ᠬᠠᠭᠤᠴᠢᠷᠠᠬᠰᠠᠨ ᠬᠠᠯᠠᠭᠤᠨ ᠤ ᠵᠠᠰᠠᠯᠭ᠎ᠠ
ᠨᠡᠶᠢᠲᠡᠯᠡᠭᠰᠡᠨ ᠴᠠᠭ᠄
2017/11/23
    ᠬᠠᠭᠤᠴᠢᠷᠠᠬᠰᠠᠨ ᠬᠠᠯᠠᠭᠤᠨ ᠬᠡᠳᠡᠭ ᠨᠢ ᠬᠠᠯᠠᠭᠤᠨ ᠤᠳᠠᠭᠠᠰᠢᠷᠠᠬᠰᠠᠨ ᠢ ᠬᠡᠯᠡᠨ᠎ᠡ᠃         ᠰᠢᠨᠵᠢ᠄ ᠬᠠᠭᠤᠴᠢᠷᠠᠬᠰᠠᠨ ᠬᠠᠯᠠᠭᠤᠨ ᠤ ᠶᠡᠷᠦᠩᠬᠡᠢ ᠰᠢᠨᠵᠢ ᠨᠢ ᠨᠢᠭᠤᠷ ᠲᠤᠰᠤᠷᠬᠠᠭ᠂ ᠰᠤᠳᠠᠯ ᠨᠢ ᠨᠠᠷᠢᠨ ᠡᠷᠴᠢᠮᠳᠡᠢ ᠯᠤᠬᠰᠢᠨ᠎ᠠ᠃ ᠰᠢᠬᠡᠰᠦᠨ ᠤ ᠦᠩᠬᠡ ᠨᠢ ᠤᠯᠠᠭᠠᠨ᠂ ᠦᠶ᠎ᠠ ᠦᠶ᠎ᠠ ᠰᠢᠷ᠎ᠠ ᠦᠰᠦ ᠪᠤᠰᠴᠦ ᠪᠡᠶ᠎ᠡ ᠬᠦᠨᠳᠦᠷᠡᠬᠦ᠂ ᠠᠮᠠ ᠵᠠᠪᠠᠭᠠᠷᠠᠬᠤ᠂  ᠲᠠᠩᠨᠠᠢ ᠶᠢᠨ ᠤᠭ ᠲᠤ ᠬᠠᠳᠠᠵᠤ ᠬᠦᠰᠢᠬᠦ᠂ ᠨᠢᠳᠦ ᠤᠯᠠᠶᠢᠵᠤ ᠡᠪᠡᠳᠬᠦ᠂ ᠨᠢᠯᠪᠤᠰᠤ ᠴᠤᠪᠤᠷᠠᠬᠤ᠂ ᠪᠠᠶ᠎ᠠ ᠶᠢᠨ ᠮᠢᠬ᠎ᠠ ᠬᠦᠬᠡᠷᠡᠵᠦ  ᠬᠠᠳᠠᠭᠠᠳ ᠦᠴᠦᠬᠡᠨ ᠬᠠᠬ ᠲᠤᠬᠳᠠᠬᠤ᠂ ᠲᠤᠳᠤᠷ ᠠᠴᠠ ᠪᠠᠨ ᠬᠦᠢᠳᠡᠨ ᠢ ᠬᠦᠰᠡᠬᠦ᠂ ᠰᠡᠬᠦᠳᠡᠷ ᠭᠠᠵᠠᠷ ᠲᠤ ᠲᠠᠭᠠᠳᠠᠢ᠂ ᠴᠡᠬᠡᠵᠢᠨ  ᠪᠡᠶ᠎ᠡ ᠡᠪᠡᠳᠴᠦ ᠬᠠᠯᠠᠭᠤᠷᠠᠬᠤ᠂ ᠠᠭᠤᠰᠬᠢ ᠵᠢᠷᠦᠬᠡ ᠲᠤᠯᠬᠢᠰᠴᠦ ᠠᠮᠠᠷᠬᠠᠨ ᠬᠦᠯᠦᠰᠦ ᠭᠠᠷᠬᠤ᠂ ᠲᠤᠤᠷ᠎ᠠ ᠪᠠᠶ᠎ᠠ ᠦᠶ᠎ᠠ ᠬᠡᠰᠢᠬᠦᠦ  ᠬᠦᠨᠳᠦᠷᠡᠬᠦ᠂ ᠢᠯᠠᠩᠭᠤᠶ᠎ᠠ ᠦᠳᠡ ᠪᠠ ᠪᠦᠷᠦᠢ ᠳᠤ ᠡᠪᠡᠳᠬᠦ᠂ ᠨᠦᠢᠷ ᠶᠡᠬᠡᠳᠴᠦ᠂ ᠬᠠᠯᠠᠭᠤᠨ ᠰᠢᠮ᠎ᠡ ᠲᠠᠢ ᠶᠢ ᠢᠳᠡᠪᠡᠯ ᠡᠪᠡᠳᠦᠨ᠎ᠡ᠃  ᠮᠡᠷᠬᠡᠳ ᠡᠬᠦᠨ ᠢ ᠶᠡᠷᠦᠩᠬᠡᠢ ᠰᠢᠨᠵᠢ ᠪᠠᠷ ᠪᠠᠷᠢᠳᠠᠭ᠃ ᠪᠠᠰᠠ ᠠᠮᠠ ᠭᠠᠰᠢᠭᠤᠷᠠᠬᠤ᠂ ᠦᠰᠦ ᠵᠢᠷᠢᠢᠬᠦ᠂ ᠤᠷᠤᠭᠤᠯ ᠬᠢᠬᠡᠳ ᠰᠢᠳᠦᠨ  ᠬᠠᠬ ᠲᠤᠬᠳᠠᠬᠤ᠂ ᠬᠦᠷᠡᠬᠡᠨ ᠰᠤᠳᠠᠯ ᠬᠦᠷᠡᠶᠢᠨ᠎ᠠ᠃         ᠵᠠᠰᠠᠬᠤ ᠠᠷᠭ᠎ᠠ᠄ ᠢᠳᠡᠬᠡᠨ ᠨᠢ ᠬᠦᠷᠦᠬᠡᠰᠦᠨ ᠤ ᠮᠢᠬ᠎ᠠ᠂ ᠦᠬᠡᠷ ᠤᠨ ᠮᠢᠬ᠎ᠠ᠂ ᠦᠨᠢᠶ᠎ᠠ ᠢᠮᠠᠭᠠᠨ ᠤ ᠲᠠᠷᠠᠭ ᠠᠶᠢᠷᠠᠭ᠂ ᠰᠢᠨ᠎ᠡ  ᠲᠤᠰᠤ᠂ ᠬᠠᠭᠤᠴᠢᠨ ᠠᠷᠪᠠᠢ ᠶᠢᠨ ᠭᠤᠯᠢᠷ ᠵᠡᠷᠬᠡ ᠶᠢ ᠬᠡᠮᠵᠢᠶ᠎ᠡ ᠶᠤᠰᠤᠭᠠᠷ ᠦᠭᠬᠦᠨ᠎ᠡ᠃ ᠡᠮ ᠨᠢ ᠠᠩᠬ᠎ᠠ ᠬᠠᠭᠤᠴᠢᠷᠠᠬᠰᠠᠨ ᠬᠠᠯᠠᠭᠤᠨ ᠲᠠᠷᠬᠠᠬᠰᠠᠨ ᠳᠤ ᠪᠠᠷᠠᠶᠢᠪᠤ — 3᠂ ᠰᠧᠩᠳᠧᠩ᠂ ᠪᠤᠶᠢᠭᠠᠷ᠂ ᠯᠢᠳᠡᠷᠢ᠂  ᠳ᠋ᠢᠭᠳᠡ ᠶᠢᠨ ᠬᠦᠢᠳᠡᠨ ᠲᠠᠩ ᠢ ᠲᠠᠪᠤ ᠠᠴᠠ ᠲᠤᠯᠤᠭᠠᠨ ᠬᠤᠨᠤᠭ ᠦᠭᠴᠦ ᠬᠤᠷᠢᠶᠠᠭᠠᠳ᠂ ᠰᠠᠪᠠᠨ ᠳᠤ ᠪᠠᠭᠤᠬᠰᠠᠨ ᠪᠤᠯ ᠲᠤᠭᠤᠯᠭᠠᠨ᠎ᠠ᠃ ᠰᠤᠳᠠᠯ ᠳᠤ ᠪᠠᠭᠤᠬᠰᠠᠨ ᠢ ᠬᠠᠨᠠᠨ᠎ᠠ᠃  ᠬᠠᠯᠠᠭᠤᠨ ᠤ ᠰᠢᠨᠵᠢ ᠨᠢ ᠠᠷᠪᠢᠳᠴᠦ ᠲᠡᠭᠵᠢᠷᠡᠬᠦ ᠦᠬᠡᠢ ᠪᠤᠯ ᠪᠠᠷᠠᠶᠢᠪᠤᠰᠦ᠋ᠮ᠂ ᠪᠠᠷᠠᠬᠱᠦ᠋ᠨ ᠤ ᠰᠡᠷᠢᠬᠦᠨ ᠲᠠᠩ ᠢ ᠦᠭ᠂  ᠲᠡᠬᠡᠬᠡᠳ ᠭᠠᠪᠤᠷ᠂ ᠯᠠᠳᠤᠤ ᠶᠢᠨ ᠨᠠᠶᠢᠷᠠᠯᠭ᠎ᠠ ᠬᠢᠬᠡᠳ ︽ᠦᠨᠳᠦᠰᠦᠨ︾ ᠬᠡᠬᠦ ᠨᠤᠮ ᠳᠤ ᠬᠡᠯᠡᠭᠰᠡᠨ ᠢᠶᠠᠷ ᠭᠠᠪᠤᠷ — 25 ᠶᠢ  ᠦᠭᠴᠦ ᠰᠡᠬᠦᠯᠡᠷ ᠨᠢ ᠲᠠᠪᠤᠨ ᠷᠠᠰᠢᠶᠠᠨ ᠤ ᠠᠭᠤᠷ ᠤᠨ ᠲᠡᠪᠳᠦᠬᠡᠯᠬᠡ ᠦᠢᠯᠡᠳᠦᠬᠡᠳ ᠬᠤᠨᠢᠨ ᠵᠤᠩᠬᠠᠬ ᠢ ᠪᠤᠴᠠᠯᠭᠠᠬᠰᠠᠨ ᠰᠢᠬᠦᠰᠦ ᠶᠢ  ᠱᠠᠪᠰᠢᠪᠠᠯ ᠬᠠᠭᠤᠴᠢᠷᠠᠬᠰᠠᠨ ᠪᠤᠳᠤᠭ ᠮᠡᠳᠦ ᠰᠢᠨᠤᠬᠰᠠᠨ ᠢ ᠬᠠᠭᠤᠯᠤᠨ᠎ᠠ᠃ ᠡᠬᠦᠨ ᠢᠶᠠᠷ ᠪᠠᠰᠠ ᠲᠡᠭᠵᠢᠷᠡᠬᠦ ᠦᠬᠡᠢ ᠪᠤᠯ ︽ᠬᠤᠶᠢᠳᠦ  ᠦᠨᠳᠦᠰᠦᠨ︾ ᠬᠡᠬᠦ ᠨᠤᠮ ᠳᠤ ᠦᠷᠬᠦᠯᠵᠢ ᠶᠢᠨ ᠲᠤᠭᠤᠯᠭ᠎ᠠ ᠦᠭ ᠬᠡᠪᠡ᠃ ᠬᠠᠭᠤᠴᠢᠷᠠᠬᠰᠠᠨ ᠬᠠᠯᠠᠭᠤᠨ ᠢ ᠲᠤᠭᠤᠯᠭᠠᠵᠤ ᠠᠷᠢᠯᠭᠠᠨ᠎ᠠ᠃ ᠡᠬᠦᠨ ᠢᠶᠠᠷ ᠲᠠᠷᠤᠬᠳᠠᠬᠤ ᠦᠬᠡᠢ ᠪᠤᠯ ᠬᠡᠢ ᠶᠢ ᠲᠠᠷᠤᠬᠤ ᠨᠠᠶᠢᠷᠠᠯᠭ᠎ᠠ ᠶᠢ ᠦᠭ᠃ ᠡᠴᠦᠰ ᠰᠡᠬᠦᠯ ᠳᠤᠨᠢ ᠬᠤᠤᠷᠠᠳᠦ  ᠮᠤᠭᠠᠢ ᠶᠢᠨ ᠦᠨᠳᠦᠰᠦ ᠶᠢ ᠲᠠᠰᠤᠯᠬᠤ ᠳᠤ ᠪᠠᠷᠠᠶᠢᠪᠤᠰᠦ᠋ᠮ᠂ ᠰᠠᠷᠠᠳᠭᠠᠷ᠂ ᠶᠡᠷᠦᠩᠬᠡᠢ ᠰᠡᠷᠢᠬᠦᠨ ᠡᠮ᠂ ᠪᠠᠩᠪᠤᠢ᠂ ᠷᠦᠳᠠ᠂ ᠪᠤᠶᠢᠭᠠᠷ  ᠨᠠᠢᠮᠠ ᠶᠢ ᠦᠷ ᠤᠨ ᠦᠶ᠎ᠡ ᠳᠤ ᠤᠯᠠᠭᠠᠨ ᠨᠦᠢᠯ ᠤᠨ ᠰᠢᠬᠦᠰᠦ ᠪᠠᠷ ᠲᠠᠷᠤᠭᠤᠯᠵᠤ ᠦᠭᠬᠦᠨ᠎ᠡ᠃ ᠲᠡᠬᠡᠬᠡᠳ ᠵᠤᠵᠠᠭᠠᠨ ᠬᠤᠪᠴᠠᠰᠦ  ᠡᠮᠦᠰᠬᠡᠨ ᠬᠦᠯᠦᠰᠦ ᠭᠠᠷᠭᠠᠨ᠎ᠠ᠃ ᠡᠬᠦᠨ ᠢᠶᠠᠷ ᠪᠠᠭ᠋ᠠᠨ ᠠᠮᠤᠷᠯᠢᠬᠤ ᠰᠢᠬ ᠪᠤᠯᠪᠠᠯ ᠬᠠᠭᠠᠰ ᠰᠠᠷ᠎ᠠ ᠠᠷᠪᠠ ᠬᠤᠨᠤᠭ ᠢᠶᠠᠷ ᠢᠳᠡᠬᠡᠨ ᠤ  ᠬᠡᠮᠵᠢᠶ᠎ᠡ ᠶᠢ ᠬᠠᠰᠤᠨ᠎ᠠ᠃ ᠭᠠᠪᠤᠷ — 25 ᠪᠤᠶᠤ ᠯᠠᠳᠤᠤ ᠶᠢᠨ ᠡᠮ ᠢ ᠤᠳᠠᠭᠠᠨ ᠢᠳᠡᠬᠦᠯ᠂ ᠨᠤᠤᠰᠦ ᠶᠢ ᠪᠤᠴᠠᠯᠭᠠᠬᠰᠠᠨ ᠤᠰᠤ ᠶᠢ  ᠬᠠᠶᠠ ᠨᠢᠬᠡ ᠱᠠᠪᠰᠢᠨ᠎ᠠ᠃                              ︵︽ᠰᠠᠷᠠᠨ ᠬᠡᠷᠡᠯᠳᠦ ᠡᠮᠴᠢᠯᠡᠭᠡ ᠶᠢᠨ ᠨᠤᠮ︾ ᠠᠴᠠ︶    
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号