ᠬᠤᠰᠢᠭᠤᠨ  ᠤ  ᠠᠷᠠᠳ  ᠤᠨ  ᠵᠠᠰᠠᠭ  ᠤᠨ  ᠣᠷᠳᠣᠨ ᠤ ᠠᠯᠪᠠᠨ ᠭᠡᠷ  ᠤᠨ  ᠡᠷᠬᠢᠯᠡᠭᠴᠢ᠂ ᠳᠡᠳ᠋ ᠡᠷᠬᠢᠯᠡᠭᠴᠢ ᠶᠢᠨ ᠠᠵᠢᠯ ᠤᠨ ᠬᠤᠪᠢᠶᠠᠷᠢ ᠳᠤ ᠲᠣᠬᠢᠷᠠᠭᠤᠯᠣᠯᠲᠠ ᠬᠢᠬᠦ ᠲᠣᠬᠠᠢ ᠮᠡᠳᠡᠭᠳᠡᠯ
ᠨᠡᠶᠢᠲᠡᠯᠡᠭᠰᠡᠨ ᠴᠠᠭ᠄
2017/12/6
                     ᠡᠸ᠋ᠨᠩᠬᠢ ᠵᠠᠰᠠᠭ ᠠᠯᠪᠠᠨ ᠲᠠᠷᠬᠠᠭᠠᠭᠰᠠᠨ ﹇ 2017﹈ 37 ᠳ᠋ᠣᠭᠠᠷ ᠲᠣᠭᠠᠳᠣᠡᠯ᠎ᠡ ᠰᠣᠮᠣ ᠰᠢᠶᠠᠩ ᠪᠠᠯᠭᠠᠰᠣ ᠶᠢᠨ ᠠᠷᠠᠳ ᠤᠨ ᠵᠠᠰᠠᠭ ᠤᠨ ᠣᠷᠳᠣᠨ᠂ ᠬᠤᠰᠢᠭᠤᠨ ᠤ ᠰᠢᠭᠤᠳ ᠬᠠᠷᠢᠶ᠎ᠠ ᠡᠯ᠎ᠡ ᠨᠢᠭᠡᠴᠡ ᠳᠤ᠄      ᠠᠵᠢᠯ ᠤᠨ ᠬᠡᠷᠡᠭᠴᠡᠭᠡ ᠶᠢ ᠦᠨᠳᠦᠰᠦᠯᠡᠨ᠂ ᠡᠳᠦᠭᠡ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠡᠷᠬᠢᠯᠡᠭᠴᠢ᠂ ᠳᠡᠳ᠋ ᠡᠷᠬᠢᠯᠡᠭᠴᠢ ᠶᠢᠨ ᠠᠵᠢᠯ ᠤᠨ ᠬᠤᠪᠢᠶᠠᠷᠢ ᠳᠤ ᠳᠣᠣᠷᠠᠬᠢ ᠮᠡᠲᠦ ᠲᠣᠬᠢᠷᠠᠭᠤᠯᠣᠯᠲᠠ ᠬᠢᠪᠡ᠄     ᠠᠯᠪᠠᠨ ᠭᠡᠷ ᠤᠨ ᠡᠷᠬᠢᠯᠡᠭᠴᠢ ᠪᠠᠢ ᠴᠦᠨ ᠭᠤᠸᠠᠩ᠂ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠪᠦᠬᠦ ᠲᠠᠯ᠎ᠠ ᠶᠢᠨ ᠠᠵᠢᠯ ᠢ ᠬᠠᠷᠢᠭᠤᠴᠠᠨ ᠡᠷᠬᠢᠯᠡᠨ᠎ᠡ᠃ ᠵᠠᠰᠠᠭ ᠤᠨ ᠶᠠᠪᠣᠳᠠᠯ ᠤᠨ ᠦᠢᠯᠡᠴᠢᠯᠡᠭᠡᠨ  ᠤ ᠲᠦᠪ᠂ ᠡᠳ᠋ ᠤᠨ ᠶᠠᠪᠣᠳᠠᠯ ᠤᠨ ᠲᠠᠰᠤᠭ ᠢ ᠬᠤᠪᠢᠳᠠᠨ ᠬᠠᠮᠢᠶᠠᠷᠴᠣ᠂ ᠬᠤᠰᠢᠭᠤᠨ ᠳᠠᠷᠤᠭ᠎ᠠ ᠨᠠ ᠰᠢᠶᠣᠣ ᠭᠤᠸᠠᠩ ᠤᠨ ᠠᠵᠢᠯ ᠢ ᠵᠣᠬᠢᠴᠠᠭᠤᠯᠣᠨ ᠬᠠᠷᠢᠯᠴᠠᠬᠤ ᠶᠢ ᠬᠠᠷᠢᠭᠤᠴᠠᠨ᠎ᠠ᠃     ᠠᠯᠪᠠᠨ ᠭᠡᠷ ᠤᠨ ᠳᠡᠳ᠋ ᠡᠷᠬᠢᠯᠡᠭᠴᠢ ᠵᠣᠣ ᠶᠠᠨ ᠸᠧᠨ᠂ ᠵᠢᠭᠤᠯᠴᠢᠯᠠᠯ ᠤᠨ ᠠᠵᠢᠯ ᠦᠢᠯᠡᠰ ᠢ ᠬᠦᠭᠵᠢᠬᠦᠯᠬᠦ ᠠᠵᠢᠯ ᠢ ᠬᠠᠷᠢᠭᠤᠴᠠᠨ᠎ᠠ᠃ ᠵᠢᠭᠤᠯᠴᠢᠯᠠᠯ ᠤᠨ ᠲᠣᠪᠴᠢᠶ᠎ᠠ ᠶᠢ ᠬᠤᠪᠢᠳᠠᠨ ᠬᠠᠮᠢᠶᠠᠷᠴᠦ᠂ ᠬᠤᠰᠢᠭᠤᠨ ᠳᠠᠷᠤᠭ᠎ᠠ ᠮᠠ ᠬᠤᠢ ᠨᠢᠩ ᠤᠨ ᠹᠷᠣᠨᠲ ᠤᠨ ᠠᠵᠢᠯ ᠢ ᠵᠣᠬᠢᠴᠠᠭᠤᠯᠣᠨ ᠬᠠᠷᠢᠯᠴᠠᠬᠤ ᠶᠢ ᠬᠠᠷᠢᠭᠤᠴᠠᠨ᠎ᠠ᠃      ᠳᠡᠳ᠋ ᠡᠷᠬᠢᠯᠡᠭᠴᠢ ᠵᠣᠣ ᠹᠦ᠋ ᠴᠢᠩ᠂ ᠵᠠᠬᠢᠳᠠᠯ ᠰᠣᠷᠪᠣᠯᠵᠢᠯᠠᠭ᠎ᠠ ᠳᠣᠭᠳᠠᠭᠤᠨ ᠢ ᠬᠠᠮᠠᠭᠠᠯᠠᠬᠤ ᠵᠢᠴᠢ ᠪᠡᠬᠡᠵᠢᠩ  ᠳᠤ ᠰᠠᠭᠤᠭ᠎ᠠ ᠠᠵᠢᠯᠯᠠᠬᠤ ᠳᠣᠭᠤᠶᠢᠯᠠᠩ ᠢ ᠵᠢᠭᠠᠨ ᠵᠢᠯᠣᠭᠤᠳᠴᠣ ᠬᠠᠮᠢᠶᠠᠷᠬᠤ ᠠᠵᠢᠯ ᠢ ᠬᠠᠷᠢᠭᠤᠴᠠᠨ᠎ᠠ᠃ ᠵᠠᠬᠢᠳᠠᠯ ᠰᠣᠷᠪᠣᠯᠵᠢᠯᠠᠭ᠎ᠠ ᠶᠢᠨ ᠲᠣᠪᠴᠢᠶ᠎ᠠ ᠪᠠ ᠪᠡᠭᠡᠵᠢᠩ ᠳᠤ ᠰᠠᠭᠤᠭ᠎ᠠ ᠠᠵᠢᠯᠯᠠᠬᠤ ᠳᠣᠭᠤᠶᠢᠯᠠᠩ ᠢ ᠬᠤᠪᠢᠳᠠᠨ ᠬᠠᠮᠢᠶᠠᠷᠴᠣ ᠂ ᠳᠡᠳ᠋ ᠬᠤᠰᠢᠭᠤᠨ ᠳᠠᠷᠤᠭ᠎ᠠ ᠵᠣᠣ ᠪᠦᠸᠧ ᠮᠢᠨ ᠤ ᠹᠷᠣᠨᠲ ᠤᠨ ᠠᠵᠢᠯ ᠢ ᠵᠣᠬᠢᠴᠠᠭᠤᠯᠣᠨ ᠬᠠᠷᠢᠯᠴᠠᠬᠤ ᠶᠢ ᠬᠠᠷᠢᠭᠤᠴᠠᠨ᠎ᠠ᠃     ᠳᠡᠳ᠋ ᠡᠷᠬᠢᠯᠡᠭᠴᠢ ᠬᠤᠸᠠᠩ ᠰᠢᠨ ᠷᠦᠢ᠂ ᠪᠠᠶᠢᠭᠤᠯᠭ᠎ᠠ ᠶᠢᠨ ᠨᠠᠮ ᠤᠨ ᠪᠠᠶᠢᠭᠤᠯᠣᠯᠲᠠ᠂ ᠬᠠᠣᠯᠢ ᠶᠣᠰᠣᠭᠠᠷ ᠵᠠᠰᠠᠭ ᠶᠠᠪᠣᠭᠤᠯᠬᠤ᠂ ᠮᠡᠳᠡᠭᠡ ᠵᠠᠩᠬᠢ ᠶᠢ ᠪᠠᠶᠢᠴᠠᠭᠠᠨ ᠰᠣᠳᠣᠯᠬᠤ᠂ ᠵᠠᠰᠠᠭ ᠤᠨ ᠶᠠᠪᠣᠳᠠᠯ ᠤᠨ ᠱᠠᠭᠠᠷᠳᠠᠨ ᠪᠠᠶᠢᠴᠠᠭᠠᠯᠲᠠ᠂ ᠵᠠᠰᠠᠭ ᠤᠨ ᠶᠠᠪᠣᠳᠠᠯ ᠢ ᠢᠯᠡ ᠪᠠᠶᠢᠯᠭᠠᠬᠤ ᠵᠡᠷᠭᠡ ᠠᠵᠢᠯ ᠢ ᠬᠠᠷᠢᠭᠤᠴᠠᠨ᠎ᠠ᠃ ᠬᠤᠰᠢᠭᠤᠨ ᠤ ᠵᠠᠰᠠᠭ ᠤᠨ ᠣᠷᠳᠣᠨ ᠤ ᠠᠯᠪᠠᠨ ᠭᠡᠷ ᠤᠨ ᠨᠠᠮ ᠤᠨ ᠶᠡᠷᠥᠩᠬᠡᠢ ᠡᠭᠦᠷ᠂ ᠬᠠᠣᠯᠢ ᠳᠦᠷᠢᠮ ᠤᠨ ᠠᠯᠪᠠᠨ ᠭᠡᠷ᠂ ᠮᠡᠳᠡᠭᠡ ᠵᠠᠩᠬᠢ ᠶᠢᠨ ᠳᠠᠰᠤᠭ ︵ ᠵᠠᠰᠠᠭ ᠤᠨ ᠶᠠᠪᠣᠳᠠᠯ ᠢ ᠢᠯᠡ ᠪᠣᠯᠭᠠᠬᠤ ᠲᠠᠰᠤᠭ︶᠂ ᠱᠠᠭᠠᠷᠳᠠᠨ ᠪᠠᠶᠢᠴᠠᠭᠠᠬᠤ ᠲᠠᠰᠤᠭ ᠢ ᠬᠤᠪᠢᠳᠠᠨ ᠬᠠᠮᠢᠶᠠᠷᠴᠣ᠂ ᠳᠡᠳ᠋ ᠬᠤᠰᠢᠭᠤᠨ ᠳᠠᠷᠤᠭ᠎ᠠ ᠪᠣᠷᠵᠢᠨ᠂ ᠬᠤᠰᠢᠭᠤᠨ ᠳᠠᠷᠤᠭ᠎ᠠ ᠶᠢᠨ ᠲᠣᠰᠠᠯᠠᠭᠴᠢ ᠳ᠋ᠦ᠋ ᠬᠤᠩ ᠸᠧᠢ ᠶᠢᠨ ᠠᠵᠢᠯ ᠤᠨ ᠹᠷᠣᠨᠲ ᠤᠨ ᠠᠵᠢᠯ ᠢ ᠵᠣᠬᠢᠴᠠᠭᠤᠯᠣᠨ ᠬᠠᠷᠢᠯᠴᠠᠬᠤ ᠶᠢ ᠬᠠᠷᠢᠭᠤᠴᠠᠨ᠎ᠠ᠃    ᠠᠯᠪᠠᠨ ᠭᠡᠷ ᠤᠨ ᠳᠡᠳ᠋ ᠡᠷᠬᠢᠯᠡᠭᠴᠢ ᠪᠠᠭᠠᠳᠣᠷ᠂ ᠠᠯᠪᠠᠨ ᠪᠢᠴᠢᠭ ᠢ ᠰᠢᠢᠳᠪᠦᠷᠢᠯᠡᠬᠦ᠂ ᠬᠤᠷᠠᠯ ᠤᠨ ᠶᠠᠪᠣᠳᠠᠯ ᠢ ᠵᠣᠬᠢᠶᠠᠨ ᠪᠠᠶᠢᠭᠤᠯᠬᠤ᠂ ᠡᠯᠧᠺᠲᠷᠣᠨ ᠵᠠᠰᠠᠭ ᠤᠨ ᠶᠠᠪᠣᠳᠠᠯ᠂ ᠲᠦᠷᠦ ᠶᠢᠨ ᠪᠣᠳᠣᠯᠭ᠎ᠠ ᠰᠣᠳᠣᠯᠬᠤ ᠵᠡᠷᠭᠡ ᠠᠵᠢᠯ ᠢ ᠬᠠᠷᠢᠭᠤᠴᠠᠨ᠎ᠠ᠃ ᠨᠠᠷᠢᠨ ᠪᠢᠴᠢᠭ ᠤᠨ ᠨᠢᠭᠡᠳᠦᠭᠡᠷ ᠳᠠᠰᠤᠭ᠂ ᠨᠠᠷᠢᠨ ᠪᠢᠴᠢᠭ ᠤᠨ ᠬᠤᠶᠠᠳᠣᠭᠠᠷ ᠳᠠᠰᠤᠭ᠂ ᠨᠠᠷᠢᠨ ᠪᠢᠴᠢᠭ ᠤᠨ ᠭᠤᠷᠪᠠᠳᠣᠭᠠᠷ ᠲᠠᠰᠤᠭ᠂ ᠪᠢᠴᠢᠭ ᠮᠠᠲ᠋ᠧᠷᠢᠶᠠᠯ ᠲᠦᠷᠰᠦᠳᠤ ᠴᠠᠬᠢᠯᠭᠠᠨ ᠬᠤᠷᠠᠯ ᠤᠨ ᠶᠠᠪᠤᠳᠠᠯ ᠢ ᠬᠠᠮᠢᠶᠠᠷᠬᠤ ᠠᠯᠪᠠᠨ ᠬᠡᠷ᠂ ᠲᠦᠷᠦ ᠶᠢᠨ ᠪᠣᠳᠣᠯᠭ᠎ᠠ ᠰᠣᠳᠣᠯᠬᠤ ᠲᠠᠰᠤᠭ᠂ ᠳᠠᠩᠰᠠ ᠡᠪᠬᠡᠮᠡᠯ ᠤᠨ ᠲᠠᠰᠤᠭ᠂ ᠨᠢᠭᠤᠴᠠ ᠮᠠᠲ᠋ᠧᠷᠢᠶᠠᠯ ᠤᠨ ᠲᠠᠰᠤᠭ᠂ ᠣᠷᠴᠢᠭᠤᠯᠭ᠎ᠠ ᠶᠢᠨ ᠲᠠᠰᠤᠭ᠂ ᠮᠡᠳᠡᠭᠡ ᠵᠠᠩᠬᠢ ᠲᠣᠣᠷ ᠰᠦᠯᠵᠢᠶᠡᠨ ᠤ ᠲᠦᠪ  ᠢ ᠬᠤᠪᠢᠳᠠᠨ ᠬᠠᠮᠢᠶᠠᠷᠣᠨ᠎ᠠ᠃ ᠳᠡᠳ᠋ ᠬᠤᠰᠢᠭᠤᠨ ᠳᠠᠷᠤᠭ᠎ᠠ ᠯᠢᠶᠠᠩ ᠶᠦᠩ ᠰᠠᠨ ᠪᠣᠯᠣᠨ ᠳᠡᠳ᠋ ᠬᠤᠰᠢᠭᠤᠨ ᠳᠠᠷᠤᠭ᠎ᠠ ᠸᠧᠢ ᠶᠦᠨ ᠫᠧᠩ ᠤᠨ ᠹᠷᠣᠨᠲ ᠤᠨ ᠠᠵᠢᠯ ᠢ ᠵᠣᠬᠢᠴᠠᠭᠤᠯᠣᠨ ᠬᠠᠷᠢᠯᠴᠠᠬᠤ ᠶᠢ ᠬᠠᠷᠢᠭᠤᠴᠠᠨ᠎ᠠ᠃    ᠠᠯᠪᠠᠨ ᠭᠡᠷ ᠤᠨ ᠳᠡᠳ᠋ ᠡᠷᠬᠢᠯᠡᠭᠴᠢ ᠳ᠋ᠠᠰᠢ᠂ ᠭᠠᠳᠠᠭᠠᠳᠣ ᠶᠠᠪᠣᠳᠠᠯ᠂ ᠪᠠᠶᠢᠭᠤᠯᠭ᠎ᠠ ᠶᠢᠨ ᠦᠢᠯᠡᠴᠢᠯᠡᠭᠡᠨ᠂ ᠣᠯᠠᠨ ᠨᠡᠶᠢᠲᠡ ᠶᠢᠨ ᠡᠬᠢ ᠪᠠᠶᠠᠯᠢᠭ ᠤᠨ ᠠᠷᠠᠯᠵᠢᠶ᠎ᠠ᠂ ᠣᠯᠣᠰ ᠤᠨ ᠦᠮᠴᠢᠯᠡᠯᠲᠦ ᠡᠳ᠋ ᠬᠦᠷᠦᠩᠭᠡ ᠶᠢᠨ ᠬᠠᠮᠢᠶᠠᠷᠣᠯᠲᠠ᠂ ᠠᠯᠪᠠᠨ ᠤ ᠳᠡᠷᠭᠡ ᠶᠢᠨ ᠬᠠᠮᠢᠶᠠᠷᠣᠯᠲᠠ᠂ ᠬᠡᠨᠡᠳᠳᠡ ᠡᠭᠦᠰᠬᠦ ᠬᠡᠷᠡᠭ ᠢ ᠪᠠᠴᠢᠮ ᠠᠷᠭᠠᠴᠠᠨ ᠰᠢᠢᠳᠪᠦᠷᠢᠯᠡᠬᠦ ᠵᠡᠷᠭᠡ ᠠᠵᠢᠯ ᠢ ᠬᠠᠷᠢᠭᠤᠴᠠᠨ᠎ᠠ᠃ ᠭᠠᠳᠠᠭᠠᠳᠣ ᠶᠠᠪᠣᠳᠠᠯ ᠤᠨ ᠠᠯᠪᠠᠨ ᠭᠡᠷ᠂ ᠪᠠᠶᠢᠭᠤᠯᠭ᠎ᠠ ᠶᠢᠨ ᠬᠡᠷᠡᠭ ᠶᠠᠪᠣᠳᠠᠯ ᠤᠨ ᠬᠠᠮᠢᠶᠠᠷᠣᠯᠲᠠ ᠶᠢᠨ ᠲᠣᠪᠴᠢᠶ᠎ᠠ᠂ ᠣᠯᠣᠰ ᠤᠨ ᠦᠮᠴᠢᠯᠡᠯᠲᠦ ᠡᠳ᠋ ᠬᠦᠷᠦᠩᠭᠡ ᠶᠢᠨ ᠬᠠᠮᠢᠶᠠᠷᠣᠯᠲᠠ ᠶᠢᠨ ᠲᠣᠪᠴᠢᠶ᠎ᠠ᠂ ᠣᠯᠠᠨ ᠨᠡᠶᠢᠲᠡ ᠶᠢᠨ ᠡᠬᠢ ᠪᠠᠶᠠᠯᠢᠭ ᠤᠨ ᠠᠷᠠᠯᠵᠢᠶᠠᠨ ᠤ ᠲᠦᠪ᠂ ᠠᠯᠪᠠᠨ ᠳᠡᠷᠭᠡ  ᠶᠢᠨ ᠦᠭᠡᠷᠡᠴᠢᠯᠡᠯᠲᠡ ᠶᠢᠨ ᠠᠯᠪᠠᠨ ᠭᠡᠷ᠂ ᠪᠠᠶᠢᠭᠤᠯᠭ᠎ᠠ ᠶᠢᠨ ᠬᠤᠭᠤᠯᠠᠨ ᠭᠡᠷ᠂ ᠬᠦᠬᠡᠬᠤᠲᠠ ᠳᠤ ᠰᠠᠭᠤᠭ᠎ᠠ ᠬᠡᠷᠡᠭ ᠡᠷᠬᠢᠯᠡᠬᠦ ᠭᠠᠵᠠᠷ᠂ ᠪᠠᠴᠢᠮ ᠪᠠᠶᠢᠳᠠᠯ ᠢ ᠠᠷᠭᠠᠴᠠᠬᠤ ᠠᠯᠪᠠᠨ ᠭᠡᠷ ᠢ ᠬᠤᠪᠢᠳᠠᠨ ᠬᠠᠮᠢᠶᠠᠷᠣᠨ᠎ᠠ᠃ ᠳᠡᠳ᠋ ᠬᠤᠰᠢᠭᠤᠨ ᠳᠠᠷᠤᠭ᠎ᠠ ᠦ᠋ ᠴᠢ᠂ ᠳᠡᠳ᠋ ᠬᠤᠰᠢᠭᠤᠨ ᠳᠠᠷᠤᠭ᠎ᠠ ᠳ᠋ᠦᠩ ᠱᠧᠩ ᠪᠣᠯᠣᠨ ᠳᠡᠳ᠋ ᠬᠤᠰᠢᠭᠤᠨ ᠳᠠᠷᠤᠭ᠎ᠠ ᠸᠠᠩ ᠴᠦᠨ ᠴᠢ ᠶᠢᠨ ᠹᠷᠣᠨᠲ ᠤᠨ ᠠᠵᠢᠯ ᠤᠨ ᠵᠣᠬᠢᠴᠠᠭᠤᠯᠣᠨ ᠬᠠᠷᠢᠯᠴᠠᠬᠤ ᠶᠢ ᠬᠠᠷᠢᠭᠤᠴᠠᠨ᠎ᠠ᠃      ᠡᠬᠦᠨ ᠤ ᠲᠣᠯᠠ ᠮᠡᠳᠡᠭᠳᠡᠪᠡ                                                                                                   2017 ᠣᠨ ᠤ 9 ᠰᠠᠷ᠎ᠠ ᠶᠢᠨ 18 ᠤ ᠡᠳᠦᠷ          ︵ ᠰᠠᠨᠠᠭᠠᠴᠢᠯᠠᠭ᠎ᠠ ᠲᠠᠢ ᠢᠯᠡ ᠪᠣᠯᠭᠠᠬᠤ︶
 
ᠢᠷᠡᠯᠲᠡ᠄ ᠡᠸ᠋ᠨᠩᠬᠢ ᠬᠤᠰᠢᠭᠤᠨ ᠤ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09002379号