ᠬᠡᠣᠬᠡᠳ ᠨᠠᠶᠢᠳᠠᠭᠠᠬᠤ ᠶᠢᠨ ᠰᠢᠪᠰᠢᠯᠭᠡ
ᠨᠡᠶᠢᠲᠡᠯᠡᠭᠰᠡᠨ ᠴᠠᠭ᠄
2017/11/23
    ᠬᠡᠦᠬᠡᠳ ᠨᠠᠶᠢᠳᠠᠭᠠᠬᠤ ᠦᠶ᠎ᠡ ᠳᠤ ᠤᠯᠠᠩᠬᠢ ᠳᠠᠭᠠᠨ ᠬᠠᠵᠠᠭᠤ ᠳᠤᠨᠢ ᠪᠠᠶᠢᠭᠰᠠᠨ ᠶᠡᠬᠡᠴᠤᠤᠯ ︽ᠤᠷᠳᠦ ᠨᠠᠰᠤᠯᠠ︕᠂ ᠦᠨᠳᠦᠷ ᠪᠤᠯ︕︾ ᠬᠡᠵᠦ ᠰᠢᠪᠰᠢᠬᠡᠳ᠂ ᠰᠢᠯᠦᠰᠦ ᠨᠢᠰᠦ ᠶᠢ ᠨᠢ ᠠᠷᠴᠢᠵᠦ ᠵᠦᠯᠬᠦᠵᠦ ᠦᠭᠳᠡᠭ᠃ ᠬᠡᠶ᠎ᠡ ᠮᠤᠩᠭᠤᠯᠴᠤᠳ ᠦᠷᠬᠡᠨ ᠠᠭᠤᠳᠠᠮ ᠨᠤᠳᠤᠭ ᠲᠤ ᠲᠠᠷᠠᠬᠠᠢ ᠪᠤᠳᠠᠷᠬᠠᠢ ᠨᠡᠬᠦᠳᠡᠯᠯᠡᠨ ᠮᠠᠯᠵᠢᠳᠠᠭ ᠤᠴᠢᠷ ᠠᠴᠠ ᠭᠠᠵᠠᠷ ᠭᠠᠵᠠᠷ ᠤᠨ ᠰᠢᠪᠰᠢᠯᠬᠡ ᠨᠢ ᠬᠤᠭᠤᠷᠤᠨᠳᠤ ᠪᠠᠨ ᠪᠠᠭ᠎ᠠ ᠵᠦᠷᠢᠶ᠎ᠡ ᠲᠠᠢ ᠪᠠᠶᠢᠳᠠᠭ᠃ ᠦᠵᠦᠮᠦᠴᠢᠨ ᠳᠤ ᠬᠡᠦᠬᠡᠳ ᠨᠠᠶᠢᠳᠠᠭᠠᠬᠤ ᠦᠶ᠎ᠡ ᠳᠤ ︽ᠪᠤᠷᠬᠠᠨ ᠦᠷᠦᠰᠢᠶᠡ︕ ᠪᠤᠳᠠᠨ ᠴᠢᠨᠡᠬᠡᠨ ᠰᠠᠬᠠᠯ ᠤᠷᠭᠤ︕︾ ᠬᠡᠳᠡᠭ᠃ ᠤᠢᠢᠷᠠᠳ ᠤᠨ ᠲᠠᠶᠢᠵᠢᠨᠠᠷ ᠪᠤᠯ ︽ᠪᠤᠬᠳᠠ ᠦᠷᠦᠰᠢᠶᠡ︕ ᠽᠦᠩᠺᠠᠪᠠ ᠦᠷᠦᠰᠢᠶᠡ︕ ᠰᠠᠳᠠᠷ ᠰᠠᠯᠠᠩ ᠦᠬᠡᠳᠡ ᠪᠠᠨ ᠬᠠᠳᠠᠷᠢ︕ ᠰᠠᠳᠡᠷᠬᠡᠢ ᠤᠯᠠᠭᠠᠨ ᠲᠡᠮᠡᠭᠡ ᠪᠠᠨ ᠬᠤᠰᠢᠯᠠ︕ ᠵᠤᠤ ᠳᠤ ᠵᠠᠭᠤ ᠮᠦᠷᠬᠦ︕ ᠵᠠᠭᠤᠷ᠎ᠠ ᠳᠠᠭᠠᠨ ᠵᠢᠷᠭᠤᠭ᠎ᠠ ᠪᠦᠳᠦᠷᠢ︕︾ ᠬᠡᠳᠡᠭ᠃        ᠤᠷᠳᠤᠰ ᠲᠤ ︽ᠬᠠᠮᠠᠷ ᠠᠮᠠ ᠲᠠᠢ ᠲᠠᠨᠢ ᠲᠤᠰᠤ ᠲᠠᠢ᠂ ᠬᠠᠯᠵᠠᠨ ᠢᠮᠠᠭ᠎ᠠ ᠢᠰᠢᠬᠡ ᠲᠠᠢ︕︾ ᠬᠡᠬᠦ ᠪᠤᠶᠤ ︽ᠪᠤᠬᠳᠠ︕ ᠬᠠᠮᠠᠷ ᠠᠮᠠ ᠲᠠᠨᠢ ᠲᠤᠰᠤ ᠲᠠᠢ᠂ ᠬᠠᠯᠵᠠᠬᠴᠢ ᠦᠨᠢᠶ᠎ᠡ ᠲᠠᠨᠢ ᠦᠰᠦ ᠲᠠᠢ︕︾᠂ ︽ᠠᠢ᠂ ᠲᠢ᠂ ᠪᠤᠬᠳᠠ︕ ᠬᠠᠢ ᠲᠢ᠂ ᠤᠮ ᠮᠠ ᠬᠤᠩ︕︾ ᠬᠡᠬᠦ ᠮᠡᠳᠦ ᠬᠡᠯᠡᠳᠡᠭ᠃      ᠬᠦᠬᠡᠨᠠᠭᠤᠷ ᠤᠨ ᠲᠡᠬᠡᠳᠦ ᠮᠤᠩᠭᠤᠯᠴᠤᠳ ᠪᠤᠯ ︽ᠬᠠᠯᠵᠠᠨ ᠢᠮᠠᠭ᠎ᠠ ᠬᠠᠮᠠᠷ ᠲᠠᠢ᠂ ᠬᠠᠮᠠᠷ ᠲᠡᠬᠡᠷ᠎ᠡ ᠪᠠᠨ ᠲᠤᠰᠤ ᠲᠠᠢ᠂ ᠰᠠᠶᠢᠨ ᠪᠤᠶᠠᠨ ᠲᠡᠯᠬᠡᠷᠡ︕︾ ᠬᠡᠳᠡᠭ᠃ ᠵᠠᠷᠢᠮ ᠭᠠᠵᠠᠷ ᠬᠡᠦᠬᠡᠳ ᠨᠠᠶᠢᠳᠠᠭᠠᠪᠠᠯ ᠰᠠᠨᠠᠬᠰᠠᠨ ᠬᠡᠷᠡᠭ ᠪᠦᠳᠦᠨ᠎ᠡ ᠬᠡᠵᠦ ᠪᠡᠯᠬᠡᠰᠢᠶᠡᠳᠡᠭ᠃                      ︵︽ᠮᠤᠩᠭᠤᠯ ᠤᠯᠠᠮᠵᠢᠯᠠᠯᠳᠦ ᠲᠤᠮ ᠰᠢᠪᠰᠢᠯᠬᠡ︾ ᠬᠡᠬᠦ ᠨᠤᠮ ᠠᠴᠠ︶
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号