯᠦᠨ ᠪᠣᠶᠢᠷ ᠣᠬᠤᠷ ᠰᠡᠭᠦᠯᠲᠦ ᠬᠤᠨᠢ ᠶᠢ ᠪᠣᠷᠣᠯᠠᠭᠤᠯᠣᠭᠰᠠᠨ ᠦᠨ᠎ᠡ ᠬᠠᠩᠰᠢ ᠨᠢ ᠪᠦᠳᠦᠬᠦᠨ ᠰᠡᠭᠦᠯᠲᠦ ᠬᠤᠨᠢ ᠶᠢ ᠪᠣᠷᠣᠯᠠᠭᠤᠯᠣᠭᠰᠠᠨ ᠦᠨ᠎ᠡ ᠠᠴᠠ 64.5 ᠲᠦᠭᠦᠷᠢᠭ ᠦᠨᠳᠦᠷ ᠪᠣᠯᠣᠨ᠎ᠠ᠃      ᠠᠰᠠᠭᠤᠯᠳᠠ 20᠄ ᠬᠦᠯᠦᠨ ᠪᠣᠶᠢᠷ ᠣᠬᠤᠷ ᠰᠡᠭᠦᠯᠲᠦ ᠬᠤᠨᠢ ᠶᠢᠨ ᠡᠭᠦᠯᠳᠡᠷ ᠪᠣᠶᠢᠵᠢᠭᠤᠯᠬᠤ ᠶᠢᠨ ᠳᠠᠷᠠᠭᠠᠴᠢ ᠶᠢᠨ ᠠᠯᠬᠤᠮ ᠤᠨ ᠭᠤᠣᠯᠳᠠᠯᠭ᠎ᠠ ᠲᠠᠢ ᠠᠵᠢᠯ ᠨᠢ ᠶᠠᠭᠤ ᠪᠣᠢ︖      ᠬᠦᠸᠧ ᠯᠢᠩ ᡁᠢ᠄ ᠡᠭᠦᠯᠳᠡᠷ ᠪᠣᠶᠢᠵᠢᠭᠤᠯᠬᠤ ᠦᠨᠡᠨᠬᠦ ᠪᠣᠯᠣᠮᠵᠢᠲᠠᠢ ᠲᠦᠰᠦᠯ ᠲᠣᠭᠲᠠᠭᠠᠵᠣ᠂ ᠬᠦᠯᠦᠨ ᠪᠣᠶᠢᠷ ᠣᠬᠤᠷ ᠰᠡᠭᠦᠯᠲᠦ ᠬᠤᠨᠢ ᠶᠢᠨ ᠣᠷᠣᠨ ᠨᠣᠲᠤᠭ ᠤᠨ ᠪᠠᠷᠢᠮᠵᠢᠶ᠎ᠠ ᠶᠢ ᠬᠢᠨᠠᠨ ᠲᠣᠭᠲᠠᠭᠠᠬᠤ ᠠᠵᠢᠯ ᠢ ᠪᠡᠶᠡᠯᠡᠬᠦᠯᠬᠦ︔ ᠬᠦᠯᠦᠨ ᠪᠣᠶᠢᠷ ᠭᠠᠵᠠᠷ ᠣᠷᠣᠨ ᠤ ᠬᠦᠯᠦᠨ ᠪᠣᠶᠢᠷ ᠣᠬᠤᠷ ᠰᠡᠭᠦᠯᠲᠦ ᠬᠤᠨᠢ ᠶᠢᠨ ᠲᠤᠭ᠎ᠠ ᠬᠡᠮᠵᠢᠶ᠎ᠡ ᠵᠢᠴᠢ ᠲᠠᠷᠬᠠᠯᠲᠠ ᠶᠢᠨ ᠪᠠᠶᠢᠳᠠᠯ ᠳᠤ ᠨᠢᠭᠡ ᠣᠳᠠᠭ᠎ᠠ ᠪᠦᠬᠦ ᠲᠠᠯ᠎ᠠ ᠶᠢᠨ ᠨᠠᠶᠢᠳᠠᠮ ᠪᠠᠶᠢᠴᠠᠭᠠᠯᠲᠠ ᠬᠢᠬᠦ︔ ᠬᠦᠯᠦᠨ ᠪᠣᠶᠢᠷ ᠣᠬᠤᠷ ᠰᠡᠭᠦᠯᠲᠦ ᠬᠤᠨᠢ ᠶᠢᠨ ᠡᠭᠦᠰᠦᠯ᠂ ᠪᠦᠷᠢᠯᠳᠦᠭᠰᠡᠨ ᠲᠡᠣᠬᠡ᠂ ᠨᠣᠳᠣᠭᠰᠢᠭᠤᠯᠣᠯᠲᠠ ᠬᠢᠬᠡᠳ ᠢᠯᠭᠠᠷᠠᠭᠤᠯᠣᠯᠲᠠ ᠵᠢᠴᠢ ᠠᠰᠢᠭᠯᠠᠯᠲᠠ ᠵᠡᠷᠭᠡ ᠲᠠᠯ᠎ᠠ ᠪᠠᠷ ᠬᠦᠨᠵᠡᠭᠡᠢ ᠪᠠᠶᠢᠴᠠᠭᠠᠨ ᠰᠣᠳᠣᠯᠣᠯᠲᠠ ᠬᠢᠬᠦ︔ ᠬᠦᠯᠦᠨ ᠪᠣᠶᠢᠷ ᠣᠬᠤᠷ ᠰᠡᠭᠦᠯᠲᠦ ᠬᠤᠨᠢ ᠶᠢᠨ ᠡᠭᠦᠯᠳᠡᠷ ᠪᠣᠶᠢᠵᠢᠭᠤᠯᠬᠤ ᠭᠤᠣᠯᠯᠠᠬᠤ ᠡᠷᠦᠬᠡ ᠶᠢ ᠴᠢᠩᠭ᠎ᠠ ᠬᠢᠨᠠᠨ ᠲᠣᠭᠲᠠᠭᠠᠵᠣ᠂ ᠭᠤᠣᠯᠳᠠᠯᠭᠠᠳᠣ ᠰᠦᠷᠦᠭ ᠤᠨ ᠬᠤᠨᠢ ᠶᠢᠨ ᠪᠦᠬᠦᠶᠢᠯᠡ ᠰᠦᠷᠦᠭ ᠢ ᠬᠢᠨᠠᠨ ᠲᠣᠭᠲᠠᠭᠠᠬᠤ ᠵᠢᠴᠢ ᠡᠭᠦᠯᠳᠡᠷ ᠪᠣᠶᠢᠵᠢᠭᠤᠯᠣᠭᠰᠠᠨ ᠳᠠᠩᠰᠠ ᠡᠪᠬᠡᠮᠡᠯ ᠢ ᠡᠮᠬᠢᠳᠬᠡᠬᠦ ᠠᠵᠢᠯ ᠢ ᠰᠢᠰᠲ᠋ᠧᠮ ᠲᠠᠢ ᠦᠷᠨᠢᠬᠦᠯᠬᠦ︔ ᠬᠦᠯᠦᠨ ᠪᠣᠶᠢᠷ ᠣᠬᠤᠷ ᠰᠡᠭᠦᠯᠲᠦ ᠬᠤᠨᠢ ᠶᠢᠨ ᠡᠭᠦᠯᠳᠡᠷ ᠤᠨ ᠬᠤᠨᠢ ᠶᠢ ᠦᠷᠬᠡᠳᠬᠡᠨ ᠦᠷᠡᠵᠢᠬᠦᠯᠬᠦ ᠲᠠᠯᠠᠪᠠᠢ ᠶᠢ ᠪᠦᠲᠦᠭᠡᠨ ᠪᠠᠶᠢᠭᠤᠯᠬᠤ ᠪᠠ ᠬᠠᠮᠢᠶᠠᠷᠬᠤ ᠬᠦᠴᠦᠯᠡᠴᠡ ᠶᠢ ᠴᠢᠩᠭᠠᠳᠬᠠᠵᠣ᠂ ᠡᠭᠦᠯᠳᠡᠷ ᠤᠨ ᠬᠤᠨᠢ ᠶᠢᠨ ᠲᠠᠯᠠᠪᠠᠢ ᠪᠠᠷ ᠭᠤᠣᠯ ᠪᠣᠯᠭᠠᠵᠣ᠂ ᠦᠷᠬᠡᠳᠬᠡᠨ ᠦᠷᠡᠵᠢᠬᠦᠯᠬᠦ ᠲᠠᠯᠠᠪᠠᠢ ᠪᠠᠷ ᠭᠤᠣᠯᠯᠠᠬᠤ ᠬᠦᠴᠦᠨ᠂ ᠡᠭᠦᠯᠳᠡᠷ ᠪᠣᠶᠢᠵᠢᠭᠤᠯᠬᠤ ᠭᠤᠣᠯᠯᠠᠬᠤ ᠡᠷᠦᠬᠡ ᠪᠠᠷ ᠰᠠᠭᠤᠷᠢ ᠪᠣᠯᠭᠠᠭᠰᠠᠨ ᠰᠣᠪᠣᠷᠭ᠎ᠠ ᠬᠡᠯᠪᠡᠷᠢᠲᠦ ᠰᠠᠶᠢᠨ ᠡᠭᠦᠯᠳᠡᠷ ᠢ ᠪᠣᠶᠢᠵᠢᠭᠤᠯᠬᠤ ᠲᠣᠭᠲᠠᠯᠴᠠᠭ᠎ᠠ ᠶᠢ ᠠᠭᠠᠵᠢᠮ ᠢᠶᠠᠷ ᠪᠦᠷᠢᠯᠳᠦᠬᠦᠯᠦᠨ᠎ᠡ᠃     ᠳᠡᠭᠦᠰᠭᠡᠯ ᠤᠨ ᠦᠬᠡ     ᠭᠦᠸᠧ ᠯᠢᠩ ᡁᠢ᠄ ᠲᠣᠰ ᠣᠳᠠᠭᠠᠨ ᠤ ᠡᠷᠬᠢᠮ ᠵᠣᠴᠢᠳ ᠤᠨ ᠰᠣᠷᠪᠣᠯᠵᠢᠯᠠᠭ᠎ᠠ ᠨᠢ ᠮᠠᠨ ᠤ ᠬᠤᠰᠢᠭᠤᠨ ᠤ ᠬᠦᠯᠦᠨ ᠪᠣᠶᠢᠷ ᠣᠬᠤᠷ ᠰᠡᠭᠦᠯᠲᠦ ᠬᠤᠨᠢ ᠶᠢᠨ ᠡᠭᠦᠯᠳᠡᠷ ᠪᠣᠶᠢᠵᠢᠭᠤᠯᠬᠤ ᠠᠵᠢᠯ ᠤᠨ ᠲᠠᠯ᠎ᠠ ᠪᠠᠷ ᠶᠠᠷᠢᠯᠴᠠᠭ᠎ᠠ ᠦᠷᠨᠢᠬᠦᠯᠦᠬᠡᠳ ᠮᠠᠰᠢ ᠰᠠᠶᠢᠨ ᠦᠷ᠎ᠡ ᠪᠦᠲᠦᠮᠵᠢ ᠣᠯᠪᠠ︔ ᠳᠣᠰᠬᠠᠬᠰᠠᠨ ᠪᠣᠰᠣᠳ ᠠᠰᠠᠭᠤᠳᠠᠯ ᠢ ᠴᠢᠨᠢ ᠪᠢᠳᠡ ᠵᠦᠢᠯ ᠵᠣᠷᠪᠣᠰ ᠲᠠᠷᠠᠭᠠᠯᠠᠨ ᠡᠮᠬᠢᠯᠡᠨ ᠰᠢᠯᠣᠭᠤᠳᠬᠠᠵᠣ᠂ ᠨᠢᠮᠪᠠᠢ ᠨᠠᠶᠢᠳᠠᠪᠣᠷᠢᠵᠢᠭᠤᠯᠵᠣ᠂ ᠴᠠᠭ ᠲᠣᠬᠠᠢ ᠳᠤᠨᠢ ᠬᠠᠷᠢᠭᠤᠯᠲᠠ ᠦᠭᠬᠦ ᠪᠣᠯᠣᠨ᠎ᠠ᠃ ᠬᠡᠷᠪᠡ ᠪᠣᠰᠣᠳ ᠠᠰᠠᠭᠤᠳᠠᠯ ᠪᠠᠶᠢᠪᠠᠯ᠂ ᠰᠦᠯᠵᠢᠶᠡᠨ ᠦᠷᠳᠡᠭᠡ ᠶᠢᠨ ᠵᠠᠬᠢᠳᠠᠯ  ᠤᠨ ᠬᠠᠶᠢᠷᠴᠠᠭ ᠪᠣᠶᠣ ᠪᠠᠶᠢᠭᠤᠯᠭ᠎ᠠ ᠶᠢᠨ ᠣᠳᠠᠰᠣ ᠶᠢ ᠣᠳᠠᠰᠣᠳᠠᠵᠣ ᠮᠠᠨ ᠲᠠᠢ ᠬᠠᠷᠢᠯᠴᠠᠵᠣ ᠪᠣᠯᠣᠨ᠎ᠠ᠃ ᠮᠠᠨ ᠤ ᠠᠵᠢᠯᠳᠠᠳ ᠴᠢᠳᠠᠬᠤ ᠶᠢᠨ ᠳᠣᠳᠣᠷ᠎ᠠ ᠬᠠᠮᠤᠭ ᠣᠬᠤᠷ ᠬᠤᠭᠤᠴᠠᠭᠠᠨ ᠳᠣᠳᠣᠷ᠎ᠠ ᠬᠠᠨᠣᠮᠵᠢᠲᠠᠢ ᠬᠠᠷᠢᠭᠤᠯᠲᠠ ᠦᠭᠬᠦ  ᠪᠠᠷ ᠴᠢᠷᠮᠠᠶᠢᠬᠤ ᠪᠣᠯᠣᠨ᠎ᠠ᠃ ᠬᠠᠮᠤᠭ ᠰᠡᠭᠦᠯ ᠳᠤ᠂ ᠲᠠ ᠪᠦᠬᠦᠨ ᠤ ᠮᠠᠨ ᠤ ᠬᠤᠰᠢᠭᠤᠨ ᠤ ᠲᠠᠷᠢᠶᠠᠯᠠᠩ ᠮᠠᠯ ᠠᠵᠣ ᠠᠬᠤᠢ ᠶᠢᠨ ᠲᠣᠪᠴᠢᠶ᠎ᠠ ᠶᠢᠨ ᠠᠵᠢᠯ ᠢ ᠣᠶᠢᠯᠠᠭᠠᠵᠣ᠂ ᠳᠡᠮᠵᠢᠵᠦ᠂ ᠬᠠᠯᠠᠮᠵᠢᠯᠠᠨ ᠬᠠᠶᠢᠷᠠᠯᠠᠵᠣ ᠪᠠᠶᠢᠬᠤ ᠳᠤ ᠴᠢᠩ ᠰᠡᠳᠬᠢᠯ ᠤᠨ ᠲᠠᠯᠠᠷᠬᠠᠯ ᠳᠡᠪᠰᠢᠬᠦᠯᠵᠦ ᠪᠠᠶᠢᠨ᠎ᠠ᠂ ᠬᠤᠰᠢᠭᠤᠨ ᠤ ᠵᠠᠰᠠᠭ ᠤᠨ ᠣᠷᠳᠣᠨ ᠤ ᠰᠦᠯᠵᠢᠶᠡᠨ ᠦᠷᠳᠡᠭᠡ  ᠶᠢᠨ ᠪᠦᠬᠦ ᠠᠵᠢᠯᠳᠠᠳ ᠤᠨ ᠰᠢᠷᠭᠠᠭᠤ ᠬᠦᠳᠡᠯᠮᠦᠷᠢ ᠳᠤ ᠴᠢᠩ ᠰᠡᠳᠬᠢᠯ ᠤᠨ ᠲᠠᠯᠠᠷᠬᠠᠯ ᠳᠡᠪᠰᠢᠭᠦᠯᠵᠦ ᠪᠠᠶᠢᠨ᠎ᠠ᠃ ᠪᠠᠶᠠᠷᠲᠠᠢ︕
 
ᠢᠷᠡᠯᠲᠡ᠄ ᠡᠸ᠋ᠨᠩᠬᠢ ᠬᠤᠰᠢᠭᠤᠨ ᠤ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号