2015 ᠣᠨ ᠤ ᠵᠠᠰᠠᠭ ᠤᠨ ᠣᠷᠳᠣᠨ ᠤ ᠠᠵᠢᠯ ᠤᠨ ᠢᠯᠡᠳᠬᠡᠯ
ᠨᠡᠶᠢᠲᠡᠯᠡᠭᠰᠡᠨ ᠴᠠᠭ᠄
2017/8/24
  — 2015 ᠤᠨ ᠤ 2 ᠰᠠᠷ᠎ᠠ ᠶᠢᠨ 4 ᠤ ᠡᠳᠦᠷ     ᠡᠸ᠋ᠨᠩᠬᠢ ᠦᠨᠳᠦᠰᠦᠲᠡᠨ  ᠤ ᠦᠪᠡᠷᠲᠡᠭᠡᠨ ᠵᠠᠰᠠᠬᠤ  ᠬᠤᠰᠢᠭᠤᠨ  ᠤ  ᠠᠷᠪᠠᠨ  ᠬᠤᠶᠠᠳᠤᠭᠠᠷ  ᠬᠤᠭᠤᠴᠠᠭᠠᠨ ᠤ ᠠᠷᠠᠳ ᠤᠨ  ᠲᠦᠯᠦᠭᠡᠯᠡᠭᠴᠢᠳ ᠤᠨ ᠶᠡᠭᠡ  ᠬᠤᠷᠠᠯ  ᠤᠨ ᠲᠦᠷᠪᠠᠲᠤᠭᠡᠷ ᠬᠤᠷᠠᠯ ᠳᠡᠭᠡᠷ᠎ᠡ ᠡᠸ᠋ᠨᠩᠬᠢ ᠦᠨᠳᠦᠰᠦᠲᠡᠨ  ᠤ ᠦᠪᠡᠷᠲᠡᠭᠡᠨ ᠵᠠᠰᠠᠬᠤ ᠬᠤᠰᠢᠭᠤᠨ  ᠤ ᠠᠷᠠᠳ  ᠤᠨ ᠵᠠᠰᠠᠭ  ᠤᠨ ᠤᠷᠲᠤᠨ  ᠤ ᠳᠠᠷᠤᠭ᠎ᠠ                 ᠰᠠᠶᠢᠨᠲᠤᠲᠦᠯᠦᠭᠡᠯᠡᠭᠴᠢᠳ ᠡ᠄       ᠡᠳᠦᠭᠡ ᠪᠢ ᠦᠪᠡᠷᠲᠡᠭᠡᠨ ᠵᠠᠰᠠᠬᠤ ᠬᠤᠰᠢᠭᠤᠨ  ᠤ ᠠᠷᠠᠳ  ᠤᠨ ᠵᠠᠰᠠᠭ  ᠤᠨ ᠤᠷᠳᠤᠨ  ᠤ ᠡᠮᠦᠨ᠎ᠡ  ᠠᠴᠠ ᠶᠡᠭᠡ ᠬᠤᠷᠠᠯ  ᠳᠤ ᠠᠵᠢᠯ  ᠤᠨ ᠢᠯᠠᠳᠭᠡᠯ ᠬᠢᠶ᠎ᠡ᠂ ᠬᠢᠨᠡᠨ ᠵᠦᠪᠯᠡᠬᠦ ᠪᠤᠯᠪᠠᠤ᠂ ᠲᠠᠷᠠᠴᠢᠯᠡᠨ ᠬᠤᠰᠢᠭᠤᠨ  ᠤ ᠤᠯᠤᠰ ᠲᠦᠷᠦ  ᠶᠢᠨ ᠵᠦᠪᠯᠡᠯᠭᠡᠨ  ᠤ ᠬᠡᠰᠢᠭᠦᠳ ᠪᠠ ᠬᠤᠷᠠᠯ  ᠳᠤ ᠰᠤᠯᠠ ᠤᠷᠤᠯᠴᠠᠭᠰᠠᠳ ᠰᠠᠨᠠᠯ  ᠢᠶᠠᠨ ᠲᠤᠷᠠᠳᠬᠤ ᠪᠤᠯᠪᠠᠤ᠃       ᠨᠢᠭᠡ᠂ 2014 ᠤᠨ  ᠤ  ᠠᠵᠢᠯ  ᠤᠨ ᠡᠷᠬᠢᠴᠡᠬᠦᠯᠦᠯ2014 ᠤᠨ ᠪᠤᠯ ᠦᠪᠠᠷᠲᠠᠭᠡᠨ ᠵᠠᠰᠠᠬᠤ ᠬᠤᠰᠢᠭᠤᠨ  ᠤ ᠵᠠᠬ᠎ᠠ ᠲᠠᠯᠭᠡᠬᠦᠷ  ᠤᠨ ᠭᠡᠷᠡᠭᠴᠡᠭᠡ ᠱᠠᠭᠠᠷᠲᠠᠯᠭ᠎ᠠ ᠬᠦᠷᠤᠯᠴᠠᠬᠦ ᠦᠭᠡᠢ᠂ ᠠᠵᠤ ᠠᠬᠤᠢ ᠪᠠᠭᠤᠷᠠᠬᠤ ᠲᠠᠷᠤᠭᠠᠰᠤ ᠦᠷᠬᠦᠯᠵᠢᠯᠠᠨ ᠬᠦᠨᠲᠤᠷᠠᠵᠤ ᠪᠠᠶᠢᠬᠤ ᠵᠠᠷᠭᠡ ᠲᠦᠪᠡᠭ ᠪᠤᠲᠤᠯᠢᠶᠠᠨᠲᠡᠢ ᠪᠠᠶᠢᠲᠠᠯ ᠲᠤᠤᠷ᠎ᠠ᠂  ᠤᠯᠤᠰ ᠠᠷᠠᠳ  ᠤᠨ ᠠᠵᠤ ᠠᠬᠤᠢ ᠲᠦᠷᠭᠡᠨ ᠬᠦᠭᠵᠢᠭᠰᠡᠨ ᠪᠠ ᠨᠠᠶᠢᠭᠡᠮ  ᠤᠨ ᠤᠶᠢᠯᠠᠰ ᠪᠦᠬᠦ ᠲᠠᠯ᠎ᠠ ᠪᠠᠷ ᠲᠠᠪᠰᠢᠭᠰᠠᠨ ᠨᠢᠭᠡ ᠵᠢᠯ ᠪᠤᠯᠤᠨ᠎ᠠ᠃ ᠨᠢᠭᠡ ᠵᠢᠯ  ᠤᠨ ᠲᠤᠷᠰᠢ᠂ ᠬᠤᠲᠠ  ᠶᠢᠨ ᠨᠠᠮ  ᠤᠨ ᠬᠤᠷᠢᠶ᠎ᠠ᠂ ᠬᠤᠲᠠ  ᠶᠢᠨ ᠵᠠᠰᠠᠭ  ᠤᠨ ᠤᠷᠲᠤᠨ ᠪᠤᠯᠤᠨ ᠬᠤᠰᠢᠭᠤᠨ  ᠤ ᠨᠠᠮ  ᠤᠨ ᠬᠤᠷᠢᠶ᠎ᠠ  ᠶᠢᠨ ᠵᠦᠪ ᠤᠨᠤᠪᠴᠢᠲᠡᠢ ᠤᠲᠤᠷᠢᠲᠤᠯᠭ᠎ᠠ ᠲᠤᠤᠷ᠎ᠠ᠂ ᠬᠤᠰᠢᠭᠤᠨ  ᠤ ᠠᠷᠠᠳ  ᠤᠨ ᠲᠦᠯᠦᠭᠡᠯᠡᠭᠴᠢᠳ  ᠤᠨ ᠶᠡᠭᠡ ᠬᠤᠷᠠᠯ᠂ ᠬᠤᠰᠢᠭᠤᠨ  ᠤ ᠤᠯᠤᠰ ᠲᠦᠷᠤ  ᠶᠢᠨ ᠵᠦᠪᠯᠡᠯᠭᠡᠨ ᠤ ᠬᠢᠨᠠᠯᠲᠠ ᠲᠠᠯᠪᠢᠯᠲᠠ ᠲᠠᠮᠵᠢᠯᠭᠡ ᠲᠤᠤᠷ᠎ᠠ᠂ ᠬᠤᠰᠢᠭᠤᠨ  ᠤ ᠵᠠᠰᠠᠭ  ᠤᠨ ᠤᠷᠲᠤᠨ ᠪᠦᠬᠦ ᠬᠤᠰᠢᠭᠤᠨ  ᠤ ᠦᠨᠲᠤᠰᠤᠲᠠᠨ  ᠨᠦᠭᠦᠳ  ᠤᠨ ᠠᠷᠠᠳ ᠲᠦᠮᠠᠨ  ᠢ ᠪᠦᠯᠬᠦᠮᠲᠠᠬᠦᠯᠤᠨ ᠲᠠᠶᠢᠴᠢᠯᠠᠵᠤ᠂ ᠨᠠᠮ  ᠤᠨ ᠠᠷᠪᠠᠨ ᠨᠠᠢᠮᠠᠲᠤᠭᠠᠷ ᠶᠡᠭᠡ ᠬᠤᠷᠠᠯ᠂ ᠠᠷᠪᠠᠨ ᠨᠠᠢᠮᠠᠲᠤᠭᠠᠷ ᠬᠤᠭᠤᠴᠠᠭᠠᠨ  ᠤ ᠭᠤᠷᠪᠠᠲᠤᠭᠠᠷ ᠪᠦᠬᠦᠲᠠ ᠬᠤᠷᠠᠯᠲᠤᠭᠠᠨ᠂ ᠲᠦᠷᠪᠠᠲᠤᠭᠡᠷ ᠪᠦᠬᠦᠲᠠ ᠬᠤᠷᠠᠯᠲᠤᠭᠠᠨ  ᠤ ᠵᠤᠷᠢᠭ ᠰᠠᠨᠠᠭ᠎ᠠ ᠪᠤᠯᠤᠨ ᠰᠢ ᠶᠢᠨ ᠫᠢᠡᠭ ᠶᠠᠷᠤᠩᠭᠡᠢ ᠱᠦᠵᠢ  ᠶᠢᠨ ᠰᠢᠷᠢᠰ ᠴᠢᠬᠤᠯᠨ ᠶᠠᠷᠢᠶ᠎ᠠ  ᠶᠢᠨ ᠵᠤᠷᠢᠭ ᠰᠠᠨᠠᠭ᠎ᠠ ᠶᠢ ᠪᠦᠬᠦ ᠲᠠᠯ᠎ᠠ ᠪᠠᠷ ᠲᠤᠤᠱᠯᠠᠭᠤᠯᠵᠤ  ᠂ ᠦᠪᠠᠷᠲᠠᠭᠡᠨ ᠵᠠᠰᠠᠬᠤ ᠤᠷᠤᠨ  ᠤ ᠨᠠᠮ  ᠤᠨ ᠬᠤᠷᠢᠶ᠎ᠠ  ᠶᠢᠨ ᠶᠢᠰᠤᠲᠤᠭᠡᠷ ᠬᠤᠭᠤᠴᠠᠭᠠᠨ  ᠤ ᠠᠷᠪᠠᠨ ᠨᠢᠭᠡᠲᠤᠭᠡᠷ ᠤᠲᠠᠭ᠎ᠠ᠂ ᠠᠷᠪᠠᠨ ᠬᠤᠶᠠᠲᠤᠭᠠᠷ  ᠤᠲᠠᠭᠠᠨ  ᠤ ᠪᠦᠬᠦ ᠭᠡᠰᠢᠬᠦᠳ  ᠤᠨ ᠬᠤᠷᠠᠯ ᠂ ᠬᠤᠲᠠ  ᠶᠢᠨ ᠨᠠᠮ ᠤᠨ ᠬᠤᠷᠢᠶ᠎ᠠ  ᠶᠢᠨ ᠭᠤᠷᠪᠠᠲᠤᠭᠠᠷ ᠬᠤᠭᠤᠴᠠᠭᠠᠨ  ᠤ ᠲᠠᠪᠤᠲᠤᠭᠠᠷ ᠤᠲᠠᠭᠠᠨ  ᠤ ᠪᠦᠬᠦ ᠭᠡᠰᠢᠬᠦᠳ  ᠤᠨ ᠬᠤᠷᠠᠯ ᠪᠤᠯᠤᠨ ᠬᠤᠰᠢᠭᠤᠨ  ᠤ ᠨᠠᠮ   ᠤᠨ ᠬᠤᠷᠢᠶ᠎ᠠ  ᠶᠢᠨ ᠠᠷᠪᠠᠨ ᠭᠤᠷᠪᠠᠲᠤᠭᠠᠷ ᠬᠤᠭᠤᠴᠠᠭᠠᠨ  ᠤ ᠲᠤᠯᠤᠲᠤᠭᠠᠷ  ᠤᠲᠠᠭᠠᠨ  ᠤ ᠪᠦᠬᠦ ᠭᠡᠰᠢᠬᠦᠳ  ᠤᠨ ᠬᠤᠷᠠᠯ  ᠳᠤ ᠲᠤᠷᠠᠲᠤᠭᠰᠠᠨ ᠡᠯ᠎ᠠ ᠵᠤᠶᠢᠯ  ᠤᠨ ᠱᠠᠭᠠᠷᠲᠠᠯᠭ᠎ᠠ ᠶᠢ ᠬᠦᠨᠵᠠᠭᠡᠢ ᠨᠠᠶᠢᠲᠠᠪᠤᠷᠢᠵᠢᠭᠤᠯᠵᠤ᠂ ᠦᠪᠠᠷᠲᠠᠭᠡᠨ ᠵᠠᠰᠠᠬᠤ ᠤᠷᠤᠨ  ᠤ  ︽8337︾ ᠬᠦᠭᠵᠢᠯᠲᠠ  ᠶᠢᠨ ᠰᠠᠳᠬᠢᠴᠠ ᠶᠢ ᠨᠢᠬᠲᠠ ᠲᠤᠭᠤᠷᠢᠭᠤᠯᠤᠨ᠂ ᠬᠤᠰᠢᠭᠤᠨ  ᠤ ᠨᠠᠮ  ᠤᠨ ᠬᠤᠷᠢᠶ᠎ᠠ  ᠶᠢᠨ ᠲᠤᠭᠲᠠᠭᠠᠭᠰᠠᠨ ᠶᠠᠷᠤᠩᠭᠡᠢ ᠬᠠᠷᠠᠯᠲᠠ ᠪᠤᠯᠤᠨ ᠠᠵᠢᠯ  ᠤᠨ ᠰᠠᠳᠬᠢᠴᠠ ᠶᠤᠰᠤᠭᠠᠷ᠂ ᠲᠠᠷᠤᠭᠠᠰᠤ  ᠪᠠᠨ ᠨᠠᠮᠡᠭᠲᠠᠬᠦᠯᠤᠨ ᠵᠤᠷᠢᠭ ᠲᠠᠢ ᠤᠷᠤᠭᠰᠢᠯᠠᠵᠤ᠂ ᠬᠦᠴᠢᠷ ᠪᠠᠷᠭᠡᠰᠢᠶᠠᠯ  ᠢ ᠢᠯᠠᠨ ᠲᠠᠪᠠᠵᠤ᠂ ᠪᠦᠯᠬᠦᠮᠲᠠᠬᠦᠯᠤᠨ ᠨᠠᠭᠡᠭᠡᠨ ᠤᠷᠤᠭᠰᠢᠯᠠᠵᠤ᠂ ᠬᠦᠭᠵᠢᠯᠲᠠ  ᠶᠢᠨ ᠲᠤᠮᠲᠠ ᠲᠤᠯᠠᠭᠠᠷᠠᠭᠰᠠᠨ ᠡᠯ᠎ᠠ ᠵᠤᠶᠢᠯ  ᠤᠨ ᠠᠰᠠᠭᠤᠲᠠᠯ ᠪᠤᠯᠤᠨ ᠦᠷᠢᠰᠤᠯᠲᠤᠭᠡᠨ  ᠢ ᠢᠯᠠᠨ ᠲᠠᠪᠠᠵᠤ᠂ ᠬᠦᠭᠵᠢᠯᠲᠠ  ᠶᠢ ᠲᠦᠷᠭᠡᠳᠭᠡᠬᠦ ᠬᠦᠴᠤᠷᠭᠡᠭ  ᠶᠡᠭᠡ ᠨᠦᠭᠡᠴᠠ ᠬᠦᠴᠤᠨ ᠪᠤᠯᠤᠨ ᠡᠨᠧᠷᠬᠢ ᠶᠢ ᠬᠤᠷᠠᠮᠲᠤᠭᠤᠯᠵᠤ᠂ ᠪᠦᠬᠦ ᠬᠤᠰᠢᠭᠤᠨ  ᠤ ᠨᠢᠭᠡᠲᠤᠯᠲᠡᠢ ᠲᠦᠯᠤᠪᠯᠠᠵᠤ ᠲᠤᠭᠲᠠᠭᠤᠨ  ᠢᠶᠠᠷ ᠨᠠᠮᠡᠭᠲᠠᠬᠦᠯᠬᠦ  ᠂ ᠦᠭᠡᠷᠠᠴᠢᠯᠠᠯᠲᠠ ᠶᠢ ᠠᠬᠢᠭᠤᠯᠬᠤ᠂ ᠪᠦᠲᠤᠴᠠ ᠶᠢ ᠲᠤᠬᠢᠷᠠᠭᠤᠯᠬᠤ᠂ ᠠᠷᠠᠳ  ᠤᠨ ᠠᠮᠢᠲᠤᠷᠠᠯ  ᠢ ᠬᠠᠷᠠᠭᠠᠯᠵᠠᠬᠤ  ᠳᠤ ᠰᠠᠭᠤᠷᠢ ᠶᠢ ᠪᠠᠲᠤᠳᠬᠠᠵᠤ ᠦᠭᠬᠦᠭᠰᠠᠨ ᠪᠠᠶᠢᠨ᠎ᠠ᠃ ︵ ᠨᠢᠭᠡ︶ ᠤᠯᠤᠰ ᠠᠷᠠᠳ  ᠤᠨ ᠠᠵᠤ ᠠᠬᠤᠢ ᠨᠠᠯᠢᠶᠠᠳ ᠲᠦᠷᠭᠡᠨ ᠨᠠᠮᠡᠭᠲᠠᠵᠤ᠂ ᠠᠵᠤ ᠠᠬᠤᠢ  ᠶᠢᠨ ᠠᠵᠢᠯᠯᠠᠭᠠᠨ  ᠤ ᠴᠢᠨᠠᠷ ᠴᠢᠨᠰᠠᠭ᠎ᠠ ᠢᠯᠠᠳᠲᠠ ᠲᠠᠭᠡᠭᠰᠢᠯᠠᠪᠠ᠃ ᠭᠠᠵᠠᠷ ᠤᠷᠤᠨ  ᠤ ᠤᠶᠢᠯᠠᠳᠪᠤᠷᠢᠯᠠᠯ  ᠤᠨ ᠶᠠᠷᠤᠩᠭᠡᠢ ᠦᠷᠲᠡᠭ  ᠢ 109 ᠳ᠋ᠦᠩᠰᠢᠭᠤᠷ ᠲᠦᠬᠦᠷᠢᠭ ᠪᠠᠶᠠᠯᠠᠬᠦᠯᠵᠤ᠂ 9% ᠢᠶᠠᠷ ᠨᠠᠮᠡᠭᠲᠠᠪᠠ᠃ ᠡᠬᠦᠨ  ᠳᠤ᠂ ᠨᠢᠭᠡᠲᠤᠭᠡᠷ ᠠᠵᠤ ᠤᠶᠢᠯᠠᠰ 4.9%  ᠢᠶᠠᠷ ᠨᠠᠮᠡᠭᠲᠠᠵᠤ᠂ ᠬᠤᠶᠠᠲᠤᠭᠠᠷ ᠠᠵᠤ ᠤᠶᠢᠯᠠᠰ 10.4%  ᠢᠶᠠᠷ  ᠨᠠᠮᠡᠭᠲᠠᠨ᠂ ᠭᠤᠷᠪᠠᠲᠤᠭᠠᠷ ᠠᠵᠤ ᠤᠶᠢᠯᠠᠰ 5.8%  ᠢᠶᠠᠷ ᠨᠠᠮᠡᠭᠲᠠᠪᠠ᠃ ᠲᠤᠭᠲᠠᠮᠠᠯ ᠬᠦᠷᠤᠩᠭᠡ  ᠶᠢᠨ ᠪᠠᠯᠨ ᠤᠷᠤᠭᠤᠯᠤᠯᠲᠠ ᠶᠢ 49.7 ᠳ᠋ᠦᠩᠰᠢᠭᠤᠷ ᠲᠦᠬᠦᠷᠢᠭ ᠪᠠᠶᠠᠯᠠᠬᠦᠯᠵᠤ᠂ 38.9%  ᠢᠶᠠᠷ ᠨᠠᠮᠡᠭᠲᠠᠪᠠ᠃ ᠠᠵᠤ ᠤᠶᠢᠯᠠᠳᠪᠤᠷᠢ  ᠶᠢᠨ ᠠᠵᠤ ᠠᠬᠤᠢ  ᠶᠢᠨ ᠴᠢᠨᠠᠷ ᠰᠠᠶᠢᠵᠢᠷᠠᠨ ᠦᠷ᠎ᠠ ᠠᠰᠢᠭ ᠨᠢ ᠲᠠᠭᠡᠭᠰᠢᠯᠠᠪᠠ᠃ ᠭᠤᠤᠯ ᠪᠤᠯᠬᠤ ᠠᠵᠤ ᠤᠶᠢᠯᠠᠳᠪᠤᠷᠢ  ᠶᠢᠨ ᠤᠶᠢᠯᠠᠳᠭᠡᠬᠦᠨ ᠤ ᠦᠨ᠎ᠠ ᠶᠡᠭᠡ ᠭᠡᠮᠵᠢᠶ᠎ᠠ ᠪᠠᠷ ᠪᠠᠭᠤᠷᠠᠭᠰᠠᠨ ᠠᠰᠢᠭ ᠦᠭᠡᠢ ᠪᠠᠶᠢᠲᠠᠯ ᠲᠤᠤᠷ᠎ᠠ᠂ ᠡᠯ᠎ᠠ ᠲᠦᠷᠤᠯ  ᠤᠨ ᠬᠠᠷᠠᠭᠠᠯᠵᠠᠬᠤ ᠲᠠᠮᠵᠢᠬᠦ ᠲᠦᠷᠤ  ᠶᠢᠨ ᠪᠤᠲᠤᠯᠭ᠎ᠠ ᠶᠢ ᠨᠢᠮᠪᠠᠢ ᠨᠠᠶᠢᠲᠠᠪᠤᠷᠢᠵᠢᠭᠤᠯᠵᠤ᠂ ᠠᠵᠤ ᠠᠬᠤᠶᠢᠯᠠᠯ  ᠤᠨ ᠯᠠᠪᠲᠠᠭᠤᠨ  ᠢᠶᠠᠷ ᠤᠶᠢᠯᠠᠳᠪᠤᠷᠢᠯᠠᠬᠦ ᠶᠢ ᠠᠬᠢᠭᠤᠯᠵᠤ᠂ ᠪᠦᠬᠦ ᠬᠤᠰᠢᠭᠤᠨ  ᠤ 14 ᠭᠡᠪᠴᠢᠶᠠᠵᠢᠯ  ᠠᠴᠠ ᠲᠠᠭᠡᠭᠰᠢᠬᠢ ᠠᠵᠤ ᠤᠶᠢᠯᠠᠳᠪᠤᠷᠢ  ᠶᠢᠨ ᠠᠵᠤ ᠠᠬᠤᠶᠢᠯᠠᠯ ᠨᠢ ᠶᠠᠷᠤᠩᠭᠡᠢ ᠤᠶᠢᠯᠠᠳᠪᠤᠷᠢᠯᠠᠯ  ᠤᠨ ᠦᠷᠲᠡᠭ  ᠢ 105.4 ᠳ᠋ᠦᠩᠰᠢᠭᠤᠷ ᠲᠦᠬᠦᠷᠢᠭ ᠪᠠᠶᠠᠯᠠᠬᠦᠯᠪᠠ  ︔ ᠭᠡᠪᠴᠢᠶᠠᠵᠢᠯ  ᠠᠴᠠ ᠲᠠᠭᠡᠭᠰᠢᠬᠢ ᠠᠵᠤ ᠤᠶᠢᠯᠡᠳᠪᠤᠷᠢ  ᠶᠢᠨ ᠨᠠᠮᠡᠭᠲᠠᠯ ᠦᠷᠲᠡᠭ  ᠤᠨ ᠬᠤᠷᠲᠤᠴᠠ ᠨᠡᠮᠡᠭᠲᠠᠨ 11% ᠶᠢ ᠪᠠᠶᠠᠯᠠᠬᠦᠯᠪᠠ︔ ᠡᠨᠧᠷᠬᠢ ᠬᠦᠨᠲᠤ ᠬᠢᠮᠢ ᠶᠢᠨ ᠠᠵᠤ ᠤᠶᠢᠯᠠᠳᠪᠤᠷᠢ ᠪᠠᠷ ᠭᠤᠤᠯᠲᠠᠯᠭ᠎ᠠ ᠪᠤᠯᠭᠠᠭᠰᠠᠨ ᠨᠢᠭᠡ ᠪᠦᠯᠦᠭ ᠭᠤᠤᠯᠲᠠᠯᠭᠠᠲᠤ ᠠᠵᠤ ᠤᠶᠢᠯᠠᠳᠪᠤᠷᠢ  ᠶᠢᠨ ᠲᠦᠷᠤᠯ ᠵᠤᠶᠢᠯ  ᠤᠨ ᠪᠦᠲᠤᠭᠡᠨ ᠪᠠᠶᠢᠭᠤᠯᠤᠯᠲᠠ  ᠶᠢᠨ ᠠᠬᠢᠴᠠ ᠨᠢ ᠤᠷᠤᠭᠰᠢᠲᠡᠢ ᠪᠠᠶᠢᠵᠤ᠂ ᠠᠵᠤ ᠤᠶᠢᠯᠠᠳᠪᠤᠷᠢ  ᠶᠢᠨ ᠲᠤᠭᠲᠠᠮᠠᠯ ᠬᠦᠷᠤᠩᠭᠡ  ᠶᠢᠨ ᠪᠠᠯᠨ ᠤᠷᠤᠭᠤᠯᠤᠯᠲᠠ ᠶᠢ 27.5 ᠳ᠋ᠦᠩᠰᠢᠭᠤᠷ ᠲᠦᠬᠦᠷᠢᠭ ᠪᠠᠶᠡᠯᠠᠬᠦᠯᠪᠠ︔  ᠪᠦᠬᠦ ᠵᠢᠯ  ᠳᠤ  2966 ᠲᠦᠮᠠᠨ  ᠲᠤᠨ ᠲᠦᠬᠦᠭᠡᠢ ᠨᠠᠬᠦᠷᠠᠰᠤ ᠤᠶᠢᠯᠠᠳᠪᠤᠷᠢᠯᠠᠵᠤ᠂ 214 ᠳ᠋ᠦᠩᠰᠢᠭᠤᠷ ᠺᠢᠯᠤᠸᠠᠲ ᠴᠠᠭ  ᠤᠨ ᠴᠠᠬᠢᠯᠭᠠᠨ ᠭᠠᠷᠭᠠᠬᠤ ᠶᠢ ᠪᠠᠶᠠᠯᠠᠬᠦᠯᠪᠠ᠃ ᠲᠠᠷᠢᠶᠠᠯᠠᠩ ᠮᠠᠯ ᠠᠵᠤ ᠠᠬᠤᠢ ᠡᠯᠪᠡᠭ ᠬᠤᠷᠢᠶᠠᠯᠲᠠ ᠤᠯᠪᠠ᠃ ᠪᠦᠬᠦ ᠬᠤᠰᠢᠭᠤᠨ  ᠤ ᠮᠠᠯ ᠠᠵᠤ ᠠᠬᠤᠢ  ᠶᠢᠨ ᠤᠨ  ᠤ ᠮᠠᠯ  ᠤᠨ ᠶᠠᠷᠤᠩᠭᠡᠢ ᠲᠤᠭ᠎ᠠ ᠲᠤᠯᠤᠭᠠᠢ ᠶᠢ  98.9 ᠲᠦᠮᠠᠨ ᠲᠤᠯᠤᠭᠠᠢ  ᠳᠤ ᠬᠢᠵᠠᠭᠠᠷᠯᠠᠵᠤ᠂ ᠰᠠᠶᠢᠨ ᠡᠬᠦᠯᠲᠠᠷ  ᠤᠨ ᠮᠠᠯ  ᠤᠨ ᠲᠤᠭ᠎ᠠ ᠲᠤᠯᠤᠭᠠᠢ 88.6 ᠲᠦᠮᠨ  ᠳᠤ ᠬᠦᠷᠴᠤ᠂ ᠮᠠᠯ  ᠤᠨ ᠶᠠᠷᠤᠩᠭᠡᠢ ᠲᠤᠭ᠎ᠠ ᠲᠤᠯᠤᠭᠠᠢ  ᠶᠢᠨ 89.6%   ᠢ ᠡᠵᠠᠯᠠᠪᠠ︔  ᠰᠦ ᠪᠠ ᠮᠢᠬᠠᠨ  ᠤ ᠭᠠᠷᠤᠯᠲᠠ ᠲᠤᠰ ᠲᠤᠰ 16 ᠲᠦᠮᠠᠨ ᠲᠤᠨ ᠪᠠ 1.8 ᠲᠦᠮᠠᠨ ᠲᠤᠨ ᠬᠦᠷᠪᠠ︔ 27 ᠲᠦᠮᠠᠨ ᠲᠤᠨ ᠡᠪᠠᠰᠤ ᠬᠠᠲᠤᠵᠤ ᠬᠤᠷᠢᠶᠠᠨ᠂ 1.5 ᠲᠦᠮᠠᠨ ᠲᠤᠨ ᠲᠠᠵᠢᠭᠡᠯ ᠪᠤᠷᠲᠤᠭ᠎ᠠ ᠨᠦᠭᠡᠴᠠᠯᠠᠪᠠ᠃ ᠭᠤᠷᠪᠠᠲᠤᠭᠠᠷ ᠠᠵᠤ ᠤᠶᠢᠯᠠᠰ  ᠤᠨ ᠬᠦᠭᠵᠢᠯᠲᠠ ᠲᠦᠷᠭᠡᠳᠪᠠ᠃  ᠪᠦᠬᠦ ᠵᠢᠯ  ᠳᠤ ᠵᠤᠭᠠᠴᠠᠭᠰᠠᠳ  ᠢ  52 ᠲᠦᠮᠠᠨ ᠬᠦᠮᠤᠨ ᠤᠲᠠᠭ᠎ᠠ ᠬᠦᠯᠢᠶᠠᠨ ᠠᠪᠴᠤ ᠵᠤᠴᠢᠯᠠᠨ᠂ ᠵᠤᠭᠠᠴᠠᠯ ᠤᠨ ᠶᠠᠷᠤᠩᠭᠡᠢ ᠤᠷᠤᠯᠭ᠎ᠠ ᠶᠢ 4.5 ᠳ᠋ᠦᠩᠰᠢᠭᠤᠷ ᠲᠦᠬᠦᠷᠢᠭ ᠪᠠᠶᠠᠯᠡᠬᠦᠯᠵᠤ᠂ ᠲᠤᠮᠲᠠᠴᠢ ᠪᠠᠷ 10%  ᠢᠶᠠᠷ ᠨᠠᠮᠡᠭᠲᠠᠪᠠ᠃ ᠠᠷᠠᠯᠵᠢᠶ᠎ᠠ ᠬᠤᠲᠠᠯᠲᠤᠭ᠎ᠠ  ᠶᠢᠨ ᠬᠦᠢᠯᠭᠡᠭᠡ ᠦᠷᠬᠦᠯᠵᠢᠯᠠᠨ ᠬᠦᠭᠵᠢᠶᠡᠨᠲᠡᠢ ᠪᠠᠶᠢᠵᠤ᠂ ᠵᠢᠷᠭᠠᠯᠡᠭᠲᠤ ᠲᠠᠯ᠎ᠠ ᠨᠤᠲᠤᠭ ᠵᠠᠷᠭᠡ ᠠᠷᠠᠯᠵᠢᠶ᠎ᠠ ᠬᠤᠲᠠᠯᠲᠤᠭ᠎ᠠ  ᠶᠢᠨ ᠭᠤᠤᠯᠲᠠᠭᠠᠯᠲᠤ ᠲᠦᠷᠤᠯ ᠵᠤᠶᠢᠯ  ᠤᠨ ᠠᠬᠢᠴᠠ ᠤᠷᠤᠭᠰᠢᠲᠡᠢ ᠪᠤᠯᠪᠠ᠃ ᠮᠦᠩᠬᠦᠨ ᠬᠦᠢᠯᠭᠡᠭᠡᠨ ᠲᠠᠭᠠᠳᠬᠠᠯ᠂ ᠰᠢᠤᠲᠠᠨ ᠬᠤᠯᠪᠤᠭ᠎ᠠ ᠴᠢᠮᠡᠭᠡ ᠨᠠᠪᠲᠠᠷᠠᠯᠭᠡ᠂ ᠵᠠᠮ ᠬᠠᠷᠢᠯᠴᠠᠭ᠎ᠠ ᠲᠠᠭᠡᠭᠡᠪᠤᠷᠢ᠂ ᠨᠠᠶᠢᠭᠡᠮ ᠲᠤᠭᠤᠷᠢᠭ  ᠤᠨ ᠤᠶᠢᠯᠠᠴᠢᠯᠡᠭᠡ ᠵᠠᠷᠭᠡ ᠠᠵᠢᠯ ᠲᠦᠷᠤᠯ ᠨᠠᠯᠢᠶᠠᠳ ᠰᠠᠶᠢᠨ  ᠢᠶᠠᠷ ᠬᠦᠭᠵᠢᠵᠤ᠂ ᠪᠦᠬᠦ ᠬᠤᠰᠢᠭᠤᠨ  ᠤ ᠨᠠᠶᠢᠭᠡᠮ  ᠤᠨ ᠭᠡᠷᠡᠭᠯᠠᠭᠡᠨ  ᠤ ᠵᠤᠶᠢᠯᠠᠰ  ᠢ ᠵᠢᠵᠢᠭᠯᠡᠨ ᠬᠤᠲᠠᠯᠲᠤᠭᠰᠠᠨ ᠶᠠᠷᠤᠩᠭᠡᠢ ᠭᠡᠮᠵᠢᠶ᠎ᠠ ᠶᠢ 14.7 ᠳ᠋ᠦᠩᠰᠢᠭᠤᠷ ᠲᠦᠬᠦᠷᠢᠭ ᠪᠠᠶᠠᠯᠠᠬᠦᠯᠵᠤ᠂ 12%  ᠢᠶᠠᠷ ᠨᠠᠮᠡᠭᠲᠠᠪᠠ᠃ ᠨᠠᠶᠢᠲᠠ  ᠶᠢᠨ ᠪᠤᠰᠤ ᠦᠮᠴᠢᠯᠠᠯ  ᠤᠨ ᠠᠵᠤ ᠠᠬᠤᠢ  ᠶᠢᠨ ᠦᠵᠠᠬᠦᠯᠦᠭᠰᠠᠨ ᠬᠤᠪᠢ ᠨᠠᠮᠠᠷᠢ  ᠶᠢᠨ ᠨᠤᠷᠮ᠎ᠠ ᠲᠠᠰᠤᠷᠠᠯᠲᠠ ᠦᠭᠡᠢ ᠲᠠᠭᠡᠭᠰᠢᠯᠠᠵᠤ᠂ ᠨᠠᠶᠢᠲᠠ  ᠶᠢᠨ ᠪᠤᠰᠤ ᠦᠮᠴᠢᠯᠠᠯ  ᠤᠨ ᠠᠵᠤ ᠠᠬᠤᠢ  ᠶᠢᠨ ᠨᠠᠮᠡᠭᠲᠠᠯ ᠦᠷᠲᠡᠭ  ᠢ ᠵᠢᠱᠢᠯᠲᠠ ᠪᠠᠷ 25.6 ᠳ᠋ᠦᠩᠰᠢᠭᠤᠷ ᠲᠦᠬᠦᠷᠢᠭ ᠪᠠᠶᠠᠯᠠᠬᠦᠯᠵᠤ᠂ 8.5%   ᠢᠶᠠᠷ ᠨᠡᠮᠡᠭᠲᠠᠪᠠ᠃ ᠪᠦᠬᠦ ᠬᠤᠰᠢᠭᠤᠨ  ᠤ ᠬᠤᠪᠢ  ᠶᠢᠨ ᠡᠵᠠᠩᠨᠠᠯᠲᠠ  ᠶᠢᠨ ᠠᠵᠤ ᠠᠬᠤᠶᠢᠯᠠᠯ 895 ᠡᠷᠤᠭᠡ ᠪᠤᠯᠵᠤ᠂ ᠬᠤᠪᠢ  ᠶᠢᠨ ᠠᠵᠤ ᠤᠶᠢᠯᠠᠳᠪᠤᠷᠢ ᠬᠤᠲᠠᠯᠲᠤᠭᠠᠨ  ᠤ ᠡᠷᠤᠭᠡ 10300  ᠳᠤ ᠬᠦᠷᠴᠤ᠂ ᠠᠵᠢᠯ ᠡᠷᠬᠢᠯᠡᠭᠴᠢᠳ  ᠤᠨ ᠲᠤᠭ᠎ᠠ  2.6 ᠲᠦᠮᠨ ᠪᠤᠯᠪᠠ︔ ᠡᠳ᠋  ᠤᠨ ᠵᠠᠰᠠᠭ  ᠤᠨ ᠤᠷᠤᠯᠭ᠎ᠠ ᠪᠠ ᠬᠤᠲᠠ ᠬᠦᠲᠡᠭᠡ  ᠶᠢᠨ ᠰᠠᠭᠤᠭᠠᠯᠢ ᠠᠷᠠᠳ ᠮᠠᠯᠴᠢᠳ  ᠤᠨ ᠤᠷᠤᠯᠭ᠎ᠠ  ᠶᠢᠨ ᠲᠦᠪᠰᠢᠨ ᠠᠯᠬᠤᠮ ᠴᠢᠨᠠᠭᠰᠢᠲᠠ ᠲᠠᠭᠡᠭᠰᠢᠯᠠᠪᠠ᠃ ᠤᠯᠠᠨ ᠨᠠᠶᠢᠲᠠ  ᠶᠢᠨ ᠡᠳ᠋  ᠤᠨ ᠵᠠᠰᠠᠭ  ᠤᠨ ᠲᠦᠰᠤᠪ ᠤᠨ ᠤᠷᠤᠯᠭ᠎ᠠ ᠶᠢ 8.1 ᠳ᠋ᠦᠩᠰᠢᠭᠤᠷ ᠲᠦᠬᠦᠷᠢᠭ ᠪᠠᠶᠠᠯᠠᠬᠦᠯᠵᠤ᠂ 10.2%  ᠢᠶᠠᠷ ᠨᠡᠮᠡᠭᠲᠠᠪᠠ︔ ᠤᠯᠠᠨ ᠨᠠᠶᠢᠲᠠ  ᠶᠢᠨ  ᠡᠳ᠋  ᠤᠨ ᠵᠠᠰᠠᠭ  ᠤᠨ ᠲᠦᠰᠤᠪ ᠤᠨ ᠵᠠᠷᠤᠯᠭ᠎ᠠ 18.1 ᠳ᠋ᠦᠩᠰᠢᠭᠤᠷ ᠲᠦᠬᠦᠷᠢᠭ  ᠲᠤ ᠬᠦᠷᠴᠤ᠂ ᠲᠠᠭᠡᠲᠤ ᠱᠠᠲᠤᠨ  ᠤ ᠲᠤᠰᠬᠠᠢ ᠵᠤᠶᠢᠯ  ᠤᠨ ᠵᠠᠷᠤᠯᠭ᠎ᠠ ᠶᠢ ᠬᠠᠰᠤᠭᠠᠳ 6.5%  ᠢᠶᠠᠷ ᠨᠠᠮᠡᠭᠲᠠᠪᠠ᠃ ᠬᠤᠲᠠ ᠪᠠᠯᠭᠠᠰᠤ  ᠶᠢᠨ ᠪᠠᠶᠢᠩᠭᠤ ᠰᠠᠭᠤᠭ᠎ᠠ ᠰᠠᠭᠤᠭᠠᠯᠢ ᠠᠷᠠᠳ  ᠤᠨ ᠬᠦᠮᠤᠨ ᠲᠤᠮᠲᠠᠴᠢ  ᠶᠢᠨ ᠡᠵᠠᠮᠲᠠᠵᠤ ᠪᠤᠯᠬᠤ ᠤᠷᠤᠯᠭ᠎ᠠ ᠪᠠ ᠮᠠᠯᠵᠢᠬᠤ ᠤᠷᠤᠨ  ᠤ ᠪᠠᠶᠢᠩᠭᠤ ᠰᠠᠭᠤᠭ᠎ᠠ ᠰᠠᠭᠤᠭᠠᠯᠢ ᠠᠷᠠᠳ  ᠤᠨ ᠬᠦᠮᠤᠨ ᠲᠤᠮᠲᠠᠴᠢ  ᠶᠢᠨ ᠡᠵᠠᠮᠲᠠᠵᠤ ᠪᠤᠯᠬᠤ ᠤᠷᠤᠯᠭ᠎ᠠ ᠶᠢ  ᠲᠤᠰ ᠲᠤᠰ 23226 ᠲᠦᠬᠦᠷᠢᠭ ᠪᠠ 16264 ᠲᠦᠬᠦᠷᠢᠭ ᠪᠠᠶᠠᠯᠠᠬᠦᠯᠵᠤ᠂ 10.4% ᠪᠠ 13.3% ᠢᠶᠠᠷ ᠨᠠᠮᠡᠭᠲᠠᠪᠠ᠃ ︵ ᠬᠤᠶᠠᠷ︶ ᠠᠵᠤ ᠠᠬᠤᠢ  ᠶᠢᠨ ᠪᠦᠲᠤᠴᠠ ᠡᠲᠤᠷ ᠢᠷᠠᠬᠦᠶ᠎ᠠ ᠰᠢᠯᠢᠲᠡᠭᠵᠢᠨ᠂ ᠠᠵᠤ ᠠᠬᠤᠢ  ᠶᠢᠨ ᠪᠦᠲᠤᠴᠠ  ᠶᠢᠨ ᠲᠤᠬᠢᠷᠠᠭᠤᠯᠤᠯᠲᠠ ᠢᠯᠠᠳᠲᠠ ᠦᠷ᠎ᠠ ᠪᠦᠲᠤᠮᠵᠢ ᠤᠯᠪᠠ᠃ ︽ ᠲᠠᠪᠤᠨ ᠶᠡᠭᠡ ᠰᠠᠭᠤᠷᠢᠨ  ︾   ᠤ ᠪᠦᠲᠤᠭᠡᠨ ᠪᠠᠶᠢᠭᠤᠯᠤᠯᠲᠠ  ᠶᠢᠨ ᠲᠤᠭᠤᠷᠢᠨ  ᠳᠤ᠂ ᠠᠵᠤ ᠠᠬᠤᠢ  ᠶᠢᠨ ᠬᠦᠭᠵᠢᠯᠲᠠ  ᠶᠢᠨ ᠭᠡᠯᠪᠠᠷᠢ  ᠶᠢ ᠪᠦᠬᠦ ᠬᠦᠴᠤᠨ  ᠢᠶᠠᠷ ᠬᠤᠪᠢᠷᠠᠭᠤᠯᠵᠤ᠂ ᠭᠤᠷᠪᠠᠨ ᠤᠲᠠᠭᠠᠨ  ᠤ ᠠᠵᠤ ᠤᠶᠢᠯᠠᠰ  ᠤᠨ ᠬᠠᠷᠢᠴᠠᠯ  ᠢ ᠰᠢᠯᠢᠲᠡᠭᠵᠢᠬᠦᠯᠤᠨ ᠲᠤᠬᠢᠷᠠᠭᠤᠯᠤᠭᠠᠳ 7.6᠄ 69.2᠄ 23.2 ᠪᠤᠯᠭᠠᠪᠠ᠃ ᠠᠵᠤ ᠤᠶᠢᠯᠠᠳᠪᠤᠷᠢ  ᠶᠢᠨ ᠠᠵᠤ ᠠᠬᠤᠢ  ᠶᠢᠨ ᠪᠦᠲᠤᠴᠠ  ᠶᠢᠨ ᠲᠤᠬᠢᠷᠠᠭᠤᠯᠤᠯᠲᠠ ᠰᠢᠨ᠎ᠠ ᠠᠬᠢᠴᠠ ᠲᠠᠢ ᠪᠤᠯᠪᠠ᠃ ᠮᠸᠡᠭ ᠳ᠋ᠦᠩ ᠢᠮᠢᠨ  ᠤ ᠤᠯᠤᠰ  ᠤᠨ ᠲᠠᠰ  ᠤᠨ ᠲᠤᠮᠤ ᠭᠡᠯᠪᠠᠷᠢ  ᠶᠢᠨ ᠨᠠᠬᠦᠷᠠᠰᠤ ᠬᠢᠮᠢ  ᠶᠢᠨ ᠠᠵᠤ ᠤᠶᠢᠯᠠᠳᠪᠤᠷᠢ  ᠶᠢᠨ ᠰᠠᠭᠤᠷᠢᠨ ᠭᠠᠵᠠᠷ ᠮᠠᠨ  ᠤ ᠬᠤᠰᠢᠭᠤᠨ  ᠳᠤ ᠨᠤᠲᠤᠭᠰᠢᠵᠤ ᠂ ᠰᠠᠭᠤᠷᠢᠨ ᠭᠠᠵᠠᠷ  ᠤᠨ ᠲᠦᠯᠤᠪᠵᠢᠬᠦᠯᠭᠡ  ᠶᠢᠨ ᠠᠩᠬᠠᠨ  ᠤ ᠨᠤᠤᠷᠠᠭ  ᠢ ᠨᠠᠶᠢᠷᠠᠭᠤᠯᠤᠨ  ᠲᠠᠭᠤᠰᠬᠠᠵᠤ᠂ ᠰᠠᠭᠤᠷᠢᠨ ᠭᠠᠵᠠᠷ  ᠤᠨ ᠲᠤᠲᠤᠷᠠᠬᠢ ᠠᠩᠬᠠᠨ  ᠤ ᠲᠦᠷᠤᠯ ᠵᠤᠶᠢᠯ ᠪᠤᠯᠬᠤ ᠱᠧᠨ ᠬᠤᠸ᠋ᠨ ᠬᠦᠯᠤᠨ ᠪᠤᠶᠢᠷ  ᠤᠨ ᠬᠦᠷᠡᠩ ᠨᠠᠬᠦᠷᠠᠰᠤ ᠶᠢ ᠶᠠᠷᠤᠩᠭᠡᠶᠢᠯᠠᠨ ᠠᠰᠢᠭᠯᠠᠵᠤ ᠬᠤᠯᠪᠤᠭᠠᠯᠠᠨ ᠡᠵᠠᠩᠨᠠᠬᠦ ᠶᠢ ᠲᠠᠰ ᠲᠠᠪᠰᠢᠬᠦᠯᠤᠨ ᠵᠢᠱᠢᠶ᠎ᠠ ᠦᠵᠠᠬᠦᠯᠬᠦ ᠲᠦᠷᠤᠯ ᠵᠤᠶᠢᠯ  ᠤᠨ ᠭᠠᠵᠠᠷ ᠰᠤᠩᠭᠤᠬᠤ ᠠᠵᠢᠯ  ᠢ ᠠᠩᠬ᠎ᠠ ᠠᠯᠬᠤᠮ ᠪᠠᠶᠠᠯᠠᠬᠦᠯᠪᠠ  ︔ ᠱᠸᠡᠭ ᠸᠧᠢ ᠰᠢᠨᠵᠢᠯᠡᠭᠡ ᠮᠠᠷᠬᠡᠵᠢᠯ  ᠤᠨ ᠪᠤᠲᠠᠲᠤ ᠠᠵᠤ ᠤᠶᠢᠯᠠᠰ  ᠤᠨ ᠬᠢᠵᠠᠭᠠᠷᠲᠤ ᠺᠤᠮᠫᠠᠨᠢ  ᠶᠢᠨ ᠡᠲᠤᠷ  ᠲᠤ 5000 ᠲᠤᠨ ᠤᠶᠢᠯᠠᠳᠪᠤᠷᠢᠯᠠᠬᠦ ᠭᠡᠲᠤ ᠨᠠᠷᠢᠯᠢᠭ ᠢᠲᠠᠪᠬᠢᠵᠢᠬᠦᠯᠦᠭᠰᠠᠨ ᠨᠤᠨᠲᠠᠭᠲᠤ ᠨᠠᠬᠦᠷᠠᠰᠤ  ᠶᠢᠨ ᠦᠨᠠᠰᠤ ᠶᠢ ᠡᠷᠬᠢᠯᠲᠤᠬᠦᠯᠤᠨ ᠶᠠᠷᠤᠩᠭᠡᠶᠢᠯᠠᠨ ᠠᠰᠢᠭᠯᠠᠬᠤ ᠲᠦᠷᠤᠯ ᠵᠤᠶᠢᠯ ᠨᠢ ᠲᠤᠷᠰᠢᠨ ᠤᠶᠢᠯᠠᠳᠪᠤᠷᠢᠯᠠᠬᠦ ᠱᠠᠲᠤᠨ ᠳᠠᠭᠠᠨ ᠤᠷᠤᠭᠠᠳ ᠪᠠᠶᠢᠨ᠎ᠠ︔ ᠬᠦᠯᠤᠨ ᠪᠤᠶᠢᠷ  ᠤᠨ ᠵᠢᠤ  ᠳ᠋ᠢᠩ ᠠᠭᠤᠷᠬᠠᠢ  ᠶᠢᠨ ᠤᠶᠢᠯᠠᠰ  ᠤᠨ ᠤᠨ  ᠤ  ᠭᠠᠷᠤᠯᠲᠠ ᠨᠢ  90 ᠲᠦᠮᠠᠨ ᠲᠤᠨ ᠪᠤᠯᠬᠤ ᠵᠠᠰ ᠪᠧᠷᠢᠯᠢ ᠮᠤᠯᠢᠪᠳᠧᠨ ᠵᠡᠷᠭᠡ ᠦᠩᠭᠡᠲᠤ ᠲᠡᠮᠦᠷᠯᠢᠭ  ᠢ ᠨᠠᠭᠡᠭᠡᠨ ᠠᠰᠢᠭᠯᠠᠬᠤ ᠲᠦᠷᠤᠯ  ᠵᠤᠶᠢᠯ ᠢ ᠬᠠᠶᠢᠨ ᠪᠠᠶᠢᠴᠠᠭᠠᠬᠤ ᠱᠠᠲᠤᠨ  ᠠᠴᠠ ᠮᠠᠯᠲᠠᠬᠤ ᠱᠠᠲᠤᠨ  ᠳᠤ ᠰᠢᠯᠵᠢᠬᠦᠯᠬᠦ ᠠᠵᠢᠯ  ᠢ ᠠᠩᠬ᠎ᠠ ᠠᠯᠬᠤᠮ ᠪᠠᠶᠠᠯᠠᠬᠦᠯᠪᠠ᠃ ᠬᠦᠷᠢᠶᠠᠯᠡᠩ ᠲᠤᠭᠤᠷᠢᠭ  ᠤᠨ ᠪᠦᠲᠤᠭᠡᠨ ᠪᠠᠶᠢᠭᠤᠯᠤᠯᠲᠠ ᠦᠷ᠎ᠠ ᠪᠦᠲᠤᠮᠵᠢ ᠪᠠᠷ ᠢᠯᠠᠳᠲᠠ ᠪᠤᠯᠪᠠ᠃ ᠪᠠᠶᠠᠨᠲᠤᠬᠤᠢ ᠠᠵᠤ ᠠᠬᠤᠢ ᠮᠠᠷᠭᠡᠵᠯ  ᠤᠨ ᠨᠠᠭᠡᠭᠡᠯᠲᠠ  ᠶᠢᠨ ᠤᠷᠤᠨ  ᠳᠤ ᠤᠷᠤᠵᠤ ᠰᠠᠭᠤᠭᠰᠠᠨ ᠠᠵᠤ ᠠᠬᠤᠶᠢᠯᠠᠯ 66 ᠪᠤᠯᠵᠤ᠂ ᠠᠵᠤ ᠤᠶᠢᠯᠠᠰ  ᠤᠨ ᠪᠦᠲᠤᠴᠠ ᠨᠢ ᠤᠯᠠᠮ ᠨᠢᠭᠡ ᠠᠯᠬᠤᠮ ᠰᠢᠯᠢᠲᠡᠭᠵᠢᠪᠠ᠃ 2014 ᠤᠨ  ᠳᠤ ᠨᠠᠭᠡᠭᠡᠯᠲᠠ  ᠶᠢᠨ ᠤᠷᠤᠨ ᠶᠠᠷᠤᠩᠭᠡᠢ ᠤᠶᠢᠯᠠᠳᠪᠤᠷᠢᠯᠠᠯ  ᠤᠨ ᠦᠷᠲᠡᠭ  ᠢ  13.8 ᠳ᠋ᠦᠩᠰᠢᠭᠤᠷ ᠲᠦᠬᠦᠷᠢᠭ ᠪᠠᠶᠠᠯᠠᠬᠦᠯᠵᠤ ᠂ ᠨᠢᠲᠤᠨᠤᠨ  ᠤ ᠠᠲᠠᠯᠢ ᠬᠤᠭᠤᠴᠠᠭᠠᠨ  ᠤ ᠬᠢ  ᠠᠴᠠ  69.3%  ᠢᠶᠠᠷ ᠨᠠᠮᠡᠭᠲᠠᠪᠠ︔ ᠪᠦᠬᠦ ᠵᠢᠯ  ᠳᠤ ᠲᠠᠭᠡᠭᠰᠢ ᠲᠤᠰᠢᠶᠠᠭᠰᠠᠨ ᠭᠠᠶᠢᠯᠢ  ᠶᠢᠨ ᠮᠦᠩᠬᠦ 3000 ᠲᠦᠮᠠᠨ ᠲᠦᠬᠦᠷᠢᠭ ᠪᠤᠯᠵᠤ᠂ ᠨᠢᠲᠤᠨᠤᠨ  ᠤ ᠠᠲᠠᠯᠢ ᠬᠤᠭᠤᠴᠠᠭᠠᠨ  ᠤ ᠬᠢ ᠠᠴᠠ17.9%  ᠢᠶᠠᠷ ᠨᠡᠮᠡᠭᠲᠠᠪᠠ︔ ᠠᠵᠢᠯ ᠤᠯᠤᠭᠰᠠᠨ ᠬᠦᠮᠤᠨ  ᠤ ᠲᠤᠭ᠎ᠠ 2600  ᠳᠤ ᠬᠦᠷᠴᠤ᠂ ᠨᠢᠲᠤᠨᠤᠨ  ᠤ ᠠᠲᠠᠯᠢ ᠬᠤᠭᠤᠴᠠᠭᠠᠨ  ᠤ ᠬᠢ  ᠠᠴᠠ 22.4%  ᠢᠶᠠᠷ ᠨᠠᠮᠡᠭᠲᠠᠪᠠ︔ ᠠᠷᠠᠯᠵᠢᠶᠠᠴᠢᠨ ᠤᠷᠢᠵᠤ ᠪᠠᠯᠨ ᠤᠷᠤᠭᠤᠯᠬᠤ ᠶᠢ  10.5 ᠳ᠋ᠦᠩᠰᠢᠭᠤᠷ ᠲᠦᠬᠦᠷᠢᠭ ᠪᠠᠶᠠᠯᠠᠬᠦᠯᠪᠠ︔ ᠲᠤᠭᠲᠠᠮᠠᠯ ᠬᠦᠷᠤᠩᠭᠡ  ᠶᠢᠨ ᠪᠠᠯᠨ ᠤᠷᠤᠭᠤᠯᠤᠯᠲᠠ ᠶᠢ 8.4 ᠳ᠋ᠦᠩᠰᠢᠭᠤᠷ ᠲᠦᠬᠦᠷᠢᠭ ᠪᠠᠶᠠᠯᠠᠬᠦᠯᠵᠤ᠂ ᠨᠢᠲᠤᠨᠤᠨ  ᠤ ᠠᠲᠠᠯᠢ ᠬᠤᠭᠤᠴᠠᠭᠠᠨ  ᠤ ᠬᠢ  ᠠᠴᠠ 57.5%   ᠢᠶᠠᠷ ᠨᠠᠮᠡᠭᠲᠠᠪᠠ︔ ᠮᠠᠰᠢᠨ ᠲᠠᠷᠭᠡᠨ  ᠤ ᠬᠦᠷᠢᠶᠠᠯᠡᠩ ᠲᠤᠭᠤᠷᠢᠭ  ᠤᠨ ᠪᠦᠲᠤᠭᠡᠨ ᠪᠠᠶᠢᠭᠤᠯᠤᠯᠲᠠ ᠦᠷ᠎ᠠ ᠪᠦᠲᠤᠮᠵᠢ ᠪᠠᠷ ᠢᠯᠠᠳᠲᠠ ᠪᠤᠯᠵᠤ᠂ ᠪᠦᠬᠦ ᠵᠢᠯ  ᠳᠤ ᠪᠤᠷᠤᠯᠠᠭᠤᠯᠤᠭᠰᠠᠨ ᠮᠠᠰᠢᠨ ᠲᠡᠷᠭᠡ ᠨᠢ 8000 ᠪᠤᠯᠪᠠ︔ 5514 ᠲᠦᠮᠠᠨ ᠲᠦᠬᠦᠷᠢᠭ  ᠤᠨ ᠶᠠᠷᠤᠩᠭᠡᠢ ᠪᠠᠯᠨ ᠤᠷᠤᠭᠤᠯᠤᠭᠰᠠᠨ ᠨᠠᠭᠡᠭᠡᠯᠲᠠ  ᠶᠢᠨ ᠤᠷᠤᠨ  ᠤ  10 ᠺᠢᠯᠤᠸᠤᠯᠲ  ᠤᠨ ᠴᠠᠬᠢᠯᠭᠠᠨ ᠲᠠᠲᠠᠯᠭ᠎ᠠ  ᠶᠢᠨ ᠲᠤᠤᠷ  ᠲᠤᠬᠢᠷᠠᠭᠤᠯᠬᠤ ᠢᠨᠵᠧᠨᠧᠷᠢᠩ  ᠤᠨ ᠠᠵᠢᠯ  ᠢ ᠪᠦᠬᠦᠨ ᠢ ᠲᠠᠭᠤᠰᠬᠠᠵᠤ᠂ ᠨᠠᠭᠡᠭᠡᠯᠲᠠ  ᠶᠢᠨ ᠤᠷᠤᠨ  ᠤ ᠪᠦᠬᠦᠯᠢ ᠴᠤᠭᠴᠠ  ᠶᠢᠨ ᠲᠤᠰᠠᠭᠠᠷ ᠴᠠᠬᠢᠯᠭᠠᠨ ᠲᠤᠤᠷ  ᠢᠶᠠᠷ ᠴᠠᠬᠢᠯᠭᠠᠨ ᠬᠠᠩᠭᠠᠬᠤ ᠶᠢ ᠪᠠᠶᠠᠯᠠᠬᠦᠯᠵᠤ᠂ ᠡᠮᠤᠨ᠎ᠠ ᠲᠤᠭᠤᠷᠢᠭ  ᠲᠤ ︽ ᠲᠤᠯᠤᠭ᠎ᠠ ᠶᠢ ᠨᠠᠪᠲᠠᠷᠠᠬᠦᠯᠵᠤ ᠨᠢᠭᠡ ᠶᠢ ᠲᠡᠭᠰᠢᠯᠠᠬᠦ︾  ᠢ ᠪᠠᠶᠠᠯᠠᠬᠦᠯᠤᠭᠡᠳ᠂ ᠬᠤᠶᠢᠲᠤ ᠲᠤᠭᠤᠷᠢᠭ  ᠲᠤ ︽ ᠵᠢᠷᠭᠤᠭ᠎ᠠ ᠶᠢ ᠨᠠᠪᠲᠠᠷᠠᠬᠦᠯᠵᠤ᠂ ᠨᠢᠭᠡ ᠶᠢ ᠲᠡᠭᠰᠢᠯᠠᠬᠦ︾  ᠶᠢ ᠪᠠᠶᠠᠯᠠᠬᠦᠯᠪᠠ᠃ ᠲᠠᠷᠢᠶᠠᠯᠠᠩ ᠮᠠᠯ ᠠᠵᠤ ᠠᠬᠤᠢ  ᠶᠢᠨ ᠭᠡᠯᠪᠠᠷᠢ ᠪᠠᠨ ᠬᠤᠪᠢᠷᠠᠭᠤᠯᠤᠨ ᠲᠠᠰ ᠲᠠᠪᠰᠢᠬᠦᠯᠬᠦ ᠨᠢ ᠰᠢᠨ᠎ᠠ ᠦᠷ᠎ᠠ ᠪᠦᠲᠤᠮᠵᠢ ᠤᠯᠪᠠ᠃ 2.3 ᠳ᠋ᠦᠩᠰᠢᠭᠤᠷ ᠲᠦᠬᠦᠷᠢᠭ  ᠤᠨ ᠮᠠᠯᠴᠢᠳ  ᠢ ᠬᠠᠷᠠᠭᠠᠯᠵᠠᠬᠤ ᠪᠠᠯᠨ ᠮᠦᠩᠬᠦ  ᠶᠢ  ᠨᠢᠭᠡᠲᠤᠬᠦᠯᠵᠤ᠂ ᠤᠯᠤᠰ  ᠤᠨ ᠤᠲᠤ ᠦᠶ᠎ᠠ  ᠶᠢᠨ ᠲᠠᠷᠢᠶᠠᠯᠠᠩ  ᠤᠨ ᠵᠢᠱᠢᠶ᠎ᠠ ᠦᠵᠠᠬᠦᠯᠬᠦ ᠲᠤᠭᠤᠷᠢᠭ  ᠤᠨ ᠪᠦᠲᠤᠭᠡᠨ ᠪᠠᠶᠢᠭᠤᠯᠤᠯᠲᠠ ᠶᠢ ᠨᠢᠭᠡᠲᠤᠯᠲᠡᠢ ᠲᠦᠯᠤᠪᠯᠠᠨ ᠲᠦᠯᠬᠢᠨ ᠠᠬᠢᠭᠤᠯᠪᠠ᠃ ᠮᠠᠯᠴᠢᠳ  ᠤᠨ ᠲᠤᠰᠬᠠᠢ ᠬᠤᠷᠰᠢᠭᠰᠠᠨ ᠵᠤᠬᠢᠶᠠᠨ ᠪᠠᠶᠢᠭᠤᠯᠤᠯᠲᠠ ᠡᠷᠠᠬᠦᠯ  ᠢᠶᠠᠷ ᠬᠦᠭᠵᠢᠵᠤ᠂ ᠪᠦᠬᠦ ᠬᠤᠰᠢᠭᠤᠨ  ᠤ ᠮᠠᠯᠴᠢᠳ  ᠤᠨ ᠲᠤᠰᠬᠠᠢ ᠬᠤᠷᠰᠢᠭᠰᠠᠨ ᠵᠤᠬᠢᠶᠠᠨ ᠪᠠᠶᠢᠭᠤᠯᠤᠯᠲᠠ 351 ᠪᠤᠯᠪᠠ᠃ ᠰᠦᠨ ᠠᠵᠤ ᠤᠶᠢᠯᠠᠰ  ᠤᠨ ᠪᠦᠲᠤᠴᠠ  ᠶᠢᠨ ᠲᠤᠬᠢᠷᠠᠭᠤᠯᠤᠯᠲᠠ ᠯᠠᠪᠲᠠᠭᠤᠨ  ᠢᠶᠠᠷ ᠠᠬᠢᠭᠤᠯᠤᠭᠲᠠᠵᠤ᠂ ︽ ᠠᠵᠤ ᠠᠬᠤᠶᠢᠯᠠᠯ ᠪᠠᠯᠨ ᠤᠷᠤᠭᠤᠯᠵᠤ ᠬᠠᠮᠢᠶᠠᠷᠬᠤ᠂ ᠵᠠᠰᠠᠭ  ᠤᠨ ᠤᠷᠲᠤᠨ ᠲᠦᠷᠤᠯ ᠵᠤᠶᠢᠯ ᠢᠶᠠᠷ ᠲᠠᠮᠵᠢᠬᠦ᠂ ᠮᠠᠯᠴᠢᠨ ᠡᠷᠤᠭᠡ ᠬᠤᠪᠢ ᠤᠷᠤᠭᠤᠯᠵᠤ ᠤᠷᠤᠯᠴᠠᠬᠤ︾ ᠬᠦᠭᠵᠢᠯᠲᠠ  ᠶᠢᠨ ᠰᠢᠨ᠎ᠠ ᠭᠡᠪ ᠵᠠᠬᠪᠤᠷ  ᠢ ᠰᠦᠪᠡᠭᠴᠢᠯᠠᠨ ᠰᠤᠲᠤᠯᠵᠤ᠂ ᠰᠦᠨ  ᠤ  ᠵᠠᠬ᠎ᠠ ᠲᠠᠯᠭᠡᠬᠦᠷ  ᠤᠨ ᠦᠷᠢᠰᠤᠯᠲᠤᠭᠡᠨ  ᠤ ᠬᠦᠴᠤᠨ  ᠢ ᠴᠢᠷᠮᠠᠶᠢᠨ ᠲᠠᠭᠡᠭᠰᠢᠯᠠᠬᠦᠯᠪᠠ᠃ ᠮᠢᠬᠠᠨ  ᠤ ᠠᠵᠤ ᠤᠶᠢᠯᠠᠰ  ᠤᠨ ᠬᠦᠭᠵᠢᠯᠲᠠ ᠰᠢᠨ᠎ᠠ ᠠᠯᠬᠤᠴᠠ ᠲᠠᠢ ᠪᠤᠯᠵᠤ᠂ ᠤᠬᠤᠷ ᠬᠤᠭᠤᠴᠠᠭᠠᠨ  ᠳᠤ ᠪᠤᠷᠲᠤᠨ ᠲᠠᠷᠭᠤᠯᠠᠭᠤᠯᠬᠤ ᠰᠠᠭᠤᠷᠢᠨ ᠭᠠᠵᠠᠷ  ᠤᠨ ᠪᠦᠲᠤᠭᠡᠨ ᠪᠠᠶᠢᠭᠤᠯᠤᠯᠲᠠ ᠶᠢ ᠲᠦᠷᠭᠡᠳᠭᠡᠵᠤ᠂ 1 ᠲᠦᠮᠠᠨ ᠲᠤᠯᠤᠭᠠᠢ ᠮᠢᠬᠠᠨ  ᠤ ᠦᠭᠡᠷ  ᠢ ᠭᠡᠪᠴᠢᠶᠠᠵᠢᠬᠦᠯᠤᠨ ᠲᠠᠵᠢᠭᠡᠨ ᠦᠷᠠᠵᠢᠬᠦᠯᠬᠦ ᠶᠢ ᠪᠠᠶᠠᠯᠠᠬᠦᠯᠪᠠ᠃ ᠤᠲᠤ ᠦᠶ᠎ᠠ ᠶᠢᠨ ᠮᠢᠬᠠᠨ  ᠤ ᠬᠤᠨᠢ  ᠶᠢ  ︽ ᠬᠤᠤᠰ  ᠵᠠᠮᠲᠤ ᠱᠤᠭᠤᠮ︾  ᠢᠶᠠᠷ ᠬᠦᠭᠵᠢᠬᠦᠯᠬᠦ ᠪᠠᠶᠢᠯᠲᠤᠬᠤ ᠪᠤᠲᠤᠯᠭ᠎ᠠ ᠶᠢ ᠪᠠᠷᠢᠮᠲᠠᠯᠠᠵᠤ᠂ ︽ ᠡᠸᠠᠩᠬᠢ  ᠶᠢᠨ ᠤᠬᠤᠷ ᠰᠠᠬᠦᠯᠲᠤ  ᠬᠤᠨᠢ︾  ᠶᠢᠨ ᠴᠠᠪᠠᠷ ᠡᠬᠦᠯᠲᠠᠷ  ᠢ ᠦᠷᠠᠵᠢᠬᠦᠯᠤᠨ ᠪᠤᠶᠢᠵᠢᠭᠤᠯᠬᠤ ᠭᠤᠤᠯᠯᠠᠬᠤ ᠰᠦᠷᠦᠭ  ᠢ 8 ᠶᠢ ᠪᠠᠶᠢᠭᠤᠯᠵᠤ᠂ ᠦᠪᠤᠷ ᠮᠤᠩᠭᠤᠯ  ᠤᠨ ᠤᠤ  ᠴᠢᠶᠦ᠋ᠨ ᠺᠤᠮᠫᠠᠨᠢ ᠯᠤᠭ᠎ᠠ ᠬᠤᠷᠰᠢᠨ ᠭᠡᠷᠡᠭᠵᠢᠬᠦᠯᠦᠭᠰᠠᠨ ᠳ᠋ᠦᠪᠧ ᠡᠬᠦᠯᠲᠠᠷ  ᠤᠨ ᠬᠤᠨᠢ  ᠶᠢᠨ ᠬᠦᠪᠤᠷᠠᠯ  ᠢ ᠰᠢᠯᠵᠢᠬᠦᠯᠬᠦ ᠲᠦᠷᠤᠯ ᠵᠤᠶᠢᠯ ᠨᠢ ᠦᠷ᠎ᠠ ᠠᠰᠢᠭ  ᠢᠶᠠᠷ ᠢᠯᠠᠳᠲᠠ ᠪᠠᠶᠢᠵᠤ᠂ ᠬᠦᠪᠤᠷᠠᠯ  ᠤᠨ ᠬᠤᠷᠠᠭ᠎ᠠ ᠪᠤᠯᠬᠤ ᠨᠤᠷᠮ᠎ᠠ  ᠨᠢ ᠤᠯᠠᠨ ᠤᠯᠤᠰ  ᠤᠨ ᠲᠠᠷᠢᠬᠦᠨ  ᠤ ᠲᠦᠪᠰᠢᠨ  ᠳᠤ ᠬᠦᠷᠪᠠ᠃ ᠡᠪᠠᠰᠤᠨ  ᠤ ᠠᠵᠤ ᠤᠶᠢᠯᠠᠰ ᠡᠷᠠᠬᠦᠯ  ᠢᠶᠠᠷ ᠬᠦᠭᠵᠢᠵᠤ᠂ ᠦᠪᠤᠷ ᠮᠤᠩᠭᠤᠯ  ᠤᠨ ᠼᠤᠤ ᠳ᠋ᠦ᠋ ᠲᠠᠷᠢᠶᠠᠯᠠᠩ ᠮᠠᠯ ᠠᠵᠤ ᠠᠬᠤᠢ  ᠶᠢᠨ ᠺᠤᠮᠫᠠᠨᠢ ᠶᠢᠨ ᠲᠠᠵᠢᠭᠡᠯ ᠡᠪᠠᠰᠤ ᠡᠵᠡᠩᠨᠠᠨ ᠪᠤᠷᠤᠯᠠᠭᠤᠯᠬᠤ  ᠰᠦᠯᠵᠢᠶ᠎ᠠ ᠶᠢ ᠲᠠᠲᠠᠨ ᠤᠷᠤᠭᠤᠯᠵᠤ᠂ ᠲᠠᠵᠢᠭᠡᠯ ᠪᠤᠷᠲᠤᠭᠠᠨ  ᠤ ᠠᠷᠠᠯᠵᠢᠶᠠᠨ ᠤ ᠬᠦᠢᠯᠭᠡᠭᠡ  ᠶᠢᠨ ᠬᠦᠷᠢᠶᠠᠯᠠᠩ ᠲᠤᠭᠤᠷᠢᠭ  ᠢ ᠦᠨᠲᠤᠷ ᠪᠠᠷᠢᠮᠵᠢᠶ᠎ᠠ ᠪᠠᠷ ᠲᠦᠯᠤᠪᠵᠢᠬᠦᠯᠤᠨ ᠪᠦᠲᠤᠭᠡᠨ ᠪᠠᠶᠢᠭᠤᠯᠪᠠ  ᠃ ᠬᠤᠸ᠋ᠨ ᠡᠾᠧ᠂ ᠶᠠᠩ ᠪᠦᠸᠧ ᠵᠠᠷᠭᠡ ᠡᠪᠠᠰᠤᠨ  ᠤ ᠠᠵᠤ ᠤᠶᠢᠯᠠᠰ  ᠤᠨ ᠡᠳ᠋ᠰᠢᠬᠦᠯᠬᠦ  ᠠᠵᠤ ᠠᠬᠤᠶᠢᠯᠠᠯ  ᠢ ᠲᠠᠮᠵᠢᠵᠤ ᠪᠠᠶᠢᠭᠠᠳ 5 ᠲᠦᠮᠠᠨ ᠮᠤ᠋ ᠰᠢᠯᠢᠲᠡᠭ ᠴᠠᠷᠭᠠᠰᠤ   ᠲᠠᠷᠢᠵᠤ ᠤᠷᠭᠤᠭᠤᠯᠤᠨ᠂ ᠡᠪᠠᠰᠤᠨ  ᠤ ᠪᠦᠲᠤᠭᠡᠭᠲᠠᠬᠦᠨ  ᠢ  ᠡᠳ᠋ᠰᠢᠬᠦᠯᠬᠦ 13 ᠵᠤᠶᠢᠯ  ᠢ ᠰᠤᠲᠤᠯᠤᠨ ᠨᠠᠭᠡᠭᠡᠪᠠ᠃  ᠰᠤᠮᠤ ᠰᠢᠶᠠᠩ ᠪᠠᠯᠭᠠᠰᠤ ᠶᠢᠨ ᠱᠠᠲᠤᠨ ᠤ ᠪᠠᠴᠢᠮ ᠪᠠᠶᠢᠲᠠᠯ  ᠢ  ᠠᠷᠭᠠᠴᠠᠬᠤ ᠲᠠᠵᠢᠭᠡᠯ ᠡᠪᠠᠰᠤ ᠨᠦᠭᠡᠴᠠᠯᠠᠬᠦ ᠬᠦᠮᠤᠷᠭᠡ ᠶᠢ 3 ᠶᠢ ᠰᠢᠨ᠎ᠠ ᠪᠠᠷ ᠪᠠᠶᠢᠭᠤᠯᠵᠤ᠂ ᠪᠦᠬᠦ ᠬᠤᠰᠢᠭᠤᠨ  ᠤ ᠪᠠᠴᠢᠮ ᠪᠠᠶᠢᠲᠠᠯ  ᠢ ᠠᠷᠭᠠᠴᠠᠭᠠᠬᠤ ᠲᠠᠵᠢᠭᠡᠯ ᠡᠪᠠᠰᠤ ᠨᠦᠭᠡᠴᠠᠯᠠᠬᠦ ᠴᠢᠲᠠᠪᠤᠷᠢ ᠨᠢ ᠨᠡᠮᠡᠭᠲᠠᠭᠡᠳ 6 ᠲᠦᠮᠠᠨ ᠲᠤᠨ  ᠳᠤ ᠬᠦᠷᠪᠠ᠃ ᠠᠲᠤᠭᠤᠨ ᠤᠶᠢᠯᠠᠰ  ᠤᠨ ᠴᠢᠨᠠᠷ ᠪᠤᠯᠤᠨ ᠦᠷ᠎ᠠ ᠠᠰᠢᠭ ᠲᠠᠭᠡᠭᠰᠢᠯᠠᠵᠤ᠂ ︽ᠤᠨᠤᠭ᠎ᠠ ᠬᠦᠯᠤᠰᠢ  ᠶᠢᠨ ᠰᠠᠨ ᠡᠾᠧ ᠠᠲᠤᠭᠤ ᠶᠢ ᠦᠷᠠᠵᠢᠬᠦᠯᠤᠨ ᠪᠤᠶᠢᠵᠢᠭᠤᠯᠬᠤ ᠮᠠᠷᠭᠡᠵᠢᠯ  ᠤᠨ ᠰᠤᠲᠤᠯᠭᠠᠨ︾ ᠪᠠ ︽ᠠᠲᠤᠭᠤ ᠦᠷᠠᠵᠢᠬᠦᠯᠤᠨ ᠪᠤᠶᠢᠵᠢᠭᠤᠯᠬᠤ ᠵᠠᠩᠬᠢᠯᠠᠭ᠎ᠠ  ᠶᠢᠨ ᠮᠠᠷᠭᠡᠵᠢᠯ  ᠢ  ᠤᠷᠤᠭᠤᠯᠤᠨ ᠠᠪᠴᠢᠷᠠᠵᠤ ᠦᠯᠢᠭᠡᠷ ᠵᠢᠱᠢᠶ᠎ᠠ ᠪᠤᠯᠭᠠᠬᠤ︾ ᠲᠦᠷᠤᠯ ᠵᠤᠶᠢᠯ  ᠢ ᠭᠤᠤᠯᠲᠠᠯᠭ᠎ᠠ ᠲᠠᠢ ᠭᠡᠷᠡᠭᠵᠢᠬᠦᠯᠪᠠ᠃ ᠮᠤᠩᠭᠤᠯ ᠠᠲᠤᠭᠤ ᠵᠢᠴᠢ ᠡᠬᠦᠯᠲᠠᠷ ᠰᠠᠶᠢᠵᠢᠷᠠᠭᠤᠯᠤᠭᠰᠠᠨ ᠠᠲᠤᠭᠤ ᠶᠢ  ᠰᠤᠩᠭᠤᠵᠤ  ︽2014 ᠤᠨ  ᠤ ᠲᠤᠮᠲᠠᠲᠤ ᠤᠯᠤᠰ  ᠤᠨ ᠤᠯᠠᠨ ᠤᠯᠤᠰ  ᠤᠨ ᠠᠲᠤᠭᠤᠨ ᠤᠶᠢᠯᠠᠰ  ᠤᠨ ᠦᠵᠠᠰᠬᠦᠯᠡᠩ︾  ᠳᠤ ᠤᠷᠤᠯᠴᠠᠭᠤᠯᠵᠤ᠂ ᠰᠢᠯᠢᠲᠡᠭ ᠠᠲᠤᠭᠤ ᠰᠢᠯᠭᠠᠷᠠᠭᠤᠯᠬᠤ ᠤᠷᠤᠯᠲᠤᠭᠠᠨ  ᠳᠤ ᠡᠬᠦᠯᠲᠠᠷ ᠰᠠᠶᠢᠵᠢᠷᠠᠭᠤᠯᠤᠭᠰᠠᠨ ᠲᠤᠭᠤᠶᠢᠯᠠᠩ  ᠤᠨ ᠲᠦᠷᠤᠬᠦᠤ 5 ᠨᠠᠷᠠᠰ  ᠤᠨ ᠪᠦᠬᠦᠢ ᠱᠠᠩᠨᠠᠯ  ᠢᠶᠠᠷ ᠮᠢᠯᠢᠶᠠᠯᠭᠠᠪᠠ᠃ ᠤᠲᠤ ᠦᠶ᠎ᠠ  ᠶᠢᠨ ᠤᠶᠢᠯᠠᠴᠢᠯᠠᠭᠡᠨ  ᠤ ᠤᠶᠢᠯᠠᠰ  ᠤᠨ ᠪᠦᠲᠤᠴᠠ  ᠶᠢᠨ ᠲᠤᠬᠢᠷᠠᠭᠤᠯᠤᠯᠲᠠ ᠰᠢᠨ᠎ᠠ ᠠᠯᠬᠤᠴᠠ ᠲᠠᠢ ᠪᠤᠯᠪᠠ᠃ ︽ ᠲᠠᠯ᠎ᠠ ᠨᠤᠲᠤᠭ  ᠤᠨ ᠰᠤᠶᠤᠯ  ᠢ  ᠬᠠᠷᠠᠭᠤᠯᠬᠤ᠂ ᠤᠮᠠᠷᠠᠲᠤ ᠬᠢᠯᠢ  ᠶᠢᠨ ᠦᠪᠠᠷᠮᠢᠴᠠ ᠤᠨᠴᠠᠯᠢᠭ ᠲᠠᠢ ᠵᠤᠭᠠᠴᠠᠯ  ᠤᠨ ᠲᠤᠭᠤᠷᠢᠨ ᠦᠵᠠᠬᠦ ᠰᠠᠯᠠᠬᠦᠴᠠᠨ ᠠᠮᠠᠷᠠᠬᠤ ᠰᠠᠭᠤᠷᠢᠨ ᠭᠠᠵᠠᠷ  ᠢ ᠪᠠᠶᠢᠭᠤᠯᠬᠤ︾ ᠶᠠᠷᠤᠩᠭᠡᠢ ᠬᠠᠷᠠᠯᠲᠠ  ᠶᠢᠨ ᠲᠤᠭᠤᠷᠢᠨ  ᠳᠤ᠂ ᠲᠦᠯᠦᠪᠵᠢᠬᠦᠯᠭᠡ ᠪᠠᠷ ᠲᠠᠶᠢᠴᠢᠯᠠᠨ ᠲᠠᠭᠠᠭᠤᠯᠬᠤ ᠪᠠ ᠲᠦᠷᠤᠯ ᠵᠤᠶᠢᠯ  ᠢᠶᠠᠷ ᠲᠤᠯᠠᠭᠠᠭᠤᠷᠢᠯᠠᠭᠤᠯᠬᠤ ᠶᠢ ᠴᠢᠩᠭᠠᠷᠠᠭᠤᠯᠤᠨ᠂ ︽ ᠡᠸᠠᠩᠬᠢ ᠬᠤᠰᠢᠭᠤᠨ  ᠤ ︿ ᠵᠠᠭᠤᠨ ᠡᠷᠤᠭᠡ  ᠶᠢᠨ ᠮᠢᠩᠭ᠎ᠠ  ᠲᠦᠮᠠᠨ ᠲᠦᠬᠦᠷᠢᠭ  ᠤᠨ﹀ ᠮᠠᠯᠴᠢᠨ ᠠᠶᠢᠯ  ᠤᠨ  ᠭᠡᠷ ᠪᠦᠯᠢ  ᠶᠢᠨ ᠵᠤᠭᠠᠴᠠᠯ  ᠢ ᠭᠡᠷᠡᠭᠵᠢᠬᠦᠯᠬᠦ ᠲᠦᠰᠤᠯ︾  ᠢ ᠨᠠᠶᠢᠷᠠᠭᠤᠯᠤᠨ ᠲᠠᠭᠤᠰᠬᠠᠬᠤ  ᠶᠢᠨ ᠬᠠᠮᠲᠤ ᠡᠮᠤᠨᠠᠬᠢ ᠬᠤᠭᠤᠴᠠᠭᠠᠨ  ᠤ ᠡᠯ᠎ᠠ ᠵᠤᠶᠢᠯ  ᠤᠨ  ᠠᠵᠢᠯ  ᠢ ᠡᠬᠢᠯᠠᠬᠦᠯᠦᠭᠰᠠᠨ ᠪᠠᠶᠢᠨ᠎ᠠ᠃ ᠵᠠᠭᠤᠨ ᠺᠢᠯᠤᠮᠧᠲᠷ  ᠤᠨ ᠵᠤᠭᠠᠴᠠᠯ  ᠤᠨ ᠰᠤᠶᠤᠯ  ᠤᠨ ᠦᠵᠠᠮᠵᠢᠲᠤ ᠪᠦᠰᠠ ᠶᠢ ᠪᠦᠲᠤᠭᠡᠨ ᠪᠠᠶᠢᠭᠤᠯᠬᠤ ᠢᠨᠵᠧᠨᠧᠷᠢᠩ  ᠢ ᠯᠠᠪᠲᠠᠭᠤᠨ  ᠢᠶᠠᠷ ᠲᠦᠯᠬᠢᠨ ᠠᠬᠢᠭᠤᠯᠵᠤ᠂ ᠪᠦᠬᠦ ᠵᠢᠯ  ᠤᠨ ᠵᠢᠱᠢᠭᠰᠡᠨ ᠬᠠᠷᠠᠯᠲᠠ ᠪᠠᠨ ᠪᠦᠬᠦ ᠲᠠᠯ᠎ᠠ ᠪᠠᠷ ᠪᠡᠶᠠᠯᠡᠬᠦᠯᠪᠠ︔ ᠬᠤᠰᠢᠭᠤᠨ ᠪᠦᠰᠠ  ᠶᠢᠨ ᠲᠤᠲᠤᠷᠠᠬᠢ ᠵᠤᠭᠠᠴᠠᠯ  ᠤᠨ ᠦᠷᠲᠡᠭᠡ ᠶᠢ ᠪᠦᠲᠤᠭᠡᠨ ᠪᠠᠶᠢᠭᠤᠯᠬᠤ ᠲᠦᠷᠤᠯ ᠵᠤᠶᠢᠯ  ᠤᠨ ᠠᠵᠢᠯ ᠢ ᠲᠠᠭᠤᠰᠬᠠᠭᠠᠳ ᠠᠰᠢᠭᠯᠠᠯᠲᠠ  ᠳᠤ ᠤᠷᠤᠭᠤᠯᠤᠨ ᠭᠡᠷᠡᠭᠯᠠᠬᠦᠯᠪᠠ︔ ᠶᠠᠷᠤᠩᠭᠡᠢ ᠪᠠᠯᠨ ᠤᠷᠤᠭᠤᠯᠤᠯᠲᠠ ᠨᠢ 1200 ᠲᠦᠮᠠᠨ ᠲᠦᠬᠦᠷᠢᠭ ᠪᠤᠯᠬᠤ ᠬᠦᠯᠤᠨ ᠪᠤᠶᠢᠷ  ᠤᠨ ᠤᠯᠤᠰ  ᠤᠨ ᠲᠠᠯ᠎ᠠ ᠨᠤᠲᠤᠭ  ᠤᠨ ᠪᠠᠶ᠎ᠠ ᠴᠢᠬᠢᠷᠠᠭᠵᠢᠭᠤᠯᠬᠤ ᠶᠠᠪᠠᠭᠠᠨ ᠵᠠᠮ  ᠢ ᠪᠦᠲᠤᠭᠡᠨ ᠪᠠᠶᠢᠭᠤᠯᠬᠤ ᠢᠨᠵᠧᠨᠧᠷᠢᠩ ᠨᠢ ᠬᠤᠩᠭᠤᠯᠵᠢ  ᠶᠢᠨ ᠵᠢᠭᠠᠷᠲᠤ ᠨᠠᠷᠠᠰᠤᠨ  ᠤ ᠤᠯᠤᠰ  ᠤᠨ ᠲᠠᠰ  ᠤᠨ ᠤᠢ ᠰᠢᠭᠤᠢ  ᠶᠢᠨ ᠴᠠᠴᠡᠷᠯᠢᠭ  ᠲᠤ ᠠᠵᠢᠯ  ᠢᠶᠠᠨ ᠡᠬᠢᠯᠠᠬᠦᠯᠦᠭᠰᠠᠨ ᠪᠠᠶᠢᠨ᠎ᠠ᠃ ᠦᠵᠠᠮᠵᠢᠲᠤ ᠤᠷᠤᠨ ᠦᠵᠠᠮᠵᠢᠲᠤ ᠴᠢᠭ᠋  ᠢ ᠲᠠᠰ ᠲᠠᠪᠰᠢᠬᠦᠯᠤᠨ ᠦᠭᠡᠷᠠᠴᠢᠯᠠᠨ ᠪᠠᠶᠢᠭᠤᠯᠬᠤ ᠢᠨᠵᠧᠨᠧᠷᠢᠩ ᠢ ᠯᠠᠪᠲᠠᠭᠤᠨ ᠢᠶᠠᠷ  ᠭᠡᠷᠡᠭᠵᠢᠬᠦᠯᠵᠤ᠂ ᠰᠢᠨ᠎ᠠ ᠪᠠᠷ ᠪᠠᠶᠢᠭᠤᠯᠤᠭᠰᠠᠨ ᠰᠤᠯᠤᠨ ᠠᠶᠢᠮᠠᠭ ᠦᠵᠠᠮᠵᠢᠲᠤ ᠤᠷᠤᠨ  ᠤ ᠲᠦᠷᠤᠯ ᠵᠤᠶᠢᠯ ᠨᠢ 1500 ᠲᠦᠮᠠᠨ ᠲᠦᠬᠦᠷᠢᠭ ᠤᠨ ᠪᠠᠯᠨ ᠤᠷᠤᠭᠤᠯᠤᠯᠲᠠ ᠶᠢ ᠪᠠᠶᠠᠯᠠᠬᠦᠯᠪᠠ︔ 600 ᠭᠠᠷᠤᠢ ᠲᠦᠮᠠᠨ ᠲᠦᠬᠦᠷᠢᠭ  ᠤᠨ ᠪᠠᠯᠨ ᠤᠷᠤᠭᠤᠯᠵᠤ ᠪᠠᠶᠠᠨᠬᠤᠰᠢᠭᠤ ᠵᠤᠭᠠᠴᠠᠯ  ᠤᠨ ᠦᠵᠠᠮᠵᠢᠲᠤ ᠤᠷᠤᠨ  ᠤ ᠭᠡᠰᠡᠭ ᠰᠠᠭᠤᠷᠢ ᠲᠦᠬᠦᠭᠡᠷᠤᠮᠵᠢ  ᠶᠢ  ᠵᠠᠰᠠᠨ ᠰᠢᠨᠠᠳᠭᠡᠵᠤ ᠂ ᠬᠤᠢ ᠭᠤᠤᠯ  ᠤᠨ ᠨᠤᠭᠤ ᠭᠠᠵᠠᠷ  ᠤᠨ ᠦᠵᠠᠮᠵᠢᠲᠤ ᠤᠷᠤᠨ  ᠳᠤ 27 ᠰᠠᠤᠷᠢ ᠰᠢᠨ᠎ᠠ ᠮᠤᠲᠤᠨ ᠭᠡᠷ  ᠪᠠᠷᠢᠪᠠ᠃ ᠬᠦᠯᠤᠨ ᠪᠤᠶᠢᠷ ᠬᠤᠲᠠ  ᠶᠢᠨ ᠡᠪᠤᠯ  ᠤᠨ ᠵᠤᠭᠠᠴᠠᠯ ᠭᠤᠤᠯ ᠰᠠᠲᠤᠪᠲᠤ ᠰᠢᠷᠢᠰ ᠠᠵᠢᠯᠯᠠᠭ᠎ᠠ  ᠶᠢᠨ ᠡᠸᠠᠩᠬᠢ ᠬᠤᠰᠢᠭᠤᠨ  ᠤ ᠲᠠᠭᠠᠭᠠᠴᠢᠯᠠᠭᠰᠠᠨ ᠡᠬᠦᠷᠭᠡ ᠪᠠᠨ ᠲᠠᠬᠦᠰ ᠠᠮᠵᠢᠯᠲᠠ ᠲᠠᠢ ᠪᠠᠶᠠᠯᠠᠬᠦᠯᠵᠤ᠂ ᠦᠪᠠᠷᠲᠠᠭᠡᠨ ᠵᠠᠰᠠᠬᠤ  ᠬᠤᠰᠢᠭᠤᠨ ᠤ ᠵᠤᠭᠠᠴᠠᠯ  ᠤᠨ ᠰᠤᠶᠤᠯ  ᠤᠨ ᠡᠬᠢ ᠪᠠᠶᠠᠯᠢᠭ ᠪᠦᠲᠤᠮᠵᠢᠲᠡᠢ ᠪᠠᠷ ᠲᠠᠨᠢᠯᠴᠠᠭᠤᠯᠤᠭᠲᠠᠪᠠ᠃ ︽ ᠬᠤᠤᠰ ᠵᠠᠭᠤᠨ  ᠤ ᠵᠠᠬ᠎ᠠ ᠲᠠᠯᠭᠡᠬᠦᠷ  ᠤᠨ ᠢᠨᠵᠧᠨᠧᠷᠢᠩ︾  ᠂ ︽ ᠲᠦᠮᠠᠨ ᠲᠤᠰᠬᠤᠨ ᠮᠢᠩᠭᠠᠨ ᠰᠢᠶᠠᠩ  ᠤᠨ ᠵᠠᠬ᠎ᠠ ᠲᠠᠯᠭᠡᠬᠦᠷ  ᠤᠨ ᠢᠨᠵᠧᠨᠧᠷᠢᠩ︾ ᠯᠠᠪᠲᠠᠭᠤᠨ  ᠢᠶᠠᠷ ᠭᠡᠷᠡᠭᠵᠢᠬᠦᠯᠦᠭᠲᠠᠵᠤ᠂ ᠬᠤᠲᠠ ᠬᠦᠲᠡᠭᠡ  ᠶᠢᠨ ᠵᠠᠬ᠎ᠠ ᠲᠠᠯᠭᠡᠬᠦᠷ ᠬᠦᠭᠵᠢᠶᠠᠨᠲᠡᠢ ᠪᠤᠯᠪᠠ᠃ ︵ ᠭᠤᠷᠪᠠ︶ ᠬᠤᠲᠠ ᠬᠦᠲᠡᠭᠡ  ᠶᠢᠨ ᠲᠦᠷᠰᠤ ᠪᠠᠶᠢᠲᠠᠯ ᠡᠲᠤᠷ ᠢᠷᠠᠬᠦᠶ᠎ᠠ ᠰᠢᠨᠠᠲᠤᠨ ᠰᠠᠶᠢᠵᠢᠷᠠᠵᠤ᠂ ᠬᠦᠭᠵᠢᠯᠲᠠ  ᠶᠢᠨ ᠰᠠᠭᠤᠷᠢ ᠨᠡᠩ ᠪᠠᠲᠤ ᠪᠤᠯᠪᠠ  ᠃  ᠲᠦᠯᠤᠪᠵᠢᠬᠦᠯᠭᠡ ᠪᠠᠷ ᠲᠠᠶᠢᠴᠢᠯᠠᠨ ᠲᠠᠭᠠᠭᠤᠯᠬᠤ ᠶᠢ ᠪᠠᠷᠢᠮᠲᠠᠯᠠᠨ᠂ ᠬᠤᠰᠢᠭᠤᠨ ᠪᠦᠰᠠ  ᠶᠢᠨ 4 ᠪᠠᠯᠭᠠᠰᠤ  ᠵᠢᠴᠢ ᠢᠮᠢᠨ ᠭᠤᠤᠯ ᠲᠠᠭᠠᠤ ᠬᠢ ᠦᠵᠠᠮᠵᠢᠲᠤ ᠪᠦᠰᠠ ᠵᠠᠷᠭᠡ ᠡᠯ᠎ᠠ ᠲᠦᠷᠤᠯ ᠤᠨ ᠲᠦᠯᠤᠪᠵᠢᠬᠦᠯᠭᠡ ᠶᠢ ᠪᠠᠶᠠᠯᠡᠬᠦᠯᠪᠠ᠃ ᠪᠦᠬᠦ ᠨᠠᠶᠢᠭᠡᠮ  ᠢᠶᠠᠷ  ᠢᠶᠠᠨ 25.2 ᠳ᠋ᠦᠩᠰᠢᠭᠤᠷ ᠲᠦᠬᠦᠷᠢᠭ ᠪᠠᠯᠨ ᠤᠷᠤᠭᠤᠯᠵᠤ᠂ ᠡᠯ᠎ᠠ ᠲᠦᠷᠤᠯ  ᠤᠨ ᠭᠠᠵᠠᠷ ᠬᠦᠷᠤᠩᠭᠡ ᠭᠡᠷ ᠪᠠᠶᠢᠰᠢᠩ ᠢ ᠪᠦᠲᠤᠭᠡᠨ ᠪᠠᠶᠢᠭᠤᠯᠬᠤ ᠢᠨᠵᠧᠨᠧᠷᠢᠩ  ᠢ 51 ᠭᠡᠷᠡᠭᠵᠢᠬᠦᠯᠵᠤ᠂ ᠶᠠᠷᠤᠩᠭᠡᠢ ᠪᠠᠷᠢᠯᠭ᠎ᠠ  ᠶᠢᠨ ᠲᠠᠯᠠᠪᠡᠢ ᠨᠢ 130.93 ᠲᠡᠭᠰᠢ ᠲᠦᠷᠪᠠᠯᠵᠢᠨ ᠮᠧᠲᠷ ᠪᠤᠯᠪᠠ᠃   ᠲᠠᠢ ᠫᠢᠩ ᠶᠠᠩ ᠪᠦᠲᠤᠭᠡᠨ ᠪᠠᠶᠢᠭᠤᠯᠤᠯᠲᠠ  ᠶᠢᠨ ᠡᠮᠤᠨᠠᠰᠢ ᠭᠠᠷᠬᠤ ᠡᠬᠦᠲᠠ  ᠶᠢᠨ ᠦᠵᠠᠮᠵᠢ ᠶᠢᠨ ᠢᠨᠵᠧᠨᠧᠷᠢᠩ  ᠢ ᠪᠦᠲᠤᠭᠡᠨ ᠪᠠᠶᠢᠭᠤᠯᠬᠤ᠂ ᠢᠮᠢᠨ  ᠤ ᠭᠤᠤᠯ ᠲᠠᠭᠠᠤ ᠬᠢ ᠦᠵᠠᠮᠵᠢ  ᠶᠢᠨ ᠪᠦᠰᠠ  ᠶᠢᠨ ᠢᠨᠵᠧᠨᠧᠷᠢᠩ᠂ ᠬᠤᠲᠠ  ᠶᠢᠨ ᠠᠷᠠᠳ  ᠤᠨ ᠠᠭᠤᠲᠠᠮ ᠲᠠᠯᠠᠪᠠᠢ  ᠶᠢᠨ ᠢᠨᠵᠧᠨᠧᠷᠢᠩ ᠵᠠᠷᠭᠡ ᠬᠤᠲᠠ  ᠶᠢᠨ ᠶᠠᠪᠤᠲᠠᠯ  ᠤᠨ ᠰᠠᠭᠤᠷᠢ ᠲᠦᠬᠦᠭᠡᠷᠤᠮᠵᠢ᠂ ᠴᠡᠴᠡᠷᠯᠢᠭᠵᠢᠬᠦᠯᠤᠨ ᠨᠤᠭᠤᠭᠠᠷᠠᠭᠤᠯᠬᠤ 16 ᠭᠤᠤᠯᠲᠠᠯᠭ᠎ᠠ ᠲᠠᠢ ᠲᠦᠷᠤᠯ ᠵᠤᠶᠢᠯ  ᠢ ᠡᠬᠢᠯᠠᠬᠦᠯᠤᠨ ᠭᠡᠷᠡᠭᠵᠢᠬᠦᠯᠵᠤ  ᠂ 2.75 ᠳ᠋ᠦᠩᠰᠢᠭᠤᠷ ᠲᠦᠬᠦᠷᠢᠭ  ᠤᠨ ᠪᠠᠯᠨ ᠤᠷᠤᠭᠤᠯᠤᠯᠲᠠ ᠶᠢ ᠪᠠᠶᠠᠯᠠᠬᠦᠯᠪᠠ᠃ ᠬᠤᠲᠠ ᠪᠠᠯᠭᠠᠰᠤ  ᠶᠢᠨ ᠬᠠᠮᠢᠶᠠᠷᠤᠯᠲᠠ  ᠶᠢᠨ ᠲᠦᠪᠰᠢᠨ ᠲᠠᠰᠤᠷᠠᠯᠲᠠ ᠦᠭᠡᠢ ᠲᠠᠭᠡᠭᠰᠢᠯᠡᠵᠤ᠂ 3750 ᠲᠦᠮᠠᠨ ᠲᠦᠬᠦᠷᠢᠭ  ᠤᠨ ᠪᠠᠯᠨ ᠤᠷᠤᠭᠤᠯᠵᠤ᠂ 14 ᠰᠠᠤᠷᠢ ᠠᠰᠠᠷ᠂ 4.7 ᠲᠦᠮᠠᠨ ᠲᠡᠭᠰᠢ ᠲᠦᠷᠪᠠᠯᠵᠢᠨ ᠮᠧᠲᠷ  ᠤᠨ ᠲᠠᠯᠠᠪᠡᠢ ᠲᠠᠢ ᠤᠷᠤᠰᠢᠨ ᠰᠭᠤᠬᠤ ᠪᠠᠷᠢᠯᠭ᠎ᠠ ᠶᠢ ᠡᠨᠧᠷᠬᠢ ᠠᠷᠪᠢᠯᠠᠬᠤ ᠪᠠᠷ ᠦᠭᠡᠷᠠᠴᠢᠯᠠᠨ ᠪᠠᠶᠢᠭᠤᠯᠬᠤ ᠲᠦᠷᠤᠯ ᠵᠤᠶᠢᠯ  ᠢ ᠪᠠᠶᠠᠯᠠᠬᠦᠯᠪᠠ  ︔ 132 ᠵᠤᠷᠪᠤᠰ ᠵᠠᠭᠡᠯᠢ ᠭᠤᠲᠤᠮᠵᠢ  ᠶᠢᠨ ᠵᠠᠮ ᠢ ᠵᠠᠰᠠᠨ ᠰᠢᠨᠠᠳᠭᠡᠬᠦ ᠢᠨᠵᠧᠨᠧᠷᠢᠩ ᠨᠢ ᠠᠷᠠᠳ ᠢᠷᠭᠡᠳ  ᠤᠨ ᠭᠠᠷᠴᠤ ᠤᠷᠤᠬᠤ  ᠳᠤ ᠤᠯᠠᠮ ᠲᠦᠬᠦᠮ ᠪᠤᠯᠭᠠᠪᠠ︔ 71.6  ᠲᠦᠮᠠᠨ ᠲᠦᠬᠦᠷᠢᠭ ᠪᠠᠯᠨ ᠤᠷᠤᠭᠤᠯᠵᠤ᠂ ᠪᠠᠶᠠᠨᠲᠤᠬᠤᠢ ᠪᠠᠯᠭᠠᠰᠤ  ᠶᠢᠨ ᠬᠤᠶᠢᠲᠤ ᠭᠡᠰᠡᠭ  ᠤᠨ12 ᠵᠤᠷᠪᠤᠰ ᠵᠠᠭᠡᠯᠢ ᠭᠤᠲᠤᠮᠵᠢ  ᠳᠤ100 ᠨᠠᠷᠠᠨ  ᠤ ᠡᠨᠧᠷᠬᠢ  ᠤᠨ ᠵᠠᠮ  ᠤᠨ ᠳ᠋ᠸᠡᠭ ᠤᠭᠰᠠᠷᠠᠵᠤ ᠦᠭᠪᠠ︔100 ᠭᠠᠷᠤᠢ ᠲᠦᠮᠠᠨ ᠰᠠᠭᠤᠷᠢ ᠬᠤᠸᠠᠷ ᠴᠡᠴᠡᠭ ᠡᠪᠠᠰᠤ ᠮᠤᠲᠤ ᠲᠠᠷᠢᠵᠤ᠂ 2 ᠲᠦᠮᠠᠨ ᠲᠡᠭᠰᠢ ᠲᠦᠷᠪᠠᠯᠵᠢᠨ ᠮᠧᠲᠷ  ᠢ ᠰᠢᠨ᠎ᠠ ᠪᠠᠷ  ᠨᠤᠭᠤᠭᠠᠷᠠᠭᠤᠯᠪᠠ᠃ ᠪᠠᠶᠠᠨᠲᠤᠬᠤᠢ ᠪᠠᠯᠭᠠᠰᠤ ᠭᠠᠵᠠᠷ ᠤᠷᠤᠨ  ᠤ ᠬᠤᠭ ᠨᠤᠪᠰᠢ᠂ ᠪᠤᠬᠢᠷ ᠤᠰᠤ ᠶᠢ ᠰᠢᠢᠳᠪᠤᠷᠢᠯᠠᠬᠦ ᠨᠤᠷᠮ᠎ᠠ ᠶᠢ ᠲᠤᠰ ᠲᠤᠰ 89% ᠪᠠ 73% ᠲᠤ ᠬᠦᠷᠭᠡᠪᠠ᠃ ᠬᠤᠲᠠ ᠬᠦᠲᠡᠭᠡ  ᠶᠢᠨ ᠵᠠᠮ ᠬᠠᠷᠢᠯᠴᠠᠭ᠎ᠠ  ᠶᠢᠨ ᠪᠦᠲᠤᠭᠡᠨ ᠪᠠᠶᠢᠭᠤᠯᠤᠯᠲᠠ ᠢᠲᠠ ᠬᠦᠴᠤᠲᠡᠢ ᠬᠦᠭᠵᠢᠵᠤ  ᠂ 9430 ᠲᠦᠮᠠᠨ ᠲᠦᠬᠦᠷᠢᠭ ᠪᠠᠯᠨ ᠤᠷᠤᠭᠤᠯᠵᠤ ᠲᠤᠰᠬᠤᠨ  ᠳᠤ ᠨᠠᠪᠲᠠᠷᠠᠬᠦ 6 ᠵᠤᠷᠪᠤᠰ ᠵᠠᠮ  ᠢ 90 ᠺᠢᠯᠤᠮᠧᠲᠷ ᠵᠠᠰᠠᠪᠠ᠃  ᠬᠠᠶᠢᠯᠠᠷ — ᠢᠮᠢᠨ  ᠤ ᠨᠢᠭᠡᠲᠤᠭᠡᠷ ᠲᠠᠰ  ᠤᠨ ᠵᠠᠰᠠᠮᠠᠯ ᠵᠠᠮ  ᠢ ᠪᠦᠲᠤᠭᠡᠨ ᠪᠠᠶᠢᠭᠤᠯᠬᠤ ᠲᠦᠷᠤᠯ ᠵᠤᠶᠢᠯ  ᠢ ᠯᠠᠪᠲᠠᠭᠤᠨ  ᠢᠶᠠᠷ  ᠲᠦᠯᠬᠢᠨ ᠠᠬᠢᠭᠤᠯᠵᠤ᠂ ᠬᠤᠲᠠ  ᠶᠢᠨ ᠨᠠᠶᠢᠲᠠ  ᠶᠢᠨ ᠮᠠᠰᠢᠨ ᠲᠡᠷᠭᠡ ᠶᠢᠨ ᠬᠠᠮᠢᠶᠠᠷᠤᠯᠲᠠ ᠶᠢ ᠲᠦᠯᠬᠢᠨ ᠠᠬᠢᠭᠤᠯᠬᠤ ᠠᠵᠢᠯ ᠡᠮᠬᠢ ᠴᠡᠭᠴᠠ ᠲᠠᠢ ᠦᠷᠨᠢᠭᠲᠡᠵᠤ᠂ ᠨᠢᠭᠡᠲᠤᠭᠡᠷ ᠲᠠᠰ  ᠤᠨ ᠠᠶᠠᠨᠴᠢᠳ  ᠤᠨ ᠲᠡᠭᠡᠭᠡᠪᠤᠷᠢ  ᠶᠢᠨ ᠦᠷᠲᠡᠭᠡ  ᠶᠢᠨ ᠲᠦᠷᠤᠯ ᠵᠤᠶᠢᠯ ᠪᠦᠬᠦ ᠲᠠᠯ᠎ᠠ ᠪᠠᠷ ᠡᠬᠢᠯᠡᠭᠲᠠᠨ ᠭᠡᠷᠡᠭᠵᠢᠬᠦᠯᠦᠭᠲᠠᠪᠠ᠃ ᠤᠰᠤᠨ ᠠᠰᠢᠭᠯᠠᠯᠲᠠ  ᠶᠢᠨ ᠰᠠᠭᠤᠷᠢ ᠲᠦᠬᠦᠭᠡᠷᠤᠮᠵᠢ ᠠᠯᠬᠤᠮ ᠴᠢᠨᠠᠭᠰᠢᠲᠠ ᠲᠠᠬᠦᠯᠲᠠᠷᠵᠢᠭ᠍ᠲᠡᠨ᠂ ᠨᠤᠭᠤᠭᠠᠨᠨᠠᠭᠤᠷ ᠤᠰᠤᠨ ᠴᠦᠬᠦᠷᠤᠮ  ᠤᠨ ᠲᠦᠭᠰᠢᠬᠦᠷᠢ ᠶᠢ ᠠᠷᠢᠯᠠᠭᠠᠬᠤ ᠪᠠᠬᠢᠯᠠᠵᠤ ᠪᠠᠶᠢᠭᠤᠯᠬᠤ ᠢᠨᠵᠧᠨᠧᠷᠢᠩ  ᠢ ᠪᠠᠶᠠᠯᠠᠬᠦᠯᠤᠭᠡᠳ ᠠᠰᠢᠭᠯᠠᠯᠲᠠ  ᠳᠤ ᠤᠷᠤᠭᠤᠯᠪᠠ᠃ ︵ ᠲᠦᠷᠪᠠ︶  ᠠᠮᠢ ᠠᠬᠤᠢ ᠤᠷᠴᠢᠨ ᠲᠤᠭᠤᠷᠢᠨ ᠦᠷᠬᠦᠯᠵᠢᠯᠠᠨ ᠰᠠᠶᠢᠵᠢᠷᠠᠵᠤ᠂ ᠠᠮᠢ ᠠᠬᠤᠢ  ᠶᠢᠨ ᠪᠤᠯᠪᠠᠰᠤᠨ  ᠤ ᠤᠶᠢᠯᠠᠭᠠᠭᠲᠠᠬᠤᠨ ᠲᠠᠰᠤᠷᠠᠯᠲᠠ ᠦᠭᠡᠢ ᠬᠦᠨᠵᠠᠭᠡᠶᠢᠷᠠᠪᠠ᠃ ᠤᠯᠤᠰ  ᠤᠨ ᠲᠠᠰ  ᠤᠨ ᠠᠮᠢ ᠠᠬᠤᠢ  ᠶᠢᠨ ᠬᠤᠰᠢᠭᠤ ᠶᠢ ᠪᠦᠲᠤᠭᠡᠨ ᠪᠠᠶᠢᠭᠤᠯᠬᠤ ᠱᠠᠭᠠᠷᠲᠠᠯᠭ᠎ᠠ ᠶᠤᠰᠤᠭᠠᠷ᠂ ᠲᠠᠯ᠎ᠠ ᠨᠤᠲᠤᠭ  ᠤᠨ ᠠᠮᠢ ᠠᠬᠤᠢ  ᠶᠢᠨ ᠬᠠᠮᠠᠭᠠᠯᠠᠯᠲᠠ᠂ ᠡᠯᠠᠰᠤᠷᠭᠡᠭ ᠭᠠᠵᠠᠷ  ᠤᠨ ᠵᠠᠰᠠᠯᠲᠠ᠂ ᠠᠰᠠᠷᠠᠮᠵᠢ  ᠶᠢᠨ ᠤᠢ  ᠶᠢᠨ ᠬᠠᠮᠢᠶᠠᠷᠤᠯᠲᠠ᠂ ᠡᠨᠧᠷᠬᠢ ᠠᠷᠪᠢᠯᠠᠨ ᠭᠠᠲᠠᠭᠰᠢᠯᠠᠭᠤᠯᠤᠯᠲᠠ ᠶᠢ ᠪᠠᠭᠠᠰᠬᠠᠬᠤ᠂ ᠤᠷᠴᠢᠨ ᠲᠤᠭᠤᠷᠢᠨ  ᠤ ᠵᠠᠰᠠᠯᠲᠠ ᠵᠠᠷᠭᠡ ᠡᠯ᠎ᠠ ᠵᠤᠶᠢᠯ  ᠤᠨ ᠠᠵᠢᠯ  ᠢ ᠬᠦᠴᠤᠯᠠᠨ ᠰᠠᠶᠢᠲᠤᠷ ᠬᠢᠪᠠ᠃ ᠪᠦᠬᠦ ᠬᠤᠰᠢᠭᠤᠨ  ᠤ ᠲᠠᠯ᠎ᠠ ᠨᠤᠲᠤᠭ  ᠤᠨ ᠪᠦᠲᠤᠭᠡᠨ ᠪᠠᠶᠢᠭᠤᠯᠤᠯᠲᠠ  ᠶᠢᠨ ᠶᠠᠷᠤᠩᠭᠡᠢ  ᠭᠡᠪᠴᠢᠶ᠎ᠠ  ᠶᠢᠨ 98 ᠲᠦᠮᠠᠨ ᠮᠤ᠋ ᠶᠢ ᠨᠢ ᠪᠠᠶᠠᠯᠠᠬᠦᠯᠵᠤ᠂  ᠪᠠᠯᠴᠢᠭᠡᠷ ᠮᠠᠯ  ᠢ ᠲᠠᠩᠴᠠᠬᠦᠷᠢᠰᠢᠬᠦᠯᠬᠦ ᠶᠢ 1080 ᠲᠦᠮᠠᠨ ᠮᠤ᠋᠂ ᠰᠠᠯᠬᠦᠨ ᠮᠠᠯᠯᠠᠬᠤ ᠶᠢ 35 ᠲᠦᠮᠠᠨ ᠮᠤ᠋᠂ ᠮᠠᠯᠯᠠᠬᠤ ᠶᠢ ᠵᠤᠭᠰᠤᠭᠠᠬᠤ ᠶᠢ 200 ᠲᠦᠮᠠᠨ ᠮᠤ᠋᠂ ᠤᠷᠤᠨ ᠬᠤᠪᠢᠶᠠᠵᠤ ᠡᠭᠡᠯᠵᠢᠯᠠᠨ ᠮᠠᠯᠯᠠᠬᠤ ᠶᠢ 30 ᠲᠦᠮᠠᠨ ᠮᠤ᠋ ᠪᠠᠶᠠᠯᠠᠬᠦᠯᠵᠤ᠂ ᠬᠠᠲᠤᠯᠠᠩ ᠪᠠᠯᠴᠢᠭᠡᠷ  ᠢ 117.2 ᠲᠦᠮᠠᠨ ᠮᠤ᠋ ᠵᠢᠷᠤᠮᠵᠢᠭᠤᠯᠤᠨ ᠡᠷᠬᠢᠯᠲᠤᠬᠦᠯᠪᠠ︔ 9.4 ᠲᠦᠮᠠᠨ ᠮᠤ᠋ ᠡᠯᠠᠰᠤᠷᠭᠡᠭ ᠭᠠᠵᠠᠷ  ᠢ ᠶᠠᠷᠤᠩᠭᠡᠶᠢᠯᠠᠨ ᠵᠠᠰᠠᠬᠤ ᠶᠢ ᠪᠠᠶᠠᠯᠠᠬᠦᠯᠪᠠ︔ 223 ᠲᠦᠮᠠᠨ ᠮᠤ᠋ ᠤᠯᠠᠨ ᠨᠠᠶᠢᠲᠠ  ᠶᠢᠨ ᠠᠰᠠᠷᠠᠮᠵᠢ  ᠶᠢᠨ ᠤᠢ ᠶᠢ ᠬᠠᠮᠢᠶᠠᠷᠤᠨ ᠬᠠᠮᠠᠭᠠᠯᠠᠬᠤ ᠶᠢ ᠨᠠᠶᠢᠲᠠᠪᠤᠷᠢᠵᠢᠭᠤᠯᠤᠨ᠂ ᠭᠤᠤᠯᠲᠠᠯᠭ᠎ᠠ ᠲᠠᠢ ᠤᠷᠤᠨ ᠪᠦᠰᠠ ᠶᠢ 1.4 ᠲᠦᠮᠠᠨ ᠮᠤ᠋ ᠨᠤᠭᠤᠭᠠᠷᠠᠭᠤᠯᠪᠠ︔ ᠬᠦᠷᠤᠰᠤ ᠰᠢᠷᠤᠢ  ᠶᠢᠨ ᠢᠲᠡᠭᠲᠠᠯ  ᠢ ᠬᠠᠮᠠᠭᠠᠯᠠᠭᠰᠠᠨ ᠪᠠ ᠠᠮᠢ ᠠᠬᠤᠢ ᠶᠢ ᠬᠠᠮᠠᠭᠠᠯᠠᠭᠰᠠᠨ ᠲᠠᠯᠠᠪᠡᠢ 18.9 ᠲᠦᠮᠠᠨ ᠮᠤ᠋ ᠰᠢᠨ᠎ᠠ ᠪᠠᠷ ᠨᠠᠮᠡᠭᠲᠠᠪᠠ  ︔ ᠤᠰᠤ ᠠᠷᠪᠢᠯᠠᠨ ᠤᠰᠤᠯᠠᠬᠤ ᠲᠠᠵᠢᠭᠡᠯ ᠡᠪᠠᠰᠤᠨ  ᠤ ᠭᠠᠵᠠᠷ  ᠢ 3500 ᠮᠤ᠋ ᠰᠢᠨ᠎ᠠ ᠪᠠᠷ ᠪᠠᠶᠢᠭᠤᠯᠪᠠ᠃ ᠠᠮᠢ ᠠᠬᠤᠢ ᠶᠢ ᠬᠠᠮᠠᠭᠠᠯᠠᠬᠤ ᠤᠯᠠᠭᠠᠨ ᠱᠤᠭᠤᠮ  ᠤᠨ ᠲᠦᠷᠢᠮ  ᠢ ᠢᠲᠠᠪᠬᠢᠲᠡᠢ ᠰᠦᠪᠡᠭᠴᠢᠯᠠᠨ ᠪᠠᠶᠢᠭᠤᠯᠵᠤ᠂ ᠭᠤᠤᠯᠲᠠᠯᠭ᠎ᠠ ᠲᠠᠢ ᠠᠮᠢ ᠠᠬᠤᠢ  ᠶᠢᠨ ᠴᠢᠲᠠᠪᠬᠢᠲᠤ ᠤᠷᠤᠨ  ᠤ ᠠᠮᠢ ᠠᠬᠤᠢ  ᠶᠢᠨ ᠨᠦᠬᠦᠪᠤᠷᠢᠯᠠᠬᠦ ᠲᠤᠭᠲᠠᠴᠠ ᠶᠢ ᠲᠠᠬᠦᠯᠲᠠᠷᠵᠢᠬᠦᠯᠪᠠ᠃ ᠤᠷᠴᠢᠨ ᠲᠤᠭᠤᠷᠢᠨ  ᠤ ᠪᠤᠬᠢᠷᠲᠤᠯ  ᠢ ᠵᠠᠰᠠᠬᠤ ᠶᠢ ᠴᠢᠩᠭᠠᠷᠠᠭᠤᠯᠵᠤ᠂ ᠬᠤᠸ᠋ᠨ ᠨᠸᠡᠭ ᠢᠮᠢᠨ  ᠤ ᠨᠠᠬᠦᠷᠠᠰᠤ ᠴᠠᠬᠢᠯᠭᠠᠨ  ᠤ ᠬᠢᠵᠠᠭᠠᠷᠲᠤ ᠬᠠᠷᠢᠭᠤᠴᠠᠯᠭᠠᠲᠤ ᠺᠤᠮᠫᠠᠨᠢ  ᠶᠢᠨ 3 , 4 ᠳ᠋ᠤᠭᠡᠷ ᠨᠤᠮᠧᠷᠲᠤ ᠮᠠᠰᠢᠨ ᠪᠦᠯᠦᠭ ᠪᠠ ᠦᠪᠤᠷ ᠮᠤᠩᠭᠤᠯ  ᠤᠨ ᠮᠸᠡᠭ ᠳ᠋ᠦᠩ ᠡᠨᠧᠷᠬᠢ  ᠶᠢᠨ ᠬᠢᠵᠠᠭᠠᠷᠲᠤ ᠬᠠᠷᠢᠭᠤᠴᠠᠯᠭᠠᠲᠤ ᠺᠤᠮᠫᠠᠨᠢ  ᠶᠢᠨ ᠡᠸᠠᠩᠬᠢ  ᠶᠢᠨ ᠴᠠᠬᠢᠯᠭᠠᠨ ᠤᠶᠢᠯᠠᠳᠪᠤᠷᠢ  ᠶᠢᠨ 1, 2  ᠳ᠋ᠤᠭᠠᠷ ᠨᠤᠮᠧᠷᠲᠤ ᠮᠠᠰᠢᠨ  ᠪᠦᠯᠦᠭ   ᠤᠨ ᠬᠦᠬᠦᠷ ᠱᠠᠤ ᠠᠷᠢᠯᠭᠠᠬᠤ ᠢᠨᠵᠧᠨᠧᠷᠢᠩ ᠨᠢ ᠰᠢᠯᠭᠠᠨ ᠠᠪᠤᠯᠲᠠ ᠶᠢ ᠦᠩᠭᠡᠷᠠᠭᠡᠭᠡᠳ ᠯᠠᠪᠲᠠᠭᠤᠨ  ᠢᠶᠠᠷ ᠠᠵᠢᠯᠯᠠᠵᠤ ᠪᠠᠶᠢᠨ᠎ᠠ᠃ ︽ ᠬᠦᠸᠧᠯᠤ ᠶᠢ ᠨᠤᠷᠠᠭᠠᠵᠤ ᠲᠤᠤᠷ  ᠨᠢᠭᠡᠳᠭᠡᠬᠦ︾ ᠢᠨᠵᠧᠨᠧᠷᠢᠩ ᠯᠠᠪᠲᠠᠭᠤᠨ  ᠢᠶᠠᠷ ᠭᠡᠷᠡᠭᠵᠢᠬᠦᠯᠦᠭᠲᠠᠵᠤ᠂ ᠢᠲᠠᠭᠡᠨ ᠤᠮᠲᠠᠭᠠᠨ  ᠤ ᠠᠵᠢᠯ ᠲᠦᠷᠤᠯ  ᠤᠨ ᠬᠢᠨ  ᠤ ᠤᠷᠴᠢᠨ ᠲᠤᠭᠤᠷᠢᠨ  ᠤ ᠪᠤᠬᠢᠷᠲᠤᠯ  ᠢ ᠴᠡᠭᠴᠠᠯᠠᠨ  ᠵᠠᠰᠠᠬᠤ ᠠᠵᠢᠯ  ᠡᠮᠬᠢ ᠴᠡᠭᠴᠠ ᠲᠠᠢ ᠠᠬᠢᠭᠤᠯᠤᠭᠲᠠᠵᠤ᠂ 400 ᠢᠲᠠᠭᠡᠨ ᠤᠮᠲᠠᠭᠠᠨ  ᠤ ᠴᠢᠭᠲᠦ ᠲᠤᠰᠤᠨ ᠤᠲᠤᠭ᠎ᠠ ᠶᠢ  ᠴᠠᠪᠠᠷᠰᠢᠬᠦᠯᠬᠦ ᠪᠠᠯᠠᠳᠭᠡᠮᠵᠢ ᠶᠢ ᠤᠭᠰᠠᠷᠠᠵᠤ ᠦᠭᠪᠠ᠃ ᠤᠷᠴᠢᠨ ᠲᠤᠭᠤᠷᠢᠨ  ᠢ ᠬᠢᠨᠠᠨ ᠬᠠᠮᠢᠶᠠᠷᠬᠤ ᠬᠠᠤᠯᠢ ᠭᠡᠷᠡᠭᠵᠢᠬᠦᠯᠤᠯᠲᠠ  ᠶᠢᠨ ᠬᠦᠴᠤᠯᠠᠴᠠ ᠠᠯᠬᠤᠮ ᠴᠢᠨᠠᠭᠰᠢᠲᠠ ᠴᠢᠩᠭᠠᠷᠠᠵᠤ᠂  ᠬᠠᠤᠯᠢ ᠶᠢ ᠵᠦᠷᠢᠴᠠᠨ ᠡᠪᠠᠰᠤᠨ ᠡᠮ ᠲᠤᠷ᠎ᠠ ᠪᠠᠷ  ᠤᠬᠤᠵᠤ ᠮᠠᠯᠲᠠᠬᠤ  ᠠᠵᠢᠯᠯᠠᠭ᠎ᠠ  ᠳᠤ ᠴᠤᠬᠢᠯᠲᠠ ᠦᠭᠬᠦ ᠲᠤᠰᠬᠠᠢ ᠵᠤᠶᠢᠯ  ᠤᠨ ᠠᠵᠢᠯᠯᠠᠭ᠎ᠠ ᠶᠢ ᠬᠦᠨᠵᠠᠭᠡᠢ ᠦᠷᠨᠢᠬᠦᠯᠪᠠ᠃ ᠡᠨᠧᠷᠬᠢ ᠠᠷᠪᠢᠯᠠᠬᠤ ᠤᠰᠤ ᠠᠷᠪᠢᠯᠠᠬᠤ ᠭᠠᠲᠠᠭᠰᠢᠯᠠᠭᠤᠯᠤᠯᠲᠠ ᠶᠢ ᠪᠠᠭᠠᠰᠬᠠᠬᠤ ᠡᠯ᠎ᠠ ᠵᠤᠶᠢᠯ  ᠤᠨ ᠠᠵᠢᠯ  ᠢ ᠨᠢᠭᠡᠲᠤᠯᠲᠡᠢ ᠲᠦᠯᠤᠪᠯᠠᠨ ᠲᠦᠯᠬᠢᠨ ᠠᠬᠢᠭᠤᠯᠵᠤ᠂ ᠪᠦᠬᠦ ᠬᠤᠰᠢᠭᠤᠨ  ᠤ ᠨᠢᠭᠡᠴᠢ GDP  ᠤᠨ ᠡᠨᠧᠷᠬᠢ  ᠤᠨ ᠬᠤᠷᠤᠭᠲᠠᠯ ᠵᠢᠱᠢᠯᠲᠠ ᠪᠠᠷ 2.3%   ᠢᠶᠠᠷ ᠪᠠᠭᠤᠷᠠᠪᠠ᠃ ︵ ᠲᠠᠪᠤ  ︶ ᠡᠯ᠎ᠠ ᠵᠤᠶᠢᠯ  ᠤᠨ ᠦᠭᠡᠷᠠᠴᠢᠯᠠᠯᠲᠠ ᠲᠠᠰᠤᠷᠠᠯᠲᠠ ᠦᠭᠡᠢ ᠬᠦᠨᠵᠠᠭᠡᠶᠢᠷᠠᠨ᠂ ᠭᠠᠲᠠᠭᠠᠲᠤ   ᠳᠠᠬᠢ ᠶᠠᠪᠤᠯᠴᠠᠭ᠎ᠠ ᠪᠠᠨ ᠦᠷᠬᠦᠯᠵᠢᠯᠠᠨ ᠦᠷᠭᠡᠳᠭᠡᠪᠠ᠃ ᠰᠠᠯᠠᠭ᠎ᠠ ᠮᠦᠴᠢᠷ  ᠤᠨ ᠲᠦᠰᠤᠪ᠂ ᠵᠠᠰᠠᠭ  ᠤᠨ ᠤᠷᠲᠤᠨ  ᠤ ᠤᠷᠤᠯᠭ᠎ᠠ ᠵᠠᠷᠤᠯᠭ᠎ᠠ  ᠶᠢᠨ ᠲᠦᠷᠤᠯ ᠢᠯᠭᠠᠯ ᠪᠤᠯᠤᠨ ᠵᠠᠰᠠᠭ  ᠤᠨ ᠤᠷᠲᠤᠨ  ᠤ ᠬᠤᠲᠠᠯᠲᠤᠨ ᠠᠪᠤᠯᠲᠠ  ᠶᠢᠨ ᠦᠭᠡᠷᠠᠴᠢᠯᠠᠯᠲᠠ ᠠᠯᠬᠤᠮ ᠴᠢᠨᠠᠭᠰᠢᠲᠠ ᠬᠦᠨᠵᠠᠭᠡᠶᠢᠷᠠᠪᠠ᠃ ᠡᠳ᠋  ᠤᠨ ᠵᠠᠰᠠᠭ  ᠤᠨ ᠪᠠᠯᠨ ᠮᠦᠩᠬᠦ ᠶᠢ ᠨᠢᠭᠡᠲᠤᠯᠲᠡᠢ ᠲᠦᠯᠤᠪᠯᠠᠨ ᠬᠤᠲᠠ ᠬᠦᠲᠡᠭᠡ  ᠶᠢ ᠲᠠᠮᠵᠢᠬᠦ ᠴᠢᠲᠠᠪᠤᠷᠢ ᠲᠠᠰᠤᠷᠠᠯᠲᠠ ᠦᠭᠡᠢ ᠨᠡᠮᠡᠭᠲᠠᠨ᠂  ︽ ᠨᠢᠭᠡ ᠺᠠᠷᠲ  ᠢᠶᠠᠷ ᠦᠭᠬᠦ︾ ᠰᠢᠰᠲ᠋ᠧᠮ ᠨᠢᠭᠡᠨᠲᠠ ᠬᠤᠲᠠ ᠬᠦᠲᠡᠭᠡ ᠶᠢ ᠪᠦᠬᠦᠨ  ᠢ ᠪᠦᠷᠬᠦᠪᠠ᠃ ᠵᠠᠰᠠᠭ  ᠤᠨ ᠤᠷᠲᠤᠨ  ᠤ ᠪᠠᠶᠢᠭᠤᠯᠤᠮᠵᠢ  ᠶᠢᠨ ᠦᠭᠡᠷᠠᠴᠢᠯᠠᠯᠲᠠ ᠯᠠᠪᠲᠠᠭᠤᠨ  ᠢᠶᠠᠷ ᠭᠡᠷᠡᠭᠵᠢᠬᠦᠯᠦᠭᠲᠠᠵᠤ᠂ ᠡᠷᠭᠡ ᠲᠤᠰᠢᠶᠠᠯ  ᠢ ᠨᠢᠭᠡᠳᠭᠡᠭᠡᠳ ᠵᠠᠬ᠎ᠠ ᠲᠠᠯᠭᠡᠬᠦᠷ  ᠤᠨ ᠬᠢᠨᠠᠯᠲᠠ ᠬᠠᠮᠢᠶᠠᠷᠤᠯᠲᠠ  ᠶᠢᠨ ᠲᠤᠪᠴᠢᠶ᠎ᠠ ᠪᠠ ᠬᠤᠰᠢᠭᠤᠨ  ᠤ ᠡᠷᠠᠬᠦᠯ ᠬᠠᠮᠠᠭᠠᠯᠠᠯ ᠪᠤᠯᠤᠨ ᠲᠦᠯᠤᠪᠯᠡᠭᠡᠲᠤ ᠦᠷᠠᠵᠢᠯ  ᠤᠨ  ᠲᠤᠪᠴᠢᠶ᠎ᠠ ᠶᠢ ᠪᠠᠶᠢᠭᠤᠯᠪᠠ᠃ ᠨᠠᠶᠢᠲᠠ  ᠶᠢᠨ ᠤᠢ ᠮᠤᠲᠤᠨ  ᠤ ᠡᠷᠭᠡ  ᠶᠢᠨ ᠲᠦᠷᠢᠮ  ᠤᠨ ᠦᠭᠡᠷᠠᠴᠢᠯᠠᠯᠲᠠ ᠶᠢ ᠦᠷᠬᠦᠯᠵᠢᠯᠠᠨ ᠦᠷᠨᠢᠬᠦᠯᠵᠤ᠂ ᠮᠠᠯᠴᠢᠨ ᠡᠷᠤᠭᠡ  ᠳᠤ ᠬᠤᠯᠪᠤᠭᠲᠠᠭᠰᠨ ᠡᠯᠧᠺᠲᠷᠤᠨ ᠲᠠᠩᠰᠨ ᠡᠪᠭᠡᠮᠠᠯ  ᠢ 2795 ᠬᠤᠪᠢ ᠵᠷᠢᠤᠮᠵᠢᠭᠤᠯᠤᠨ ᠪᠠᠶᠢᠭᠤᠯᠪᠠ᠃ ᠮᠠᠯᠵᠢᠬᠤ ᠤᠷᠤᠨ  ᠤ ᠨᠤᠲᠤᠭ ᠪᠠᠯᠴᠢᠭᠡᠷ  ᠤᠨ ᠡᠷᠭᠡ ᠶᠢ ᠡᠷᠬᠢᠯᠲᠤᠬᠦᠯᠬᠦ ᠪᠤᠯᠤᠨ ᠭᠡᠪᠴᠢᠶᠠᠵᠢᠬᠦᠯᠤᠨ ᠡᠵᠠᠩᠨᠠᠬᠦ ᠠᠵᠢᠯ ᠬᠦᠨᠵᠠᠭᠡᠢ ᠠᠬᠢᠭᠤᠯᠤᠭᠲᠠᠵᠤ᠂ ᠬᠠᠲᠤᠯᠠᠩ ᠪᠠᠯᠴᠢᠭᠡᠷ  ᠢ ᠲᠠᠭᠠᠭᠠᠴᠢᠯᠠᠨ ᠡᠵᠠᠩᠨᠠᠬᠦ ᠡᠷᠭᠡ  ᠶᠢᠨ ᠦᠨᠠᠮᠯᠠᠯ  ᠢ ᠲᠠᠷᠬᠠᠭᠠᠨ ᠤᠯᠭᠤᠭᠰᠠᠨ ᠨᠤᠷᠮ᠎ᠠ 100% ᠲᠤ  ᠬᠦᠷᠪᠠ᠃ ᠬᠢᠨᠠᠨ ᠵᠦᠪᠰᠢᠶᠠᠷᠠᠯᠲᠠ  ᠶᠢᠨ ᠵᠤᠶᠢᠯ  ᠢ ᠠᠯᠬᠤᠮ ᠴᠢᠨᠠᠭᠰᠢᠲᠠ ᠲᠦᠬᠦᠮᠴᠢᠯᠠᠵᠤ᠂ ᠠᠵᠤ ᠤᠶᠢᠯᠠᠳᠪᠤᠷᠢ ᠬᠤᠲᠠᠯᠲᠤᠭᠠᠨ  ᠤ ᠵᠠᠰᠠᠭ ᠵᠠᠬᠢᠷᠭᠠᠨ  ᠤ ᠬᠢᠨᠠᠨ ᠵᠦᠪᠰᠢᠶᠠᠷᠠᠯᠲᠠ  ᠶᠢᠨ ᠵᠤᠶᠢᠯ ᠨᠢ 95  ᠵᠤᠶᠢᠯ ᠪᠠᠶᠢᠭᠰᠠᠨ  ᠠᠴᠠ ᠲᠦᠬᠦᠮᠴᠢᠯᠠᠭᠡᠳ 47 ᠵᠤᠶᠢᠯ ᠪᠤᠯᠭᠠᠵᠤ᠂ ᠵᠠᠰᠠᠭ  ᠤᠨ ᠶᠠᠪᠤᠲᠠᠯ  ᠤᠨ ᠤᠶᠢᠯᠠᠴᠢᠯᠠᠭᠡᠨ  ᠤ ᠲᠦᠪ 156 ᠵᠤᠶᠢᠯ  ᠤᠨ ᠵᠠᠰᠠᠭ ᠵᠠᠬᠢᠷᠭᠠᠨ  ᠤ ᠬᠢᠨᠠᠨ ᠵᠦᠪᠰᠢᠶᠠᠷᠠᠯᠲᠠ  ᠶᠢᠨ ᠵᠤᠶᠢᠯ  ᠢ ᠦᠭᠡᠶᠢᠰᠭᠡᠵᠤ᠂ ᠭᠡᠷᠡᠭ ᠡᠷᠬᠢᠯᠠᠬᠦ ᠦᠷ᠎ᠠ ᠠᠰᠢᠭ ᠪᠠ ᠤᠶᠢᠯᠠᠴᠢᠯᠠᠭᠡᠨ  ᠤ ᠴᠢᠨᠠᠷ ᠴᠢᠨᠰᠠᠭ᠎ᠠ ᠨᠢ ᠢᠯᠠᠳᠲᠠ ᠲᠠᠭᠡᠭᠰᠢᠯᠠᠪᠠ᠃ ᠭᠠᠲᠠᠭᠠᠲᠤ ᠲᠠᠢ ᠴᠢᠯᠤᠭᠡᠲᠡᠢ ᠶᠠᠪᠤᠯᠴᠠᠬᠤ ᠶᠢ ᠯᠠᠪᠲᠠᠭᠤᠨ  ᠢᠶᠠᠷ ᠠᠬᠢᠭᠤᠯᠵᠤ᠂ ᠲᠤᠮᠲᠠᠲᠤ ᠤᠯᠤᠰ  ᠤᠨ ᠱᠧᠨ ᠬᠤᠸ᠋ᠨ ᠪᠦᠯᠦᠭᠯᠠᠯ᠂ ᠦᠪᠤᠷ ᠮᠤᠩᠭᠤᠯ  ᠤᠨ ᠠᠭᠤᠷᠬᠠᠢ  ᠶᠢᠨ ᠤᠶᠢᠯᠠᠰ  ᠤᠨ ᠪᠦᠯᠦᠭᠯᠠᠯ ᠵᠠᠷᠭᠡ 30 ᠭᠠᠷᠤᠢ ᠤᠯᠤᠰ  ᠤᠨ ᠲᠤᠲᠤᠭᠠᠲᠤ ᠭᠠᠲᠠᠭᠠᠲᠤ  ᠶᠢᠨ 500 ᠬᠦᠴᠤᠷᠭᠡᠭ ᠠᠵᠤ ᠠᠬᠤᠶᠢᠯᠠᠯ ᠪᠤᠶᠤ ᠠᠵᠢᠯ ᠲᠦᠷᠤᠯ  ᠤᠨ ᠵᠠᠭᠤᠨ ᠬᠦᠴᠤᠷᠭᠡᠭ ᠠᠵᠤ ᠠᠬᠤᠶᠢᠯᠠᠯ ᠯᠤᠭ᠎ᠠ ᠤᠷᠢᠳ ᠬᠤᠵᠢᠳ ᠲᠤᠭᠲᠠᠮᠠᠯ ᠴᠢᠭᠲᠦ ᠠᠷᠠᠯᠵᠢᠶᠠᠴᠢᠨ  ᠤ ᠤᠷᠢᠯᠲᠠ ᠬᠢᠪᠠ  ᠃ ᠬᠠᠢ ᠶᠤᠸᠠᠨ ᠤᠯᠠᠨ ᠤᠯᠤᠰ  ᠤᠨ ᠮᠠᠰᠢᠨ ᠲᠠᠷᠭᠡ  ᠶᠢᠨ ᠰᠡᠯᠪᠢᠭ ᠲᠤᠨᠤᠭ  ᠤᠨ ᠬᠤᠲᠠ᠂ ᠳ᠋ᠧᠩ ᠰᠢ ᠯᠤ᠋ ᠤᠯᠠᠨ ᠤᠯᠤᠰ  ᠤᠨ ᠪᠠᠭᠤᠲᠠᠯ ᠵᠠᠷᠭᠡ ᠨᠢᠭᠡ ᠪᠦᠯᠦᠭ ᠠᠷᠠᠯᠵᠢᠶᠠᠴᠢᠨ ᠤᠷᠢᠵᠤ ᠪᠠᠯᠨ ᠤᠷᠤᠭᠤᠯᠬᠤ ᠲᠦᠷᠤᠯ ᠵᠤᠶᠢᠯ  ᠤᠨ ᠠᠵᠢᠯ  ᠢ ᠨᠢ ᠡᠬᠢᠯᠠᠬᠦᠯᠤᠨ ᠪᠦᠲᠤᠭᠡᠨ ᠪᠠᠶᠢᠭᠤᠯᠪᠠ᠃ ᠰᠤᠶᠤᠯ  ᠤᠨ ᠠᠷᠠᠯᠵᠢᠶ᠎ᠠ ᠬᠤᠲᠠᠯᠲᠤᠭᠠᠨ  ᠤ ᠵᠠᠭᠡᠯᠢ᠂ ᠡᠯᠧᠺᠲᠷᠤᠨ ᠬᠤᠲᠠᠯᠲᠤᠭᠠᠨ  ᠤ ᠶᠠᠪᠤᠲᠠᠯ  ᠤᠨ ᠶᠠᠷᠤᠩᠭᠡᠢ ᠭᠡᠯᠲᠠᠰ  ᠤᠨ ᠰᠠᠭᠤᠷᠢᠨ ᠭᠠᠵᠠᠷ ᠵᠠᠷᠭᠡ ᠨᠢᠭᠡ ᠪᠦᠯᠦᠭ ᠭᠡᠯᠪᠠᠷᠢ ᠶᠢ ᠨᠢ ᠬᠤᠪᠢᠷᠠᠭᠤᠯᠬᠤ ᠲᠦᠷᠤᠯ ᠵᠤᠶᠢᠯ  ᠤᠨ ᠡᠮᠤᠨᠠᠬᠢ ᠬᠤᠭᠤᠴᠠᠭᠠᠨ  ᠤ ᠠᠵᠢᠯ  ᠢ ᠢᠲᠠᠪᠬᠢᠲᠡᠢ ᠲᠦᠯᠬᠢᠨ ᠠᠬᠢᠭᠤᠯᠵᠤ᠂ ᠪᠦᠬᠦ ᠵᠢᠯ ᠳᠤ ᠠᠷᠠᠯᠵᠢᠶᠠᠴᠢᠨ ᠤᠷᠢᠬᠤ ᠲᠦᠷᠤᠯ ᠵᠤᠶᠢᠯ  ᠤᠨ ᠪᠠᠯᠨ ᠮᠦᠩᠬᠦ  ᠶᠢᠨ ᠪᠤᠲᠠᠲᠡᠢ ᠤᠷᠤᠨ ᠪᠠᠶᠢᠷᠨ ᠳᠠᠭᠠᠨ ᠬᠦᠷᠦᠭᠰᠠᠨ ᠨᠢ 45 ᠳ᠋ᠦᠩᠰᠢᠭᠤᠷ ᠲᠦᠬᠦᠷᠢᠭ ᠪᠤᠯᠪᠠ᠃︵ ᠵᠢᠷᠭᠤᠭ᠎ᠠ︶ ᠨᠠᠶᠢᠭᠡᠮ  ᠤᠨ ᠤᠶᠢᠯᠠᠰ ᠪᠦᠬᠦ ᠲᠠᠯ᠎ᠠ ᠪᠠᠷ ᠲᠡᠪᠰᠢᠵᠤ᠂ ᠠᠵᠤ ᠠᠬᠤᠢ ᠨᠠᠶᠢᠭᠡᠮ ᠵᠤᠬᠢᠴᠠᠩᠭᠤᠢ ᠪᠠᠷ ᠬᠦᠭᠵᠢᠪᠠ᠃ ᠰᠤᠷᠭᠠᠨ ᠬᠦᠮᠤᠵᠢᠯ  ᠢ ᠤᠷᠢᠲᠠᠪᠠᠷ ᠬᠦᠭᠵᠢᠬᠦᠯᠬᠦ ᠪᠠᠶᠢᠯᠲᠤᠬᠤ ᠪᠤᠲᠤᠯᠭ᠎ᠠ ᠶᠢ ᠬᠦᠨᠵᠠᠭᠡᠢ ᠭᠡᠷᠡᠭᠵᠢᠬᠦᠯᠵᠤ᠂ ᠬᠤᠰᠢᠭᠤᠨ  ᠤ ᠬᠤᠶᠠᠲᠤᠭᠠᠷ ᠦᠨᠲᠤᠰᠤᠲᠠᠨ  ᠤ ᠴᠠᠴᠡᠷᠯᠢᠭ ᠵᠠᠷᠭᠡ 4 ᠰᠤᠷᠭᠠᠭᠤᠯᠢ  ᠶᠢᠨ ᠵᠢᠭᠠᠨ ᠰᠤᠷᠭᠠᠬᠤ ᠠᠰᠠᠷ᠂ 10 ᠪᠠᠷᠢᠮᠵᠢᠶᠠᠵᠢᠭᠰᠠᠨ ᠰᠤᠷᠭᠠᠭᠤᠯᠢ ᠪᠠ 6 ᠰᠤᠷᠭᠠᠭᠤᠯᠢ  ᠶᠢᠨ  ᠪᠠᠶ᠎ᠠ  ᠶᠢᠨ ᠲᠠᠮᠢᠷ  ᠤᠨ ᠨᠠᠷᠨ ᠰᠠᠯᠬᠢᠨ ᠢ ᠬᠠᠯᠬᠠᠯᠠᠬᠤ ᠲᠠᠯᠠᠪᠤᠷ  ᠢ ᠪᠦᠲᠤᠭᠡᠨ ᠪᠠᠶᠢᠭᠤᠯᠬᠤ ᠢᠨᠵᠧᠨᠧᠷᠢᠩ  ᠢ ᠪᠠᠶᠠᠯᠠᠬᠦᠯᠪᠠ᠃ ᠠᠯᠪᠠᠨ ᠵᠢᠷᠤᠮ  ᠤᠨ ᠰᠤᠷᠭᠠᠨ ᠬᠦᠮᠤᠵᠢᠯ  ᠤᠨ ᠱᠠᠲᠤᠨ  ᠤ ᠵᠢᠭᠠᠨ ᠰᠤᠷᠭᠠᠬᠤ ᠶᠠᠰᠤ ᠴᠢᠨᠠᠷ ᠠᠯᠬᠤᠮ ᠴᠢᠨᠠᠭᠰᠢᠲᠠ ᠲᠠᠭᠡᠭᠰᠢᠯᠠᠵᠤ᠂ ᠠᠩᠬ᠎ᠠ ᠲᠤᠮᠲᠠᠲᠤ  ᠠᠴᠠ ᠦᠨᠲᠤᠷ ᠲᠤᠮᠲᠠᠲᠤ  ᠳᠤ ᠰᠢᠯᠭᠠᠭᠤᠯᠤᠭᠰᠠᠳ  ᠤᠨ ᠬᠢᠷᠢ ᠪᠦᠲᠤᠮᠵᠢ ᠰᠢᠨ᠎ᠠ ᠰᠢᠪᠲᠤᠯᠤᠯᠲᠠ ᠲᠠᠢ ᠪᠤᠯᠵᠤ᠂ ᠦᠨᠲᠤᠷ ᠵᠠᠷᠭᠡ  ᠶᠢᠨ ᠲᠤᠮᠲᠠᠲᠤ ᠰᠤᠷᠭᠠᠭᠤᠯᠢ  ᠶᠢᠨ ᠱᠠᠲᠤᠨ  ᠤ ᠰᠤᠷᠭᠠᠨ ᠬᠦᠮᠤᠵᠢᠯ ᠯᠠᠪᠲᠠᠭᠤᠨ  ᠢᠶᠠᠷ ᠠᠬᠢᠭᠤᠯᠤᠭᠲᠠᠵᠤ ᠂ ︽ᠵᠠᠬᠢᠶᠠᠯᠠᠭ᠎ᠠ ᠶᠢᠨ ᠠᠷᠭ᠎ᠠ ᠮᠠᠶ᠋ᠢᠭ︾  ᠤᠨ ᠠᠵᠢᠯ ᠮᠠᠷᠭᠡᠵᠢᠯ  ᠤᠨ ᠰᠤᠷᠭᠠᠨ ᠬᠦᠮᠤᠵᠢᠯ ᠨᠢ ᠨᠠᠶᠢᠭᠡᠮ  ᠤᠨ  ᠭᠡᠷᠡᠭᠴᠡᠭᠡ  ᠳᠤ ᠨᠠᠩ  ᠵᠤᠬᠢᠴᠠᠬᠤ ᠪᠤᠯᠪᠠ᠃  ᠦᠨᠲᠤᠰᠤᠨ ᠱᠠᠲᠤᠨ  ᠤ ᠡᠷᠠᠬᠦᠯ ᠬᠠᠮᠠᠭᠠᠯᠠᠯ  ᠤᠨ ᠨᠦᠬᠦᠴᠠᠯ ᠲᠠᠰᠤᠷᠠᠯᠲᠠ ᠦᠭᠡᠢ ᠰᠠᠶᠢᠵᠢᠷᠠᠨ᠂ ᠠᠵᠢᠯ ᠲᠦᠷᠤᠯ ᠨᠢᠭᠡᠲᠡᠢ ᠨᠢᠭᠡᠴᠠ ᠬᠠᠷᠢᠯᠴᠠᠨ ᠲᠤᠰᠠᠯᠠᠯᠴᠠᠬᠤ ᠠᠵᠢᠯ ᠦᠷ᠎ᠠ ᠪᠦᠲᠤᠮᠵᠢ ᠪᠠᠷ ᠢᠯᠠᠳᠲᠠ ᠪᠤᠯᠪᠠ᠃ ᠲᠤᠮᠲᠠᠲᠤ ᠶᠠᠫᠤᠨ  ᠤ ᠨᠦᠬᠦᠷᠰᠡᠭ ᠡᠮᠨᠠᠯᠭᠡ  ᠶᠢᠨ ᠬᠤᠷᠢᠶ᠎ᠠ ᠯᠤᠭ᠎ᠠ ᠠᠯᠤᠰ  ᠠᠴᠠ ᠬᠠᠮᠲᠤᠷᠠᠨ ᠤᠨᠤᠰᠢᠯᠠᠬᠤ  ᠶᠢ ᠭᠡᠷᠡᠭᠵᠢᠬᠦᠯᠪᠠ᠃ ᠦᠪᠠᠷᠲᠠᠭᠡᠨ ᠵᠠᠰᠠᠬᠤ ᠤᠷᠤᠨ  ᠤ ︽ ᠦᠨᠲᠤᠰᠤᠨ ᠱᠠᠠᠲᠤᠨ  ᠤ ᠮᠤᠩᠭᠤᠯ ᠬᠢᠲᠠᠳ ᠡᠮ ᠡᠮᠨᠠᠯᠭᠡ  ᠶᠢᠨ ᠴᠢᠲᠠᠪᠤᠷᠢ  ᠶᠢᠨ ᠪᠠᠶᠢᠭᠤᠯᠤᠯᠲᠠ︾  ᠶᠢᠨ ᠢᠨᠵᠧᠨᠧᠷᠢᠩ  ᠶᠢᠨ ᠱᠠᠲᠤᠴᠢ ᠴᠢᠨᠠᠷᠲᠡᠢ ᠰᠢᠯᠭᠠᠨ ᠠᠪᠤᠯᠲᠠ ᠪᠠ ᠦᠪᠠᠷᠲᠠᠭᠡᠨ ᠵᠠᠰᠠᠬᠤ ᠤᠷᠤᠨ  ᠤ ᠲᠠᠰ  ᠤᠨ ᠡᠷᠡᠬᠦᠯ  ᠢ ᠬᠠᠮᠠᠭᠠᠯᠠᠬᠤ ᠬᠤᠲᠠ ᠪᠠᠯᠭᠠᠰᠤ  ᠢ ᠲᠠᠬᠢᠨ ᠪᠠᠶᠢᠴᠠᠭᠠᠬᠤ ᠠᠵᠢᠯ  ᠢ ᠠᠮᠵᠢᠯᠲᠠ ᠲᠠᠢ ᠦᠩᠭᠡᠷᠠᠬᠦᠯᠵᠤ᠂ ᠡᠯ᠎ᠠ ᠵᠤᠶᠢᠯ  ᠤᠨ ᠤᠨᠤᠰᠢᠯᠠᠨ ᠡᠮᠨᠠᠬᠦ ᠠᠵᠢᠯᠯᠠᠭ᠎ᠠ ᠨᠢ ᠨᠠᠩ ᠤᠯᠠᠨ ᠠᠷᠠᠳ  ᠲᠤ ᠠᠴᠢ ᠲᠤᠰᠨ ᠬᠦᠷᠲᠡᠭᠡᠭᠰᠠᠨ ᠪᠠᠶᠢᠨ᠎ᠠ᠃ ᠠᠲᠤᠭᠤ ᠦᠷᠠᠵᠢᠬᠦᠯᠤᠨ ᠪᠤᠶᠢᠵᠢᠭᠤᠯᠬᠤ  ᠵᠠᠩᠬᠢᠯᠠᠭ᠎ᠠ ᠶᠢᠨ ᠮᠡᠷᠭᠡᠵᠢᠯ  ᠤᠨ ᠵᠢᠱᠢᠶ᠎ᠠ ᠦᠵᠠᠬᠦᠯᠬᠦ ᠲᠦᠷᠤᠯ ᠵᠤᠶᠢᠯ ᠨᠢ ᠪᠠᠯᠨ ᠮᠦᠩᠬᠦ  ᠶᠢᠨ ᠲᠠᠮᠵᠢᠯᠭᠡ ᠶᠢ ᠬᠦᠷᠲᠠᠵᠤ᠂ ᠬᠤᠰᠢᠭᠤᠨ  ᠤ ᠤᠶᠢᠯᠠᠳᠪᠤᠷᠢᠯᠠᠯ  ᠤᠨ ᠬᠦᠴᠤᠨ  ᠢ ᠠᠬᠢᠭᠤᠯᠬᠤ ᠲᠦᠪ ᠵᠢᠩᠬᠢᠨᠢ ᠪᠠᠷ ᠪᠠᠶᠢᠭᠤᠯᠤᠭᠲᠠᠪᠠ᠃ ᠤᠯᠠᠨ ᠨᠠᠶᠢᠲᠠ  ᠶᠢᠨ ᠰᠤᠶᠤᠯ  ᠤᠨ ᠪᠠᠶᠢᠭᠤᠯᠤᠯᠲᠠ  ᠶᠢᠨ ᠡᠷᠴᠢᠮ ᠦᠷᠬᠦᠯᠵᠢᠯᠠᠨ ᠴᠢᠩᠭᠠᠷᠠᠵᠤ᠂ ᠮᠠᠨ  ᠤ ᠬᠤᠰᠢᠭᠤ ᠦᠪᠠᠷᠲᠠᠭᠡᠨ ᠵᠠᠰᠠᠬᠤ ᠤᠷᠤᠨ  ᠤ ᠰᠤᠶᠤᠯ  ᠤᠨ ᠲᠢᠩᠬᠢᠮ  ᠳᠤ ᠤᠯᠠᠨ ᠨᠠᠶᠢᠲᠠ  ᠶᠢᠨ ᠰᠤᠶᠤᠯ  ᠤᠨ ᠤᠶᠢᠯᠠᠴᠢᠯᠠᠭᠡᠨ  ᠢ ᠪᠠᠷᠢᠮᠵᠢᠶᠠᠵᠢᠭᠤᠯᠤᠨ ᠪᠠᠶᠢᠭᠤᠯᠬᠤ ᠲᠤᠷᠰᠢᠯᠲᠠ  ᠶᠢᠨ ᠴᠢᠭ᠋  ᠤᠨ ᠨᠢᠭᠡᠴᠠ ᠪᠠᠷ ᠲᠤᠭᠲᠠᠭᠠᠭᠲᠠᠪᠠ᠃ ︽ ᠪᠦᠬᠦ ᠤᠯᠤᠰ  ᠤᠨ ᠰᠤᠶᠤᠯ  ᠤᠨ ᠲᠠᠷᠢᠬᠦᠨ  ᠤ ᠰᠢᠶᠠᠨ︾  ᠤ ᠲᠠᠬᠢᠨᠲᠠ ᠪᠠᠶᠢᠴᠠᠭᠠᠯᠲᠠ ᠶᠢ ᠤᠷᠤᠭᠰᠢᠲᠡᠢ ᠦᠩᠭᠡᠷᠠᠭᠡᠵᠤ᠂ ᠦᠪᠠᠷᠲᠠᠭᠡᠨ ᠵᠠᠰᠠᠬᠤ ᠤᠷᠤᠨ  ᠤ ᠲᠠᠰ  ᠤᠨ ᠰᠤᠶᠤᠯ ᠠᠮᠢ ᠠᠬᠤᠢ  ᠶᠢᠨ ᠬᠠᠮᠠᠭᠠᠯᠠᠯᠲᠠ  ᠶᠢᠨ ᠤᠷᠤᠨ ᠪᠤᠯᠬᠤ ᠪᠠᠷ ᠠᠮᠵᠢᠯᠲᠠ ᠲᠠᠢ ᠪᠠᠷ ᠭᠤᠶᠤᠴᠢᠯᠠᠨ ᠮᠠᠲᠠᠬᠦᠯᠪᠠ᠃ ᠭᠤᠤᠯᠲᠠᠯᠭᠠᠲᠡᠢ ᠪᠤᠲᠠᠰ  ᠤᠨ ᠪᠤᠰᠤ ᠰᠤᠶᠤᠯ  ᠤᠨ ᠦᠪ ᠪᠦᠲᠤᠮᠵᠢᠲᠡᠢ ᠪᠠᠷ ᠬᠠᠮᠠᠭᠠᠯᠠᠭᠲᠠᠬᠤ ᠪᠠ ᠤᠯᠠᠮᠵᠢᠯᠠᠭᠲᠠᠪᠠ᠃ ︽ᠰᠤᠯᠤᠩᠭᠠᠨ ᠬᠠᠷᠭᠤᠢ︾  ᠭᠡᠬᠦ ᠵᠦᠴᠤᠭᠡ ᠨᠢ ᠪᠦᠬᠦ ᠤᠷᠤᠨ  ᠤ ᠠᠷᠪᠠᠨ ᠬᠤᠶᠠᠲᠤᠭᠠᠷ ᠬᠤᠭᠤᠴᠠᠭᠠᠨ  ᠤ ᠤᠶᠤᠨ  ᠤ ᠪᠤᠯᠪᠠᠰᠤᠨ  ᠤ ᠪᠦᠲᠤᠭᠡᠨ ᠪᠠᠶᠢᠭᠤᠯᠤᠯᠲᠠ  ᠶᠢᠨ ︽ᠲᠠᠪᠤᠨ ᠨᠢᠭᠡ ᠶᠢᠨ ᠢᠨᠵᠧᠨᠧᠷᠢᠩ︾ ︵ ᠰᠢ ᠵᠦᠴᠤᠭᠡ   ᠶᠢᠨ ᠲᠦᠷᠤᠯ︶  ᠤᠨ ᠰᠢᠯᠢᠲᠡᠭ ᠪᠦᠲᠤᠭᠡᠯ  ᠤᠨ ᠱᠠᠩᠨᠠᠯ ᠬᠦᠷᠲᠠᠵᠤ᠂ ︽ ᠰᠤᠯᠤᠨ  ᠤ ᠰᠠᠳᠬᠢᠯᠭᠡ᠂ ᠡᠸᠠᠩᠬᠢ︾ ᠨᠢ ᠵᠢᠷᠭᠤᠲᠤᠭᠠᠷ ᠬᠤᠭᠤᠴᠠᠭᠠᠨ  ᠤ ᠦᠪᠤᠷ ᠮᠤᠩᠭᠤᠯ  ᠤᠨ ᠦᠪᠠᠷᠲᠠᠭᠡᠨ ᠵᠠᠰᠠᠬᠤ ᠤᠷᠤᠨ  ᠤ ᠤᠯᠠᠭᠠᠨᠮᠦ᠋ᠴᠢᠷ  ᠤᠨ ᠤᠷᠠᠯᠢᠭ  ᠤᠨ ᠨᠠᠶᠢᠷ ᠲᠠᠭᠡᠷ᠎ᠠ ᠪᠦᠯᠬᠦᠮ  ᠤᠨ ᠱᠠᠩᠨᠠᠯ  ᠤᠨ ᠠᠯᠲᠠᠨ ᠮᠧᠲᠯ  ᠢ ᠢᠷᠠᠭᠤ ᠠᠯᠲᠠᠷᠲᠡᠢ ᠪᠠᠷ ᠭᠠᠷᠲᠠᠪᠠ᠃ ᠬᠤᠲᠠ ᠬᠦᠲᠡᠭᠡ ᠶᠢᠨ ᠰᠤᠶᠤᠯ  ᠤᠨ ᠪᠠᠶᠢᠭᠤᠯᠤᠯᠲᠠ ᠯᠠᠪᠲᠠᠭᠤᠨ  ᠢᠶᠠᠷ ᠠᠬᠢᠭᠤᠯᠤᠭᠲᠠᠵᠤ ᠂ ᠤᠷᠠᠯᠢᠭ  ᠤᠨ ᠪᠦᠯᠬᠦᠮ ᠬᠦᠲᠡᠭᠡ ᠪᠠᠭᠤᠬᠤ᠂ ᠭᠠᠲᠠᠭᠰᠢ ᠤᠬᠠᠭᠤᠯᠬᠤ ᠲᠤᠭᠯᠠᠯᠲᠠ ᠭᠠᠷᠭᠠᠭᠰᠠᠨ ᠨᠢ 75 ᠲᠠᠯᠠᠪᠤᠷ ᠤᠲᠠᠭ᠎ᠠ ᠪᠤᠯᠵᠤ᠂ ︽2131︾ ᠢᠨᠵᠧᠨᠧᠷᠢᠩ  ᠤᠨ ᠨᠠᠶᠢᠲᠠ  ᠶᠢᠨ ᠠᠰᠠᠷᠠᠮᠵᠢ   ᠶᠢᠨ ᠺᠢᠨᠤ᠋  ᠭᠠᠷᠭᠠᠬᠤ ᠡᠬᠦᠷᠭᠡ ᠶᠢᠨ580 ᠲᠠᠯᠠᠪᠤᠷ  ᠢ ᠪᠠᠶᠠᠯᠠᠬᠦᠯᠪᠠ᠃ ᠡᠸᠠᠩᠬᠢ ᠭᠡᠯᠨ ᠪᠠᠷ ᠤᠷᠴᠢᠭᠤᠯᠤᠨ ᠤᠶᠢᠯᠠᠳᠬᠦ ᠲᠦᠪ  ᠢ ᠪᠠᠶᠢᠭᠤᠯᠵᠤ᠂ ᠡᠸᠠᠩᠬᠢ ᠭᠡᠯᠨ ᠪᠠᠷ ᠪᠢᠴᠢᠯ ᠺᠢᠨᠤ᠋ ᠤᠷᠴᠢᠭᠤᠯᠤᠨ ᠤᠶᠢᠯᠠᠳᠬᠦ ᠠᠵᠢᠯ  ᠢ ᠪᠠᠶᠠᠯᠠᠬᠦᠯᠪᠠ᠃ ᠪᠦᠬᠦ ᠤᠯᠤᠰ  ᠤᠨ ᠭᠤᠷᠪᠠᠨ ᠲᠤᠷᠰᠢᠯᠲᠠ ᠶᠢᠨ ᠴᠢᠭ᠋  ᠤᠨ ᠨᠢᠭᠡᠴᠠ  ᠶᠢᠨ ᠨᠢᠭᠡ ᠨᠢ ᠪᠤᠯᠤᠭᠰᠠᠨ  ᠢᠶᠠᠷ  ᠢᠶᠠᠨ ︽ ᠡᠷᠤᠭᠡ ᠪᠤᠯᠭᠠᠨ  ᠳᠤ ᠨᠠᠪᠲᠠᠷᠠᠬᠦᠯᠬᠦ︾ ᠢᠨᠵᠧᠨᠧᠷᠢᠩ  ᠢ ᠤᠭᠰᠠᠷᠠᠬᠤ ᠡᠬᠦᠷᠭᠡ ᠪᠠᠨ ᠤᠷᠢᠲᠠᠪᠠᠷ ᠪᠠᠶᠠᠯᠠᠬᠦᠯᠪᠠ᠃ ᠪᠦᠬᠦ ᠤᠯᠤᠰ  ᠤᠨ ᠠᠩᠬᠠᠲᠤᠭᠠᠷ ᠤᠲᠠᠭ᠎ᠠ  ᠶᠢᠨ ᠰᠢᠯᠵᠢᠬᠦᠯᠵᠤ ᠪᠤᠯᠬᠤ ᠲᠠᠤᠭᠡ  ᠶᠢᠨ ᠲᠤᠷᠠᠰᠬᠠᠯᠲᠤ ᠵᠤᠶᠢᠯᠠᠰ  ᠢ ᠨᠠᠶᠢᠲᠠᠮ ᠪᠠᠶᠢᠴᠠᠭᠠᠬᠤ ᠠᠵᠢᠯ  ᠢ ᠡᠮᠬᠢ ᠴᠡᠭᠴᠠ ᠲᠠᠢ ᠦᠷᠨᠢᠬᠦᠯᠪᠠ᠃ ᠰᠤᠲᠤᠨ ᠨᠠᠶᠢᠭᠡᠮ ᠲᠤᠭᠤᠷᠢᠭ  ᠤᠨ ᠪᠦᠲᠤᠭᠡᠨ ᠪᠠᠶᠢᠭᠤᠯᠤᠯᠲᠠ ᠶᠢ ᠯᠠᠪᠲᠠᠭᠤᠨ  ᠢᠶᠠᠷ ᠠᠬᠢᠭᠤᠯᠵᠤ᠂ ᠬᠤᠩᠭᠤᠯᠵᠢ ᠪᠠᠯᠭᠠᠰᠤ  ᠶᠢᠨ ᠠᠨ ᠶᠤᠸᠠᠨ ᠨᠠᠶᠢᠭᠡᠮ ᠲᠤᠭᠤᠷᠢᠭ᠂ ᠳ᠋ᠠᠶᠠᠨ ᠪᠠᠯᠭᠠᠰᠤ  ᠶᠢᠨ ᠶᠢᠨ ᠶᠠᠨ ᠪᠠ ᠴᠢᠶᠠᠨ ᠸᠧᠢ ᠨᠠᠶᠢᠭᠡᠮ ᠲᠤᠭᠤᠷᠢᠭ  ᠤᠨ ᠶᠠᠷᠤᠩᠭᠡᠢ ᠠᠵᠢᠯᠯᠠᠭᠠᠨ  ᠤ ᠲᠦᠪ  ᠢ ᠪᠦᠲᠤᠭᠡᠨ ᠪᠠᠶᠢᠭᠤᠯᠬᠤ ᠲᠦᠷᠤᠯ ᠵᠤᠶᠢᠯ ᠨᠢ ᠠᠵᠢᠯ  ᠢᠶᠠᠨ ᠲᠠᠭᠤᠰᠬᠠᠵᠤ  ᠠᠰᠢᠭᠯᠠᠯᠲᠠ ᠳᠤ ᠤᠷᠤᠵᠤ᠂ ᠪᠠᠶᠠᠨᠲᠤᠬᠤᠢ ᠪᠠᠯᠭᠠᠰᠤ  ᠶᠢᠨ ᠠᠨ ᠮᠧᠨ ᠨᠠᠶᠢᠭᠡᠮ ᠲᠤᠭᠤᠷᠢᠭ  ᠤᠨ ᠶᠠᠷᠤᠩᠭᠡᠢ ᠠᠵᠢᠯᠯᠠᠭᠠᠨ  ᠤ ᠲᠦᠪ ᠢ ᠰᠢᠨ᠎ᠠ ᠪᠠᠷ ᠪᠠᠶᠢᠭᠤᠯᠬᠤ ᠲᠦᠷᠤᠯ ᠵᠤᠶᠢᠯ  ᠠᠵᠢᠯ  ᠢᠶᠠᠨ ᠡᠬᠢᠯᠡᠬᠦᠯᠤᠨ ᠪᠦᠲᠤᠭᠡᠨ ᠪᠠᠶᠢᠭᠤᠯᠵᠤ ᠪᠤᠢ᠃ ᠨᠠᠮ  ᠤᠨ ᠦᠨᠲᠤᠰᠤᠲᠠᠨ  ᠤ ᠲᠦᠷᠤ  ᠶᠢᠨ ᠪᠤᠲᠤᠯᠭ᠎ᠠ ᠪᠦᠬᠦ ᠲᠠᠯ᠎ᠠ ᠪᠠᠷ ᠨᠠᠶᠢᠲᠠᠪᠤᠷᠢᠵᠢᠭᠲᠠᠨ᠂ ᠮᠠᠨ  ᠤ ᠬᠤᠰᠢᠭᠤ ᠲᠦᠷᠤ  ᠶᠢᠨ ᠶᠠᠪᠤᠲᠠᠯ  ᠤᠨ ᠬᠤᠷᠢᠶ᠎ᠠ  ᠳᠤ ᠵᠢᠷᠭᠤᠲᠤᠭᠠᠷ ᠤᠲᠠᠭ᠎ᠠ  ᠶᠢᠨ ᠪᠦᠬᠦ ᠤᠯᠤᠰ  ᠤᠨ ᠦᠨᠲᠤᠰᠤᠲᠠᠨ  ᠤ  ᠪᠦᠯᠬᠦᠮᠲᠠᠯ ᠲᠠᠪᠰᠢᠯᠲᠠ  ᠶᠢᠨ ᠵᠢᠱᠢᠶᠠᠴᠢ ᠬᠠᠮᠲᠤ ᠨᠢᠭᠡᠴᠠ  ᠪᠠᠷ ᠦᠨᠠᠯᠡᠭᠲᠠᠪᠠ︔ ᠤᠯᠤᠰ  ᠤᠨ ᠦᠨᠲᠤᠰᠤᠲᠠᠨ  ᠤ ᠠᠵᠢᠯ  ᠤᠨ ᠵᠦᠪᠯᠠᠯ  ᠳᠤ ︽ ᠪᠦᠬᠦ ᠤᠯᠤᠰ  ᠤᠨ ᠦᠨᠲᠤᠰᠤᠲᠠᠨ  ᠤ ᠪᠦᠯᠬᠦᠮᠲᠠᠯ ᠲᠠᠪᠰᠢᠯᠲᠠ ᠶᠢ ᠡᠬᠦᠳᠬᠦ ᠠᠵᠢᠯᠯᠠᠭ᠎ᠠ  ᠶᠢᠨ ᠵᠢᠱᠢᠶ᠎ᠠ ᠦᠵᠠᠬᠦᠯᠬᠦ ᠬᠤᠰᠢᠭᠤ︾ ᠪᠠᠷ ᠨᠠᠷᠠᠶᠢᠲᠦᠭᠲᠠᠪᠠ᠃ ︽ᠬᠤᠶᠠᠷ  ᠢ ᠬᠦᠷᠢᠶᠠᠯᠠᠬᠦ︾ ᠠᠵᠢᠯ ᠬᠦᠨᠵᠠᠭᠡᠢ ᠦᠷᠨᠢᠭᠲᠡᠨ᠂ ︽ ᠬᠤᠶᠠᠷ  ᠢ ᠬᠦᠷᠢᠶᠠᠯᠡᠭᠰᠠᠨ  ᠵᠢᠱᠢᠶᠠᠴᠢ ᠬᠤᠰᠢᠭᠤ︾  ᠶᠢᠨ ᠲᠦᠷᠪᠠᠲᠤᠭᠡᠷ ᠤᠲᠠᠭ᠎ᠠ  ᠶᠢᠨ ᠪᠠᠶᠢᠴᠠᠭᠠᠨ ᠠᠪᠤᠯᠲᠠ ᠶᠢ ᠤᠭᠲᠤᠬᠤ ᠠᠵᠢᠯ  ᠢ ᠪᠠᠶᠠᠯᠠᠬᠦᠯᠵᠤ᠂ ᠴᠡᠷᠢᠭ ᠵᠠᠰᠠᠭ ᠴᠡᠷᠢᠭ ᠠᠷᠠᠳ  ᠤᠨ ᠬᠠᠷᠢᠴᠠᠭ᠎ᠠ ᠤᠯᠠᠮ ᠡᠶ᠎ᠡ ᠵᠤᠬᠢᠴᠠᠩᠭᠤᠢ ᠪᠤᠯᠪᠠ᠃  ᠲᠦᠯᠤᠪᠯᠠᠭᠡᠲᠤ ᠦᠷᠠᠵᠢᠯ  ᠤᠨ ᠠᠵᠢᠯ ᠰᠢᠨ᠎ᠠ ᠠᠮᠵᠢᠯᠲᠠ  ᠤᠯᠵᠤ᠂ ᠬᠤᠢ ᠰᠤᠮᠤ  ᠶᠢᠨ ᠭᠠᠯᠠᠭᠤᠲᠤ ᠭᠠᠴᠠᠭ᠎ᠠ ᠨᠢ ᠲᠤᠮᠲᠠᠲᠤ ᠤᠯᠤᠰ  ᠤᠨ ᠲᠦᠯᠤᠪᠯᠠᠭᠡᠲᠤ ᠦᠷᠠᠵᠢᠯ  ᠤᠨ ᠨᠠᠶᠢᠭᠡᠮᠯᠢᠭ ᠲᠤ ︽ᠬᠦᠮᠤᠨ ᠠᠮᠨ ᠪᠠ ᠲᠦᠯᠤᠪᠯᠠᠭᠡᠲᠤ ᠦᠷᠠᠵᠢᠯ  ᠤᠨ ᠦᠨᠲᠤᠰᠤᠨ ᠱᠠᠲᠤᠨ  ᠤ ᠤᠯᠠᠨ ᠲᠦᠮᠠᠨ  ᠤ ᠦᠪᠠᠷᠲᠠᠭᠡᠨ ᠵᠠᠰᠠᠬᠤ ᠵᠢᠱᠢᠶ᠎ᠠ ᠦᠵᠠᠬᠦᠯᠬᠦ ᠲᠤᠰᠬᠤᠨ ᠰᠠᠭᠤᠭᠠᠯᠢ ᠠᠷᠠᠳ  ᠤᠨ ᠵᠦᠪᠯᠠᠯ︾  ᠢᠶᠠᠷ ᠴᠤᠯᠠᠯᠠᠭᠲᠠᠪᠠ᠃ ᠲᠤᠭ᠎ᠠ ᠪᠦᠷᠢᠳᠭᠡᠯ᠂ ᠲᠠᠩᠰᠨ ᠡᠪᠭᠡᠮᠠᠯ᠂ ᠠᠭᠠᠷ  ᠤᠨ ᠰᠠᠷᠭᠡᠶᠢᠯᠠᠯᠲᠠ᠂ ᠵᠠᠮᠲᠡᠭᠴᠤᠳ  ᠤᠨ ᠬᠤᠯᠪᠤᠭ᠎ᠠ᠂ ᠤᠯᠠᠭᠠᠨ ᠵᠠᠭᠠᠯᠮᠠᠶᠢᠲᠠᠨ  ᠤ ᠨᠠᠶᠢᠭᠡᠮᠯᠢᠭ᠂ ᠬᠠᠩᠭᠠᠨ ᠪᠤᠷᠤᠯᠠᠭᠤᠯᠬᠤ  ᠵᠠᠷᠭᠡ ᠠᠵᠢᠯ ᠡᠷᠠᠬᠦᠯ  ᠢᠶᠠᠷ ᠬᠦᠭᠵᠢᠵᠤ᠂ ᠪᠦᠬᠦ ᠬᠤᠰᠢᠭᠤᠨ  ᠤ ᠠᠵᠤ ᠠᠬᠤᠢ ᠨᠠᠶᠢᠭᠡᠮ  ᠤᠨ ᠬᠦᠭᠵᠢᠯᠲᠠ  ᠳᠤ ᠢᠲᠠᠪᠬᠢᠲᠡᠢ ᠬᠤᠪᠢ ᠨᠠᠮᠠᠷᠢ ᠦᠵᠠᠬᠦᠯᠪᠠ᠃ ︵ ᠲᠤᠯᠤᠭ᠎ᠠ︶ ᠠᠷᠠᠳ  ᠤᠨ ᠠᠮᠢᠲᠤᠷᠠᠯ  ᠤᠨ ᠢᠨᠵᠧᠨᠧᠷᠢᠩ ᠬᠦᠨᠵᠠᠭᠡᠢ ᠭᠡᠷᠡᠭᠵᠢᠬᠦᠯᠦᠭᠲᠠᠵᠤ᠂ ᠠᠷᠠᠳ ᠤᠯᠠᠨ  ᠳᠤ ᠨᠠᠩ ᠤᠯᠠᠨ ᠪᠤᠶᠠᠨ ᠭᠡᠰᠢᠭ ᠬᠦᠷᠲᠠᠭᠡᠪᠠ᠃ ᠪᠦᠬᠦ ᠬᠤᠰᠢᠭᠤᠨ  ᠤ ᠡᠳ᠋  ᠤᠨ ᠵᠠᠰᠠᠭ  ᠤᠨ ᠠᠷᠠᠳ  ᠤᠨ ᠠᠮᠢᠲᠤᠷᠠᠯ ᠳᠠᠬᠢ ᠵᠠᠷᠤᠯᠭ᠎ᠠ ᠨᠢ 16 ᠳ᠋ᠦᠩᠰᠢᠭᠤᠷ ᠲᠦᠬᠦᠷᠢᠭ  ᠲᠤ ᠬᠦᠷᠴᠤ᠂ ᠡᠳ᠋  ᠤᠨ ᠵᠠᠰᠠᠭ  ᠤᠨ ᠶᠠᠷᠤᠩᠭᠡᠢ ᠵᠠᠷᠤᠯᠭ᠎ᠠ  ᠶᠢᠨ 88%  ᠢ ᠡᠵᠠᠯᠠᠪᠠ᠃ ᠤᠶᠢᠯᠠᠰ ᠪᠤᠰᠬᠠᠯᠲᠠ ᠪᠠᠷ ᠠᠵᠢᠯ ᠤᠯᠭᠤᠬᠤ ᠢᠨᠵᠧᠨᠧᠷᠢᠩ ᠡᠮᠬᠢ ᠴᠡᠭᠴᠠ ᠲᠠᠢ ᠭᠡᠷᠡᠭᠵᠢᠬᠦᠯᠦᠭᠲᠠᠪᠠ᠃ ᠠᠵᠢᠯ ᠤᠯᠭᠤᠯᠲᠠ ᠶᠢ ᠠᠬᠢᠭᠤᠯᠬᠤ ᠭᠤᠷᠪᠠᠨ ᠵᠢᠯ  ᠤᠨ ᠲᠦᠯᠤᠪᠯᠡᠭᠡ ᠶᠢ ᠪᠦᠬᠦ ᠲᠠᠯ᠎ᠠ ᠪᠠᠷ ᠨᠠᠶᠢᠲᠠᠪᠤᠷᠢᠵᠢᠭᠤᠯᠵᠤ᠂ ᠤᠶᠢᠯᠠᠰ ᠪᠤᠰᠬᠠᠯᠲᠠ  ᠶᠢᠨ ᠮᠠᠶ᠋ᠢᠭ  ᠤᠨ ᠬᠤᠰᠢᠭᠤ ᠰᠢᠶᠠᠨ  ᠢ ᠡᠬᠦᠳᠬᠦ ᠠᠵᠢᠯ  ᠢ ᠯᠠᠪᠲᠠᠭᠤᠨ  ᠢᠶᠠᠷ  ᠲᠦᠯᠬᠢᠨ ᠠᠬᠢᠭᠤᠯᠪᠠ᠃ ᠪᠦᠬᠦ ᠵᠢᠯ  ᠳᠤ 1472 ᠬᠦᠮᠤᠨ  ᠳᠤ ᠰᠢᠨ᠎ᠠ ᠪᠠᠷ ᠠᠵᠢᠯ ᠤᠯᠭᠤᠬᠤ ᠶᠢ ᠪᠠᠶᠠᠯᠠᠬᠦᠯᠵᠤ᠂ ᠬᠤᠲᠠ ᠪᠠᠯᠭᠠᠰᠤ  ᠶᠢᠨ ᠠᠵᠢᠯ ᠠᠯᠲᠠᠭᠰᠠᠳ  ᠲᠤ ᠲᠠᠬᠢᠨ ᠠᠵᠢᠯ ᠤᠯᠭᠤᠭᠰᠠᠨ ᠨᠢ 287 ᠬᠦᠮᠤᠨ ᠪᠤᠯᠵᠤ᠂ 100 ᠲᠠᠷᠢᠶᠠᠴᠢᠨ ᠮᠠᠯᠴᠢᠨ  ᠢ ᠰᠢᠯᠵᠢᠬᠦᠯᠤᠨ ᠠᠵᠢᠯ ᠤᠯᠭᠤᠵᠤ᠂ 8 ︽ ᠠᠵᠢᠯ ᠲᠠᠢ ᠬᠦᠮᠤᠨ ᠦᠭᠡᠢ ᠭᠡᠷ ᠪᠦᠯᠢ︾  ᠳᠤ ᠠᠵᠢᠯ ᠲᠠᠢ ᠪᠤᠯᠭᠠᠬᠤ ᠶᠢ ᠪᠠᠶᠠᠯᠠᠬᠦᠯᠵᠤ᠂ ᠠᠵᠯ ᠤᠶᠢᠯᠠᠰ  ᠤᠨ ᠨᠢᠭᠡᠴᠠ  ᠳᠤ 97 ᠨᠠᠷᠠᠰ ᠠᠵᠢᠯᠲᠠᠨ  ᠢ  ᠢᠯᠨ ᠪᠠᠷ ᠰᠢᠯᠭᠠᠨ ᠡᠯᠰᠠᠵᠤ᠂ ᠬᠤᠲᠠ ᠪᠠᠯᠭᠠᠰᠤ  ᠶᠢᠨ ᠲᠠᠩᠰᠠᠯᠠᠭᠤᠯᠤᠭᠰᠠᠨ ᠠᠵᠢᠯ ᠠᠯᠲᠠᠯᠲᠠ  ᠶᠢᠨ ᠨᠤᠷᠮ᠎ᠠ ᠶᠢ 3.73% ᠲᠤᠲᠤᠷ᠎ᠠ ᠬᠢᠵᠠᠭᠠᠷᠯᠠᠪᠠ᠃ ᠶᠠᠲᠠᠭᠤ ᠶᠢ ᠲᠠᠳᠬᠦᠬᠦ ᠪᠠᠬᠢᠯᠠᠯᠲᠠ ᠲᠠᠭᠠᠷᠢᠬᠤ ᠢᠨᠵᠧᠨᠧᠷᠢᠩ ᠯᠠᠪᠲᠠᠭᠤᠨ  ᠢᠶᠠᠷ ᠠᠬᠢᠭᠤᠯᠤᠭᠲᠠᠵᠤ᠂ ︽ ᠭᠤᠷᠪᠠ ᠶᠢ ᠲᠤᠰᠬᠤᠨ  ᠳᠤ ᠬᠦᠷᠭᠡᠵᠤ᠂ ᠭᠤᠷᠪᠠ ᠶᠢ ᠡᠷᠤᠭᠡ  ᠳᠤ ᠬᠦᠷᠭᠡᠬᠦ︾ ᠠᠵᠢᠯ ᠡᠮᠬᠢ ᠴᠡᠭᠴᠠ ᠲᠠᠢ ᠦᠷᠨᠢᠭᠲᠡᠨ᠂ ᠨᠢᠭᠡᠲᠤᠭᠡᠷ ᠵᠢᠯ  ᠤᠨ ᠲᠦᠷᠤᠯ ᠵᠤᠶᠢᠯ  ᠤᠨ ᠪᠠᠯᠨ ᠮᠦᠩᠬᠦ ᠶᠢ 850 ᠲᠦᠮᠠᠨ ᠲᠦᠬᠦᠷᠢᠭ ᠨᠠᠶᠢᠲᠠᠪᠤᠷᠢᠵᠢᠭᠤᠯᠪᠠ᠃ ᠶᠠᠲᠠᠭᠤ ᠶᠢ ᠲᠠᠳᠬᠦᠬᠦ ᠨᠠᠷᠢᠯᠢᠭ ᠤᠨᠤᠪᠴᠢᠲᠡᠢ ᠠᠵᠢᠯ  ᠤᠨ ᠲᠤᠭᠲᠠᠴᠠ  ᠶᠢ ᠪᠠᠶᠢᠭᠤᠯᠵᠤ᠂ ᠶᠠᠲᠠᠭᠤ ᠶᠢ ᠲᠠᠳᠬᠦᠬᠦ ᠲᠦᠯᠤᠪᠵᠢᠬᠦᠯᠭᠡ᠂ ᠶᠠᠲᠠᠭᠤ ᠶᠢ ᠲᠠᠳᠬᠦᠬᠦ ᠲᠦᠷᠤᠯ ᠵᠤᠶᠢᠯ᠂ ᠶᠠᠲᠠᠭᠤ ᠶᠢ ᠲᠠᠳᠬᠦᠬᠦ ᠡᠲᠠᠭᠡᠳ  ᠢ ᠵᠠᠪᠰᠠᠷ ᠦᠭᠡᠢ ᠵᠤᠯᠭᠤᠯᠲᠤᠭᠤᠯᠬᠤ ᠶᠢ ᠪᠠᠶᠠᠯᠠᠬᠦᠯᠪᠠ᠃ ᠮᠦᠩᠬᠦᠨ ᠬᠦᠢᠯᠭᠡᠭᠡᠨ  ᠤ ᠶᠠᠲᠠᠭᠤ  ᠶᠢ ᠲᠠᠳᠬᠦᠬᠦ ᠠᠷᠠᠳ  ᠢ ᠪᠠᠶᠠᠵᠢᠭᠤᠯᠬᠤ ᠢᠨᠵᠧᠨᠧᠷᠢᠩ  ᠢ ᠯᠠᠪᠲᠠᠭᠤᠨ  ᠢᠶᠠᠷ ᠠᠬᠢᠭᠤᠯᠵᠤ᠂ ᠮᠦᠩᠬᠦᠨ ᠬᠦᠢᠯᠭᠡᠭᠡᠨ  ᠤ ᠶᠠᠲᠠᠭᠤ ᠶᠢ ᠲᠠᠳᠬᠦᠬᠦ ᠠᠷᠠᠳ  ᠢ ᠪᠠᠶᠠᠵᠢᠭᠤᠯᠬᠤ ᠢᠨᠵᠧᠨᠧᠷᠢᠩ  ᠤᠨ ᠵᠢᠭᠡᠯᠠᠯᠭᠡ ᠶᠢ 1 ᠳ᠋ᠦᠩᠰᠢᠭᠤᠷ ᠲᠦᠬᠦᠷᠢᠭ ᠲᠠᠷᠬᠠᠭᠠᠵᠤ᠂ 1556 ᠮᠠᠯᠴᠢᠨ ᠡᠷᠤᠭᠡ ᠶᠢ ᠪᠦᠷᠬᠦᠬᠦᠯᠪᠠ᠃ ᠪᠦᠬᠦ ᠵᠢᠯ  ᠳᠤ 530 ᠶᠠᠲᠠᠭᠤ ᠬᠦᠴᠢᠷᠲᠠᠯᠲᠡᠢ ᠬᠦᠮᠤᠨ ᠠᠮᠨ ᠶᠢ ᠶᠠᠲᠠᠭᠤ  ᠠᠴᠠ ᠠᠩᠬᠢᠵᠢᠷᠠᠭᠤᠯᠪᠠ᠃ ᠠᠷᠠᠳ  ᠢ ᠠᠮᠤᠭᠤᠯᠠᠩ ᠤᠷᠤᠨ ᠰᠠᠭᠤᠴᠠ ᠲᠠᠢ ᠪᠤᠯᠭᠠᠬᠤ ᠢᠨᠵᠧᠨᠧᠷᠢᠩ ᠪᠤᠲᠠᠲᠤ ᠦᠷ᠎ᠠ ᠠᠰᠢᠭ ᠤᠯᠪᠠ᠃ ᠰᠢᠨ᠎ᠠ ᠬᠤᠲᠠ  ᠶᠢᠨ ᠵᠢᠶ᠋ᠨ ᠶᠤᠸᠠᠨ ᠵᠠᠷᠭᠡ ᠬᠤᠲᠠ  ᠶᠢᠨ ᠨᠤᠷᠠᠬᠤ ᠠᠶᠤᠯᠲᠡᠢ ᠭᠡᠷ ᠪᠠᠶᠢᠰᠢᠩ  ᠢ ᠵᠠᠰᠠᠨ ᠰᠢᠨᠠᠳᠭᠡᠬᠦ ᠲᠦᠷᠤᠯ ᠵᠤᠶᠢᠯ  ᠤᠨ 3 ᠵᠤᠶᠢᠯ  ᠤᠨ ᠠᠵᠢᠯ  ᠢ ᠨᠢ ᠡᠬᠢᠯᠠᠬᠦᠯᠤᠨ ᠪᠦᠲᠤᠭᠡᠨ ᠪᠠᠶᠢᠭᠤᠯᠵᠤ᠂ 3.5 ᠳ᠋ᠦᠩᠰᠢᠭᠤᠷ ᠲᠦᠬᠦᠷᠢᠭ  ᠤᠨ ᠪᠠᠯᠨ ᠤᠷᠤᠭᠤᠯᠪᠠ︔ ᠳ᠋ᠠᠶᠠᠨ  ᠤ ᠨᠤᠷᠠᠬᠤ ᠠᠶᠤᠯᠲᠡᠢ ᠭᠡᠷ ᠪᠠᠶᠢᠰᠢᠩ  ᠢ  ᠵᠠᠰᠠᠨ ᠰᠢᠨᠠᠳᠭᠡᠬᠦ ᠢᠨᠵᠧᠨᠧᠷᠢᠩ ᠰᠢᠨ᠎ᠠ ᠠᠬᠢᠴᠠ ᠲᠠᠢ ᠪᠤᠯᠵᠤ᠂ 2000 ᠡᠷᠤᠭᠡ  ᠶᠢᠨ ᠤᠷᠤᠨ ᠰᠠᠭᠤᠴᠠ  ᠶᠢᠨ ᠠᠰᠠᠷ  ᠢ ᠪᠦᠲᠤᠭᠡᠨ ᠪᠠᠶᠢᠭᠤᠯᠬᠤ  ᠢᠨᠵᠧᠨᠧᠷᠢᠩ ᠨᠢ ᠤᠲᠠᠯ ᠦᠭᠡᠢ ᠲᠤᠰᠢᠶᠠᠵᠤ ᠭᠡᠷᠡᠭᠯᠠᠬᠦᠯᠬᠦ ᠪᠠᠷ ᠪᠠᠶᠢᠨ᠎ᠠ᠃ 90 ᠢᠵᠢ ᠬᠢᠮᠲᠠ ᠲᠦᠷᠢᠶᠠᠰᠤᠨ ᠤᠷᠤᠨ ᠰᠠᠭᠤᠴᠠ ᠪᠠ 25 ᠢᠵᠢ ᠤᠯᠠᠨ ᠨᠠᠶᠢᠲᠠ  ᠶᠢᠨ ᠲᠦᠷᠢᠶᠠᠰᠤᠨ ᠤᠷᠤᠨ ᠰᠠᠭᠤᠴᠠ ᠶᠢ ᠤᠲᠠᠯ ᠦᠭᠡᠢ ᠡᠷᠤᠭᠡ ᠳᠤᠨᠢ ᠲᠦᠭᠡᠭᠡᠨ ᠦᠭᠬᠦ ᠪᠠᠷ ᠪᠠᠶᠢᠨ᠎ᠠ᠃ ᠭᠠᠮᠰᠢᠭ  ᠤᠨ ᠲᠠᠷᠠᠭ᠎ᠠ ᠲᠠᠬᠢᠨ ᠪᠦᠲᠤᠭᠡᠨ ᠪᠠᠶᠢᠭᠤᠯᠬᠤ ᠢᠨᠵᠧᠨᠧᠷᠢᠩ ᠨᠢ ᠠᠵᠢᠯ  ᠢᠶᠠᠨ ᠲᠠᠭᠤᠰᠬᠠᠨ ᠭᠡᠷᠡᠭᠯᠠᠬᠦᠯᠵᠤ᠂ 306 ᠡᠷᠤᠭᠡ ᠭᠠᠮᠰᠢᠭᠲᠠᠭᠰᠠᠨ ᠤᠯᠠᠨ ᠲᠦᠮᠠᠨ  ᠢ ᠤᠷᠢᠳ ᠬᠤᠵᠢᠳ ᠰᠢᠨ᠎ᠠ ᠤᠷᠤᠨ ᠰᠠᠭᠤᠴᠠ  ᠳᠤ ᠨᠠᠬᠦᠯᠭᠡᠨ ᠤᠷᠤᠭᠤᠯᠪᠠ᠃ ᠨᠠᠶᠢᠭᠡᠮ  ᠤᠨ ᠪᠠᠲᠤᠯᠠᠭ᠎ᠠ  ᠶᠢᠨ ᠲᠦᠪᠰᠢᠨ ᠠᠭᠠᠵᠢᠮ  ᠢᠶᠠᠷ ᠲᠠᠭᠡᠭᠰᠢᠯᠠᠪᠠ᠃ ᠨᠠᠶᠢᠭᠡᠮ  ᠤᠨ ᠨᠠᠰᠤᠵᠢᠯ  ᠤᠨ ᠲᠠᠭᠠᠳᠬᠠᠯ᠂ ᠬᠤᠲᠠ ᠪᠠᠯᠭᠠᠰᠤ  ᠶᠢᠨ ᠡᠮᠨᠠᠯᠭᠡ  ᠶᠢᠨ ᠲᠠᠭᠠᠳᠬᠠᠯ  ᠤᠨ ᠪᠦᠷᠬᠦᠴᠠ  ᠶᠢᠨ ᠨᠤᠷᠮ᠎ᠠ ᠲᠠᠰᠤᠷᠠᠯᠲᠠ ᠦᠭᠡᠢ ᠦᠷᠭᠡᠳᠴᠤ᠂ ᠲᠠᠭᠠᠳᠬᠠᠯ  ᠳᠤ ᠤᠷᠤᠯᠴᠠᠭᠰᠠᠳ ᠨᠢ ᠲᠤᠰ ᠲᠤᠰ 4.5 ᠲᠦᠮᠠᠨ ᠬᠦᠮᠤᠨ ᠪᠠ 11.2 ᠲᠦᠮᠠᠨ ᠬᠦᠮᠤᠨ ᠪᠤᠯᠪᠠ᠃ ᠲᠠᠷᠢᠶᠠᠯᠠᠬᠤ ᠮᠠᠯᠵᠢᠬᠤ ᠤᠷᠤᠨ  ᠤ ᠰᠢᠨ᠎ᠠ ᠮᠠᠶ᠋ᠢᠭ  ᠤᠨ ᠬᠤᠷᠰᠢᠭᠰᠠᠨ ᠡᠮᠨᠠᠯᠭᠡ  ᠶᠢᠨ ᠪᠠᠯᠨ ᠴᠤᠭᠯᠠᠭᠤᠯᠬᠤ ᠲᠦᠪᠰᠢᠨ ᠠᠯᠬᠤᠮ ᠴᠢᠨᠠᠭᠰᠢᠲᠠ ᠲᠠᠭᠡᠭᠰᠢᠯᠠᠵᠤ᠂ ᠬᠦᠮᠤᠨ ᠲᠤᠮᠲᠠᠴᠢ  ᠶᠢᠨ ᠪᠠᠯᠨ ᠴᠤᠭᠯᠠᠭᠤᠯᠬᠤ ᠪᠠᠷᠢᠮᠵᠢᠶ᠎ᠠ ᠨᠢ 410 ᠲᠦᠬᠦᠷᠢᠭ  ᠲᠤ ᠬᠦᠷᠴᠤ᠂ ᠬᠤᠷᠰᠢᠭᠰᠠᠨ ᠡᠮᠨᠠᠯᠭᠡ  ᠳᠤ ᠤᠷᠤᠯᠴᠠᠭᠰᠠᠨ ᠨᠤᠷᠮ᠎ᠠ ᠨᠢ 99% ᠲᠤ  ᠬᠦᠷᠪᠠ᠃ ᠬᠤᠲᠠ ᠬᠦᠲᠡᠭᠡ  ᠶᠢᠨ ᠡᠮᠴᠢᠯᠠᠭᠡᠨ  ᠤ ᠠᠪᠤᠷᠠᠨ ᠲᠤᠰᠯᠠᠯᠲᠠ  ᠶᠢᠨ ︽ ᠨᠢᠭᠡ ᠦᠷᠲᠠᠭᠡᠨ  ᠤ ᠭᠡᠯᠪᠠᠷᠢᠲᠤ︾ ᠲᠠᠷᠤᠢ ᠳᠤᠨᠢ ᠳ᠋ᠦᠩᠨᠠᠨ ᠪᠤᠲᠤᠬᠤ ᠲᠠᠪᠴᠠᠩ ᠪᠠᠶᠢᠭᠤᠯᠪᠠ᠃ ᠬᠤᠲᠠ ᠬᠦᠲᠡᠭᠡ  ᠶᠢᠨ ᠨᠠᠭᠠᠲᠤ ᠵᠠᠬ᠎ᠠ  ᠶᠢᠨ ᠠᠮᠢᠲᠤᠷᠠᠯ  ᠤᠨ ᠪᠠᠲᠤᠯᠠᠪᠤᠷᠢ  ᠶᠢᠨ ᠪᠠᠷᠢᠮᠵᠢᠶ᠎ᠠ ᠢ ᠦᠰᠭᠡᠭᠡᠳ 460 ᠲᠦᠬᠦᠷᠢᠭ  ᠲᠤ ᠬᠦᠷᠭᠡᠵᠤ᠂ ᠪᠦᠬᠦ ᠵᠢᠯ  ᠳᠤ ᠬᠤᠲᠠ ᠬᠦᠲᠡᠭᠡ  ᠶᠢᠨ ᠨᠠᠭᠠᠲᠤ ᠵᠠᠬ᠎ᠠ  ᠶᠢᠨ ᠠᠮᠢᠲᠤᠷᠠᠯ  ᠤᠨ ᠪᠠᠲᠤᠯᠠᠪᠤᠷᠢ  ᠶᠢᠨ  ᠪᠠᠯᠨ ᠮᠦᠩᠬᠦ ᠶᠢ 571 ᠲᠠᠷᠬᠠᠭᠠᠵᠤ᠂  ᠮᠠᠯᠵᠢᠬᠤ ᠤᠷᠤᠨ  ᠤ ᠲᠠᠪᠤᠨ ᠪᠠᠲᠤᠯᠠᠭᠠᠲᠤ ᠡᠲᠠᠭᠡᠳ ᠪᠤᠯᠤᠨ ᠬᠤᠲᠠ ᠪᠠᠯᠭᠠᠰᠤ  ᠶᠢᠨ  ︽ ᠭᠤᠷᠪᠠ ᠦᠭᠡᠢ︾ ᠬᠦᠮᠤᠰ  ᠢ ᠲᠠᠵᠢᠭᠡᠬᠦ ᠪᠠᠯᠨ ᠮᠦᠩᠬᠦ 358 ᠲᠦᠮᠠᠨ ᠲᠦᠬᠦᠷᠢᠭ ᠲᠠᠷᠬᠠᠭᠠᠪᠠ᠃ ᠨᠠᠶᠢᠭᠡᠮ  ᠤᠨ ᠭᠠᠮᠰᠢᠭ  ᠠᠴᠠ ᠠᠪᠤᠷᠠᠨ ᠲᠤᠰᠠᠯᠬᠠᠤ ᠠᠵᠢᠯ  ᠯᠠᠪᠲᠠᠭᠤᠨ  ᠢᠶᠠᠷ ᠠᠬᠢᠭᠤᠯᠤᠭᠲᠠᠵᠤ᠂ ᠬᠤᠰᠢᠭᠤᠨ  ᠤ ᠭᠠᠮᠰᠢᠭ  ᠠᠴᠠ ᠠᠪᠤᠷᠠᠨ ᠲᠤᠰᠠᠯᠠᠬᠤ ᠡᠳ᠋ ᠪᠤᠲᠠᠰ ᠨᠦᠭᠡᠴᠠᠯᠠᠬᠦ ᠬᠦᠮᠤᠷᠭᠡ ᠶᠢ ᠪᠠᠶᠢᠭᠤᠯᠵᠤ ᠪᠠᠷᠠᠭᠠᠳ ᠭᠡᠷᠡᠭᠯᠠᠬᠦᠯᠵᠤ ᠪᠤᠢ᠂ ᠪᠦᠬᠦ ᠵᠢᠯ  ᠳᠤ 178 ᠲᠦᠮᠠᠨ ᠲᠦᠬᠦᠷᠢᠭ  ᠤᠨ ᠭᠠᠮᠰᠢᠭ  ᠠᠴᠠ ᠠᠪᠤᠷᠠᠬᠤ ᠪᠠᠯᠨ ᠮᠦᠩᠬᠦ ᠶᠢ ᠰᠠᠯᠭᠠᠨ ᠦᠭᠴᠤ᠂ ᠠᠪᠤᠷᠠᠨ ᠲᠤᠰᠠᠯᠠᠭᠲᠠᠭᠰᠠᠨ ᠭᠠᠮᠰᠢᠭᠲᠠᠭᠰᠠᠨ ᠠᠷᠠᠳ ᠨᠢ 3830 ᠬᠦᠮᠤᠨ ᠤᠲᠠᠭ᠎ᠠ ᠪᠤᠯᠪᠠ᠃ ᠨᠠᠶᠢᠭᠡᠮ  ᠤᠨ ᠠᠰᠠᠷᠠᠮᠵᠢ  ᠶᠢᠨ ᠤᠶᠢᠯᠠᠰ ᠢᠲᠠ ᠬᠦᠴᠤ ᠲᠠᠢ ᠬᠦᠭᠵᠢᠵᠤ᠂ ᠬᠤᠰᠢᠭᠤᠨ  ᠤ ᠨᠠᠶᠢᠭᠡᠮ ᠤᠨ ᠠᠰᠠᠷᠠᠮᠵᠢ  ᠶᠢᠨ ᠲᠦᠪ  ᠤᠨ ᠳ᠋ᠠᠶᠠᠨ  ᠤ ᠬᠤᠪᠢᠶᠠᠷᠢ ᠬᠦᠷᠢᠶᠠᠯᠠᠩ  ᠢ ᠠᠰᠢᠭᠯᠠᠯᠲᠠ  ᠳᠤ ᠤᠷᠤᠭᠤᠯᠤᠨ  ᠡᠵᠠᠩᠨᠠᠬᠦᠯᠵᠤ᠂ ᠢᠮᠢᠨ ᠰᠤᠮᠤ᠂ ᠬᠤᠢ ᠰᠤᠮᠤ ᠪᠠ ᠪᠠᠶᠠᠨᠲᠠᠯ᠎ᠠ ᠰᠢᠶᠠᠩ  ᠤᠨ  ᠨᠠᠰᠤᠲᠠᠨ  ᠢ ᠠᠰᠠᠷᠠᠬᠤ ᠬᠠᠷᠢᠯᠴᠠᠨ ᠬᠠᠪᠰᠤᠷᠤᠯᠴᠠᠬᠤ ᠵᠤᠯ ᠵᠢᠷᠭᠠᠯ  ᠤᠨ ᠬᠦᠷᠢᠶᠠᠯᠠᠩ  ᠤᠨ ᠲᠦᠷᠤᠯ ᠵᠤᠶᠢᠯ  ᠤᠨ ᠠᠵᠢᠯ  ᠢ ᠡᠬᠢᠯᠠᠬᠦᠯᠤᠨ ᠪᠦᠲᠤᠭᠡᠨ ᠪᠠᠶᠢᠭᠤᠯᠵᠤ᠂  ᠹᠦ᠋ ᠱᠸᠤ ᠨᠠᠰᠤᠲᠠᠨ  ᠢ ᠲᠤᠬᠢᠲᠡᠢ ᠠᠰᠠᠷᠠᠨ ᠬᠠᠷᠠᠭᠠᠯᠵᠠᠬᠤ ᠬᠦᠷᠢᠶᠠᠯᠠᠩ  ᠤᠨ ᠶᠠᠷᠤᠩᠭᠡᠶᠢᠯᠡᠭᠰᠠᠨ ᠠᠰᠠᠷ  ᠢ ᠠᠰᠢᠭᠯᠠᠯᠲᠠ ᠤᠷᠤᠭᠤᠯᠤᠨ ᠡᠵᠠᠩᠨᠠᠬᠦᠯᠪᠠ᠃ ᠨᠢᠬᠦᠯᠠᠰᠤᠩᠬᠦᠢ  ᠶᠢᠨ ᠤᠶᠢᠯᠠᠰ ᠰᠢᠨ᠎ᠠ ᠠᠯᠬᠤᠴᠠ ᠲᠠᠢ  ᠪᠤᠯᠵᠤ᠂ ᠬᠤᠰᠢᠭᠤᠨ  ᠤ ᠨᠢᠬᠦᠯᠡᠰᠤᠩᠬᠦᠢ  ᠶᠢᠨ ᠨᠠᠶᠢᠭᠡᠮᠯᠢᠭ ᠵᠢᠩᠬᠢᠨᠢ ᠪᠠᠷ ᠪᠠᠶᠢᠭᠤᠯᠤᠭᠲᠠᠪᠠ᠃ ︽ᠨᠢᠭᠡ ᠲᠤᠨ ᠨᠠᠬᠦᠷᠠᠰᠤ︾  ᠶᠢᠨ ᠢᠨᠵᠧᠨᠧᠷᠢᠩ ᠨᠢ ᠠᠷᠠᠳ  ᠤᠨ ᠰᠠᠳᠬᠢᠯ  ᠢ ᠲᠤᠯᠠᠭᠠᠴᠠᠭᠤᠯᠵᠤ᠂ 4900 ᠲᠤᠤᠷ᠎ᠠ ᠤᠷᠤᠯᠭᠠᠲᠤ ᠭᠡᠷ ᠪᠦᠯᠢ  ᠳᠤ ᠲᠤᠯᠠᠭᠠᠯᠠᠮᠵᠢ  ᠶᠢᠨ ᠨᠦᠬᠦᠪᠤᠷᠢ ᠶᠢ 294 ᠲᠦᠮᠠᠨ ᠲᠦᠬᠦᠷᠢᠭ ᠲᠠᠷᠬᠠᠭᠠᠨ ᠦᠭᠪᠠ᠃ ᠶᠠᠲᠠᠭᠤ ᠬᠦᠴᠢᠷᠲᠠᠯᠲᠡᠢ ᠤᠶᠤᠲᠠᠳ  ᠢ ᠠᠪᠤᠷᠠᠨ ᠲᠤᠰᠠᠯᠠᠬᠤ ᠠᠵᠢᠯ ᠯᠠᠪᠲᠠᠭᠤᠨ  ᠢᠶᠠᠷ ᠭᠡᠷᠡᠭᠵᠢᠬᠦᠯᠦᠭᠲᠠᠵᠤ᠂ ᠶᠠᠲᠠᠭᠤ ᠬᠦᠴᠢᠷᠲᠠᠯᠲᠡᠢ ᠤᠶᠤᠲᠠᠨ  ᠢ ᠲᠤᠰᠠᠯᠠᠬᠤ ᠮᠦᠩᠬᠦ ᠶᠢ 560 ᠲᠦᠮᠠᠨ ᠲᠦᠬᠦᠷᠢᠭ ᠲᠠᠷᠬᠠᠭᠠᠪᠠ᠃ ᠮᠠᠯ ᠠᠵᠤ ᠠᠬᠤᠢ  ᠶᠢᠨ ᠬᠦᠭᠵᠢᠯᠲᠠ  ᠶᠢᠨ ᠪᠠᠲᠤᠯᠠᠭ᠎ᠠ ᠶᠢᠨ ᠲᠤᠭᠲᠠᠴᠠ ᠲᠠᠰᠤᠷᠠᠯᠲᠠ ᠦᠭᠡᠢ ᠲᠠᠬᠦᠯᠲᠠᠷᠵᠢᠨ᠂  ︽ᠲᠠᠷᠢᠶᠠᠴᠢᠳ ᠲᠤ ᠠᠰᠢᠭ ᠬᠦᠷᠲᠠᠭᠡᠬᠦ ᠵᠢᠭᠡᠯᠠᠯᠭᠡ︾᠂  ︽ᠲᠡᠵᠢᠭᠡᠨ ᠦᠷᠠᠵᠢᠬᠦᠯᠬᠦ  ᠶᠢᠨ ᠵᠢᠭᠡᠯᠠᠯᠭᠡ︾ ᠵᠠᠷᠭᠡ ᠲᠠᠷᠢᠶᠠᠴᠢᠨ ᠮᠠᠯᠴᠢᠳ  ᠲᠤ ᠬᠤᠯᠪᠤᠭᠲᠠᠬᠤ ᠵᠢᠭᠡᠯᠠᠯᠭᠡ  ᠶᠢᠨ ᠠᠵᠢᠯ  ᠢ ᠵᠢᠩᠬᠢᠨᠢ ᠪᠠᠷ ᠡᠬᠢᠯᠠᠬᠦᠯᠪᠠ᠃ ︽ ᠠᠷᠪᠠ ᠶᠢ ᠪᠦᠷᠬᠦᠬᠦᠯᠬᠦ︾ ᠢᠨᠵᠧᠨᠧᠷᠢᠩ ᠰᠠᠶᠢᠨ ᠡᠬᠢᠯᠠᠯᠲᠠ ᠲᠠᠢ ᠪᠤᠯᠪᠠ᠃ 9090 ᠲᠦᠮᠠᠨ ᠲᠦᠬᠦᠷᠢᠭ  ᠤᠨ ᠪᠠᠯᠨ ᠤᠷᠤᠭᠤᠯᠵᠤ᠂ 137 ᠡᠷᠤᠭᠡ ᠨᠤᠷᠠᠬᠤ ᠠᠶᠤᠯᠲᠡᠢ ᠭᠡᠷ ᠪᠠᠶᠢᠰᠢᠩ  ᠢ  ᠵᠠᠰᠠᠨ ᠰᠢᠨᠠᠳᠭᠡᠵᠤ᠂ 3 ᠭᠠᠵᠠᠷ  ᠲᠤ ᠲᠦᠪᠯᠠᠷᠠᠬᠦᠯᠤᠨ ᠤᠰᠤ ᠬᠠᠩᠭᠠᠬᠤ ᠢᠨᠵᠧᠨᠧᠷᠢᠩ  ᠢ ᠰᠢᠨ᠎ᠠ ᠪᠠᠷ ᠪᠠᠶᠢᠭᠤᠯᠵᠤ᠂ 737 ᠢᠵᠢ ᠤᠰᠤ ᠰᠢᠢᠳᠪᠤᠷᠢᠯᠠᠬᠦ ᠪᠠᠯᠠᠳᠭᠡᠮᠵᠢ ᠲᠠᠷᠠᠭᠠᠬᠠᠵᠤ᠂ 239 ᠬᠤᠳᠲᠤᠭ ᠮᠠᠯᠲᠠᠵᠤ᠂ 7248 ᠬᠦᠮᠤᠨ   ᠤ ᠠᠮᠤᠷ ᠲᠦᠪᠰᠢᠨ ᠤᠰᠤ ᠤᠮᠲᠠ  ᠶᠢᠨ ᠠᠰᠠᠭᠤᠲᠠᠯ  ᠢ ᠰᠢᠢᠳᠪᠤᠷᠢᠯᠠᠵᠤ᠂ ᠵᠠᠭᠡᠯᠢ ᠭᠤᠲᠤᠮᠵᠢ  ᠶᠢᠨ ᠵᠠᠮ  ᠢ 71 ᠺᠢᠯᠤᠮᠧᠲᠷ ᠴᠠᠷᠲᠠᠵᠤ᠂ ᠬᠦᠲᠡᠭᠡ ᠲᠤᠰᠬᠤᠨ  ᠤ ᠴᠠᠬᠢᠯᠭᠠᠨ ᠲᠤᠤᠷ  ᠢ ᠦᠭᠡᠷᠠᠴᠢᠯᠠᠨ ᠲᠠᠰ ᠲᠠᠪᠰᠢᠬᠦᠯᠦᠭᠰᠠᠨ ᠨᠢ 20.8 ᠺᠢᠯᠤᠮᠧᠲᠷ ᠪᠤᠯᠵᠤ᠂ 48 ᠡᠷᠤᠭᠡ  ᠳᠤ ᠴᠠᠬᠢᠯᠭᠠᠨ ᠨᠠᠪᠲᠠᠷᠠᠬᠦᠯᠬᠦ  ᠶᠢ ᠪᠠᠶᠠᠯᠠᠬᠦᠯᠵᠤ᠂ 2 ᠰᠠᠭᠤᠷᠢ ᠰᠤᠷᠭᠠᠭᠤᠯᠢ  ᠶᠢᠨ ᠭᠡᠷ  ᠪᠠᠶᠢᠰᠢᠩ ᠢ ᠪᠠᠬᠢᠯᠠᠵᠤ ᠦᠭᠡᠷᠠᠴᠢᠯᠠᠬᠦ ᠢᠨᠵᠧᠨᠧᠷᠢᠩ  ᠢ ᠪᠠᠶᠠᠯᠠᠬᠦᠯᠤᠨ᠂ 3 ᠭᠠᠵᠠᠷ  ᠲᠤ ᠪᠠᠷᠢᠮᠵᠢᠶᠠᠵᠢᠭᠰᠠᠨ ᠡᠷᠠᠬᠦᠯ ᠬᠠᠮᠠᠭᠠᠯᠠᠯ  ᠤᠨ ᠭᠡᠷ ᠪᠠ 6 ᠭᠠᠴᠠᠭ᠎ᠠ  ᠶᠢᠨ ᠠᠵᠢᠯᠯᠠᠭᠠᠨ  ᠤ ᠭᠡᠷ  ᠢ ᠰᠢᠨ᠎ᠠ ᠪᠠᠷ ᠪᠠᠶᠢᠭᠤᠯᠤᠨ᠂ ᠠᠷᠠᠳ  ᠲᠤ ᠲᠦᠬᠦᠮ ᠦᠵᠠᠬᠦᠯᠬᠦ 8 ᠭᠡᠯᠬᠢᠶ᠎ᠠ ᠭᠡᠲᠤ ᠲᠠᠯᠭᠡᠬᠦᠷ  ᠢ ᠦᠭᠡᠷᠠᠴᠢᠯᠠᠨ ᠪᠠᠶᠢᠭᠤᠯᠬᠤ ᠢᠨᠵᠧᠨᠧᠷᠢᠩ  ᠢ ᠪᠠᠶᠠᠯᠠᠬᠦᠯᠤᠨ᠂ ᠲᠤᠰᠬᠤᠨ ᠪᠦᠬᠦᠨ  ᠳᠤ ᠷᠠᠳᠢᠤ᠋ ᠲᠧᠯᠸᠢᠰ ᠨᠠᠪᠲᠠᠷᠠᠬᠦᠯᠬᠦ ᠪᠠ ᠮᠠᠯᠵᠢᠬᠤ ᠤᠷᠤᠨ ᠤ ᠪᠠᠶᠢᠩᠭᠤ ᠰᠠᠭᠤᠭ᠎ᠠ ᠬᠦᠮᠤᠨ ᠠᠮᠨ  ᠶᠢᠨ ᠨᠠᠰᠤᠵᠢᠯ  ᠤᠨ ᠲᠠᠭᠠᠳᠬᠠᠯ ᠡᠮᠨᠠᠯᠭᠡ  ᠶᠢᠨ ᠲᠠᠭᠠᠳᠬᠠᠯ ᠨᠠᠭᠠᠲᠤ ᠵᠠᠬ᠎ᠠ  ᠶᠢᠨ ᠠᠮᠢᠲᠤᠷᠠᠯ  ᠤᠨ ᠪᠠᠲᠤᠯᠠᠪᠤᠷᠢ  ᠶᠢ ᠪᠦᠬᠦᠨ  ᠢ ᠪᠦᠷᠬᠦᠬᠦᠯᠬᠦ  ᠶᠢ ᠪᠠᠶᠠᠯᠠᠬᠦᠯᠪᠠ᠃ ︵ ᠨᠠᠢᠮᠨ︶ ᠤᠶᠤᠨ  ᠤ ᠪᠤᠯᠪᠠᠰᠤᠨ  ᠤ ᠪᠠᠶᠢᠭᠤᠯᠤᠯᠲᠠ ᠪᠦᠬᠦ ᠲᠠᠯ᠎ᠠ ᠪᠠᠷ ᠴᠢᠩᠭᠠᠳᠬᠠᠭᠲᠠᠵᠤ᠂ ᠠᠷᠠᠳᠴᠢᠯᠠᠯ ᠬᠠᠤᠯᠢ ᠪᠠᠷ ᠵᠠᠰᠠᠬᠤ ᠪᠠᠶᠢᠭᠤᠯᠤᠯᠲᠠ ᠰᠢᠨ᠎ᠠ ᠠᠯᠬᠤᠴᠠ ᠲᠠᠢ ᠪᠤᠯᠪᠠ᠃ ᠨᠠᠶᠢᠭᠡᠮ ᠵᠢᠷᠤᠮ  ᠤᠨ ᠭᠤᠤᠯᠯᠠᠭᠴᠢ ᠦᠷᠲᠡᠭ  ᠤᠨ ᠦᠵᠠᠯᠲᠠ ᠬᠦᠮᠤᠰ  ᠤᠨ ᠰᠠᠳᠬᠢᠯ  ᠳᠤ ᠬᠦᠨᠵᠠᠭᠡᠢ ᠬᠠᠲᠡᠭᠰᠢᠨ᠂ ᠪᠦᠬᠦ ᠤᠯᠤᠰ  ᠤᠨ ᠪᠤᠯᠪᠠᠰᠤᠨ  ᠬᠤᠰᠢᠭᠤ ᠰᠢᠶᠠᠨ ᠬᠤᠲᠠ ᠶᠢ ᠡᠬᠦᠲᠦᠭᠰᠠᠨ ᠦᠷ᠎ᠠ ᠪᠦᠲᠤᠭᠡᠯ ᠲᠠᠰᠤᠷᠠᠯᠲᠠ ᠦᠭᠡᠢ ᠪᠠᠲᠤᠳᠬᠠᠭᠲᠠᠪᠠ᠃ ᠠᠷᠠᠳ  ᠤᠨ ᠲᠦᠯᠤᠭᠡᠯᠡᠭᠴᠢᠳ  ᠤᠨ ᠶᠡᠭᠡ ᠬᠤᠷᠠᠯ  ᠤᠨ ᠪᠠᠶᠢᠩᠭᠤ  ᠶᠢᠨ ᠬᠤᠷᠢᠶ᠎ᠠ᠂ ᠤᠯᠤᠰ ᠲᠦᠷᠤ  ᠶᠢᠨ ᠵᠦᠪᠯᠠᠯᠭᠡᠨ  ᠤ ᠬᠢᠨᠠᠯᠲᠠ ᠲᠠᠯᠪᠢᠯᠲᠠ ᠶᠢ ᠤᠬᠠᠮᠰᠠᠷ  ᠠᠴᠠ ᠪᠠᠨ ᠬᠦᠯᠢᠶᠠᠵᠤ᠂  ᠠᠵᠤ ᠤᠶᠢᠯᠠᠳᠪᠤᠷᠢ ᠬᠤᠲᠠᠯᠲᠤᠭᠠᠨ  ᠤ ᠬᠤᠯᠪᠤᠭ᠎ᠠ ᠪᠠ ᠨᠠᠮ ᠪᠦᠯᠦᠭ ᠤᠨ ᠪᠤᠰᠤ ᠡᠲᠠᠭᠡᠳ  ᠤᠨ ᠰᠠᠨᠠᠯ  ᠢ ᠦᠷᠭᠡᠨ  ᠢᠶᠠᠷ ᠰᠤᠨᠤᠰᠴᠤ᠂ ᠪᠦᠬᠦ ᠵᠢᠯ  ᠳᠤ ᠠᠷᠠᠳ  ᠤᠨ ᠲᠦᠯᠤᠭᠡᠯᠡᠭᠴᠢᠳ  ᠤᠨ ᠶᠡᠭᠡ ᠬᠤᠷᠠᠯ  ᠤᠨ ᠲᠦᠯᠤᠭᠡᠯᠡᠭᠴᠢᠳ  ᠤᠨ ᠲᠤᠷᠠᠲᠤᠭᠰᠠᠨ 101 ᠵᠤᠶᠢᠯ  ᠤᠨ ᠰᠠᠨᠠᠭᠤᠯᠭ᠎ᠠ  ᠂ ᠤᠯᠤᠰ ᠲᠦᠷᠤ  ᠶᠢᠨ ᠵᠦᠪᠯᠠᠯᠭᠡᠨ  ᠤ ᠭᠡᠰᠢᠬᠦᠳ  ᠤᠨ 68 ᠵᠤᠶᠢᠯ  ᠤᠨ ᠲᠤᠷᠠᠲᠤᠯᠭ᠎ᠠ ᠶᠢ ᠬᠦᠢᠴᠠᠳᠭᠡᠪᠠ᠃ ᠠᠶᠤᠯᠬᠦᠢ ᠤᠶᠢᠯᠠᠳᠪᠤᠷᠢᠯᠠᠯ  ᠤᠨ ᠪᠠᠶᠢᠲᠠᠯ ᠦᠷᠬᠦᠯᠵᠢᠯᠠᠨ ᠲᠤᠭᠲᠠᠭᠤᠨ ᠪᠠᠶᠢᠵᠤ᠂ ᠠᠮᠤᠷ ᠲᠤᠭᠲᠠᠭᠤᠨ  ᠢ ᠡᠬᠦᠳᠬᠦ ᠢᠨᠵᠧᠨᠧᠷᠢᠩ ᠰᠢᠨ᠎ᠠ ᠠᠮᠵᠢᠯᠲᠠ ᠤᠯᠵᠤ᠂  ︽ ᠠᠮᠤᠷ︾ ᠬᠠᠷᠠᠭᠠᠨ ᠲᠠᠪᠲᠠᠮᠵᠢ  ᠶᠢᠨ ᠬᠢᠨᠠᠨ ᠡᠵᠠᠮᠲᠠᠬᠦ ᠢᠨᠵᠧᠨᠧᠷᠢᠩ  ᠢ ᠪᠦᠬᠦ ᠲᠠᠯ᠎ᠠ  ᠪᠠᠷ ᠲᠦᠯᠬᠢᠨ ᠠᠬᠢᠭᠤᠯᠵᠤ᠂ ︽ᠠᠮᠤᠷ ᠲᠤᠭᠲᠠᠭᠤᠨ︾ ᠪᠠ  ᠵᠠᠮ ᠬᠠᠷᠢᠯᠴᠠᠭᠠᠨ  ᠤ ᠤᠶᠤᠨᠲᠤ ᠰᠢᠰᠲ᠋ᠧᠮ  ᠤᠨ ᠲᠤᠤᠷ ᠰᠦᠯᠵᠢᠶ᠎ᠠ ᠨᠠᠪᠲᠠᠷᠠᠬᠦᠯᠬᠦ  ᠠᠵᠢᠯ  ᠤᠨ ᠰᠠᠬᠦᠯ  ᠢ ᠬᠤᠷᠢᠶᠠᠵᠤ᠂ ᠰᠢᠨ᠎ᠠ ᠮᠠᠶ᠋ᠢᠭ  ᠤᠨ ᠨᠠᠶᠢᠭᠡᠮ  ᠤᠨ ᠵᠠᠰᠠᠯᠲᠠ  ᠶᠢᠨ ᠭᠡᠪ ᠵᠠᠭᠪᠤᠷ ᠡᠲᠤᠷ ᠢᠷᠠᠬᠦᠶ᠎ᠠ ᠲᠠᠬᠦᠯᠲᠠᠷᠵᠢᠪᠠ᠃ ᠬᠢᠨᠠᠨ ᠪᠤᠲᠤᠯᠲᠠ ᠪᠠᠷ ᠬᠢᠨᠠᠯᠲᠠ ᠲᠠᠯᠪᠢᠬᠤ ᠪᠠ ᠵᠠᠰᠠᠭ ᠵᠠᠬᠢᠷᠭᠠᠨ  ᠤ ᠬᠢᠨᠠᠨ ᠪᠠᠶᠢᠴᠠᠭᠠᠬᠤ ᠠᠵᠢᠯ ᠲᠠᠰᠤᠷᠠᠯᠲᠠ ᠦᠭᠡᠢ ᠬᠦᠨᠵᠠᠭᠡᠶᠢᠷᠠᠨ᠂ ᠴᠢᠭᠡᠴᠢ ᠵᠠᠰᠠᠭ  ᠤᠨ ᠪᠠᠶᠢᠭᠤᠯᠤᠯᠲᠠ ᠦᠷ᠎ᠠ ᠪᠦᠲᠤᠮᠵᠢ  ᠪᠠᠷ ᠢᠯᠠᠳᠲᠠ ᠪᠤᠯᠵᠤ᠂ ᠵᠦᠷᠢᠴᠠᠯ ᠮᠠᠷᠭᠤᠭᠠᠨ  ᠢ ᠵᠢᠬᠰᠠᠭᠠᠨ ᠪᠠᠶᠢᠴᠠᠭᠠᠵᠤ  ᠨᠠᠮᠲᠠᠭᠤᠯᠬᠤ ᠠᠵᠢᠯ ᠲᠤᠪᠤᠶᠢᠮ᠎ᠠ ᠦᠷ᠎ᠠ ᠪᠦᠲᠤᠮᠵᠢ ᠤᠯᠵᠤ᠂ 1689 ᠵᠤᠶᠢᠯ  ᠤᠨ ᠵᠦᠷᠢᠴᠠᠯ ᠮᠠᠷᠭᠤᠭᠠᠨ  ᠢ ᠵᠢᠬᠰᠠᠭᠠᠨ ᠪᠠᠶᠢᠴᠠᠭᠠᠵᠤ ᠰᠢᠢᠳᠪᠤᠷᠢᠯᠠᠨ᠂ ᠵᠢᠭᠠᠨ ᠪᠠᠶᠢᠴᠠᠭᠠᠵᠤ ᠨᠠᠮᠲᠠᠭᠤᠯᠤᠭᠰᠠᠨ ᠨᠤᠷᠮ᠎ᠠ ᠨᠢ 99.3% ᠲᠤ ᠬᠦᠷᠪᠠ︔ ᠪᠦᠬᠦ ᠬᠤᠰᠢᠭᠤᠨ  ᠤ ᠵᠠᠬᠢᠲᠠᠯ  ᠰᠤᠷᠪᠤᠯᠵᠢᠯᠠᠭ᠎ᠠ ᠬᠢᠭᠴᠢ  ᠶᠢᠨ  ᠶᠠᠷᠤᠩᠭᠡᠢ ᠭᠡᠮᠵᠢᠶ᠎ᠠ ᠢᠯᠠᠳᠲᠠ ᠲᠤᠷᠤᠭᠰᠢᠯᠠᠵᠤ᠂ ᠤᠯᠠᠨ ᠲᠦᠮᠠᠨ  ᠤ ᠵᠦᠢ ᠶᠤᠰᠤᠨ  ᠤ ᠭᠤᠮᠤᠲᠠᠯ ᠲᠤᠭᠠᠴᠢᠯᠲᠠ ᠨᠢ  ᠲᠤᠬᠢᠷᠠᠮᠵᠢᠲᠡᠢ ᠰᠢᠢᠳᠪᠤᠷᠢᠯᠡᠭᠲᠠᠪᠠ  ︔ ᠠᠷᠪᠠᠨ ᠨᠠᠢᠮᠠᠲᠤᠭᠠᠷ ᠬᠤᠭᠤᠴᠠᠭᠠᠨ  ᠤ ᠪᠦᠬᠦᠲᠠ ᠬᠤᠷᠠᠯ ᠪᠠ APEC ᠬᠤᠷᠠᠯ  ᠤᠨ ᠬᠤᠭᠤᠴᠠᠭᠠᠨ  ᠤ ᠲᠤᠭᠲᠠᠭᠤᠨ  ᠢ ᠬᠠᠮᠠᠭᠠᠯᠠᠬᠤ ᠡᠬᠦᠷᠭᠡ ᠪᠠᠨ ᠲᠠᠬᠦᠰ ᠠᠮᠵᠢᠯᠲᠠ ᠲᠠᠢ ᠪᠠᠶᠠᠯᠠᠬᠦᠯᠪᠠ᠃ ︽ᠵᠢᠷᠭᠤᠭᠠᠨ ᠲᠠᠪᠤ︾  ᠶᠢᠨ ᠬᠠᠤᠯᠢ ᠲᠦᠭᠡᠮᠠᠯᠵᠢᠬᠦᠯᠬᠦ ᠬᠠᠤᠯᠢ  ᠢᠶᠠᠷ ᠵᠠᠰᠠᠬᠤ ᠠᠵᠢᠯ ᠯᠠᠪᠲᠠᠭᠤᠨ  ᠢᠶᠠᠷ ᠠᠬᠢᠭᠤᠯᠤᠭᠲᠠᠵᠤ᠂ ᠮᠠᠨ  ᠤ ᠬᠤᠰᠢᠭᠤ ᠨᠢ ᠪᠦᠬᠦ ᠤᠯᠤᠰ  ᠤᠨ ︽ ᠵᠢᠷᠭᠤᠭᠠᠨ ᠲᠠᠪᠤ︾  ᠶᠢᠨ ᠬᠠᠤᠯᠢ ᠲᠦᠭᠡᠮᠠᠯᠵᠢᠬᠦᠯᠬᠦ ᠲᠤᠮᠲᠠ ᠬᠤᠭᠤᠴᠠᠭᠠᠨ  ᠤ ᠲᠠᠷᠢᠬᠦᠨ  ᠤ ᠬᠤᠰᠢᠭᠤ ᠰᠢᠶᠠᠨ  ᠢᠶᠠᠷ ᠦᠨᠠᠯᠡᠭᠲᠠᠪᠠ᠃ ᠠᠵᠢᠯᠴᠢᠨ  ᠤ ᠬᠤᠯᠪᠤᠭ᠎ᠠ ᠵᠠᠯᠠᠭᠤᠴᠤᠳ  ᠤᠨ ᠡᠪᠯᠠᠯ ᠡᠮᠡᠭᠲᠡᠶᠢᠴᠤᠳ  ᠤᠨ ᠬᠤᠯᠪᠤᠭ᠎ᠠ ᠵᠠᠷᠭᠡ ᠠᠷᠠᠳ  ᠤᠨ ᠪᠦᠯᠬᠦᠮ  ᠤᠨ ᠬᠦᠬᠦᠷᠭᠡ ᠬᠤᠯᠪᠤᠭᠠᠰᠤ  ᠶᠢᠨ ᠤᠶᠢᠯᠠᠲᠤᠯ ᠬᠦᠢᠴᠠᠳ ᠪᠠᠲᠠᠷᠠᠭᠤᠯᠤᠭᠲᠠᠵᠤ᠂ ᠬᠤᠶᠢᠴᠢ ᠦᠶ᠎ᠠ  ᠶᠢᠨ ᠬᠢᠨ  ᠢ ᠬᠠᠯᠠᠮᠵᠢᠯᠠᠬᠤ᠂ ᠮᠠᠲᠡᠭᠡ ᠵᠠᠩᠬᠢᠵᠢᠯᠲᠠ  ᠶᠢᠨ ᠪᠠᠶᠢᠭᠤᠯᠤᠯᠲᠠ᠂ ᠭᠠᠲᠠᠭᠠᠲᠤ ᠶᠠᠪᠤᠲᠠᠯ ᠬᠠᠷᠢᠶᠠᠲᠤ  ᠶᠢᠨ ᠶᠠᠪᠤᠲᠠᠯ ᠵᠠᠷᠭᠡ ᠠᠵᠢᠯ ᠰᠢᠨ᠎ᠠ ᠠᠬᠢᠴᠠ ᠲᠠᠢ ᠪᠤᠯᠵᠤ᠂ ᠮᠠᠷᠭᠡᠵᠢᠯ  ᠢᠶᠠᠷ ᠬᠢᠨᠠᠯᠲᠠ ᠲᠠᠯᠪᠢᠬᠤ᠂ ᠢᠲᠠᠭᠡᠨ  ᠤ ᠵᠤᠶᠢᠯ  ᠡᠮ  ᠤᠨ ᠵᠤᠶᠢᠯ  ᠳᠤ ᠬᠢᠨᠠᠯᠲᠠ ᠲᠠᠯᠪᠢᠬᠤ᠂ ᠠᠵᠤ ᠤᠶᠢᠯᠠᠳᠪᠤᠷᠢ ᠬᠤᠲᠠᠯᠲᠤᠭ᠎ᠠ᠂  ᠰᠢᠦᠲᠠᠨ ᠬᠤᠯᠪᠤᠭ᠎ᠠ  ᠴᠢᠮᠡᠭᠡ ᠨᠠᠪᠲᠠᠷᠠᠯᠭᠡ᠂ ᠮᠦᠩᠬᠦᠨ ᠬᠦᠢᠯᠭᠡᠭᠡᠨ ᠵᠠᠷᠭᠡ ᠰᠠᠯᠠᠭ᠎ᠠ ᠮᠦᠴᠢᠷ  ᠤᠳ ᠦᠪᠠᠷᠲᠠᠭᠡᠨ ᠵᠠᠰᠠᠬᠤ ᠬᠤᠰᠢᠭᠤᠨ  ᠳᠤ ᠦᠵᠠᠬᠦᠯᠪᠠᠰᠤ ᠵᠤᠬᠢᠬᠤ ᠬᠤᠪᠢ ᠨᠠᠮᠠᠷᠢ ᠪᠠᠨ ᠦᠵᠠᠬᠦᠯᠪᠠ᠃ ︵ ᠶᠢᠰᠤ︶ ᠰᠤᠷᠲᠠᠯ  ᠤᠨ ᠪᠠᠶᠢᠭᠤᠯᠤᠯᠲᠠ ᠶᠢ ᠰᠤᠯᠠᠷᠠᠰᠢ ᠦᠭᠡᠢ ᠴᠢᠩᠭ᠎ᠠ ᠠᠳᠬᠤᠵᠤ᠂ ᠵᠠᠰᠠᠭ  ᠤᠨ ᠣᠷᠲᠤᠨ  ᠤ ᠲᠤᠰ ᠪᠠᠶ᠎ᠠ  ᠶᠢᠨ ᠪᠠᠶᠢᠭᠤᠯᠤᠯᠲᠠ ᠪᠦᠲᠤᠮᠵᠢᠲᠡᠢ ᠴᠢᠩᠭᠠᠳᠬᠠᠭᠲᠠᠪᠠ᠃ ᠨᠠᠮ  ᠤᠨ ᠤᠯᠠᠨ ᠲᠦᠮᠠᠨᠴᠢ ᠱᠤᠭᠤᠮ  ᠤᠨ ᠬᠦᠮᠤᠵᠢᠯ ᠤᠶᠢᠯᠠᠲᠤᠯᠭᠡ  ᠶᠢᠨ ᠠᠵᠢᠯᠯᠠᠭ᠎ᠠ ᠶᠢ ᠯᠠᠪᠲᠠᠭᠤᠨ  ᠢᠶᠠᠷ ᠦᠷᠨᠢᠬᠦᠯᠵᠤ ᠂ ᠲᠦᠪ  ᠤᠨ ᠨᠠᠢᠮᠠᠨ ᠲᠤᠭᠲᠠᠭᠠᠯ  ᠪᠤᠯᠤᠨ ᠦᠪᠠᠷᠲᠠᠭᠡᠨ ᠵᠠᠰᠠᠬᠤ ᠤᠷᠤᠨ  ᠤ 28 ᠵᠤᠶᠢᠯ  ᠤᠨ ᠲᠦᠬᠦᠷᠵᠢᠬᠦᠯᠦᠭᠰᠠᠨ ᠲᠤᠭᠲᠠᠭᠠᠯ ᠪᠠ ᠬᠤᠲᠠ  ᠶᠢᠨ ᠨᠠᠮ  ᠤᠨ ᠬᠤᠷᠢᠶ᠎ᠠ᠂ ᠬᠤᠰᠢᠭᠤᠨ  ᠤ ᠨᠠᠮ  ᠤᠨ ᠬᠤᠷᠢᠶ᠎ᠠ  ᠶᠢᠨ ᠬᠠᠮᠢᠶ᠎ᠠ ᠪᠦᠬᠦᠢ ᠱᠠᠭᠠᠷᠲᠠᠯᠭ᠎ᠠ ᠶᠢ ᠴᠢᠩᠭ᠎ᠠ ᠨᠠᠶᠢᠲᠠᠪᠤᠷᠢᠵᠢᠭᠤᠯᠵᠤ᠂ ︽ ᠲᠦᠷᠪᠠᠨ ᠰᠤᠷᠲᠠᠯ︾ ᠪᠠ ᠤᠯᠠᠨ ᠲᠦᠮᠠᠨ ᠲᠠᠢ  ᠬᠠᠷᠢᠯᠴᠠᠵᠤ ᠤᠯᠠᠨ ᠲᠦᠮᠠᠨ  ᠳᠤ ᠤᠶᠢᠯᠠᠴᠢᠯᠠᠬᠦ  ︽ ᠬᠠᠮᠤᠭ ᠰᠠᠬᠦᠯᠴᠢ ᠶᠢᠨ ᠨᠢᠭᠡ ᠺᠢᠯᠤᠮᠧᠲᠷ︾  ᠤᠨ ᠠᠰᠠᠭᠤᠲᠠᠯ  ᠢ ᠬᠦᠴᠤᠯᠠᠨ ᠰᠢᠢᠳᠪᠤᠷᠢᠯᠠᠪᠠ᠃ ᠬᠤᠰᠢᠭᠤᠨ  ᠤ ᠵᠠᠰᠠᠭ  ᠤᠨ ᠤᠷᠲᠤᠨ  ᠤ ᠬᠤᠷᠠᠯ  ᠤᠨ ᠲᠤᠭ᠎ᠠ ᠨᠢ 8%  ᠢᠶᠠᠷ ᠬᠠᠰᠤᠭᠲᠠᠵᠤ᠂ ︽ ᠭᠤᠷᠪᠠᠨ ᠠᠯᠪᠠᠨ  ᠤ ᠵᠠᠷᠤᠲᠠᠯ︾  ᠤᠨ ᠵᠠᠷᠤᠯᠭ᠎ᠠ ᠨᠢ  ᠨᠢᠲᠤᠨᠤᠨ  ᠤ ᠠᠲᠠᠯᠢ ᠬᠤᠭᠤᠴᠠᠭᠠᠨ  ᠤ ᠬᠢᠨ  ᠠᠴᠠ 32% ᠢᠶᠠᠷ ᠪᠠᠭᠤᠷᠠᠵᠤ᠂ ᠪᠠᠷᠢᠮᠵᠢᠶ᠎ᠠ  ᠠᠴᠠ ᠭᠡᠲᠤᠷᠠᠬᠦᠯᠤᠨ ᠲᠤᠬᠢᠷᠠᠭᠤᠯᠤᠭᠰᠠᠨ ᠠᠯᠪᠠᠯᠠᠬᠤ ᠭᠡᠷ ᠪᠠᠶᠢᠰᠢᠩ  ᠢ  5 ᠲᠦᠮᠠᠨ ᠲᠡᠭᠰᠢ ᠲᠦᠷᠪᠠᠯᠵᠢᠨ ᠮᠧᠲᠷ ᠶᠠᠭᠦᠯᠠᠨ ᠭᠠᠷᠭᠠᠵᠤ ᠪᠤᠴᠠᠭᠠᠪᠠ  ᠂  ᠪᠠᠷᠢᠮᠵᠢᠶᠠᠨ  ᠠᠴᠠ ᠭᠡᠲᠤᠷᠠᠬᠦᠯᠤᠨ ᠲᠤᠬᠢᠷᠠᠭᠤᠯᠤᠭᠰᠠᠨ 7 ᠮᠠᠰᠢᠨ ᠲᠡᠷᠭᠡ  ᠶᠢ ᠦᠨ᠎ᠠ ᠬᠠᠶᠠᠯᠴᠠᠨ ᠬᠤᠲᠠᠯᠲᠤᠵᠤ  ᠂ ᠪᠠᠷᠢᠮᠵᠢᠶᠠᠨ  ᠠᠴᠠ ᠭᠡᠲᠤᠷᠠᠬᠦᠯᠤᠨ ᠲᠤᠬᠢᠷᠠᠭᠤᠯᠤᠭᠰᠠᠨ 45 ᠭᠡᠭᠡᠷᠯᠠᠨ ᠠᠶᠠᠯᠠᠬᠤ ᠮᠠᠰᠢᠨ ᠲᠡᠷᠭᠡ ᠶᠢ ᠵᠤᠭᠰᠤᠭᠠᠨ ᠪᠢᠲᠠᠬᠦᠮᠵᠢᠯᠠᠵᠤ ᠲᠠᠯᠪᠢᠪᠠ᠃  ᠵᠠᠰᠠᠭ  ᠤᠨ ᠤᠷᠲᠤᠨ  ᠤ ᠴᠢᠬᠤᠯᠨ ᠶᠡᠭᠡ ᠵᠠᠰᠠᠭ ᠵᠠᠬᠢᠷᠭᠠᠨ  ᠤ ᠰᠢᠢᠳᠪᠤᠷᠢᠲᠤ ᠪᠤᠲᠤᠯᠭ᠎ᠠ ᠲᠤᠭᠲᠠᠭᠠᠬᠤ ᠲᠠᠰ ᠲᠠᠷᠠᠭᠠᠯᠠᠯ  ᠤᠨ ᠲᠤᠭᠲᠠᠭᠠᠯ  ᠂ ᠵᠠᠰᠠᠭ  ᠤᠨ ᠤᠷᠲᠤᠨ  ᠤ  ︽ ᠭᠤᠷᠪᠠᠨ ᠴᠢᠬᠤᠯᠨ  ᠨᠢᠭᠡ  ᠲᠤᠮᠤ︾ ᠭᠡᠷᠡᠭ ᠵᠦᠪᠯᠠᠬᠦ ᠲᠦᠷᠢᠮ᠂ ᠵᠠᠰᠠᠭ  ᠤᠨ ᠤᠷᠲᠤᠨ  ᠤ ᠴᠢᠬᠤᠯᠨ ᠶᠡᠭᠡ ᠵᠠᠰᠠᠭ ᠵᠠᠬᠢᠷᠭᠠᠨ  ᠤ ᠰᠢᠢᠳᠪᠤᠷᠢᠲᠤ ᠪᠤᠲᠤᠯᠭ᠎ᠠ  ᠶᠢᠨ ᠬᠠᠤᠯᠢ ᠶᠤᠰᠤᠨ  ᠤ ᠴᠢᠨᠠᠷ  ᠢ ᠬᠢᠨᠠᠨ ᠪᠠᠶᠢᠴᠠᠭᠠᠬᠤ ᠲᠦᠷᠢᠮ᠂ ᠵᠠᠰᠠᠭ  ᠤᠨ ᠣᠷᠲᠤᠨ  ᠤ ᠬᠠᠤᠯᠢ  ᠶᠢᠨ ᠵᠦᠪᠯᠡᠭᠴᠢ  ᠶᠢᠨ ᠠᠵᠢᠯ ᠤᠨ ᠲᠦᠷᠢᠮ  ᠢ ᠪᠠᠶᠢᠭᠤᠯᠤᠨ᠂ ᠲᠦᠷᠢᠮᠵᠢᠭᠰᠡᠨ ᠴᠢᠨᠠᠷᠲᠡᠢ ᠪᠢᠴᠢᠭ ᠮᠠᠲ᠋ᠧᠷᠢᠶᠠᠯ  ᠤᠨ ᠬᠠᠮᠢᠶ᠎ᠠ ᠪᠦᠬᠦᠢ ᠲᠠᠰ ᠲᠠᠷᠠᠭᠠᠯᠠᠯ  ᠢ ᠲᠠᠬᠦᠯᠲᠠᠷᠵᠢᠬᠦᠯᠪᠠ᠃ ᠬᠤᠲᠠ  ᠶᠢᠨ ᠨᠠᠮ  ᠤᠨ ᠬᠤᠷᠢᠶ᠎ᠠ᠂ ᠬᠤᠰᠢᠭᠤᠨ  ᠤ ᠨᠠᠮ  ᠤᠨ ᠬᠤᠷᠢᠶ᠎ᠠ  ᠶᠢᠨ ᠱᠠᠭᠠᠷᠲᠠᠯᠭ᠎ᠠ  ᠶᠢ ᠨᠢᠮᠪᠠᠢ ᠨᠠᠶᠢᠲᠠᠪᠤᠷᠢᠵᠢᠭᠤᠯᠵᠤ᠂ ︽ ᠶᠠᠭᠡᠪᠠᠷ ᠲᠠᠶᠢᠴᠢᠯᠠᠨ ᠲᠠᠭᠠᠭᠤᠯᠬᠤ︾ ᠠᠵᠢᠯᠯᠠᠭ᠎ᠠ ᠶᠢ ᠯᠠᠪᠲᠠᠭᠤᠨ  ᠢᠶᠠᠷ ᠲᠦᠯᠬᠢᠨ ᠠᠬᠢᠭᠤᠯᠪᠠ᠃ᠲᠦᠯᠤᠭᠡᠯᠡᠭᠴᠢᠳ  ᠡ᠂ ᠦᠩᠭᠡᠷᠡᠭᠰᠠᠨ ᠨᠢᠭᠡ ᠵᠢᠯ  ᠳᠤ ᠪᠦᠬᠦ ᠬᠤᠰᠢᠭᠤᠨ  ᠤ ᠦᠨᠲᠤᠰᠤᠲᠠᠨ   ᠨᠦᠭᠦᠳ  ᠤᠨ ᠠᠷᠠᠳ ᠲᠦᠮᠠᠨ ᠰᠠᠳᠬᠢᠯ  ᠢᠶᠠᠨ ᠲᠦᠪᠯᠠᠷᠠᠬᠦᠯᠤᠨ ᠬᠦᠴᠤ ᠪᠠᠨ ᠬᠠᠮᠲᠤᠳᠬᠠᠵᠤ᠂ ᠬᠦᠴᠢᠷ ᠢ ᠰᠦᠷᠤᠨ ᠡᠷᠡᠯᠭᠡᠭᠯᠠᠨ ᠤᠷᠤᠭᠰᠢᠯᠠᠵᠤ᠂ ᠠᠵᠤ ᠠᠬᠤᠢ  ᠬᠦᠭᠵᠢᠵᠤ᠂ ᠨᠠᠶᠢᠭᠡᠮ ᠲᠠᠪᠰᠢᠭᠰᠠᠨ ᠪᠠᠶᠠᠷᠯᠠᠭᠤᠰᠢᠲᠡᠢ ᠠᠮᠵᠢᠯᠲᠠ ᠤᠯᠤᠭᠰᠠᠨ ᠪᠠᠶᠢᠨ᠎ᠠ᠃ ᠡᠨ᠋ᠨ ᠪᠤᠯ ᠬᠤᠲᠠ  ᠶᠢᠨ ᠨᠠᠮ  ᠤᠨ ᠬᠤᠷᠢᠶ᠎ᠠ᠂ ᠬᠤᠲᠠ  ᠶᠢᠨ ᠵᠠᠰᠠᠭ  ᠤᠨ ᠤᠷᠲᠤᠨ  ᠤ ᠬᠠᠯᠠᠮᠵᠢᠯᠠᠨ ᠵᠢᠯᠤᠭᠤᠲᠤᠭᠰᠠᠨ  ᠤ ᠦᠷ᠎ᠠ ᠳ᠋ᠦᠩ ᠮᠦᠨ᠂ ᠬᠤᠰᠢᠭᠤᠨ  ᠤ ᠨᠠᠮ  ᠤᠨ ᠬᠤᠷᠢᠶ᠎ᠠ  ᠶᠢᠨ ᠵᠦᠪ ᠤᠨᠤᠪᠴᠢᠲᠡᠢ ᠤᠲᠤᠷᠢᠲᠤᠭᠰᠠᠨ᠂ ᠬᠤᠰᠢᠭᠤᠨ  ᠤ ᠠᠷᠠᠳ  ᠤᠨ ᠲᠦᠯᠤᠭᠡᠯᠡᠭᠴᠢᠳ  ᠤᠨ ᠶᠡᠭᠡ ᠬᠤᠷᠠᠯ  ᠤᠨ  ᠪᠠᠶᠢᠩᠭᠤ  ᠶᠢᠨ ᠬᠤᠷᠢᠶ᠎ᠠ  ᠶᠢᠨ ᠬᠠᠤᠯᠢ  ᠢᠶᠠᠷ ᠬᠢᠨᠠᠯᠲᠠ ᠲᠠᠯᠪᠢᠭᠰᠠᠨ᠂ ᠬᠤᠰᠢᠭᠤᠨ  ᠤ ᠤᠯᠤᠰ ᠲᠦᠷᠤ  ᠶᠢᠨ ᠵᠦᠪᠯᠠᠯᠭᠡᠨ  ᠤ ᠠᠷᠠᠳᠴᠢᠯᠠᠯ  ᠢᠶᠠᠷ ᠬᠢᠨᠠᠯᠲᠠ ᠲᠠᠯᠪᠢᠭᠰᠠᠨ  ᠤ ᠦᠷ᠎ᠠ ᠳ᠋ᠦᠩ ᠮᠦᠨ᠂ ᠪᠦᠬᠦ ᠬᠤᠰᠢᠭᠤᠨ  ᠤ ᠦᠨᠲᠤᠰᠤᠲᠠᠨ  ᠨᠦᠭᠦᠳ  ᠤᠨ ᠠᠷᠠᠳ ᠲᠦᠮᠠᠨ  ᠤ ᠠᠯᠤᠰ  ᠢ ᠪᠠᠷᠠᠯᠠᠨ ᠬᠠᠷᠢᠯᠴᠠᠨ ᠬᠠᠪᠰᠤᠷᠤᠯᠴᠠᠵᠤ᠂ ᠨᠢᠭᠡ ᠰᠠᠳᠬᠢᠯ ᠨᠠᠶᠢᠲᠠ  ᠶᠢᠨ ᠬᠦᠴᠤᠨ  ᠢᠶᠠᠷ ᠴᠢᠷᠮᠠᠶᠢᠭᠰᠠᠨ  ᠤ ᠦᠷ᠎ᠠ ᠳ᠋ᠦᠩ ᠮᠦᠨ᠃ ᠠᠲᠠ ᠪᠢ ᠬᠤᠰᠢᠭᠤᠨ  ᠤ ᠵᠠᠰᠠᠭ  ᠤᠨ ᠤᠷᠲᠤᠨ   ᠢᠶᠠᠨ ᠲᠦᠯᠤᠭᠡᠯᠠᠨ᠂ ᠦᠪᠠᠷᠲᠠᠭᠡᠨ ᠵᠠᠰᠠᠬᠤ ᠬᠤᠰᠢᠭᠤᠨ  ᠤ ᠪᠦᠲᠤᠭᠡᠨ ᠪᠠᠶᠢᠭᠤᠯᠤᠯᠲᠠ ᠪᠠ ᠬᠦᠭᠵᠢᠯᠲᠠ  ᠳᠤ ᠬᠤᠪᠢ ᠨᠠᠮᠠᠷᠢ ᠦᠵᠠᠬᠦᠯᠦᠭᠰᠠᠨ ᠨᠦᠬᠦᠳ ᠲᠤ ᠡᠷᠬᠢᠮ ᠲᠠᠭᠡᠲᠤ ᠬᠦᠲᠤᠳᠭᠡᠯ ᠪᠤᠯᠤᠨ ᠴᠢᠩ ᠰᠠᠳᠬᠢᠯ  ᠤᠨ ᠲᠠᠯᠠᠷᠬᠠᠯ  ᠢᠶᠠᠨ ᠲᠠᠪᠰᠢᠬᠦᠯᠤᠶ᠎ᠠ  ︕2014 ᠤᠨ  ᠤ ᠠᠵᠢᠯ  ᠢ ᠡᠷᠬᠢᠴᠠᠬᠦᠯᠪᠠᠯ᠂ ᠪᠢᠲᠠ ᠬᠦᠭᠵᠢᠯᠲᠠ  ᠶᠢᠨ ᠲᠤᠮᠲᠠ ᠪᠠᠰᠠ ᠵᠠᠷᠢᠮ ᠵᠦᠷᠢᠴᠠᠯ ᠪᠠ ᠠᠰᠠᠭᠤᠲᠠᠯ ᠤᠷᠤᠰᠢᠵᠤ ᠪᠠᠶᠢᠬᠤ ᠶᠢ ᠰᠠᠷᠭᠡᠭ  ᠢᠶᠠᠷ ᠲᠠᠨᠢᠵᠤ ᠪᠤᠯᠤᠨ᠎ᠠ  ᠄ ᠨᠢᠭᠡ  ᠳᠤ ᠠᠵᠤ ᠠᠬᠤᠢ  ᠶᠢᠨ ᠪᠦᠲᠤᠴᠠ ᠪᠦᠷᠢᠨ ᠲᠦᠬᠦᠷ ᠰᠢᠯᠢᠲᠡᠭᠵᠢᠵᠤ ᠴᠢᠲᠠᠭᠠᠲᠤᠢ᠂ ᠬᠦᠭᠵᠢᠯᠲᠠ  ᠶᠢᠨ ᠠᠷᠭ᠎ᠠ ᠭᠡᠯᠪᠠᠷᠢ ᠪᠦᠲᠤᠬᠦᠯᠢᠭ᠂ ᠠᠵᠤ ᠠᠬᠤᠢ  ᠶᠢᠨ ᠶᠠᠷᠤᠩᠭᠡᠢ ᠭᠡᠮᠵᠢᠶ᠎ᠠ ᠶᠡᠭᠡ ᠪᠢᠰᠢ ᠵᠠᠷᠭᠡ ᠨᠢ ᠮᠦᠨ ᠯᠠ ᠪᠦᠬᠦ ᠬᠤᠰᠢᠭᠤᠨ  ᠤ ᠠᠵᠤ ᠠᠬᠤᠢ ᠨᠠᠶᠢᠭᠡᠮ  ᠤᠨ ᠦᠷᠬᠦᠯᠵᠢᠯᠠᠨ ᠬᠦᠭᠵᠢᠬᠦ ᠶᠢ ᠬᠢᠵᠠᠭᠠᠷᠯᠠᠵᠤ ᠪᠠᠶᠢᠭ᠎ᠠ ᠵᠠᠩᠬᠢᠯᠠᠭ᠎ᠠ ᠶᠢᠨ ᠠᠰᠠᠭᠤᠲᠠᠯ ᠪᠤᠯᠤᠨ᠎ᠠ᠃ ᠬᠤᠶᠠᠷ  ᠲᠤ ᠭᠤᠤᠯ ᠴᠤᠭᠴᠠ  ᠶᠢᠨ ᠭᠠᠶᠢᠯᠢ  ᠶᠢᠨ ᠤᠷᠤᠯᠭ᠎ᠠ ᠪᠠᠭᠤᠷᠠᠵᠤ᠂ ᠰᠢᠨ᠎ᠠ ᠨᠡᠮᠡᠭᠲᠠᠯ  ᠤᠨ ᠴᠡᠭ ᠬᠠᠷᠬᠠᠨ ᠪᠦᠷᠢᠯᠲᠤᠭᠡᠲᠤᠢ᠂ ᠬᠤᠪᠢᠷᠠᠭᠤᠯᠵᠤ ᠪᠤᠯᠤᠰᠢ ᠦᠭᠡᠢ ᠴᠢᠨᠠᠷᠲᠡᠢ ᠵᠠᠷᠤᠯᠭ᠎ᠠ ᠨᠠᠮᠡᠭᠲᠠᠵᠤ᠂ ᠡᠳ᠋  ᠤᠨ ᠵᠠᠰᠠᠭ  ᠤᠨ ᠤᠷᠤᠯᠭ᠎ᠠ ᠵᠠᠷᠤᠯᠭ᠎ᠠ  ᠶᠢᠨ ᠵᠦᠷᠢᠴᠠᠯ ᠪᠠᠰᠨ ᠨᠠᠯᠢᠶᠠᠳ ᠶᠡᠭᠡ ᠪᠠᠶᠢᠨ᠎ᠠ᠃ ᠭᠤᠷᠪᠠ  ᠳᠤ ᠦᠭᠡᠷᠠᠴᠢᠯᠠᠯᠲᠠ ᠬᠢᠵᠤ ᠴᠢᠯᠤᠭᠡᠲᠡᠢ ᠶᠠᠪᠤᠯᠴᠠᠬᠤ   ᠪᠠᠷ ᠪᠠᠰᠠ ᠲᠤᠲᠠᠮᠠᠭ ᠪᠠᠶᠢᠭᠰᠠᠭᠠᠷ᠂ ᠪᠠᠶᠢᠭᠤᠯᠤᠯ  ᠤᠨ ᠴᠢᠨᠠᠷᠲᠡᠢ ᠬᠠᠷᠰᠢ ᠰᠠᠭᠠᠳ ᠪᠠ ᠠᠵᠤ ᠠᠬᠤᠢ  ᠶᠢᠨ ᠪᠦᠲᠤᠴᠠ  ᠶᠢᠨ ᠬᠦᠨ ᠲᠠᠰ ᠲᠠᠪᠬᠤᠷᠭ᠎ᠠ  ᠶᠢᠨ ᠵᠦᠷᠢᠴᠠᠯ ᠨᠠᠯᠢᠶᠠᠳ ᠲᠤᠪᠤᠶᠢᠮ᠎ᠠ ᠪᠠᠶᠢᠵᠤ ᠂ ᠭᠡᠰᠡᠭ ᠠᠵᠤ ᠠᠬᠤᠶᠢᠯᠠᠯ  ᠤᠨ ᠦᠷᠢᠰᠤᠯᠲᠤᠬᠦ ᠬᠦᠴᠤᠨ ᠨᠢ ᠴᠢᠩᠭ᠎ᠠ ᠪᠢᠰᠢ᠃ ᠲᠦᠷᠪᠠ  ᠳᠤ ᠠᠷᠠᠳ ᠤᠯᠠᠨ  ᠤ ᠤᠷᠤᠯᠭ᠎ᠠ ᠶᠢ ᠨᠠᠮᠡᠭᠲᠡᠬᠦᠯᠬᠦ  ᠳᠤ ᠬᠦᠴᠢᠷᠲᠠᠯ ᠤᠯᠠᠨ ᠪᠠᠶᠢᠬᠤ᠃ ᠬᠤᠲᠠ ᠪᠠᠯᠭᠠᠰᠤ  ᠶᠢᠨ ᠠᠵᠢᠯ ᠤᠯᠭᠤᠯᠲᠠ ᠪᠤᠯᠤᠨ ᠨᠠᠶᠢᠭᠡᠮ  ᠤᠨ ᠪᠠᠲᠤᠯᠠᠪᠤᠷᠢ  ᠶᠢᠨ ᠱᠠᠲᠤᠴᠢ ᠴᠢᠨᠠᠷᠲᠡᠢ ᠵᠦᠷᠢᠴᠠᠯ ᠨᠠᠯᠢᠶᠠᠳ ᠲᠤᠪᠤᠶᠢᠮ᠎ᠠ ᠪᠠᠶᠢᠵᠤ᠂ ᠵᠠᠷᠢᠮ ᠠᠷᠠᠳ  ᠤᠨ ᠠᠮᠢᠲᠤᠷᠠᠯ ᠪᠠᠰᠠ ᠨᠠᠯᠢᠶᠠᠳ ᠬᠦᠴᠢᠷᠲᠠᠯᠲᠡᠢ᠂ ᠤᠷᠤᠯᠭ᠎ᠠ ᠶᠢ ᠨᠠᠮᠡᠭᠲᠠᠬᠦᠯᠬᠦ ᠠᠷᠭ᠎ᠠ ᠵᠠᠮ ᠬᠠᠷᠢᠴᠠᠩᠭᠤᠢ ᠪᠠᠷ ᠢᠪᠴᠤᠤ ᠪᠠᠶᠢᠬᠤ᠃ ᠲᠠᠪᠤ  ᠳᠤ ᠬᠠᠤᠯᠢᠵᠢᠯ ᠵᠠᠰᠠᠭ  ᠤᠨ ᠤᠷᠲᠤᠨ  ᠤ ᠪᠠᠶᠢᠭᠤᠯᠤᠯᠲᠠ  ᠶᠢᠨ ᠡᠬᠦᠷᠭᠡ ᠬᠦᠨᠲᠤ ᠵᠠᠮ ᠬᠤᠯᠨ ᠪᠠᠶᠢᠭᠰᠠᠭᠠᠷ᠂ ᠵᠠᠷᠢᠮ ᠰᠠᠯᠠᠭ᠎ᠠ ᠮᠦᠴᠢᠷ  ᠤᠨ ᠬᠠᠤᠯᠢ ᠶᠤᠰᠤᠭᠠᠷ ᠵᠠᠰᠠᠭ ᠶᠠᠪᠤᠭᠤᠯᠬᠤ ᠴᠢᠲᠠᠪᠤᠷᠢ ᠪᠤᠯᠤᠨ ᠵᠦᠷᠢᠴᠠᠯ ᠬᠦᠴᠢᠷᠲᠠᠯ  ᠢ ᠰᠢᠢᠳᠪᠤᠷᠢᠯᠠᠬᠦ ᠴᠢᠲᠠᠪᠤᠷᠢ  ᠲᠤᠷᠤᠢ ᠪᠠᠶᠢᠬᠤ᠃ ᠡᠲᠠᠭᠡᠷ ᠠᠰᠠᠭᠤᠲᠠᠯ  ᠤᠳ  ᠢ ᠪᠢᠲᠠ ᠲᠠᠭᠡᠲᠤ ᠭᠡᠮᠵᠢᠶ᠎ᠠ ᠪᠠᠷ ᠴᠢᠬᠤᠯᠠᠴᠢᠯᠠᠬᠤ  ᠶᠢᠨ ᠬᠠᠮᠲᠤ ᠦᠨᠠᠨᠬᠦ ᠰᠢᠢᠳᠪᠤᠷᠢᠯᠠᠬᠦ ᠭᠡᠷᠡᠭᠲᠡᠢ ᠪᠠᠶᠢᠨ᠎ᠠ᠃ᠬᠤᠶᠠᠷ᠂ 2015 ᠤᠨ  ᠤ ᠠᠵᠤ ᠠᠬᠤᠢ ᠪᠠ ᠨᠠᠶᠢᠭᠡᠮ  ᠤᠨ ᠬᠦᠭᠵᠢᠬᠦᠯᠤᠯᠲᠠ  ᠶᠢᠨ ᠭᠤᠤᠯ ᠡᠬᠦᠷᠭᠡ ᠡᠨ᠋ᠨ ᠵᠢᠯ ᠪᠤᠯ  ︽ ᠠᠷᠪᠠᠨ ᠬᠤᠶᠠᠲᠤᠭᠠᠷ ᠲᠠᠪᠤᠨ ᠵᠢᠯ︾  ᠤᠨ ᠲᠦᠯᠤᠪᠵᠢᠬᠦᠯᠭᠡ   ᠶᠢ ᠪᠦᠬᠦ ᠲᠠᠯ᠎ᠠ ᠪᠠᠷ ᠪᠠᠶᠠᠯᠠᠬᠦᠯᠬᠦ  ᠶᠢᠨ ᠰᠠᠬᠦᠯ ᠬᠤᠷᠢᠶᠠᠬᠤ  ᠵᠢᠯ ᠪᠤᠯᠤᠨ᠎ᠠ  ᠂ ᠦᠭᠡᠷᠠᠴᠢᠯᠠᠯᠲᠠ ᠶᠢ ᠪᠦᠬᠦ ᠲᠠᠯ᠎ᠠ ᠪᠠᠷ ᠬᠦᠨᠵᠠᠭᠡᠶᠢᠷᠠᠬᠦᠯᠬᠦ ᠵᠠᠩᠬᠢᠯᠠᠭ᠎ᠠ  ᠶᠢᠨ ᠵᠢᠯ᠂ ᠪᠠᠰᠠᠴᠤ ᠬᠠᠤᠯᠢ ᠢᠶᠠᠷ ᠤᠯᠤᠰ  ᠢᠶᠠᠨ ᠵᠠᠰᠠᠬᠤ ᠶᠢ ᠪᠦᠬᠦ ᠲᠠᠯ᠎ᠠ ᠪᠠᠷ ᠠᠬᠢᠭᠤᠯᠬᠤ   ᠶᠢᠨ ᠡᠬᠢᠯᠠᠯᠲᠠ  ᠶᠢᠨ ᠵᠢᠯ ᠪᠤᠯᠤᠨ᠎ᠠ᠃ ᠡᠨ᠋ᠨ ᠵᠢᠯ  ᠤᠨ ᠠᠵᠢᠯ  ᠢ ᠰᠠᠶᠢᠲᠤᠷ ᠬᠢᠬᠦ  ᠶᠢᠨ ᠠᠴᠢ ᠬᠤᠯᠪᠤᠭᠲᠠᠯ ᠨᠢ ᠬᠦᠨᠲᠤ ᠴᠢᠬᠤᠯᠨ ᠪᠤᠯᠤᠨ᠎ᠠ᠃ ᠤᠲᠤᠬᠠᠨ  ᠳᠤ᠂ ᠪᠦᠬᠦ ᠤᠯᠤᠰ  ᠤᠨ ᠠᠵᠤ ᠠᠬᠤᠢ  ᠶᠢᠨ ᠬᠦᠭᠵᠢᠯᠲᠠ ᠰᠢᠨ᠎ᠠ ᠭᠡᠪ ᠪᠠᠶᠢᠲᠠᠯ  ᠳᠤ ᠤᠷᠤᠵᠤ᠂ ᠠᠵᠤ ᠠᠬᠤᠢ  ᠶᠢᠨ ᠪᠠᠭᠤᠷᠠᠯᠲᠠ ᠮᠦᠨ ᠯᠨ ᠦᠷᠬᠦᠯᠵᠢᠯᠡᠭᠰᠠᠭᠡᠷ ᠪᠠᠶᠢᠨ᠎ᠠ᠃ ᠠᠮᠢ ᠠᠬᠤᠢ  ᠶᠢᠨ ᠴᠢᠲᠠᠪᠬᠢᠲᠤ ᠤᠷᠤᠨ  ᠤ ᠬᠢᠵᠠᠭᠠᠷᠯᠠᠯ᠂ ᠭᠤᠤᠯ ᠴᠤᠭᠴᠠ  ᠶᠢᠨ ᠴᠢᠲᠠᠪᠬᠢᠲᠤ ᠤᠷᠤᠨ  ᠤ ᠬᠢᠵᠠᠭᠠᠷᠯᠠᠯ᠂ ᠡᠨᠧᠷᠬᠢ ᠠᠷᠪᠢᠯᠠᠨ ᠭᠠᠲᠠᠭᠰᠢᠯᠠᠭᠤᠯᠤᠯᠲᠠ ᠪᠠᠭᠠᠰᠬᠠᠬᠤ ᠬᠢᠵᠠᠭᠠᠷᠯᠠᠯ ᠵᠠᠷᠭᠡ ᠠᠯᠢ ᠤᠯᠠᠨ ᠬᠦᠴᠢᠷᠲᠠᠯ ᠨᠢ ᠮᠠᠨ  ᠤ  ᠬᠤᠰᠢᠭᠤ ᠶᠢ ᠡᠷᠭᠡᠪᠰᠢ ᠠᠵᠤ ᠠᠬᠤᠢ  ᠶᠢᠨ ᠪᠦᠲᠤᠴᠠ  ᠶᠢᠨ ᠲᠤᠬᠢᠷᠠᠭᠤᠯᠤᠯᠲᠠ ᠪᠠᠨ ᠪᠦᠬᠦ ᠬᠦᠴᠤᠨ  ᠢᠶᠠᠷ  ᠢᠶᠠᠷ  ᠢᠶᠠᠨ ᠲᠦᠷᠭᠡᠳᠭᠡᠨ᠂ ᠬᠦᠭᠵᠢᠯᠲᠠ  ᠶᠢᠨ ᠭᠡᠯᠪᠠᠷᠢ ᠪᠠᠨ ᠬᠤᠪᠢᠷᠠᠭᠤᠯᠵᠤ᠂ ᠬᠦᠭᠵᠢᠯᠲᠠ  ᠶᠢᠨ ᠴᠢᠨᠠᠷ ᠴᠢᠨᠰᠠᠭ᠎ᠠ ᠪᠤᠯᠤᠨ ᠦᠷ᠎ᠠ ᠠᠰᠢᠭ  ᠢᠶᠠᠨ ᠲᠠᠭᠡᠭᠰᠢᠯᠠᠬᠦᠯᠬᠦ ᠶᠢ ᠪᠠᠴᠢᠮ ᠱᠠᠭᠠᠷᠲᠠᠵᠤ ᠪᠠᠶᠢᠨ᠎ᠠ  ᠃ ᠰᠢᠨ᠎ᠠ ᠭᠡᠪ ᠪᠠᠶᠢᠲᠠᠯ  ᠳᠤ ᠰᠢᠨ᠎ᠠ ᠠᠵᠠ ᠲᠤᠬᠢᠶᠠᠯ ᠠᠭᠤᠯᠤᠭᠲᠠᠵᠤ ᠪᠠᠶᠢᠲᠠᠭ᠃ ᠡᠨ᠋ᠨ ᠵᠢᠯ ᠤᠯᠤᠰ  ᠠᠴᠠ ᠢᠲᠠᠪᠬᠢᠲᠡᠢ ᠡᠳ᠋  ᠤᠨ ᠵᠠᠰᠠᠠᠭ  ᠤᠨ ᠲᠦᠷᠤ  ᠶᠢᠨ ᠪᠤᠲᠤᠯᠭ᠎ᠠ ᠶᠢ ᠭᠡᠷᠡᠭᠵᠢᠬᠦᠯᠬᠦ ᠬᠦᠴᠤᠯᠠᠴᠠ ᠪᠠᠨ ᠨᠠᠮᠡᠭᠲᠠᠬᠦᠯᠤᠨ᠂ ᠲᠦᠰᠤᠪ  ᠤᠨ ᠲᠤᠲᠤᠷᠠᠬᠢ ᠪᠠᠯᠨ ᠤᠷᠤᠭᠤᠯᠤᠯᠲᠠ  ᠶᠢᠨ ᠭᠡᠪᠴᠢᠶ᠎ᠠ ᠪᠠᠨ ᠦᠷᠭᠡᠳᠭᠡᠨ᠂ ︽ ᠨᠢᠭᠡ ᠪᠦᠰᠨ ᠨᠢᠭᠡ ᠵᠠᠮ︾  ᠢ ᠪᠦᠲᠤᠭᠡᠨ ᠪᠠᠶᠢᠭᠤᠯᠬᠤ ᠪᠠ ᠤᠮᠠᠷᠠᠰᠢ ᠴᠢᠯᠤᠭᠡᠲᠡᠢ ᠶᠠᠪᠤᠯᠴᠠᠬᠤ ᠠᠯᠬᠤᠴᠠ ᠪᠠᠨ ᠲᠦᠷᠭᠡᠳᠭᠡᠵᠤ᠂ ᠨᠤᠷᠠᠬᠤ ᠠᠶᠤᠯᠲᠡᠢ ᠲᠠᠢ ᠭᠡᠷ ᠪᠠᠶᠢᠰᠢᠩ ᠢ ᠵᠠᠰᠠᠨ ᠰᠢᠨᠠᠳᠭᠡᠬᠦ ᠪᠠᠷ ᠭᠤᠤᠯ ᠪᠤᠯᠭᠠᠭᠰᠠᠨ ᠠᠷᠠᠳ  ᠤᠨ ᠠᠮᠢᠲᠤᠷᠠᠯ ᠳᠠᠬᠢ ᠤᠷᠤᠭᠤᠯᠤᠯᠲᠠ ᠪᠠᠨ ᠨᠠᠮᠡᠭᠲᠠᠬᠦᠯᠤᠨ᠂ ᠪᠠᠷᠠᠭᠤᠨ ᠤᠷᠤᠨ  ᠤ ᠵᠠᠮ ᠬᠠᠷᠢᠯᠴᠠᠭ᠎ᠠ ᠵᠠᠷᠭᠡ ᠰᠠᠭᠤᠷᠢ ᠲᠦᠬᠦᠭᠡᠷᠤᠮᠵᠢ ᠳᠠᠬᠢ ᠤᠷᠤᠭᠤᠯᠤᠯᠲᠠ ᠪᠠᠨ ᠨᠠᠮᠡᠭᠲᠡᠬᠦᠯᠬᠦ ᠪᠠᠷ ᠪᠠᠶᠢᠨ᠎ᠠ᠃  ᠡᠲᠠᠭᠡᠷ ᠠᠵᠠ ᠲᠤᠬᠢᠶᠠᠯ ᠨᠢ ᠮᠠᠨ  ᠤ ᠬᠤᠰᠢᠭᠤᠨ  ᠤ ︽ ᠡᠨᠧᠷᠬᠢ᠂ ᠤᠷᠤᠨ  ᠪᠠᠶᠢᠷᠢᠰᠢᠯ᠂ ᠪᠦᠲᠤᠴᠠ  ᠶᠢᠨ ᠤᠯᠠᠨ ᠡᠰᠵᠢᠯᠲᠠ︾ ᠵᠠᠷᠭᠡ ᠲᠠᠪᠠᠭᠤᠯᠢᠭ  ᠬᠦᠴᠤᠨ ᠵᠤᠶᠢᠯ  ᠢ ᠨᠠᠮᠡᠭᠲᠠᠬᠦᠯᠬᠦ  ᠳᠤ ᠯᠤᠲᠤ ᠶᠡᠭᠡ ᠤᠷᠤᠨ ᠵᠠᠢ ᠬᠠᠩᠭᠠᠭᠰᠠᠨ ᠪᠠᠶᠢᠨ᠎ᠠ᠃ ᠪᠢᠲᠠ ᠡᠷᠭᠡᠪᠰᠢ ᠢᠲᠠᠭᠡᠯ ᠵᠤᠷᠢᠭ  ᠢᠶᠠᠨ ᠪᠠᠲᠤᠳᠬᠠᠨ᠂ ᠠᠵᠠ ᠲᠤᠬᠢᠶᠠᠯ  ᠢ ᠵᠠᠪᠲᠤᠨ ᠠᠳᠬᠤᠵᠤ᠂ ᠢᠲᠠᠪᠬᠢᠲᠡᠢ ᠪᠠᠷ ᠠᠵᠢᠯᠯᠠᠨ᠂ ᠪᠦᠲᠤᠭᠡᠯᠴᠢ ᠪᠠᠷ ᠠᠵᠢᠯ  ᠢᠶᠠᠨ ᠦᠷᠨᠢᠬᠦᠯᠵᠤ᠂ ᠰᠢᠨ᠎ᠠ ᠭᠠᠷᠤᠭ᠎ᠠ  ᠠᠴᠠ ᠦᠪᠠᠷᠲᠠᠭᠡᠨ ᠵᠠᠰᠠᠬᠤ ᠬᠤᠰᠢᠭᠤᠨ  ᠤ ᠠᠵᠤ ᠠᠬᠤᠢ ᠨᠠᠶᠢᠭᠡᠮ  ᠤᠨ ᠬᠦᠭᠵᠢᠯᠲᠠ  ᠶᠢᠨ ᠰᠢᠨ᠎ᠠ ᠪᠠᠶᠢᠲᠠᠯ  ᠢ ᠠᠯᠬᠤᠮ ᠴᠢᠨᠠᠭᠰᠢᠲᠠ ᠡᠬᠦᠳᠬᠦ ᠭᠡᠷᠡᠭᠲᠡᠢ᠃ᠡᠨᠠ ᠵᠢᠯ  ᠤᠨ ᠵᠠᠰᠠᠭ  ᠤᠨ ᠤᠷᠲᠤᠨ  ᠤ ᠠᠵᠢᠯ  ᠤᠨ ᠶᠠᠷᠤᠩᠭᠡᠢ ᠱᠠᠭᠠᠷᠲᠠᠯᠭ᠎ᠠ ᠪᠤᠯ  ᠄ ᠨᠠᠮ  ᠤᠨ ᠠᠷᠪᠠᠨ ᠨᠠᠢᠮᠠᠲᠤᠭᠠᠷ ᠶᠡᠭᠡ ᠬᠤᠷᠠᠯ᠂ ᠠᠷᠪᠠᠨ ᠨᠠᠢᠮᠠᠲᠤᠭᠠᠷ ᠬᠤᠭᠤᠴᠠᠭᠠᠨ  ᠤ ᠭᠤᠷᠪᠠᠲᠤᠭᠠᠷ ᠪᠦᠬᠦᠲᠠ ᠬᠤᠷᠠᠯ᠂ ᠲᠦᠷᠪᠠᠲᠤᠭᠡᠷ ᠪᠦᠬᠦᠲᠠ ᠬᠤᠷᠠᠯ  ᠤᠨ ᠵᠤᠷᠢᠭ ᠰᠠᠨᠠᠭ᠎ᠠ   ᠪᠠᠷ ᠵᠢᠯᠤᠭᠤᠲᠤᠯᠭ᠎ᠠ ᠪᠤᠯᠭᠠᠵᠤ᠂ ᠰᠢ ᠶᠢᠨ ᠫᠢᠩ ᠶᠠᠷᠤᠩᠭᠡᠢ ᠱᠦᠵᠢ  ᠶᠢᠨ ᠰᠢᠷᠢᠰ ᠶᠠᠷᠢᠶ᠎ᠠ ᠪᠠ ᠦᠪᠤᠷ ᠮᠤᠩᠭᠤᠯ  ᠳᠤ ᠰᠢᠨᠵᠢᠯᠠᠨ ᠪᠠᠶᠢᠴᠠᠭᠠᠬᠤ ᠦᠶ᠎ᠠ  ᠶᠢᠨ ᠴᠢᠬᠤᠯᠨ ᠶᠠᠷᠢᠶᠠᠨ  ᠤ ᠵᠤᠷᠢᠭ ᠰᠠᠨᠠᠭ᠎ᠠ ᠶᠢ ᠬᠦᠨᠵᠠᠭᠡᠢ ᠰᠤᠷᠤᠯᠴᠠᠨ ᠲᠤᠤᠱᠯᠠᠭᠤᠯᠵᠤ᠂ ᠦᠪᠠᠷᠲᠠᠭᠡᠨ ᠵᠠᠰᠠᠬᠤ ᠤᠷᠤᠨ  ᠤ ᠨᠠᠮ ᠤ ᠬᠤᠷᠢᠶ᠎ᠠ  ᠶᠢᠨ ᠶᠢᠰᠤᠲᠤᠭᠡᠷ ᠬᠤᠭᠤᠴᠠᠭᠠᠨ  ᠤ ᠠᠷᠪᠠᠨ ᠬᠤᠶᠠᠲᠤᠭᠠᠷ ᠤᠲᠠᠭ᠎ᠠ᠂ ᠠᠷᠪᠠᠨ ᠭᠤᠷᠪᠠᠲᠤᠭᠠᠷ ᠤᠲᠠᠭ᠎ᠠ  ᠶᠢᠨ ᠪᠦᠬᠦ ᠭᠡᠰᠢᠬᠦᠳ  ᠤᠨ ᠬᠤᠷᠠᠯᠲᠤᠭᠠᠨ  ᠤ ᠵᠤᠷᠢᠭ ᠰᠠᠨᠠᠭ᠎ᠠ ᠶᠢ ᠪᠦᠬᠦ ᠲᠠᠯ᠎ᠠ ᠪᠠᠷ ᠲᠤᠤᠱᠯᠠᠭᠤᠯᠵᠤ᠂ ᠬᠤᠲᠠ  ᠶᠢᠨ ᠨᠠᠮ  ᠤᠨ ᠬᠤᠷᠢᠶ᠎ᠠ  ᠶᠢᠨ ᠭᠤᠷᠪᠠᠲᠤᠭᠠᠷ ᠬᠤᠭᠤᠴᠠᠭᠠᠨ  ᠤ ᠵᠢᠷᠭᠤᠲᠤᠭᠠᠷ ᠤᠲᠠᠭᠠᠨ  ᠤ ᠬᠤᠷᠠᠯ ᠪᠠ ᠬᠤᠰᠢᠭᠤᠨ  ᠤ ᠨᠠᠮ  ᠤᠨ ᠬᠤᠷᠢᠶ᠎ᠠ ᠶᠢᠨ ᠠᠷᠪᠠᠨ ᠭᠤᠷᠪᠠᠲᠤᠭᠠᠷ ᠬᠤᠭᠤᠴᠠᠭ᠎ᠠ  ᠶᠢᠨ ᠶᠢᠰᠤᠲᠤᠭᠡᠷ ᠤᠲᠠᠭ᠎ᠠ  ᠶᠢᠨ ᠪᠦᠬᠦ ᠭᠡᠰᠢᠬᠦᠳ  ᠤᠨ ᠬᠤᠷᠠᠯ  ᠤᠨ ᠠᠵᠢᠯ  ᠤᠨ ᠪᠠᠶᠢᠷᠢᠯᠠᠭᠤᠯᠤᠯᠲᠠ ᠶᠢ ᠨᠢᠮᠪᠠᠢ ᠨᠠᠶᠢᠲᠠᠪᠤᠷᠢᠵᠭᠤᠯᠵᠤ᠂  ︽8337︾ ᠬᠦᠭᠵᠢᠯᠲᠠ  ᠶᠢᠨ ᠪᠠᠶᠢᠯᠲᠤᠬᠤ ᠪᠤᠲᠤᠯᠭ᠎ᠠ ᠶᠢ ᠬᠦᠨᠵᠠᠭᠡᠢ ᠭᠡᠷᠡᠭᠵᠢᠬᠦᠯᠵᠤ᠂ ᠲᠤᠭᠲᠠᠭᠤᠨ ᠪᠠᠶᠢᠯᠭᠠᠬᠤ ᠪᠦᠭᠡᠳ ᠤᠷᠤᠭᠰᠢᠯᠠᠨ ᠲᠠᠪᠰᠢᠬᠤ ᠠᠵᠯ  ᠤᠨ ᠬᠦᠭ ᠠᠶᠠᠰ  ᠢ ᠪᠠᠷᠢᠮᠲᠠᠯᠠᠵᠤ᠂ ᠠᠵᠤ ᠠᠬᠤᠢ  ᠶᠢᠨ ᠬᠦᠭᠵᠢᠯᠲᠠ  ᠶᠢᠨ ᠰᠢᠨ᠎ᠠ ᠭᠡᠪ ᠪᠠᠶᠢᠲᠠᠯ  ᠳᠤ ᠰᠠᠨᠠᠭᠠᠴᠢᠯᠠᠭ᠎ᠠ  ᠠᠴᠠ ᠪᠠᠨ ᠵᠤᠬᠢᠴᠠᠵᠤ᠂ ᠦᠷᠬᠦᠯᠵᠢᠯᠠᠨ ᠬᠦᠭᠵᠢᠬᠦᠯᠬᠦ᠂ ᠭᠡᠯᠪᠠᠷᠢ ᠶᠢ ᠨᠢ ᠬᠤᠪᠢᠷᠠᠭᠤᠯᠤᠨ ᠬᠦᠭᠵᠢᠬᠦᠯᠬᠦ᠂ ᠵᠤᠬᠢᠴᠠᠩᠭᠤᠢ ᠬᠦᠭᠵᠢᠬᠦᠯᠬᠦ᠂ ᠡᠶ᠎ᠡ ᠵᠤᠬᠢᠴᠠᠯᠲᠡᠢ ᠬᠦᠭᠵᠢᠬᠦᠯᠬᠦ ᠤᠶᠢᠯᠠᠭᠠᠭᠲᠠᠬᠤᠨ ᠢ ᠪᠠᠲᠤ ᠪᠤᠢ ᠪᠤᠯᠭᠠᠵᠤ᠂ ᠠᠵᠤ ᠠᠬᠤᠢ  ᠶᠢᠨ ᠬᠦᠭᠵᠢᠯᠲᠠ  ᠶᠢᠨ ᠶᠠᠰᠤ ᠴᠢᠨᠠᠷ ᠪᠤᠯᠤᠨ ᠦᠷ᠎ᠠ ᠠᠰᠢᠭ  ᠢ ᠲᠠᠭᠡᠭᠰᠢᠯᠠᠬᠦᠯᠬᠦ ᠪᠠᠷ ᠭᠤᠤᠯ ᠪᠤᠯᠭᠠᠵᠤ᠂ ᠦᠭᠡᠷᠠᠴᠢᠯᠠᠯᠲᠠ ᠶᠢ ᠬᠦᠨᠵᠠᠭᠡᠶᠢᠷᠠᠬᠦᠯᠬᠦ ᠪᠠᠷ ᠬᠦᠲᠠᠯᠭᠡᠭᠴᠢ ᠬᠦᠴᠤ ᠪᠤᠯᠭᠠᠵᠤ᠂ ᠬᠠᠤᠯᠢ ᠪᠠᠷ ᠬᠤᠰᠢᠭᠤ ᠪᠠᠨ ᠵᠠᠰᠠᠬᠤ ᠶᠢ ᠠᠬᠢᠭᠤᠯᠬᠤ ᠪᠠᠷ ᠪᠠᠲᠤᠯᠠᠭ᠎ᠠ ᠪᠤᠯᠭᠠᠵᠤ᠂ ᠲᠤᠭᠲᠠᠭᠤᠨ  ᠢᠶᠠᠷ ᠨᠠᠮᠡᠭᠲᠠᠬᠦᠯᠬᠦ᠂ ᠪᠦᠲᠤᠴᠠ  ᠶᠢ ᠲᠤᠬᠢᠷᠠᠭᠤᠯᠬᠤ᠂ ᠭᠡᠯᠪᠠᠷᠢ ᠪᠠᠨ ᠬᠤᠪᠢᠷᠠᠭᠤᠯᠬᠤ᠂ ᠦᠭᠡᠷᠠᠴᠢᠯᠠᠯᠲᠠ ᠪᠠᠨ ᠠᠬᠢᠭᠤᠯᠬᠤ᠂ ᠠᠷᠠᠳ  ᠤᠨ ᠠᠮᠢᠲᠤᠷᠠᠯ  ᠢ ᠬᠠᠷᠠᠭᠠᠯᠵᠠᠬᠤ ᠂ ᠠᠶᠤᠯ ᠲᠦᠭᠰᠢᠬᠦᠷᠢ  ᠶᠢ ᠰᠠᠷᠭᠡᠶᠢᠯᠠᠬᠦ ᠶᠢ ᠪᠠᠷᠢᠮᠲᠠᠯᠠᠵᠤ᠂ ᠰᠢᠨ᠎ᠠ ᠭᠡᠯᠪᠠᠷᠢ  ᠶᠢᠨ ᠠᠵᠤ ᠤᠶᠢᠯᠠᠳᠪᠤᠷᠢᠵᠢᠯᠲᠠ᠂ ᠮᠡᠲᠡᠭᠡ ᠵᠠᠩᠬᠢᠵᠢᠯᠲᠠ᠂ ᠬᠤᠲᠠ ᠪᠠᠯᠭᠠᠰᠤᠵᠢᠯᠲᠠ ᠂ ᠲᠠᠷᠢᠶᠠᠯᠠᠩ ᠮᠠᠯ ᠠᠵᠤ ᠠᠬᠤᠢ  ᠶᠢᠨ ᠤᠲᠤᠬᠢᠴᠢᠯᠠᠯᠲᠠ ᠶᠢ ᠵᠠᠷᠭᠡᠪᠠᠷ ᠲᠦᠯᠬᠢᠨ ᠠᠬᠢᠭᠤᠯᠵᠤ᠂ ︽ ᠲᠠᠪᠤᠨ ᠶᠡᠭᠡ ᠰᠠᠭᠤᠷᠢᠨ︾  ᠢ ᠲᠦᠷᠭᠡᠳᠭᠡᠨ ᠪᠦᠲᠤᠭᠡᠨ ᠪᠠᠶᠢᠭᠤᠯᠵᠤ᠂ ᠦᠭᠡᠷᠠᠴᠢᠯᠠᠯᠲᠠ  ᠶᠢ ᠬᠦᠨᠵᠠᠭᠡᠶᠢᠷᠠᠬᠦᠯᠬᠦ ᠪᠠ ᠴᠢᠨᠠᠭᠡᠯᠢᠭ ᠨᠠᠶᠢᠭᠡᠮ  ᠢ ᠪᠦᠬᠦ ᠲᠠᠯ᠎ᠠ ᠪᠠᠷ ᠪᠠᠶᠢᠭᠤᠯᠬᠤ ᠰᠢᠨ᠎ᠠ ᠪᠠᠶᠢᠲᠠᠯ  ᠢ ᠴᠢᠷᠮᠠᠶᠢᠨ ᠡᠬᠦᠳᠬᠦ ᠪᠤᠯᠤᠨ᠎ᠠ  ᠃ ᠪᠦᠬᠦ ᠬᠤᠰᠢᠭᠤᠨ  ᠤ ᠠᠵᠤ ᠠᠬᠤᠢ ᠨᠠᠶᠢᠭᠡᠮ ᠤᠨ ᠬᠦᠭᠵᠢᠯᠲᠠ  ᠶᠢᠨ ᠵᠢᠱᠢᠭᠰᠡᠨ ᠬᠠᠷᠠᠯᠲᠠ ᠪᠤᠯ  ᠄ ᠭᠠᠵᠠᠷ ᠤᠷᠤᠨ  ᠤ ᠤᠶᠢᠯᠠᠳᠪᠤᠷᠢᠯᠠᠯ  ᠤᠨ ᠶᠠᠷᠤᠩᠭᠡᠢ ᠦᠷᠲᠡᠭ  ᠢ 9% ᠤᠷᠴᠢᠮ  ᠢᠶᠠᠷ ᠨᠠᠮᠡᠭᠲᠠᠬᠦᠯᠵᠤ᠂ ᠲᠤᠭᠲᠠᠮᠠᠯ ᠬᠦᠷᠤᠩᠭᠡ  ᠶᠢᠨ ᠪᠠᠯᠨ ᠤᠷᠤᠭᠤᠯᠤᠯᠲᠠ  ᠶᠢ 14%  ᠢᠶᠠᠷ ᠨᠠᠮᠡᠭᠲᠠᠬᠦᠯᠵᠤ᠂  ᠤᠯᠠᠨ ᠨᠠᠶᠢᠲᠠ  ᠶᠢᠨ ᠡᠳ᠋  ᠤᠨ ᠵᠠᠰᠠᠭ  ᠤᠨ ᠤᠷᠤᠯᠭ᠎ᠠ ᠶᠢ7 %  ᠢᠶᠠᠷ  ᠨᠡᠮᠡᠭᠲᠡᠬᠦᠯᠤᠨ᠂ ᠬᠤᠲᠠ ᠪᠠᠯᠭᠠᠰᠤ  ᠶᠢᠨ ᠪᠠᠶᠢᠩᠭᠤ ᠰᠠᠭᠤᠭ᠎ᠠ ᠰᠠᠭᠤᠭᠠᠯᠢ ᠠᠷᠠᠳ  ᠤᠨ ᠬᠦᠮᠤᠨ ᠲᠤᠮᠲᠠᠴᠢ  ᠶᠢᠨ ᠡᠵᠠᠮᠲᠠᠵᠤ ᠪᠤᠯᠬᠤ ᠤᠷᠤᠯᠭ᠎ᠠ ᠪᠤᠯᠤᠨ ᠮᠠᠯᠵᠢᠬᠤ ᠤᠷᠤᠨ    ᠤ ᠪᠠᠶᠢᠩᠭᠤ ᠰᠠᠭᠤᠭ᠎ᠠ ᠰᠠᠭᠤᠭᠠᠯᠢ ᠠᠷᠠᠳ  ᠤᠨ ᠬᠦᠮᠤᠨ ᠲᠤᠮᠲᠠᠴᠢ  ᠶᠢᠨ ᠡᠵᠠᠮᠲᠠᠵᠤ ᠪᠤᠯᠬᠤ ᠤᠷᠤᠯᠭ᠎ᠠ ᠶᠢ ᠲᠤᠰ ᠲᠤᠰ 11% ᠪᠠ 12%  ᠢᠶᠠᠷ ᠨᠠᠮᠡᠭᠲᠠᠬᠦᠯᠵᠤ᠂ ᠨᠠᠶᠢᠭᠡᠮ  ᠤᠨ ᠭᠡᠷᠡᠭᠯᠠᠭᠡᠨ  ᠤ ᠵᠤᠶᠢᠯᠠᠰ  ᠢ ᠵᠢᠵᠢᠭᠯᠡᠨ ᠪᠤᠷᠤᠯᠠᠭᠤᠯᠬᠤ ᠶᠠᠷᠤᠩᠭᠡᠢ ᠭᠡᠮᠵᠢᠶ᠎ᠠ  ᠶᠢ 12%  ᠢᠶᠠᠷ ᠨᠠᠮᠡᠭᠲᠠᠬᠦᠯᠵᠤ᠂ ᠬᠤᠲᠠ ᠪᠠᠯᠭᠠᠰᠤ  ᠶᠢᠨ ᠲᠠᠩᠰᠠᠯᠠᠭᠤᠯᠤᠭᠰᠠᠨ ᠠᠵᠢᠯ ᠠᠯᠲᠠᠯᠲᠠ  ᠶᠢᠨ ᠨᠤᠷᠮ᠎ᠠ ᠶᠢ 4% ᠲᠤᠲᠤᠷ᠎ᠠ ᠬᠢᠵᠠᠭᠠᠷᠯᠠᠨ᠂ ᠡᠯ᠎ᠠ ᠵᠤᠶᠢᠯ  ᠤᠨ ᠬᠢᠵᠠᠭᠠᠷᠯᠠᠯ  ᠤᠨ ᠴᠢᠨᠠᠷᠲᠡᠢ ᠬᠦᠢᠴᠠᠳᠭᠡᠯ ᠲᠤᠭ᠎ᠠ ᠶᠢ ᠬᠦᠯᠤᠨ ᠪᠤᠶᠢᠷ ᠬᠤᠲᠠ  ᠶᠢᠨ ᠱᠠᠭᠠᠷᠲᠠᠯᠭ᠎ᠠ  ᠳᠤ ᠬᠦᠷᠤᠬᠦᠯᠤᠨ᠎ᠠ᠃ ᠰᠢᠨ᠎ᠠ ᠭᠡᠪ ᠪᠠᠶᠢᠲᠠᠯ  ᠶᠢᠨ ᠬᠠᠷᠠᠭᠠᠰᠤ  ᠠᠴᠠ ᠦᠵᠠᠪᠠᠯ᠂ ᠡᠨᠠ ᠨᠢ ᠨᠢᠭᠡᠨ ᠢᠲᠠᠪᠬᠢᠲᠡᠢ ᠪᠠᠷ ᠤᠷᠤᠭᠰᠢᠯᠠᠨ ᠲᠠᠪᠰᠢᠬᠤ ᠬᠠᠷᠠᠯᠲᠠ ᠪᠤᠯᠤᠨ᠎ᠠ᠂ ᠪᠢᠲᠠ ᠭᠠᠭᠴᠠᠬᠦ ᠬᠤᠰᠢᠭᠤᠨ  ᠤ ᠨᠠᠮ  ᠤᠨ ᠬᠤᠷᠢᠶ᠎ᠠ  ᠶᠢᠨ ᠶᠠᠷᠤᠩᠭᠡᠢ ᠴᠤᠭᠴᠠ  ᠶᠢᠨ ᠪᠠᠶᠢᠷᠢᠯᠠᠭᠤᠯᠤᠯᠲᠠ ᠶᠤᠰᠤᠭᠠᠷ᠂ ᠬᠠᠷᠠᠯᠲᠠ ᠪᠠᠷ ᠲᠠᠶᠢᠴᠢᠯᠠᠨ ᠲᠠᠭᠠᠭᠤᠯᠬᠤ᠂ ᠠᠰᠠᠭᠤᠲᠠᠯ  ᠢᠶᠠᠷ ᠤᠲᠤᠷᠢᠲᠤᠮᠵᠢ ᠪᠤᠯᠭᠠᠬᠤ᠂ ᠰᠢᠨ᠎ᠠ ᠶᠢ ᠡᠬᠦᠲᠤᠨ ᠬᠦᠭᠵᠢᠬᠦᠯᠬᠦ᠂ ᠦᠨᠠᠨᠬᠦ ᠠᠳᠬᠤᠵᠤ ᠪᠤᠲᠠᠲᠡᠢ ᠠᠵᠢᠯᠯᠠᠬᠤ ᠶᠢ ᠪᠠᠷᠢᠮᠲᠠᠯᠠᠪᠠᠯ ᠰᠠᠶ᠋ᠢ ᠬᠠᠷᠠᠯᠲᠠ ᠪᠠᠨ ᠪᠦᠷᠢᠮᠤᠰᠤᠨ ᠪᠠᠶᠠᠯᠠᠬᠦᠯᠵᠤ ᠴᠢᠲᠠᠨ᠎ᠠ᠃ ᠲᠠᠭᠡᠷᠠᠬᠢ ᠬᠠᠷᠠᠯᠲᠠ ᠶᠢ ᠪᠠᠶᠠᠯᠠᠬᠦᠯᠬᠦ ᠳᠤ᠂ ᠡᠨ᠋ᠨ ᠵᠢᠯ ᠲᠤᠤᠷᠠᠬᠢ ᠮᠠᠲᠤ  ᠶᠢᠨ ᠭᠤᠤᠯᠲᠠᠯᠭ᠎ᠠ ᠲᠠᠢ ᠨᠠᠢᠮᠠᠨ ᠵᠤᠶᠢᠯ  ᠤᠨ ᠠᠵᠢᠯ  ᠢ ᠰᠠᠶᠢᠲᠤᠷ ᠠᠳᠬᠤᠬᠤ ᠭᠡᠷᠡᠭᠲᠡᠢ  ᠄ ︵ ᠨᠢᠭᠡ︶ ᠪᠠᠯᠨ ᠤᠷᠤᠭᠤᠯᠤᠯᠲᠠ ᠪᠤᠯᠤᠨ ᠲᠦᠷᠤᠯ ᠵᠤᠶᠢᠯ  ᠤᠨ ᠪᠦᠲᠤᠭᠡᠨ ᠪᠠᠶᠢᠭᠤᠯᠤᠯᠲᠠ ᠶᠢ ᠭᠤᠶᠢᠪᠢᠰᠢ ᠦᠭᠡᠢ ᠨᠠᠮᠡᠭᠲᠠᠬᠦᠯᠵᠤ᠂ ᠠᠵᠤ ᠠᠬᠤᠢ  ᠶᠢᠨ ᠲᠤᠭᠲᠠᠭᠤᠨ ᠨᠡᠮᠡᠭᠲᠠᠯ  ᠢ ᠴᠢᠷᠮᠠᠶᠢᠨ ᠲᠦᠯᠬᠢᠨ ᠠᠬᠢᠭᠤᠯᠬᠤ ᠪᠠᠯᠨ ᠤᠷᠤᠭᠤᠯᠤᠯᠲᠠ ᠪᠤᠯᠤᠨ ᠲᠦᠷᠤᠯ ᠵᠤᠶᠢᠯ  ᠤᠨ ᠪᠦᠲᠤᠭᠡᠨ ᠪᠠᠶᠢᠭᠤᠯᠤᠯᠲᠠ ᠪᠤᠯ ︽ᠬᠤᠰᠢᠭᠤ ᠪᠠᠨ ᠬᠦᠴᠤᠷᠭᠡᠭᠵᠢᠬᠦᠯᠬᠦ ᠶᠢᠨ ᠰᠠᠭᠤᠷᠢ᠂ ᠬᠦᠭᠵᠢᠬᠦᠯᠤᠯᠲᠠ  ᠶᠢᠨ ᠦᠨᠲᠤᠰᠤ︾ ᠪᠤᠯᠤᠨ᠎ᠠ ᠭᠡᠬᠦ  ᠤᠶᠢᠯᠠᠭᠠᠭᠲᠠᠬᠤᠨ ᠢ ᠪᠠᠲᠤ ᠪᠤᠢ ᠪᠤᠯᠭᠠᠵᠤ᠂ ᠲᠦᠷᠤᠯ ᠵᠤᠶᠢᠯ  ᠢᠶᠠᠷ ᠲᠠᠶᠢᠴᠢᠯᠠᠵᠤ᠂ ᠪᠠᠯᠨ ᠤᠷᠤᠭᠤᠯᠤᠯᠲᠠ  ᠶᠢᠨ ᠭᠡᠪᠴᠢᠶ᠎ᠠ  ᠪᠠᠨ ᠦᠷᠭᠡᠳᠭᠡᠨ᠂ ᠠᠵᠤ ᠠᠬᠤᠢ  ᠶᠢᠨ ᠬᠦᠭᠵᠢᠯᠲᠠ  ᠶᠢᠨ ᠰᠠᠨᠠᠭᠠᠴᠢᠯᠠᠭᠠᠲᠤ ᠡᠷᠭᠡ ᠶᠢ ᠪᠠᠲᠤ ᠡᠵᠠᠮᠲᠠᠬᠦ  ᠭᠡᠷᠡᠭᠲᠡᠢ᠃ ᠪᠠᠯᠨ ᠤᠷᠤᠭᠤᠯᠤᠯᠲᠠ  ᠶᠢ ᠰᠢᠯᠢᠲᠡᠭᠵᠢᠬᠦᠯᠬᠦ ᠲᠤᠮᠲᠠ ᠲᠤᠭᠲᠠᠭᠤᠨ  ᠢᠶᠠᠷ ᠨᠠᠮᠡᠭᠲᠠᠬᠦᠯᠬᠦ᠃ ᠲᠤᠭᠲᠠᠮᠠᠯ ᠬᠦᠷᠤᠩᠭᠡ  ᠶᠢᠨ ᠪᠠᠯᠨ ᠤᠷᠤᠭᠤᠯᠤᠯᠲᠠ  ᠶᠢᠨ ᠬᠠᠷᠠᠯᠲᠠ ᠡᠬᠦᠷᠭᠡ ᠶᠢ ᠪᠠᠶᠠᠯᠠᠬᠦᠯᠬᠦ ᠶᠢ ᠯᠠᠪᠲᠠᠶᠢᠶ᠎ᠠ ᠪᠠᠲᠤᠯᠠᠵᠤ᠂ ᠠᠵᠤ ᠠᠬᠤᠢ ᠨᠠᠮᠡᠭᠲᠠᠬᠦ  ᠳᠤ ᠰᠠᠭᠤᠷᠢ ᠶᠢ ᠪᠠᠲᠤᠳᠬᠠᠵᠤ ᠦᠭᠬᠦ ᠭᠡᠷᠡᠭᠲᠡᠢ᠃ ᠠᠵᠤ ᠤᠶᠢᠯᠠᠳᠪᠤᠷᠢ  ᠶᠢᠨ ᠲᠠᠯ᠎ᠠ ᠪᠠᠷ᠂ ᠬᠤᠸ᠋ᠨ ᠨᠧᠩ  ᠢᠮᠢᠨ  ᠤ ᠵᠠᠲᠠᠭᠠᠢ ᠠᠭᠤᠷᠬᠠᠢ  ᠶᠢᠨ ᠲᠦᠷᠪᠠᠯᠵᠢᠨ ᠰᠢᠷᠤᠢ ᠶᠢ ᠰᠠᠯᠭᠠᠵᠤ ᠠᠪᠬᠤ ᠤᠷᠠᠯᠠᠯ  ᠢ ᠦᠭᠡᠷᠠᠴᠢᠯᠠᠬᠦ ᠵᠠᠷᠭᠡ ᠬᠤᠲᠠ  ᠶᠢᠨ ᠱᠠᠲᠤᠨ  ᠤ ᠭᠤᠤᠯᠲᠠᠯᠭ᠎ᠠ ᠲᠠᠢ ᠲᠦᠷᠤᠯ ᠵᠤᠶᠢᠯ  ᠢ ᠬᠦᠴᠤᠯᠠᠨ ᠰᠠᠶᠢᠲᠤᠷ ᠠᠳᠬᠤᠵᠤ᠂ 10 ᠳ᠋ᠦᠩᠰᠢᠭᠤᠷ ᠲᠦᠬᠦᠷᠢᠭ  ᠠᠴᠠ ᠲᠠᠭᠡᠭᠰᠢᠬᠢ ᠪᠠᠯᠨ ᠤᠷᠤᠭᠤᠯᠤᠯᠲᠠ  ᠶᠢ ᠪᠠᠶᠠᠯᠠᠬᠦᠯᠬᠦ ᠶᠢ ᠯᠠᠪᠲᠠᠶᠢᠶ᠎ᠠ ᠪᠠᠲᠤᠯᠠᠨ᠎ᠠ᠃ ᠲᠠᠷᠢᠶᠠᠯᠠᠩ ᠮᠠᠯ ᠠᠵᠤ ᠠᠬᠤᠢ  ᠶᠢᠨ ᠲᠠᠯ᠎ᠠ ᠪᠠᠷ᠂ ᠪᠠᠶᠢᠭᠠᠯᠢ  ᠶᠢᠨ ᠨᠤᠲᠤᠭ ᠪᠠᠯᠴᠢᠭᠡᠷ  ᠤᠨ ᠪᠠᠯᠴᠢᠭᠡᠷᠯᠠᠬᠦᠯᠬᠦ ᠶᠢ ᠵᠤᠭᠰᠤᠭᠠᠨ ᠡᠪᠠᠰᠤ ᠪᠠᠯᠴᠢᠭᠡᠷ  ᠢ ᠰᠠᠷᠬᠦᠭᠡᠬᠦ ᠵᠠᠷᠭᠡ ᠬᠤᠰᠢᠭᠤᠨ  ᠤ ᠱᠠᠲᠤ  ᠶᠢᠨ 8 ᠭᠤᠤᠯᠲᠠᠯᠭ᠎ᠠ ᠲᠠᠢ ᠲᠦᠷᠤᠯ ᠵᠤᠶᠢᠯ  ᠤᠨ ᠪᠦᠲᠤᠭᠡᠨ ᠪᠠᠶᠢᠭᠤᠯᠤᠯᠲᠠ ᠶᠢ ᠬᠦᠴᠤᠯᠠᠨ ᠰᠠᠶᠢᠲᠤᠷ ᠠᠳᠬᠤᠵᠤ᠂ 2 ᠳ᠋ᠦᠩᠰᠢᠭᠤᠷ ᠲᠦᠬᠦᠷᠢᠭ  ᠠᠴᠠ ᠲᠠᠭᠡᠭᠰᠢᠬᠢ ᠪᠠᠯᠨ ᠤᠷᠤᠭᠤᠯᠤᠯᠲᠠ ᠶᠢ ᠪᠠᠶᠠᠯᠠᠬᠦᠯᠬᠦ ᠶᠢ ᠯᠠᠪᠲᠠᠶᠢᠶ᠎ᠠ ᠪᠠᠲᠤᠯᠠᠨ᠎ᠠ︔ ᠬᠤᠲᠠ  ᠶᠢᠨ ᠪᠦᠲᠤᠭᠡᠨ ᠪᠠᠶᠢᠭᠤᠯᠤᠯᠲᠠ ᠵᠠᠮ ᠬᠠᠷᠢᠯᠴᠠᠭ᠎ᠠ  ᠶᠢᠨ ᠰᠠᠭᠤᠷᠢ ᠲᠦᠬᠦᠭᠡᠷᠤᠮᠵᠢ  ᠶᠢᠨ ᠪᠦᠲᠤᠭᠡᠨ ᠪᠠᠶᠢᠭᠤᠯᠤᠯᠲᠠ  ᠶᠢᠨ ᠲᠠᠯ᠎ᠠ᠂ ᠢᠮᠢᠨ ᠭᠤᠤᠯ  ᠤᠨ ᠭᠤᠤᠯ ᠲᠠᠭᠠᠤ ᠬᠢ ᠦᠵᠠᠮᠵᠢᠲᠤ ᠪᠦᠰᠠ  ᠶᠢᠨ ᠢᠨᠵᠧᠨᠧᠷᠢᠩ ᠵᠠᠷᠭᠡ 22 ᠭᠤᠤᠯᠲᠠᠯᠭ᠎ᠠ ᠲᠠᠢ ᠲᠦᠷᠤᠯ ᠵᠤᠶᠢᠯ  ᠤᠨ ᠪᠦᠲᠤᠭᠡᠨ ᠪᠠᠶᠢᠭᠤᠯᠤᠯᠲᠠ ᠶᠢ ᠨᠢᠭᠡᠲᠤᠯᠲᠡᠢ ᠲᠦᠯᠤᠪᠯᠠᠨ ᠠᠬᠢᠭᠤᠯᠵᠤ᠂ ᠬᠦᠭᠵᠢᠬᠦᠯᠤᠯᠲᠠ  ᠶᠢ ᠪᠠᠲᠤᠯᠠᠬᠤ ᠴᠢᠲᠠᠪᠤᠷᠢ ᠶᠢ ᠦᠨᠠᠨᠬᠦ ᠲᠠᠭᠡᠭᠰᠢᠯᠠᠬᠦᠯᠵᠤ᠂ 11 ᠳ᠋ᠦᠩᠰᠢᠭᠤᠷ ᠲᠦᠬᠦᠷᠢᠭ  ᠠᠴᠠ ᠲᠠᠭᠡᠭᠰᠢᠬᠢ ᠪᠠᠯᠨ ᠤᠷᠤᠭᠤᠯᠤᠯᠲᠠ ᠶᠢ ᠪᠠᠶᠠᠯᠠᠬᠦᠯᠬᠦ ᠶᠢ ᠯᠠᠪᠲᠠᠶᠢᠶ᠎ᠠ ᠪᠠᠲᠤᠯᠠᠨ᠎ᠠ︔ ᠠᠷᠠᠳ  ᠤᠨ ᠠᠮᠢᠲᠤᠷᠠᠯ ᠨᠠᠶᠢᠭᠡᠮ  ᠤᠨ ᠪᠦᠲᠤᠭᠡᠨ ᠪᠠᠶᠢᠭᠤᠯᠤᠯᠲᠠ  ᠶᠢᠨ ᠲᠠᠯ᠎ᠠ ᠪᠠᠷ᠂ ᠰᠤᠷᠭᠠᠨ ᠬᠦᠮᠤᠵᠯ᠂ ᠰᠤᠶᠤᠯ᠂ ᠡᠮᠨᠠᠯᠭᠡ ᠡᠷᠠᠬᠦᠯ ᠬᠠᠮᠠᠭᠠᠯᠠᠯ᠂ ᠨᠠᠶᠢᠭᠡᠮ  ᠤᠨ ᠪᠠᠲᠤᠯᠠᠪᠤᠷᠢ ᠵᠠᠷᠭᠡ ᠬᠦᠷᠢᠶ᠎ᠠ ᠭᠡᠪᠴᠢᠶ᠎ᠠ  ᠶᠢᠨ ᠪᠠᠯᠨ ᠤᠷᠤᠭᠤᠯᠤᠯᠲᠠ ᠶᠢ ᠦᠷᠬᠦᠯᠵᠢᠯᠠᠨ ᠨᠠᠮᠡᠭᠲᠠᠬᠦᠯᠵᠤ᠂ ᠤᠯᠠᠨ ᠨᠠᠶᠢᠲᠠ  ᠶᠢᠨ ᠤᠶᠢᠯᠠᠴᠢᠯᠠᠭᠡᠨ  ᠤ ᠲᠦᠪᠰᠢᠨ  ᠢ ᠴᠢᠷᠮᠠᠶᠢᠨ ᠲᠠᠭᠡᠭᠰᠢᠯᠠᠬᠦᠯᠵᠤ᠂ 5 ᠳ᠋ᠦᠩᠰᠢᠭᠤᠷ ᠲᠦᠬᠦᠷᠢᠭ  ᠠᠴᠠ ᠲᠠᠭᠡᠭᠰᠢᠬᠢ ᠪᠠᠯᠨ ᠤᠷᠤᠭᠤᠯᠤᠯᠲᠠ ᠶᠢ ᠪᠠᠶᠠᠯᠠᠬᠦᠯᠬᠦ ᠶᠢ ᠯᠠᠪᠲᠠᠶᠢᠶ᠎ᠠ ᠪᠠᠲᠤᠯᠠᠨ᠎ᠠ  ︔ ᠤᠲᠤ ᠦᠶ᠎ᠠ  ᠶᠢᠨ ᠤᠶᠢᠯᠠᠴᠢᠯᠠᠭᠡᠨ  ᠤ ᠤᠶᠢᠯᠠᠰ  ᠤᠨ ᠲᠠᠯ᠎ᠠ ᠪᠠᠷ᠂ ᠠᠷᠠᠯᠵᠢᠶ᠎ᠠ ᠬᠤᠲᠠᠯᠲᠤᠭ᠎ᠠ ᠬᠦᠢᠯᠭᠡᠭᠡᠨ ᠪᠠ ᠰᠢᠨ᠎ᠠ ᠭᠡᠯᠪᠠᠷᠢ  ᠶᠢᠨ ᠤᠶᠢᠯᠠᠴᠢᠯᠠᠭᠡᠨ  ᠤ ᠤᠶᠢᠯᠠᠰ  ᠤᠨ ᠲᠦᠷᠤᠯ ᠵᠤᠶᠢᠯ  ᠢ ᠭᠤᠤᠯᠲᠠᠯᠭ᠎ᠠ ᠲᠠᠢ ᠰᠠᠶᠢᠲᠤᠷ ᠠᠳᠬᠤᠵᠤ᠂ 4 ᠳ᠋ᠦᠩᠰᠢᠭᠤᠷ ᠲᠦᠬᠦᠷᠢᠭ  ᠠᠴᠠ ᠲᠠᠭᠡᠭᠰᠢᠬᠢ ᠪᠠᠯᠨ ᠤᠷᠤᠭᠤᠯᠤᠯᠲᠠ ᠶᠢ ᠪᠠᠶᠠᠯᠠᠬᠦᠯᠬᠦ ᠶᠢ ᠯᠠᠪᠲᠠᠶᠢᠶ᠎ᠠ  ᠪᠠᠲᠤᠯᠠᠨ᠎ᠠ  ᠃  ᠪᠠᠯᠨ ᠮᠦᠩᠬᠦ ᠴᠤᠭᠯᠠᠭᠤᠯᠬᠤ ᠲᠠᠯ᠎ᠠ ᠪᠠᠷ  ᠂ ᠵᠠᠰᠠᠭ  ᠤᠨ ᠤᠷᠲᠤᠨ ᠪᠠ ᠨᠠᠶᠢᠭᠡᠮ  ᠤᠨ ᠡᠳ᠋ ᠬᠦᠷᠤᠩᠭᠡ  ᠶᠢᠨ ᠬᠤᠷᠰᠢᠯᠴᠠᠭ᠎ᠠ  ᠶᠢᠨ ︵PPP︶  ᠶᠢᠨ ᠭᠡᠪ ᠵᠠᠭᠪᠤᠷ  ᠢ ᠲᠤᠷᠰᠢᠨ ᠲᠠᠯᠭᠡᠷᠠᠬᠦᠯᠤᠨ᠎ᠠ᠃ ᠲᠠᠭᠡᠲᠤ ᠱᠠᠲᠤᠨ  ᠤ ᠡᠯ᠎ᠠ ᠵᠤᠶᠢᠯ  ᠤᠨ ᠲᠤᠰᠬᠠᠢ ᠵᠤᠶᠢᠯ  ᠤᠨ ᠪᠠᠯᠨ ᠮᠦᠩᠬᠦ ᠶᠢ ᠢᠲᠠᠪᠬᠢᠲᠡᠢ ᠲᠠᠮᠠᠴᠠᠨ ᠤᠯᠵᠤ᠂ ᠪᠠᠩᠬᠢ ᠠᠵᠤ ᠠᠬᠤᠶᠢᠯᠠᠯ  ᠤᠨ ᠵᠤᠯᠭᠤᠯᠲᠤᠭᠤᠯᠤᠯᠲᠠ  ᠶᠢ ᠯᠠᠪᠲᠠᠭᠤᠨ  ᠢᠶᠠᠷ ᠲᠦᠯᠬᠢᠨ ᠠᠬᠢᠭᠤᠯᠵᠤ᠂ ᠡᠯ᠎ᠠ ᠲᠦᠷᠤᠯ  ᠤᠨ ᠠᠵᠤ ᠠᠬᠤᠶᠢᠯᠠᠯ  ᠤᠨ ᠰᠢᠭᠤᠳ ᠪᠠᠯᠨ ᠤᠷᠤᠭᠤᠯᠬᠤ ᠶᠢ ᠲᠠᠮᠵᠢᠨ᠎ᠠ᠃ ᠠᠷᠠᠳ  ᠤᠨ ᠪᠠᠯᠨ ᠤᠷᠤᠭᠤᠯᠤᠯᠲᠠ  ᠶᠢ ᠴᠢᠷᠮᠠᠶᠢᠨ ᠵᠤᠷᠢᠭᠵᠢᠭᠤᠯᠵᠤ᠂ ᠠᠷᠠᠯᠵᠢᠶᠠᠴᠢᠨ ᠤᠷᠢᠵᠤ ᠪᠠᠯᠨ ᠤᠷᠤᠭᠤᠯᠬᠤ ᠡᠷᠴᠢᠮ  ᠢᠶᠠᠨ ᠴᠢᠩᠭᠠᠷᠠᠭᠤᠯᠵᠤ᠂ ᠨᠡᠨᠩ ᠤᠯᠠᠨ ᠪᠠᠯᠨ ᠮᠦᠩᠬᠦ᠂ ᠮᠠᠷᠭᠡᠵᠢᠯ᠂ ᠲᠦᠷᠤᠯ ᠵᠤᠶᠢᠯ  ᠢ ᠮᠠᠨ  ᠤ ᠬᠤᠰᠢᠭᠤᠨ  ᠳᠤ ᠲᠠᠲᠠᠨ ᠤᠷᠤᠭᠤᠯᠬᠤ   ᠪᠠᠷ ᠴᠢᠷᠮᠠᠶᠢᠬᠤ ᠭᠡᠷᠡᠭᠲᠡᠢ᠃ ᠲᠦᠷᠤᠯ ᠵᠤᠶᠢᠯ  ᠤᠨ ᠪᠦᠲᠤᠭᠡᠨ ᠪᠠᠶᠢᠭᠤᠯᠤᠯᠲᠠ ᠶᠢ ᠠᠬᠢᠭᠤᠯᠬᠤ ᠲᠤᠮᠲᠠ ᠲᠤᠭᠲᠠᠭᠤᠨ  ᠢᠶᠠᠷ ᠨᠠᠮᠡᠭᠲᠠᠬᠦᠯᠬᠦ  ᠃  ᠬᠤᠲᠠ  ᠶᠢᠨ ᠱᠠᠲᠤᠨ  ᠤ 10 ᠭᠤᠤᠯᠲᠠᠯᠭ᠎ᠠ  ᠲᠠᠢ ᠲᠦᠷᠤᠯ ᠵᠤᠶᠢᠯ ᠪᠤᠯᠤᠨ ᠬᠤᠰᠢᠭᠤᠨ ᠱᠠᠲᠤ  ᠶᠢᠨ 57 ᠭᠤᠤᠯᠲᠠᠯᠭ᠎ᠠ ᠲᠠᠢ ᠲᠦᠷᠤᠯ  ᠵᠤᠶᠢᠯ ᠤᠨ ᠪᠦᠲᠤᠭᠡᠨ ᠪᠠᠶᠢᠭᠤᠯᠤᠯᠲᠠ ᠶᠢ ᠪᠦᠬᠦ  ᠬᠦᠴᠤᠨ ᠢᠶᠠᠷ ᠲᠦᠯᠬᠢᠨ ᠠᠬᠢᠭᠤᠯᠵᠤ᠂ ᠨᠢᠭᠡ ᠪᠦᠯᠦᠭ ᠪᠦᠬᠦ  ᠲᠠᠯ᠎ᠠ  ᠶᠢᠨ ᠴᠢᠨᠠᠷᠲᠡᠢ᠂ ᠰᠠᠭᠤᠷᠢ ᠴᠢᠨᠠᠷᠲᠡᠢ᠂ ᠪᠠᠶᠢᠯᠲᠤᠬᠤ ᠪᠤᠲᠤᠯᠭ᠎ᠠ  ᠶᠢᠨ ᠴᠢᠨᠠᠷᠲᠡᠢ ᠨᠦᠯᠤᠭᠡᠯᠠᠯ  ᠢᠶᠠᠷ ᠶᠡᠭᠡ ᠲᠤᠮᠤ ᠲᠦᠷᠤᠯ ᠵᠤᠶᠢᠯ  ᠢ ᠵᠤᠬᠢᠶᠠᠨ ᠪᠠᠶᠢᠭᠤᠯᠤᠨ ᠭᠡᠷᠡᠭᠵᠢᠬᠦᠯᠵᠤ᠂ ᠲᠦᠷᠤᠯ ᠵᠤᠶᠢᠯ  ᠤᠨ ᠪᠦᠲᠤᠭᠡᠨ ᠪᠠᠶᠢᠭᠤᠯᠤᠯᠲᠠ ᠪᠠᠷ ᠠᠵᠤ ᠠᠬᠤᠢ  ᠶᠢᠨ ᠬᠦᠭᠵᠢᠯᠲᠠ ᠶᠢ ᠲᠠᠶᠢᠴᠢᠯᠠᠨ᠎ᠠ᠃ ᠠᠵᠤ ᠤᠶᠢᠯᠠᠳᠪᠤᠷᠢ  ᠶᠢᠨ ᠲᠦᠷᠤᠯ  ᠵᠤᠶᠢᠯ  ᠤᠨ ᠲᠠᠯ᠎ᠠ ᠪᠠᠷ  ᠄ ᠱᠧᠩ ᠸᠧᠢ ᠰᠢᠨᠵᠢᠯᠡᠭᠡ ᠮᠠᠷᠭᠡᠵᠢᠯ  ᠤᠨ ᠡᠲᠤᠷ  ᠲᠤ  5000 ᠲᠤᠨ  ᠤᠶᠢᠯᠠᠳᠪᠤᠷᠢᠯᠠᠬᠦ ᠭᠡᠲᠤ ᠨᠠᠷᠢᠯᠢᠭ ᠢᠲᠠᠪᠬᠢᠵᠢᠭ᠍ᠰᠡᠨ ᠨᠤᠨᠲᠠᠭᠲᠤ ᠨᠠᠬᠦᠷᠠᠰᠤ  ᠶᠢᠨ ᠦᠨᠠᠰᠤ ᠶᠢ ᠡᠷᠬᠢᠯᠲᠤᠬᠦᠯᠤᠨ ᠶᠠᠷᠤᠩᠭᠡᠶᠢᠯᠠᠨ ᠠᠰᠢᠭᠯᠠᠬᠤ ᠲᠦᠷᠤᠯ ᠵᠤᠶᠢᠯ  ᠤᠨ ᠪᠦᠲᠤᠭᠡᠨ ᠪᠠᠶᠢᠭᠤᠯᠤᠯᠲᠠ  ᠶᠢᠨ ᠠᠯᠬᠤᠴᠠ ᠶᠢ ᠲᠦᠷᠭᠡᠳᠭᠡᠨ ᠠᠬᠢᠭᠤᠯᠵᠤ᠂ ᠲᠠᠬᠦᠨ  ᠢ ᠡᠷᠲᠠᠭᠡᠨ ᠠᠰᠢᠭᠯᠠᠯᠲᠠ  ᠳᠤ ᠤᠷᠤᠭᠤᠯᠵᠤ ᠦᠷ᠎ᠠ ᠠᠰᠢᠭ ᠤᠯᠭᠤᠬᠤ ᠭᠡᠷᠡᠭᠲᠡᠢ︔ ᠬᠦᠯᠤᠨ ᠪᠤᠶᠢᠷ  ᠤᠨ ᠵᠢᠤ  ᠳ᠋ᠢᠩ ᠠᠭᠤᠷᠬᠠᠢ  ᠶᠢᠨ ᠤᠶᠢᠯᠠᠰ  ᠤᠨ ᠬᠢᠵᠠᠭᠠᠷᠲᠤ ᠺᠤᠮᠫᠠᠨᠢ  ᠢ ᠵᠢᠯ  ᠳᠤ 90 ᠲᠦᠮᠠᠨ ᠲᠤᠨ ᠵᠠᠰ  ᠪᠧᠷᠢᠯᠢ ᠮᠤᠯᠢᠪᠲᠧᠨ ᠵᠠᠷᠭᠡ ᠤᠯᠠᠨ ᠲᠠᠮᠦᠷᠯᠢᠭ  ᠤᠨ ᠠᠭᠤᠷᠬᠠᠢ  ᠶᠢᠨ ᠬᠦᠲᠠᠷ  ᠢ ᠮᠠᠯᠲᠠᠵᠤ ᠰᠤᠩᠭᠤᠬᠤ ᠲᠦᠷᠤᠯ ᠵᠤᠶᠢᠯ  ᠢ ᠲᠦᠬᠦᠷᠵᠢᠬᠦᠯᠬᠦ ᠠᠵᠢᠯ  ᠢ ᠡᠬᠢᠯᠠᠬᠦᠯᠬᠦ ᠶᠢ ᠲᠦᠷᠭᠡᠳᠭᠡᠨ ᠠᠬᠢᠭᠤᠯᠤᠨ᠎ᠠ᠃ ᠲᠤᠮᠲᠠᠲᠤ ᠤᠯᠤᠰ  ᠤᠨ ᠤᠯᠠᠨ ᠤᠯᠤᠰ  ᠤᠨ ᠡᠨᠧᠷᠬᠢ  ᠶᠢᠨ ᠬᠤᠪᠢ ᠤᠷᠤᠭᠤᠯᠤᠯᠲᠠ ᠶᠢ ᠡᠷᠭᠡᠰᠢᠶᠠᠬᠦ ᠬᠢᠵᠠᠭᠠᠷᠲᠤ ᠺᠤᠮᠫᠠᠨᠢ  ᠶᠢᠨ ᠨᠠᠰᠤᠲᠠᠨ  ᠢ ᠠᠰᠠᠷᠠᠬᠤ ᠢᠲᠠᠭᠡᠨ  ᠤ ᠵᠤᠶᠢᠯ  ᠤᠨ ᠬᠦᠷᠢᠶᠠᠯᠠᠩ ᠲᠤᠭᠤᠷᠢᠭ ᠪᠠ ᠤᠷᠭᠠᠨᠢᠭ ᠮᠠᠲ᠋ᠧᠷᠢᠶᠠᠯ ᠨᠠᠶᠢᠷᠠᠭᠤᠯᠬᠤ ᠤᠶᠢᠯᠠᠳᠪᠤᠷᠢ  ᠶᠢᠨ ᠲᠦᠷᠤᠯ ᠵᠤᠶᠢᠯ  ᠤᠨ ᠡᠮᠤᠨᠠᠬᠢ ᠬᠤᠭᠤᠴᠠᠭᠠᠨ  ᠤ ᠠᠵᠢᠯ ᠢ ᠯᠠᠪᠲᠠᠭᠤᠨ  ᠢᠶᠠᠷ ᠠᠬᠢᠭᠤᠯᠵᠤ᠂ ᠲᠦᠷᠤᠯ ᠵᠤᠶᠢᠯ  ᠤᠨ ᠤᠨ  ᠤ ᠲᠤᠲᠤᠷᠠᠬᠢ ᠠᠵᠢᠯ  ᠢᠶᠠᠨ ᠡᠬᠢᠯᠠᠬᠦᠯᠤᠨ ᠪᠦᠲᠤᠭᠡᠨ ᠪᠠᠶᠢᠭᠤᠯᠬᠤ ᠶᠢ ᠯᠠᠪᠲᠠᠶᠢᠶ᠎ᠠ ᠪᠠᠲᠤᠯᠠᠨ᠎ᠠ  ︔ ᠠᠮᠢ ᠠᠬᠤᠢ  ᠶᠢᠨ ᠤᠷᠴᠢᠨ ᠲᠤᠭᠤᠷᠢᠨ  ᠢ ᠬᠠᠮᠠᠭᠠᠯᠠᠬᠤ ᠬᠢᠭᠡᠳ ᠮᠠᠯᠴᠢᠳ  ᠤᠨ ᠠᠰᠢᠭ ᠲᠤᠰᠨ ᠶᠢ ᠬᠠᠮᠲᠤ ᠳᠤᠨᠢ ᠬᠠᠷᠠᠭᠠᠯᠠᠵᠠᠬᠤ ᠤᠷᠢᠲᠠᠯ ᠲᠤᠤᠷ᠎ᠠ᠂ ᠱᠧᠨ ᠬᠤᠸ᠋ᠨ ᠬᠦᠯᠤᠨ  ᠪᠤᠶᠢᠷ  ᠤᠨ ᠬᠦᠷᠡᠩ ᠨᠠᠬᠦᠷᠠᠰᠤ ᠶᠢ ᠶᠠᠷᠤᠩᠭᠡᠶᠢᠯᠠᠨ ᠠᠰᠢᠭᠯᠠᠬᠤ ᠤᠯᠠᠨ ᠲᠠᠯ᠎ᠠ  ᠢᠶᠠᠷ ᠬᠤᠯᠪᠤᠭᠠᠯᠠᠨ ᠡᠵᠠᠩᠨᠠᠬᠦ  ᠶᠢ ᠲᠠᠰ ᠲᠠᠪᠰᠢᠬᠦᠯᠤᠨ ᠵᠢᠱᠢᠶ᠎ᠠ ᠦᠵᠠᠬᠦᠯᠬᠦ ᠲᠦᠷᠤᠯ ᠵᠤᠶᠢᠯ  ᠤᠨ ᠡᠮᠤᠨᠠᠬᠢ  ᠬᠤᠭᠤᠴᠠᠭᠠᠨ  ᠤ ᠠᠵᠢᠯ  ᠢ ᠯᠠᠪᠲᠠᠭᠤᠨ  ᠢᠶᠠᠷ ᠲᠦᠷᠭᠡᠳᠭᠡᠨ ᠠᠬᠢᠭᠤᠯᠤᠨ᠎ᠠ᠃ ᠲᠠᠷᠢᠶᠠᠯᠠᠩ ᠮᠠᠯ ᠠᠵᠤ ᠠᠬᠤᠢ  ᠶᠢᠨ ᠲᠦᠷᠤᠯ ᠵᠤᠶᠢᠯ ︽ ᠦᠷ᠎ᠠ ᠡᠬᠦᠯᠲᠠᠷ  ᠤᠨ ᠢᠨᠵᠧᠨᠧᠷᠢᠩ︾  ᠢ ᠪᠦᠬᠦ ᠬᠦᠴᠤᠨ  ᠢᠶᠠᠷ  ᠢᠶᠠᠨ ᠰᠠᠶᠢᠲᠤᠷ ᠠᠳᠬᠤᠵᠤ᠂ ᠮᠠᠯ  ᠤᠨ ᠡᠬᠦᠯᠲᠠᠷ᠂ ᠡᠪᠠᠰᠤᠨ  ᠤ ᠦᠷ᠎ᠠ ᠶᠢ ᠰᠠᠶᠢᠵᠢᠷᠠᠭᠤᠯᠬᠤ ᠶᠢ ᠲᠦᠯᠬᠢᠨ ᠠᠬᠢᠭᠤᠯᠵᠤ᠂ ᠭᠠᠵᠠᠷ ᠤᠷᠤᠨ  ᠤ ᠦᠪᠠᠷᠮᠢᠴᠠ ᠤᠨᠴᠠᠯᠢᠭ ᠲᠠᠢ ᠲᠠᠷᠢᠶᠠᠯᠠᠩ  ᠤᠨ ᠪᠦᠲᠤᠭᠡᠭᠲᠠᠬᠦᠨ ᠮᠠᠯ  ᠤᠨ ᠠᠰᠢᠭ ᠰᠢᠮ᠎ᠠ  ᠶᠢᠨ ᠲᠦᠷᠤᠯ ᠲᠡᠮᠲᠡᠭᠲᠤ ᠶᠢ ᠢᠲᠠᠪᠬᠢᠲᠡᠢ ᠪᠤᠶᠢᠵᠢᠭᠤᠯᠤᠨ᠎ᠠ᠃ ᠨᠤᠲᠤᠭ ᠪᠠᠯᠴᠢᠭᠡᠷ ᠮᠠᠯ ᠠᠵᠤ ᠠᠬᠤᠢ  ᠶᠢᠨ ᠵᠠᠩᠬᠢᠯᠠᠭ᠎ᠠ  ᠶᠢᠨ ᠭᠤᠭᠴᠤᠭᠠᠨ ᠳᠠᠬᠢ ᠪᠠᠯᠨ ᠤᠷᠤᠭᠤᠯᠤᠯᠲᠠ ᠶᠢ ᠠᠭᠠᠵᠢᠮ  ᠢᠶᠠᠷ ᠨᠠᠮᠡᠭᠲᠠᠬᠦᠯᠵᠤ᠂ ᠲᠠᠷᠢᠶᠠᠯᠠᠩ ᠮᠠᠯ ᠠᠵᠤ ᠠᠬᠤᠢ  ᠶᠢᠨ ᠶᠠᠷᠤᠩᠭᠡᠶᠢᠯᠡᠭᠰᠠᠨ ᠤᠶᠢᠯᠠᠳᠪᠤᠷᠢᠯᠠᠯ  ᠤᠨ ᠴᠢᠲᠠᠪᠤᠷᠢ ᠶᠢ ᠯᠠᠪᠲᠠᠭᠤᠨ  ᠢᠶᠠᠷ ᠲᠠᠭᠡᠭᠰᠢᠯᠠᠬᠦᠯᠤᠨ᠎ᠠ᠃ ᠮᠠᠯ ᠠᠵᠤ ᠠᠬᠤᠢ  ᠶᠢᠨ ᠭᠡᠯᠪᠠᠷᠢ ᠶᠢ ᠨᠢ ᠬᠤᠪᠢᠷᠠᠭᠤᠯᠤᠨ ᠲᠠᠰ ᠲᠠᠪᠰᠢᠬᠦᠯᠤᠨ ᠬᠦᠭᠵᠢᠬᠦᠯᠬᠦ ᠴᠢᠭᠯᠡᠯ  ᠤᠨ ᠲᠤᠭᠤᠷᠢᠨ  ᠳᠤ  ᠂ ᠮᠢᠬᠠᠨ  ᠤ ᠦᠭᠡᠷ᠂  ᠮᠢᠬᠠᠨ ᠬᠤᠨᠢ᠂ ᠰᠦᠨ  ᠤ  ᠤᠶᠢᠯᠠᠰ᠂ ᠲᠠᠵᠢᠭᠡᠯ ᠪᠤᠷᠲᠤᠭ᠎ᠠ  ᠶᠢᠨ ᠰᠠᠭᠤᠷᠢᠨ ᠭᠠᠵᠠᠷ  ᠤᠨ ᠪᠦᠲᠤᠭᠡᠨ ᠪᠠᠶᠢᠭᠤᠯᠤᠯᠲᠠ ᠶᠢ ᠭᠤᠤᠯᠲᠠᠯᠭ᠎ᠠ ᠲᠠᠢ ᠲᠦᠯᠬᠢᠨ ᠠᠬᠢᠭᠤᠯᠵᠤ᠂ ᠲᠠᠷᠢᠶᠠᠯᠠᠩ ᠮᠠᠯ ᠠᠵᠤ ᠠᠬᠤᠢ  ᠶᠢᠨ ᠠᠵᠤ ᠤᠶᠢᠯᠠᠰᠵᠢᠯᠲᠠ  ᠶᠢᠨ ᠠᠬᠢᠴᠠ ᠶᠢ ᠲᠦᠷᠭᠡᠳᠭᠡᠨ᠎ᠠ᠃ ᠲᠠᠵᠢᠭᠡᠯ ᠪᠤᠷᠲᠤᠭ᠎ᠠ  ᠶᠢᠨ ᠬᠦᠢᠯᠭᠡᠭᠡᠨ  ᠤ ᠬᠦᠷᠢᠶᠠᠯᠠᠩ᠂ ᠫᠧᠩ ᠰᠠᠷᠠᠪᠴᠢ  ᠶᠢᠨ ᠪᠠᠯᠡᠳᠭᠡᠮᠵᠢ᠂ ᠪᠠᠯᠴᠢᠭᠡᠷᠯᠡᠬᠦᠯᠬᠦ ᠶᠢ ᠵᠤᠭᠰᠤᠭᠠᠨ ᠡᠪᠠᠰᠤ ᠪᠠᠯᠴᠢᠭᠡᠷ  ᠢ ᠰᠠᠷᠬᠦᠭᠡᠬᠦ ᠵᠠᠷᠭᠡ ᠲᠠᠷᠢᠶᠠᠯᠠᠩ ᠮᠠᠯ ᠠᠵᠤ ᠠᠬᠤᠢ  ᠶᠢᠨ ᠨᠢᠭᠡ ᠰᠢᠷᠢᠰ ᠲᠦᠷᠤᠯ ᠵᠤᠶᠢᠯ  ᠢ ᠯᠠᠪᠲᠠᠭᠤᠨ  ᠢᠶᠠᠷ ᠭᠡᠷᠡᠭᠵᠢᠬᠦᠯᠵᠤ᠂ ᠮᠠᠯ ᠠᠵᠤ ᠠᠬᠤᠢ  ᠶᠢᠨ ᠴᠢᠨᠠᠷ ᠪᠤᠯᠤᠨ ᠦᠷ᠎ᠠ ᠠᠰᠢᠭ  ᠢ ᠲᠠᠭᠡᠭᠰᠢᠯᠠᠬᠦᠯᠬᠦ ᠶᠢ ᠠᠬᠢᠭᠤᠯᠤᠨ᠎ᠠ᠃ ᠬᠤᠲᠠ  ᠶᠢᠨ ᠪᠦᠲᠤᠭᠡᠨ ᠪᠠᠶᠢᠭᠤᠯᠤᠯᠲᠠ ᠵᠠᠮ ᠬᠠᠷᠢᠯᠴᠠᠭ᠎ᠠ ᠶᠢᠨ ᠰᠠᠭᠤᠷᠢ ᠲᠦᠬᠦᠭᠡᠷᠤᠮᠵᠢ  ᠶᠢᠨ ᠪᠦᠲᠤᠭᠡᠨ ᠪᠠᠶᠢᠭᠤᠯᠤᠯᠲᠠ  ᠶᠢᠨ ᠲᠦᠷᠤᠯ ᠵᠤᠶᠢᠯ  ᠳᠤ᠂ ᠨᠠᠨ ᠰᠢᠩ ᠵᠠᠮ᠂ ᠰᠧᠪᠵᠢᠭᠡᠨ ᠵᠠᠭᠡᠯᠢ ᠪᠠ ᠰᠢᠨᠠᠭᠡᠨ ᠵᠠᠮ  ᠢ ᠦᠭᠡᠷᠠᠴᠢᠯᠠᠨ ᠦᠷᠭᠡᠳᠭᠡᠨ ᠪᠠᠶᠢᠭᠤᠯᠬᠤ ᠢᠨᠵᠧᠨᠧᠷᠢᠩ  ᠢ ᠯᠠᠪᠲᠠᠭᠤᠨ  ᠢᠶᠠᠷ ᠭᠡᠷᠡᠭᠵᠢᠬᠦᠯᠵᠤ᠂ ᠪᠠᠷᠠᠭᠤᠨᠰᠢ ᠭᠠᠷᠬᠤ ᠵᠠᠮ ᠳᠠᠬᠢ ᠴᠠᠴᠡᠷᠯᠢᠭ᠂ ᠡᠮᠤᠨᠠᠰᠢ ᠭᠠᠷᠬᠤ ᠵᠠᠮ  ᠤᠨ ᠴᠡᠴᠡᠷᠯᠢᠭ  ᠂ ᠬᠠᠶᠢᠯᠠᠨᠴᠨ ᠴᠠᠴᠡᠷᠯᠢᠭ᠂ ᠰᠧᠪᠵᠢᠭᠡᠨ ᠠᠭᠤᠲᠠᠮ ᠲᠠᠯᠠᠪᠡᠢ᠂ ᠰᠢᠨ᠎ᠠ ᠲᠤᠭᠤᠷᠢᠭ  ᠤᠨ ᠠᠶᠠᠨᠴᠢᠳ  ᠤᠨ ᠲᠠᠭᠡᠭᠡᠪᠤᠷᠢ ᠶᠢᠨ ᠦᠷᠲᠡᠭᠡ᠂ ᠢᠮᠢᠨ ᠭᠤᠤᠯ  ᠢ ᠵᠠᠰᠠᠬᠤ ᠢᠨᠵᠧᠨᠧᠷᠢᠩ ᠵᠠᠷᠭᠡ ᠪᠦᠲᠤᠭᠡᠨ ᠪᠠᠶᠢᠭᠤᠯᠤᠯᠲᠠ  ᠶᠢᠨ ᠲᠦᠷᠤᠯ  ᠵᠤᠶᠢᠯ  ᠢ ᠨᠢᠭᠡᠲᠤᠯᠲᠡᠢ ᠲᠦᠯᠤᠪᠯᠠᠨ ᠭᠡᠷᠡᠭᠵᠢᠬᠦᠯᠵᠤ᠂ ᠲᠦᠷᠤᠯ ᠵᠤᠶᠢᠯ  ᠤᠨ ᠲᠤᠭᠲᠠᠭᠰᠠᠨ ᠬᠤᠭᠤᠴᠠᠭᠠᠨ ᠳᠠᠭᠠᠨ ᠠᠵᠢᠯ  ᠢᠶᠠᠨ ᠲᠠᠭᠤᠰᠬᠠᠬᠤ ᠶᠢ ᠯᠠᠪᠲᠠᠶᠢᠶ᠎ᠠ ᠪᠠᠲᠤᠯᠠᠨ᠎ᠠ᠃ ᠠᠷᠠᠳ  ᠤᠨ ᠠᠮᠢᠲᠤᠷᠠᠯ  ᠤᠨ ᠲᠦᠷᠤᠯ ᠵᠤᠶᠢᠯ  ᠳᠤ  ᠂ ︽ ᠠᠷᠪᠠ ᠶᠢ ᠪᠦᠷᠬᠦᠬᠦᠯᠬᠦ︾ ᠪᠦᠲᠤᠭᠡᠨ ᠪᠠᠶᠢᠭᠤᠯᠤᠯᠲᠠ  ᠶᠢᠨ ᠢᠨᠵᠧᠨᠧᠷᠢᠩ  ᠤᠨ ᠲᠤᠭᠤᠷᠢᠨ  ᠳᠤ᠂ ᠰᠤᠷᠭᠠᠨ ᠬᠦᠮᠤᠵᠢᠯ᠂ ᠰᠤᠶᠤᠯ᠂ ᠡᠮᠨᠠᠯᠭᠡ ᠡᠷᠠᠬᠦᠯ ᠬᠠᠮᠠᠭᠠᠯᠠᠯ ᠂ ᠨᠠᠶᠢᠭᠡᠮ  ᠤᠨ ᠪᠠᠲᠤᠯᠠᠪᠤᠷᠢ ᠵᠠᠷᠭᠡ ᠬᠦᠷᠢᠶ᠎ᠠ ᠭᠡᠪᠴᠢᠶᠠᠨ  ᠤ ᠲᠦᠷᠤᠯ ᠵᠤᠶᠢᠯ  ᠢ ᠨᠢᠭᠡᠲᠤᠯᠲᠡᠢ ᠲᠦᠯᠤᠪᠯᠠᠨ ᠭᠡᠷᠡᠭᠵᠢᠬᠦᠯᠵᠤ᠂ ᠰᠢᠷᠠᠩ᠂ ᠳ᠋ᠧᠷᠠᠩ  ᠵᠠᠷᠭᠡ ᠨᠤᠷᠠᠬᠤ ᠠᠶᠤᠯᠲᠡᠢ ᠭᠡᠷ ᠪᠠᠶᠢᠰᠢᠩ  ᠢ ᠵᠠᠰᠠᠨ ᠰᠢᠨᠠᠳᠭᠡᠬᠦ  ᠪᠦᠲᠤᠭᠡᠨ ᠪᠠᠶᠢᠭᠤᠯᠤᠯᠲᠠ  ᠶᠢᠨ ᠠᠬᠢᠴᠠ ᠶᠢ ᠲᠦᠷᠭᠡᠳᠭᠡᠨ ᠠᠬᠢᠭᠤᠯᠵᠤ᠂  ᠪᠤᠴᠠᠭᠠᠨ ᠨᠠᠬᠦᠯᠭᠡᠬᠦ ᠡᠷᠤᠭᠡ  ᠶᠢᠨ ᠴᠠᠭ ᠲᠤᠨᠢ ᠤᠷᠤᠵᠤ ᠰᠠᠭᠤᠬᠤ ᠶᠢ ᠪᠠᠲᠤᠯᠠᠨ᠎ᠠ᠃ ᠵᠤᠭᠠᠴᠠᠯ ᠠᠷᠠᠯᠵᠢᠶ᠎ᠠ ᠬᠤᠲᠠᠯᠲᠤᠭ᠎ᠠ ᠪᠠᠷᠠᠭᠠᠨ  ᠤ ᠬᠦᠢᠯᠭᠡᠭᠡ ᠵᠠᠷᠭᠡ ᠲᠦᠷᠤᠯ ᠵᠤᠶᠢᠯ  ᠳᠤ᠄  ᠵᠢᠷᠭᠠᠯᠡᠭᠲᠤ ᠲᠠᠯ᠎ᠠ ᠨᠤᠲᠤᠭ  ᠤᠨ ᠤᠯᠠᠨ ᠤᠯᠤᠰ  ᠤᠨ ᠠᠷᠠᠯᠵᠢᠶ᠎ᠠ ᠬᠤᠲᠠᠯᠲᠤᠭᠠᠨ  ᠤ ᠬᠤᠲᠠ᠂ ᠳ᠋ᠧᠩ ᠰᠢ ᠯᠤ᠋ ᠲᠠᠪᠤᠨ ᠤᠲᠤᠨ ᠲᠠᠰ  ᠤᠨ  ᠪᠠᠭᠤᠲᠠᠯ  ᠵᠠᠷᠭᠡ ᠭᠤᠤᠯᠲᠠᠯᠭ᠎ᠠ  ᠲᠠᠢ ᠲᠦᠷᠤᠯ ᠵᠤᠶᠢᠯ  ᠤᠨ ᠪᠦᠲᠤᠭᠡᠨ ᠪᠠᠶᠢᠭᠤᠯᠤᠯᠲᠠ  ᠶᠢᠨ ᠠᠬᠢᠴᠠ ᠶᠢ ᠨᠢᠭᠡᠲᠤᠯᠲᠡᠢ ᠲᠦᠯᠤᠪᠯᠠᠨ ᠭᠡᠷᠡᠭᠵᠢᠬᠦᠯᠵᠤ᠂ ᠲᠦᠷᠤᠯ ᠵᠤᠶᠢᠯ   ᠢ ᠤᠨ  ᠤ ᠲᠤᠲᠣᠷ᠎ᠠ ᠠᠰᠢᠭᠯᠠᠯᠲᠠ  ᠳᠤ ᠤᠷᠤᠭᠤᠯᠵᠤ ᠭᠡᠷᠡᠭᠯᠠᠬᠦᠯᠬᠦ ᠶᠢ ᠯᠠᠪᠲᠠᠶᠢᠶ᠎ᠠ ᠪᠠᠲᠤᠯᠠᠨ᠎ᠠ︔ ᠲᠤᠮᠲᠠᠲᠤ ᠤᠯᠤᠰ  ᠤᠨ ᠤᠯᠠᠨ ᠤᠯᠤᠰ  ᠤᠨ ᠡᠨᠧᠷᠬᠢ  ᠶᠢᠨ ᠬᠤᠪᠢ ᠤᠷᠤᠭᠤᠯᠤᠯᠲᠠ ᠶᠢ ᠡᠷᠭᠡᠰᠢᠶᠠᠬᠦ ᠬᠢᠵᠠᠭᠠᠷᠲᠤ ᠺᠤᠮᠫᠠᠨᠢ  ᠶᠢᠨ ᠰᠤᠶᠤᠯ ᠠᠷᠠᠯᠵᠢᠶᠠᠨ  ᠤ ᠵᠠᠭᠡᠯᠢ ᠵᠠᠷᠭᠡ ᠲᠦᠷᠤᠯ ᠵᠤᠶᠢᠯ  ᠤᠨ ᠡᠮᠤᠨᠠᠬᠢ ᠬᠤᠭᠤᠴᠠᠭᠠᠨ  ᠤ ᠠᠵᠢᠯ  ᠢ ᠲᠦᠷᠭᠡᠳᠭᠡᠨ ᠲᠦᠯᠬᠢᠨ ᠠᠬᠢᠭᠤᠯᠵᠤ᠂ ᠤᠨ  ᠤ ᠲᠤᠲᠤᠷ᠎ᠠ ᠠᠵᠢᠯ  ᠢᠶᠠᠨ ᠡᠬᠢᠯᠠᠬᠦᠯᠤᠨ ᠪᠦᠲᠤᠭᠡᠨ ᠪᠠᠶᠢᠭᠤᠯᠬᠤ ᠪᠠᠷ ᠴᠢᠷᠮᠠᠶᠢᠨ᠎ᠠ  ︔ ᠦᠨᠲᠤᠰᠤᠲᠠᠨ  ᠤ ᠰᠤᠶᠤᠯ ᠢᠲᠠᠭᠡᠨ ᠤᠮᠲᠠᠭᠠᠨ  ᠤ ᠵᠠᠭᠡᠯᠢ ᠵᠠᠷᠭᠡ ᠲᠦᠷᠤᠯ ᠵᠤᠶᠢᠯ  ᠳᠤ ᠠᠷᠠᠯᠵᠢᠶᠠᠴᠢᠨ ᠤᠷᠢᠬᠤ ᠡᠷᠴᠢᠮ  ᠢᠶᠠᠨ ᠴᠢᠩᠭᠠᠷᠠᠭᠤᠯᠵᠤ᠂ ᠲᠦᠷᠤᠯ ᠵᠤᠶᠢᠯ  ᠢ ᠤᠨ  ᠤ ᠲᠤᠲᠤᠷ᠎ᠠ ᠭᠡᠷ᠎ᠠ ᠲᠤᠭᠲᠠᠨ ᠨᠤᠲᠤᠭᠰᠢᠭᠤᠯᠬᠤ ᠪᠠᠷ ᠴᠢᠷᠮᠠᠶᠢᠨ᠎ᠠ᠃ ︽ ᠵᠠᠭᠤᠨ ᠡᠷᠤᠭᠡ   ᠶᠢᠨ ᠮᠢᠩᠭᠠᠨ ᠲᠦᠮᠠᠨ ᠲᠦᠬᠦᠷᠢᠭ  ︾  ᠤᠨ ᠢᠨᠵᠧᠨᠧᠷᠢᠩ  ᠢ ᠯᠠᠪᠲᠠᠭᠤᠨ  ᠢᠶᠠᠷ ᠠᠬᠢᠭᠤᠯᠵᠤ᠂ ᠮᠠᠯᠵᠢᠬᠤ ᠡᠷᠤᠭᠡ  ᠶᠢᠨ ᠵᠤᠭᠠᠴᠠᠯ  ᠢ ᠲᠠᠰ ᠲᠠᠪᠰᠢᠬᠦᠯᠤᠨ ᠪᠠᠶᠢᠭᠤᠯᠬᠤ ᠪᠠᠷ ᠴᠢᠷᠮᠠᠶᠢᠨ᠎ᠠ᠃ ︵ᠬᠤᠶᠠᠷ  ︶ ᠪᠦᠲᠤᠴᠠ  ᠶᠢᠨ ᠭᠡᠯᠪᠠᠷᠢ ᠶᠢ ᠬᠤᠪᠢᠷᠠᠭᠤᠯᠤᠨ ᠲᠠᠰ ᠲᠠᠪᠰᠢᠬᠦᠯᠬᠦ ᠶᠢ ᠭᠤᠶᠢᠪᠢᠰᠢ ᠦᠭᠡᠢ ᠴᠢᠩᠭ᠎ᠠ ᠠᠳᠬᠤᠵᠤ᠂ ᠬᠦᠭᠵᠢᠯᠲᠠ  ᠶᠢᠨ ᠠᠷᠭ᠎ᠠ ᠭᠡᠯᠪᠠᠷᠢ  ᠶᠢᠨ ᠬᠤᠪᠢᠷᠠᠭᠤᠯᠤᠯᠲᠠ ᠶᠢ ᠴᠢᠷᠮᠠᠶᠢᠨ ᠠᠬᠢᠭᠤᠯᠤᠨ᠎ᠠ᠃ ︽ ᠲᠠᠪᠤᠨ ᠶᠡᠭᠡ ᠰᠠᠭᠤᠷᠢᠨ︾   ᠤ ᠪᠦᠲᠤᠭᠡᠨ ᠪᠠᠶᠢᠭᠤᠯᠤᠯᠲᠠ  ᠶᠢᠨ ᠲᠤᠭᠤᠷᠢᠨ  ᠳᠤ  ᠂  ᠬᠠᠲᠠᠭᠠᠯᠠᠵᠤ ᠪᠦᠬᠦᠢ ᠠᠵᠤ ᠠᠬᠤᠢ ᠪᠠᠨ ᠰᠢᠯᠢᠲᠡᠭᠵᠢᠬᠦᠯᠤᠨ᠂ ᠨᠡᠮᠡᠭᠲᠠᠯ ᠠᠵᠤ ᠠᠬᠤᠢ ᠪᠠᠨ ᠦᠷᠭᠡᠳᠭᠡᠵᠤ᠂ ᠤᠨᠴᠠᠯᠢᠭᠲᠤ ᠠᠵᠤ ᠠᠬᠤᠢ ᠶᠢ ᠬᠦᠭᠵᠢᠬᠦᠯᠤᠨ᠂ ᠬᠦᠭᠵᠢᠯᠲᠠ  ᠶᠢᠨ ᠠᠷᠭ᠎ᠠ ᠭᠡᠯᠪᠠᠷᠢ ᠶᠢ ᠬᠤᠪᠢᠷᠠᠭᠤᠯᠬᠤ  ᠶᠢᠨ ᠰᠢᠨ᠎ᠠ ᠶᠢ ᠡᠬᠦᠳᠬᠦ ᠪᠠᠷ ᠠᠵᠤ ᠠᠬᠤᠢ  ᠶᠢᠨ ᠪᠦᠲᠤᠴᠠ ᠶᠢ ᠰᠢᠯᠢᠲᠡᠭᠵᠢᠬᠦᠯᠤᠨ ᠲᠠᠰ ᠲᠠᠪᠰᠢᠬᠦᠯᠬᠦ ᠶᠢ ᠲᠦᠯᠬᠢᠨ ᠠᠬᠢᠭᠤᠯᠤᠨ᠎ᠠ᠃ ᠤᠨᠴᠠᠯᠢᠭᠲᠤ ᠲᠠᠪᠠᠭᠤᠯᠢᠭᠲᠤ ᠠᠵᠤ ᠤᠶᠢᠯᠡᠰ  ᠢ ᠬᠦᠭᠵᠢᠬᠦᠯᠤᠨ  ᠪᠤᠵᠠᠭᠠᠶᠢᠷᠠᠭᠤᠯᠤᠨ᠎ᠠ᠂ ᠨᠠᠬᠦᠷᠠᠰᠤ ᠪᠠ ᠴᠠᠬᠢᠯᠭᠠᠨ ᠬᠦᠴᠤᠨ  ᠤ ᠠᠵᠤ ᠤᠶᠢᠯᠠᠰ  ᠤᠨ ᠶᠠᠰᠤ ᠴᠢᠨᠠᠷ  ᠢ ᠲᠠᠭᠡᠭᠰᠢᠯᠠᠬᠦᠯᠵᠤ ᠦᠷ᠎ᠠ ᠠᠰᠢᠭ  ᠢ ᠨᠠᠮᠡᠭᠲᠠᠬᠦᠯᠬᠦ ᠶᠢ ᠠᠬᠢᠭᠤᠯᠤᠨ᠎ᠠ᠃ ᠪᠠᠶᠢᠭᠤᠯᠵᠤ ᠪᠠᠶᠢᠭ᠎ᠠ ᠨᠠᠬᠦᠷᠠᠰᠤᠨ ᠠᠭᠤᠷᠬᠠᠢ  ᠶᠢᠨ ᠪᠦᠲᠤᠭᠡᠨ ᠪᠠᠶᠢᠭᠤᠯᠤᠯᠲᠠ  ᠶᠢᠨ ᠠᠯᠬᠤᠴᠠ ᠶᠢ ᠲᠦᠷᠭᠡᠳᠭᠡᠵᠤ᠂ ᠪᠦᠬᠦ ᠵᠢᠯ  ᠤᠨ ᠲᠦᠬᠦᠭᠡᠢ  ᠨᠠᠬᠦᠷᠠᠰᠤ  ᠶᠢᠨ ᠭᠠᠷᠤᠯᠲᠠ ᠶᠢ 3500 ᠲᠦᠮᠠᠨ ᠲᠤᠨ ᠤᠷᠴᠢᠮ ᠳᠤ ᠬᠦᠷᠭᠡᠨ᠎ᠠ︔ ᠴᠠᠬᠢᠯᠭᠠᠨ  ᠢ ᠭᠠᠲᠠᠭᠰᠢ ᠬᠦᠷᠭᠡᠬᠦ ᠪᠠ ᠰᠢᠭᠤᠳ ᠴᠠᠬᠢᠯᠭᠠᠨ ᠬᠠᠩᠭᠠᠬᠤ ᠬᠠᠮᠵᠢᠯᠴᠠᠭ᠎ᠠ ᠪᠠᠨ ᠲᠦᠷᠭᠡᠳᠭᠡᠵᠤ᠂ ᠪᠦᠬᠦ ᠵᠢᠯ  ᠤᠨ ᠴᠠᠬᠢᠯᠭᠠᠨ ᠭᠠᠷᠭᠠᠬᠤ ᠭᠡᠮᠵᠢᠶ᠎ᠠ ᠶᠢ 210 ᠳ᠋ᠦᠩᠰᠢᠭᠤᠷ ᠺᠢᠯᠤᠸᠠᠲ ᠴᠠᠭ  ᠠᠴᠠ ᠲᠤᠤᠷ᠎ᠠ ᠪᠠᠶᠢᠯᠭᠠᠬᠤ ᠦᠭᠡᠢ᠃ ᠴᠠᠪᠠᠷ ᠡᠨᠧᠷᠬᠢ ᠶᠢ ᠭᠠᠲᠠᠭᠰᠢ ᠭᠠᠷᠭᠠᠬᠤ ᠰᠠᠭᠤᠷᠢᠨ ᠪᠠ ᠤᠲᠤ ᠦᠶ᠎ᠠ  ᠶᠢᠨ ᠨᠠᠬᠦᠷᠠᠰᠤ ᠬᠢᠮᠢ  ᠶᠢᠨ ᠠᠵᠤ ᠤᠶᠢᠯᠠᠳᠪᠤᠷᠢ  ᠶᠢᠨ ᠵᠢᠱᠢᠶ᠎ᠠ ᠦᠵᠠᠬᠦᠯᠬᠦ ᠰᠠᠭᠤᠷᠢᠨ  ᠢ ᠪᠦᠲᠤᠭᠡᠨ ᠪᠠᠶᠢᠭᠤᠯᠬᠤ ᠪᠠᠶᠢᠯᠲᠤᠬᠤ ᠪᠤᠲᠤᠯᠭ᠎ᠠ  ᠶᠢᠨ ᠪᠠᠶᠢᠷᠢ ᠲᠤᠭᠲᠠᠭᠠᠯᠲᠠ  ᠶᠢᠨ ᠲᠤᠭᠤᠷᠢᠨ  ᠳᠤ᠂ ᠬᠦᠯᠤᠨ ᠪᠤᠶᠢᠷ— ᠲᠢᠶᠠᠨᠵᠢᠨ  ᠤ ᠶᠠᠷᠤᠩᠭᠡᠢ ᠡᠨᠧᠷᠬᠢ  ᠶᠢᠨ ᠤᠶᠢᠯᠠᠳᠭᠡᠬᠦᠨ  ᠢ  ᠭᠠᠲᠠᠭᠰᠢ ᠭᠠᠷᠭᠠᠬᠤ ᠰᠠᠭᠤᠷᠢᠨ᠂ ᠪᠢᠨ ᠵᠸᠤ ᠱᠤᠭᠤᠮ ᠲᠠᠭᠠᠤ ᠬᠢ ᠶᠢ ᠴᠠᠬᠢᠯᠭᠠᠵᠢᠭᠤᠯᠬᠤ᠂ ᠬᠡᠶᠢᠵᠢᠬᠦᠯᠬᠦ ᠦᠭᠡᠷᠠᠴᠢᠯᠠᠨ ᠪᠠᠶᠢᠭᠤᠯᠤᠯᠲᠠ ᠬᠢᠬᠦ ᠵᠠᠷᠭᠡ ᠲᠦᠷᠤᠯ ᠵᠤᠶᠢᠯ  ᠤᠨ ᠪᠦᠲᠤᠭᠡᠨ ᠪᠠᠶᠢᠭᠤᠯᠤᠯᠲᠠ ᠶᠢ ᠪᠦᠬᠦ ᠬᠦᠴᠤᠨ  ᠢᠶᠠᠷ  ᠢᠶᠠᠨ ᠲᠦᠯᠬᠢᠨ  ᠠᠬᠢᠭᠤᠯᠵᠤ᠂ ᠨᠠᠬᠦᠷᠠᠰᠤ ᠶᠢ ᠬᠤᠪᠢᠷᠠᠭᠤᠯᠬᠤ ᠲᠦᠷᠤᠯ ᠵᠤᠶᠢᠯ  ᠢ ᠲᠦᠷᠭᠡᠳᠭᠡᠨ ᠭᠡᠷᠡᠭᠵᠢᠬᠦᠯᠵᠤ᠂ ᠲᠠᠭᠡᠲᠤ ᠲᠠᠰ  ᠤᠨ ᠨᠠᠬᠦᠷᠠᠰᠤ ᠬᠢᠮᠢ  ᠶᠢᠨ ᠠᠵᠤ ᠤᠶᠢᠯᠠᠳᠪᠤᠷᠢ  ᠶᠢᠨ ᠠᠵᠤ ᠤᠶᠢᠯᠠᠰ  ᠢ ᠬᠦᠭᠵᠢᠬᠦᠯᠤᠨ᠎ᠠ᠃ ᠢᠮᠢᠨ  ᠤ ᠠᠵᠤ ᠤᠶᠢᠯᠠᠳᠪᠤᠷᠢ  ᠶᠢᠨ ᠬᠦᠷᠢᠶᠠᠯᠡᠩ ᠲᠤᠭᠤᠷᠢᠭ ᠪᠠ ᠳ᠋ᠠᠶᠠᠨ  ᠤ ᠠᠵᠤ ᠤᠶᠢᠯᠡᠰ  ᠤᠨ ᠰᠠᠭᠤᠷᠢᠨ ᠭᠠᠵᠠᠷ  ᠤᠨ ᠰᠠᠭᠤᠷᠢ ᠲᠦᠬᠦᠭᠡᠷᠤᠮᠵᠢ ᠶᠢᠨ ᠪᠦᠲᠤᠭᠡᠨ ᠪᠠᠶᠢᠭᠤᠯᠤᠯᠲᠠ ᠶᠢ ᠲᠤᠬᠢᠷᠠᠮᠵᠢᠲᠡᠢ ᠴᠠᠭ  ᠲᠤ ᠡᠬᠢᠯᠡᠬᠦᠯᠵᠤ᠂ ᠳ᠋ᠠᠶᠠᠨ ᠳᠤ ᠲᠤᠰᠠᠭᠠᠷ ᠤᠯᠭᠤᠭᠰᠠᠨ ᠠᠭᠤᠷᠬᠠᠢ  ᠶᠢᠨ ᠲᠤᠭᠤᠷᠢᠭ  ᠤᠨ ᠲᠦᠷᠤᠯ ᠵᠤᠶᠢᠯ ᠤᠨ ᠪᠦᠲᠤᠭᠡᠨ ᠪᠠᠶᠢᠭᠤᠯᠤᠯᠲᠠ ᠶᠢ ᠲᠦᠯᠬᠢᠨ ᠠᠬᠢᠭᠤᠯᠵᠤ᠂ ︽ ᠨᠢᠭᠡ ᠴᠤᠭᠴᠠ  ᠶᠢᠨ ᠬᠤᠶᠠᠷ ᠲᠠᠯ᠎ᠠ︾  ᠶᠢᠨ ᠠᠵᠤ ᠤᠶᠢᠯᠠᠰ  ᠤᠨ ᠪᠠᠶᠢᠷᠢᠯᠠᠭᠤᠯᠤᠯᠲᠠ ᠶᠢ ᠠᠯᠬᠤᠮ ᠠᠯᠬᠤᠮ  ᠢᠶᠠᠷ ᠪᠠᠶᠠᠯᠠᠬᠦᠯᠤᠨ᠎ᠠ᠃ ᠤᠲᠤ ᠦᠶ᠎ᠠ  ᠶᠢᠨ ᠮᠠᠯ ᠠᠵᠤ ᠠᠬᠤᠢ  ᠶᠢᠨ ᠭᠡᠯᠪᠠᠷᠢ ᠶᠢ ᠨᠢ ᠬᠤᠪᠢᠷᠠᠭᠤᠯᠤᠨ ᠲᠠᠰ ᠲᠠᠪᠰᠢᠬᠦᠯᠬᠦ ᠶᠢ ᠲᠦᠷᠭᠡᠳᠭᠡᠨ᠎ᠠ᠃ ᠪᠤᠬᠢᠷᠲᠤᠯ ᠦᠭᠡᠢ ᠲᠠᠷᠢᠶᠠᠯᠠᠩ  ᠤᠨ ᠪᠦᠲᠤᠭᠡᠭᠲᠠᠬᠦᠨ ᠮᠠᠯ  ᠤᠨ ᠠᠰᠢᠭ ᠰᠢᠮ᠎ᠠ  ᠶᠢᠨ ᠰᠠᠭᠤᠷᠢᠨ ᠤ ᠪᠦᠲᠤᠭᠡᠨ ᠪᠠᠶᠢᠭᠤᠯᠤᠯᠲᠠ  ᠶᠢᠨ ᠲᠤᠭᠤᠷᠢᠨ  ᠳᠤ᠂ ᠮᠠᠯᠴᠢᠳ  ᠤᠨ ᠠᠰᠢᠭ ᠲᠤᠰᠨ  ᠶᠢ ᠪᠠᠲᠤᠯᠠᠬᠤ ᠤᠷᠢᠲᠠᠯ ᠲᠤᠤᠷ᠎ᠠ᠂  ᠭᠤᠸᠠᠩ ᠮᠢᠩ ᠵᠠᠷᠭᠡ ᠰᠦᠨ ᠤᠶᠢᠯᠠᠰ  ᠤᠨ ᠠᠵᠤ ᠠᠬᠤᠶᠢᠯᠠᠯ  ᠤᠨ ᠭᠡᠯᠪᠠᠷᠢ ᠪᠠᠨ ᠬᠤᠪᠢᠷᠠᠭᠤᠯᠤᠨ ᠲᠠᠰ  ᠲᠠᠪᠰᠢᠬᠦ ᠠᠯᠬᠤᠴᠠ ᠪᠠᠨ ᠲᠦᠷᠭᠡᠳᠭᠡᠬᠦ ᠶᠢ ᠲᠠᠮᠵᠢᠨ᠎ᠠ᠃ ᠮᠢᠬᠠᠨ ᠬᠤᠨᠢ ᠲᠠᠵᠢᠭᠡᠨ ᠦᠷᠠᠵᠢᠬᠦᠯᠬᠦ ᠦᠷ᠎ᠠ ᠠᠰᠢᠭ  ᠢ ᠪᠦᠬᠦ ᠲᠠᠯ᠎ᠠ ᠪᠠᠷ ᠲᠠᠭᠡᠭᠰᠢᠯᠠᠬᠦᠯᠵᠤ᠂ ᠬᠦᠯᠤᠨ ᠪᠤᠶᠢᠷ   ᠤᠨ ᠤᠬᠤᠷ ᠰᠠᠬᠦᠯᠲᠤ ᠬᠤᠨᠢ ᠶᠢᠨ ᠭᠤᠤᠯᠯᠠᠬᠤ ᠰᠦᠷᠦᠭ  ᠢ ᠲᠠᠵᠢᠭᠡᠨ ᠦᠷᠠᠵᠢᠬᠦᠯᠬᠦ ᠶᠢ ᠲᠠᠮᠵᠢᠵᠤ᠂ ᠭᠤᠤᠯᠯᠠᠬᠤ ᠰᠦᠷᠦᠭ  ᠢ  ᠪᠦᠲᠤᠭᠡᠨ ᠪᠠᠶᠢᠭᠤᠯᠤᠭᠰᠠᠨ ᠦᠷ᠎ᠠ ᠪᠦᠲᠤᠭᠡᠯ ᠢᠶᠠᠨ ᠪᠠᠲᠤᠳᠬᠠᠨ᠎ᠠ᠃ ᠬᠠᠭᠠᠰ ᠬᠠᠰᠢᠶᠠᠯᠠᠨ ᠲᠠᠵᠢᠭᠡᠬᠦ᠂ ᠬᠤᠷᠰᠢᠨ ᠪᠤᠷᠲᠤᠬᠤ ᠵᠠᠷᠭᠡ ᠠᠷᠠᠴᠢᠯᠠᠨ ᠲᠠᠵᠢᠭᠡᠬᠦ ᠭᠡᠪ ᠵᠠᠭᠪᠤᠷ  ᠢ ᠬᠦᠨᠵᠠᠭᠡᠢ ᠲᠦᠯᠬᠢᠨ ᠠᠬᠢᠭᠤᠯᠵᠤ᠂ ᠬᠤᠷᠠᠭ᠎ᠠ ᠪᠤᠷᠲᠤᠨ ᠲᠠᠷᠭᠤᠯᠠᠭᠤᠯᠬᠤ ᠭᠡᠪᠴᠢᠶ᠎ᠠ ᠶᠢ ᠦᠷᠭᠡᠳᠭᠡᠵᠤ᠂ ᠮᠢᠬᠠᠨ  ᠤ ᠦᠭᠡᠷ  ᠲᠤ ᠰᠢᠮ᠎ᠠ ᠲᠠᠵᠢᠭᠡᠯ ᠨᠦᠬᠦᠪᠤᠷᠢᠯᠠᠵᠤ ᠪᠤᠷᠲᠤᠨ ᠲᠠᠷᠭᠤᠯᠠᠭᠤᠯᠬᠤ ᠶᠢ ᠲᠠᠯᠭᠡᠷᠠᠬᠦᠯᠤᠨ ᠲᠦᠭᠡᠮᠠᠯᠵᠢᠬᠦᠯᠵᠤ᠂ ᠵᠢᠯ ᠲᠤᠲᠤᠷ᠎ᠠ 1  ᠲᠦᠮᠠᠨ ᠲᠤᠯᠤᠭᠠᠢ  ᠠᠴᠠ ᠲᠠᠭᠡᠭᠰᠢ ᠦᠭᠡᠷ  ᠢ ᠪᠤᠷᠲᠤᠨ᠎ᠠ᠃ ᠠᠲᠤᠭᠤᠨ ᠠᠵᠤ ᠤᠶᠢᠯᠠᠰ  ᠢ ᠬᠦᠴᠤᠯᠠᠨ ᠬᠦᠭᠵᠢᠬᠦᠯᠵᠤ᠂ ᠰᠠᠨ ᠡᠾᠧ ᠠᠲᠤᠭᠤ  ᠶᠢᠨ ᠡᠬᠢ ᠪᠠᠶᠠᠯᠢᠭ  ᠢ ᠬᠠᠮᠠᠭᠠᠯᠬᠠᠤ ᠠᠵᠢᠯ  ᠢ ᠪᠦᠬᠦ ᠲᠠᠯ᠎ᠠ ᠪᠠᠷ ᠡᠬᠢᠯᠠᠬᠦᠯᠤᠨ᠎ᠠ᠃ ᠠᠲᠤᠭᠤᠨ ᠤᠶᠢᠯᠠᠰ  ᠤᠨ ᠬᠤᠷᠰᠢᠶᠠᠵᠢᠯ ᠪᠠ  ᠠᠲᠤᠭᠤ ᠲᠠᠵᠢᠭᠡᠬᠦ ᠲᠤᠰᠬᠠᠢ ᠡᠷᠤᠭᠡ  ᠶᠢᠨ ᠡᠷᠠᠬᠦᠯ ᠬᠦᠭᠵᠢᠯᠲᠠ ᠶᠢ ᠲᠠᠳᠬᠦᠨ ᠲᠠᠮᠵᠢᠵᠤ᠂ ᠠᠲᠤᠭᠤᠨ ᠤᠶᠢᠯᠠᠰ  ᠢ ᠬᠦᠭᠵᠢᠬᠦᠯᠬᠦ ᠶᠠᠪᠤᠴᠠ  ᠳᠤ ᠮᠠᠯᠴᠢᠳ  ᠤᠨ ᠤᠷᠤᠯᠭ᠎ᠠ  ᠶᠢᠨ ᠨᠠᠮᠡᠭᠲᠠᠯ  ᠢ ᠠᠬᠢᠭᠤᠯᠤᠨ᠎ᠠ᠃ ᠠᠮᠢ ᠠᠬᠤᠢ  ᠶᠢᠨ ᠡᠪᠠᠰᠤᠨ ᠤᠶᠢᠯᠠᠰ  ᠢ ᠲᠦᠷᠭᠡᠳᠭᠡᠨ ᠬᠦᠭᠵᠢᠬᠦᠯᠵᠤ᠂  ᠬᠦᠯᠤᠨ ᠪᠤᠶᠢᠷ ᠬᠤᠲᠠ  ᠶᠢᠨ ᠡᠪᠠᠰᠤᠨ ᠠᠵᠤ ᠤᠶᠢᠯᠠᠰ  ᠤᠨ ᠬᠠᠮᠲᠤᠷᠠᠯᠴᠠᠭ᠎ᠠ ᠶᠢ ᠭᠠᠷᠲᠠᠨ ᠪᠠᠶᠢᠭᠤᠯᠵᠤ᠂ ᠪᠦᠬᠦ ᠤᠷᠤᠨ  ᠳᠤ ᠬᠠᠨᠲᠤᠭᠰᠠᠨ ᠪᠠᠯᠴᠢᠭᠡᠷ ᠡᠪᠠᠰᠤ ᠬᠠᠲᠠᠭᠠᠯᠠᠵᠤ  ᠡᠳ᠋ᠰᠢᠬᠦᠯᠵᠤ ᠪᠤᠷᠤᠯᠠᠭᠤᠯᠬᠤ ᠪᠠᠷᠠᠭᠠᠨ  ᠤ ᠬᠦᠢᠯᠭᠡᠭᠡᠨ  ᠤ ᠬᠦᠷᠢᠶᠠᠯᠠᠩ ᠲᠤᠭᠤᠷᠢᠭ  ᠢ  ᠪᠠᠶᠢᠭᠤᠯᠤᠨ᠎ᠠ  ᠃ ᠬᠤᠸ᠋ᠨ ᠡᠾᠧ᠂ ᠶᠠᠩ ᠪᠦᠸᠧ᠂ ᠳ᠋ᠠ ᠳ᠋ᠢ ᠡᠪᠠᠰᠤᠨ ᠤᠶᠢᠯᠠᠰ ᠵᠠᠷᠭᠡ ᠠᠵᠤ ᠠᠬᠤᠶᠢᠯᠠᠯ  ᠢ ᠵᠤᠷᠢᠭᠵᠢᠭᠤᠯᠵᠤ ᠪᠠᠯᠴᠢᠭᠡᠷ ᠡᠪᠠᠰᠤ ᠶᠢ ᠦᠨᠲᠤᠷ ᠪᠠᠷᠢᠮᠵᠢᠶ᠎ᠠ   ᠪᠠᠷ ᠲᠠᠷᠢᠵᠤ ᠤᠷᠭᠤᠭᠤᠯᠬᠤ ᠰᠠᠭᠤᠷᠢᠨ  ᠢ ᠪᠦᠲᠤᠭᠡᠨ ᠪᠠᠶᠢᠭᠤᠯᠬᠤ  ᠶᠢᠨ ᠬᠠᠮᠲᠤ  ᠪᠠᠯᠴᠢᠭᠡᠷ ᠡᠪᠠᠰᠤ  ᠶᠢ ᠮᠦᠬᠦᠯᠢᠭ ᠪᠤᠯᠭᠠᠨ ᠡᠳ᠋ᠰᠢᠬᠦᠯᠬᠦ ᠲᠦᠪᠰᠢᠨ  ᠢ ᠲᠠᠭᠡᠭᠰᠢᠯᠠᠬᠦᠯᠤᠨ᠎ᠠ᠃ ᠲᠦᠷᠤᠯ ᠲᠡᠮᠲᠡᠭᠲᠤ   ᠪᠠᠷ ᠲᠠᠶᠢᠴᠢᠯᠠᠬᠤ ᠪᠠᠶᠢᠯᠲᠤᠬᠤ ᠪᠤᠲᠤᠯᠭ᠎ᠠ ᠶᠢ ᠭᠡᠷᠡᠭᠵᠢᠬᠦᠯᠵᠤ᠂ ᠡᠸᠠᠩᠬᠢ  ᠶᠢᠨ ᠤᠬᠤᠷ ᠰᠠᠬᠦᠯᠲᠤ ᠬᠤᠨᠢ  ᠶᠢᠨ ᠭᠠᠵᠠᠷ ᠵᠦᠢ  ᠶᠢᠨ ᠰᠢᠨᠵᠢ ᠲᠡᠮᠲᠡᠭ  ᠢ ᠬᠠᠮᠠᠭᠠᠯᠠᠨ ᠰᠠᠶᠢᠲᠤᠷ ᠠᠰᠢᠭᠯᠠᠵᠤ᠂ ᠮᠢᠬᠠᠨ  ᠤ ᠬᠤᠨᠢ  ᠶᠢᠨ ᠪᠦᠬᠦ ᠠᠵᠤ ᠤᠶᠢᠯᠠᠰ  ᠤᠨ ᠭᠡᠯᠬᠢᠶ᠎ᠠ ᠪᠠᠷ ᠮᠦᠷᠲᠠᠨ ᠲᠠᠭᠠᠬᠤ ᠲᠤᠭᠲᠠᠯᠴᠠᠭ᠎ᠠ ᠶᠢ ᠪᠦᠲᠤᠭᠡᠨ ᠪᠠᠶᠢᠭᠤᠯᠬᠤ ᠪᠠᠷ ᠲᠠᠪᠴᠡᠩ ᠪᠤᠯᠭᠠᠵᠤ᠂ ᠮᠢᠬᠠᠨ ᠬᠤᠨᠢ  ᠶᠢᠨ ᠨᠠᠷ᠎ᠠ ᠠᠯᠲᠠᠷᠰᠢᠭᠰᠠᠨ ᠲᠠᠸᠠᠷ  ᠤᠨ ᠲᠡᠮᠲᠡᠭ ᠪᠠ ᠨᠠᠷᠠᠲᠤ ᠲᠡᠮᠲᠡᠭᠲᠤ ᠤᠶᠢᠯᠠᠳᠭᠡᠬᠦᠨ  ᠢ ᠡᠬᠦᠲᠤᠨ᠎ᠠ᠃ ᠰᠤᠶᠤᠯ ᠵᠤᠭᠠᠴᠠᠯ  ᠤᠨ ᠠᠵᠤ ᠤᠶᠢᠯᠠᠰ  ᠤᠨ ᠤᠨᠴᠠᠯᠢᠭ ᠲᠠᠢ ᠪᠠᠷ ᠭᠦᠭᠵᠢᠬᠦ ᠶᠢ ᠠᠬᠢᠭᠤᠯᠤᠨ᠎ᠠ᠃ ᠲᠠᠯ᠎ᠠ ᠨᠤᠲᠤᠭ  ᠤᠨ ᠰᠤᠶᠤᠯ  ᠢ  ᠬᠠᠷᠠᠭᠤᠯᠬᠤ᠂ ᠤᠮᠠᠷᠠᠲᠤ  ᠶᠢᠨ ᠤᠨᠴᠠᠯᠢᠭ ᠪᠦᠬᠦᠢ ᠵᠤᠭᠠᠴᠠᠨ ᠲᠤᠭᠤᠷᠢᠨ ᠦᠵᠠᠬᠦ ᠰᠠᠯᠠᠬᠦᠴᠠᠨ ᠠᠮᠠᠷᠠᠬᠤ ᠰᠠᠭᠤᠷᠢᠨ  ᠢ ᠪᠦᠲᠤᠭᠡᠨ ᠪᠠᠶᠢᠭᠤᠯᠬᠤ ᠪᠠᠶᠢᠯᠲᠤᠬᠤ ᠪᠤᠲᠤᠯᠭ᠎ᠠ  ᠶᠢᠨ ᠪᠠᠶᠢᠷᠢ ᠲᠤᠭᠲᠠᠭᠠᠯᠲᠠ  ᠶᠢᠨ ᠲᠤᠭᠤᠷᠢᠨ  ᠳᠤ᠂ ᠵᠤᠭᠠᠴᠠᠯ  ᠤᠨ ᠦᠵᠠᠮᠵᠢᠲᠤ ᠤᠷᠤᠨ  ᠢ ᠪᠦᠲᠤᠭᠡᠨ ᠪᠠᠶᠢᠭᠤᠯᠬᠤ ᠡᠷᠴᠢᠮ  ᠢᠶᠠᠨ ᠴᠢᠩᠭᠠᠷᠠᠭᠤᠯᠵᠤ᠂ ᠰᠤᠯᠤᠨ ᠠᠶᠢᠮᠠᠭ  ᠤᠨ ᠰᠠᠭᠤᠭᠲᠠᠯ ᠵᠤᠭᠠᠴᠠᠯ  ᠤᠨ  ᠦᠵᠠᠮᠵᠢᠲᠤ ᠤᠷᠤᠨ᠂ ᠡᠤ ᠴᠢᠤᠸᠠᠨ ᠱᠠᠨ  ᠤ  ᠦᠵᠠᠮᠵᠢᠲᠤ ᠤᠷᠤᠨ᠂ ᠤᠪᠤᠭᠠᠨ ᠲᠠᠭᠡᠷᠠᠬᠢ ᠠᠭᠤᠯᠵᠠᠯᠲᠠ  ᠶᠢᠨ ᠭᠡᠪ ᠨᠠᠮᠪᠠᠲᠤ ᠬᠦᠷᠢᠶᠠᠯᠠᠩ ᠵᠠᠷᠭᠡ ᠭᠤᠤᠯᠲᠠᠯᠭ᠎ᠠ ᠲᠠᠢ ᠵᠤᠭᠠᠴᠠᠯ  ᠤᠨ ᠲᠦᠷᠤᠯ ᠵᠤᠶᠢᠯ  ᠢ ᠨᠠᠭᠡᠭᠡᠨ ᠬᠦᠭᠵᠢᠬᠦᠯᠬᠦ ᠪᠦᠲᠤᠭᠡᠨ ᠪᠠᠶᠢᠭᠤᠯᠤᠯᠲᠠ ᠶᠢ ᠲᠦᠷᠭᠡᠳᠭᠡᠨ ᠲᠦᠯᠬᠢᠨ ᠠᠬᠢᠭᠤᠯᠤᠨ᠎ᠠ᠃ ᠬᠤᠩᠭᠤᠯᠵᠢ  ᠶᠢᠨ ᠵᠢᠭᠠᠷᠲᠤ ᠨᠠᠷᠠᠰᠤᠨ  ᠤ ᠤᠯᠤᠰ  ᠤᠨ ᠲᠠᠰ  ᠤᠨ ᠤᠢ ᠰᠢᠭᠤᠢ  ᠶᠢᠨ ᠴᠠᠴᠡᠷᠯᠢᠭ᠂ ᠪᠠᠶᠠᠨᠬᠤᠰᠢᠭᠤ᠂ ᠤᠭᠤᠨᠤ  ᠶᠢᠨ ᠷᠠᠰᠢᠶᠠᠨ ᠵᠠᠷᠭᠡ ᠦᠵᠠᠮᠵᠢ  ᠶᠢᠨ ᠤᠷᠤᠨ  ᠤ ᠰᠠᠭᠤᠷᠢ ᠲᠦᠬᠦᠭᠡᠷᠤᠮᠵᠢ ᠪᠠ ᠵᠤᠭᠠᠴᠠᠯ  ᠤᠨ ᠤᠷᠴᠢᠨ  ᠢ ᠦᠷᠬᠦᠯᠵᠢᠯᠠᠨ  ᠰᠠᠶᠢᠵᠢᠷᠠᠭᠤᠯᠵᠤ᠂ ᠭᠤᠤᠯᠲᠠᠯᠭ᠎ᠠ ᠲᠠᠢ ᠵᠤᠭᠠᠴᠠᠯ  ᠤᠨ ᠦᠵᠠᠮᠵᠢ  ᠶᠢᠨ ᠤᠷᠤᠨ   ᠢᠶᠠᠷ ᠲᠦᠪ ᠪᠤᠯᠭᠠᠭᠰᠠᠨ᠂ ᠬᠦᠴᠤᠷᠭᠡᠭ ᠶᠡᠭᠡ ᠨᠦᠯᠤᠭᠡᠯᠠᠯ  ᠤᠨ ᠬᠦᠴᠤᠨ ᠪᠦᠬᠦᠢ ᠰᠤᠶᠤᠯ ᠠᠮᠢ ᠠᠬᠤᠢ  ᠶᠢᠨ ᠵᠤᠭᠠᠴᠠᠯ  ᠤᠨ ᠠᠵᠤ ᠤᠶᠢᠯᠠᠰ  ᠤᠨ ᠪᠠᠶᠢᠲᠠᠯ  ᠢ ᠠᠭᠠᠵᠢᠮ  ᠢᠶᠠᠷ ᠪᠦᠷᠢᠯᠲᠤᠬᠦᠯᠤᠨ᠎ᠠ᠃ ᠰᠢᠨ᠎ᠠ ᠪᠠᠷ ᠮᠠᠨᠲᠤᠵᠤ ᠪᠠᠶᠢᠭ᠎ᠠ ᠠᠵᠤ ᠤᠶᠢᠯᠠᠰ  ᠢ ᠲᠦᠷᠭᠡᠳᠭᠡᠨ ᠪᠤᠶᠢᠵᠢᠭᠤᠯᠤᠨ᠎ᠠ᠃ ᠡᠬᠢ ᠪᠠᠶᠠᠯᠢᠭ  ᠤᠨ ᠪᠤᠰᠤ ᠭᠡᠯᠪᠠᠷᠢᠲᠤ ᠠᠵᠤ  ᠤᠶᠢᠯᠠᠰ  ᠤᠨ ᠡᠷᠠᠬᠦᠯ   ᠢᠶᠠᠷ ᠬᠦᠭᠵᠢᠬᠦ ᠶᠢ ᠠᠬᠢᠭᠤᠯᠤᠨ᠎ᠠ᠃ ᠠᠵᠤ ᠤᠶᠢᠯᠠᠳᠪᠤᠷᠢ  ᠶᠢᠨ ᠠᠵᠤ ᠤᠶᠢᠯᠠᠰ  ᠤᠨ ᠪᠦᠲᠤᠴᠠ ᠶᠢ ᠰᠢᠯᠢᠲᠡᠭᠵᠢᠬᠦᠯᠤᠨ ᠲᠤᠬᠢᠷᠠᠭᠤᠯᠵᠤ᠂ ᠡᠬᠢ ᠪᠠᠶᠠᠯᠢᠭ  ᠤᠨ ᠪᠤᠰᠤ  ᠭᠡᠯᠪᠠᠷᠢᠲᠤ ᠠᠵᠤ ᠤᠶᠢᠯᠠᠰ  ᠤᠨ ᠠᠵᠤ ᠤᠶᠢᠯᠠᠳᠪᠤᠷᠢ  ᠶᠢᠨ ᠶᠠᠷᠤᠩᠭᠡᠢ ᠤᠶᠢᠯᠠᠳᠪᠤᠷᠢᠯᠠᠯ  ᠤᠨ ᠦᠷᠲᠡᠭ   ᠳᠠᠬᠢ ᠬᠤᠪᠢ  ᠶᠢᠨ ᠵᠢᠩ  ᠢ ᠠᠭᠠᠵᠢᠮ  ᠢᠶᠠᠷ  ᠨᠠᠮᠡᠭᠲᠠᠬᠦᠯᠤᠨ᠎ᠠ᠃  ᠬᠠᠢ ᠶᠤᠸᠠᠨ ᠤᠯᠠᠨ ᠤᠯᠤᠰ  ᠤᠨ ᠮᠠᠰᠢᠨ  ᠲᠡᠷᠭᠡ  ᠶᠢᠨ ᠰᠡᠯᠪᠢᠭ ᠲᠤᠨᠤᠭ ᠤᠨ ᠬᠤᠲᠠᠯᠲᠤᠭ᠎ᠠ ᠵᠠᠷᠭᠡ ᠲᠦᠷᠤᠯ ᠵᠤᠶᠢᠯ  ᠤᠨ ᠪᠦᠲᠤᠭᠡᠨ ᠪᠠᠶᠢᠭᠤᠯᠤᠯᠲᠠ  ᠶᠢᠨ ᠠᠬᠢᠴᠠ ᠶᠢ ᠲᠦᠷᠭᠡᠳᠭᠡᠵᠤ᠂ ᠤᠷᠤᠰ ᠮᠤᠩᠭᠤᠯ  ᠳᠤ ᠬᠠᠨᠲᠤᠭᠤᠯᠤᠭᠰᠠᠨ᠂ ᠵᠡᠬᠦᠨ ᠬᠤᠶᠢᠲᠤ  ᠤᠷᠤᠨ  ᠢ ᠨᠦᠯᠤᠭᠡᠯᠠᠬᠦ ᠮᠠᠰᠢᠨ ᠲᠡᠷᠭᠡ ᠬᠤᠲᠠᠯᠲᠤᠬᠤ ᠲᠤᠨᠤᠭ ᠲᠦᠬᠦᠭᠡᠷᠤᠮᠵᠢ ᠶᠢᠨ ᠲᠦᠬᠦᠷᠵᠢᠬᠦᠯᠦᠭᠰᠠᠨ ᠰᠠᠭᠤᠷᠢᠨ  ᠢ ᠬᠦᠴᠤᠯᠠᠨ ᠡᠬᠦᠲᠤᠨ᠎ᠠ᠃ ᠡᠯᠧᠺᠲᠷᠤᠨ ᠬᠤᠲᠠᠯᠲᠤᠭᠠᠨ  ᠤ ᠶᠠᠪᠤᠲᠠᠯ᠂ ᠡᠷᠠᠬᠦᠯᠵᠢᠯ  ᠨᠠᠰᠤᠵᠢᠯ  ᠤᠨ ᠲᠠᠭᠠᠳᠬᠠᠯ᠂ ᠨᠦᠭᠡᠴᠠᠯᠠᠵᠤ ᠬᠠᠲᠠᠭᠠᠯᠠᠬᠤ ᠪᠠᠷᠠᠭᠠᠨ  ᠤ ᠬᠦᠢᠯᠭᠡᠭᠡᠨ  ᠤ ᠠᠵᠤ ᠤᠶᠢᠯᠠᠰ  ᠤᠨ ᠬᠦᠭᠵᠢᠯᠲᠠ  ᠶᠢᠨ ᠴᠢᠭᠯᠡᠯ  ᠢ ᠬᠦᠨᠵᠠᠭᠡᠢ ᠰᠤᠲᠤᠯᠵᠤ᠂ ᠵᠠᠬ᠎ᠠ ᠲᠠᠯᠭᠡᠬᠦᠷ  ᠤᠨ ᠤᠷᠤᠨ ᠵᠠᠢ ᠶᠢ ᠴᠢᠷᠮᠠᠶᠢᠨ ᠦᠷᠭᠡᠳᠭᠡᠨ᠎ᠠ᠃ ᠡᠬᠢ ᠪᠠᠶᠠᠯᠢᠭ  ᠤᠨ ᠪᠤᠰᠤ ᠭᠡᠯᠪᠠᠷᠢ  ᠶᠢᠨ ᠠᠵᠤ ᠤᠶᠢᠯᠠᠰ  ᠤᠨ ᠲᠦᠷᠤᠯ ᠵᠤᠶᠢᠯ  ᠢ ᠲᠠᠲᠠᠨ ᠤᠷᠤᠭᠤᠯᠬᠤ ᠪᠠ ᠪᠦᠲᠤᠭᠡᠨ ᠪᠠᠶᠢᠭᠤᠯᠬᠤ ᠡᠷᠴᠢᠮ  ᠢᠶᠠᠨ ᠴᠢᠩᠭᠠᠷᠠᠭᠤᠯᠵᠤ᠂ ᠰᠢᠨ᠎ᠠ ᠡᠨᠧᠷᠬᠢ᠂ ᠰᠢᠨ᠎ᠠ ᠮᠠᠲ᠋ᠧᠷᠢᠶᠠᠯ᠂ ᠠᠮᠢᠲᠤ ᠪᠤᠲᠠᠰ  ᠢᠶᠠᠷ ᠡᠮ ᠨᠠᠶᠢᠷᠠᠬᠤ᠂ ᠲᠤᠨᠤᠭ ᠲᠦᠬᠦᠭᠡᠷᠤᠮᠵᠢ ᠤᠶᠢᠯᠠᠳᠬᠦ ᠵᠠᠷᠭᠡ ᠪᠠᠶᠢᠯᠲᠤᠬᠤ ᠪᠤᠲᠤᠯᠭ᠎ᠠ  ᠶᠢᠨ ᠴᠢᠨᠠᠷᠲᠡᠢ ᠰᠢᠨ᠎ᠠ ᠪᠠᠷ ᠮᠠᠨᠲᠤᠵᠤ ᠪᠠᠶᠢᠭ᠎ᠠ ᠠᠵᠤ ᠤᠶᠢᠯᠠᠰ ᠲᠠᠭᠡᠷ᠎ᠠ ᠬᠦᠴᠤᠯᠠᠴᠠ ᠪᠠᠨ ᠨᠠᠮᠡᠭᠲᠠᠬᠦᠯᠵᠤ᠂ ᠰᠢᠨ᠎ᠠ ᠡᠬᠢᠯᠠᠯᠲᠠ ᠲᠠᠢ ᠪᠤᠯᠭᠠᠬᠤ ᠪᠠᠷ ᠴᠢᠷᠮᠠᠶᠢᠨ᠎ᠠ᠃ ᠭᠤᠷᠪᠠᠲᠤᠭᠠᠷ ᠠᠵᠤ ᠤᠶᠢᠯᠠᠰ ᠪᠠ ᠨᠠᠶᠢᠲᠠ  ᠶᠢᠨ ᠪᠤᠰᠤ ᠦᠮᠴᠢᠯᠠᠯ  ᠤᠨ ᠠᠵᠤ  ᠠᠬᠤᠢ  ᠶᠢᠨ ᠦᠳᠲᠤᠷ ᠲᠦᠷᠭᠡᠨ ᠬᠦᠭᠵᠢᠬᠦ  ᠶᠢ ᠠᠬᠢᠭᠤᠯᠤᠨ᠎ᠠ᠃ ︽ ᠬᠤᠤᠰ ᠵᠠᠭᠤᠨ  ᠤ ᠵᠠᠬ᠎ᠠ ᠲᠠᠯᠭᠡᠬᠦᠷ︾ ᠪᠠ ︽ ᠲᠦᠮᠠᠨ ᠲᠤᠰᠬᠤᠨ ᠮᠢᠩᠭᠠᠨ ᠰᠢᠶᠠᠩ  ᠤᠨ ᠵᠠᠬ᠎ᠠ ᠲᠠᠯᠭᠡᠬᠦᠷ︾  ᠤᠨ ᠢᠨᠵᠧᠨᠧᠷᠢᠩ  ᠢ ᠯᠠᠪᠲᠠᠭᠤᠨ  ᠢᠶᠠᠷ ᠭᠡᠷᠡᠭᠵᠢᠬᠦᠯᠵᠤ᠂ ᠬᠤᠲᠠ ᠬᠦᠲᠡᠭᠡ  ᠶᠢᠨ ᠵᠠᠬ᠎ᠠ ᠲᠡᠯᠭᠡᠬᠦᠷ  ᠤᠨ ᠴᠡᠴᠡᠭᠯᠠᠨ ᠬᠦᠭᠵᠢᠬᠦ ᠶᠢ ᠠᠬᠢᠭᠤᠯᠤᠨ᠎ᠠ᠃ ᠪᠦᠬᠦ ᠵᠢᠯ  ᠳᠤ ᠭᠤᠷᠪᠠᠲᠤᠭᠠᠷ ᠠᠵᠤ ᠤᠶᠢᠯᠠᠰ  ᠤᠨ ᠨᠡᠮᠡᠭᠲᠠᠯ ᠦᠷᠲᠡᠭ  ᠢ 7%   ᠢᠶᠠᠷ ᠨᠡᠮᠡᠭᠲᠠᠬᠦᠯᠤᠨ᠎ᠠ︔ ᠨᠠᠶᠢᠭᠡᠮ  ᠤᠨ ᠭᠡᠷᠡᠭᠯᠠᠭᠡᠨ  ᠤ ᠵᠤᠶᠢᠯᠠᠰ ᠢ ᠵᠢᠵᠢᠭᠯᠡᠨ ᠪᠤᠷᠤᠯᠠᠭᠤᠯᠬᠤ ᠶᠠᠷᠤᠩᠭᠡᠢ ᠭᠡᠮᠵᠢᠶ᠎ᠠ ᠶᠢ 16 ᠳ᠋ᠦᠩᠰᠢᠭᠤᠷ ᠲᠦᠬᠦᠷᠢᠭ  ᠲᠤ ᠬᠦᠷᠭᠡᠨ᠎ᠠ᠃ ᠨᠠᠶᠢᠲᠠ  ᠶᠢᠨ ᠪᠤᠰᠤ ᠦᠮᠴᠢᠯᠠᠯ  ᠤᠨ ᠠᠵᠤ ᠠᠬᠤᠢ  ᠶᠢᠨ ᠬᠦᠭᠵᠢᠯᠲᠠ  ᠶᠢᠨ ᠲᠦᠪᠰᠢᠨ  ᠢ ᠪᠦᠬᠦ ᠲᠠᠯ᠎ᠠ ᠪᠠᠷ ᠲᠠᠭᠡᠭᠰᠢᠯᠠᠬᠦᠯᠵᠤ᠂ ᠠᠷᠠᠳ  ᠤᠨ ᠪᠠᠯᠨ ᠮᠦᠩᠬᠦ  ᠶᠢᠨ ᠰᠠᠭᠤᠷᠢ ᠠᠵᠤ  ᠤᠶᠢᠯᠠᠰ᠂ ᠰᠠᠭᠤᠷᠢ ᠲᠦᠬᠦᠭᠡᠷᠤᠮᠵᠢ᠂ ᠨᠠᠶᠢᠭᠡᠮ  ᠤᠨ ᠤᠶᠢᠯᠠᠰ᠂ ᠪᠠᠶᠢᠯᠲᠤᠬᠤ ᠪᠤᠲᠤᠯᠭ᠎ᠠ  ᠶᠢᠨ ᠴᠢᠨᠠᠷᠲᠡᠢ ᠰᠢᠨ᠎ᠠ ᠪᠠᠷ ᠮᠠᠨᠲᠤᠵᠤ ᠪᠠᠶᠢᠭ᠎ᠠ ᠠᠵᠤ ᠤᠶᠢᠯᠠᠰ ᠵᠠᠷᠭᠡ ᠬᠦᠷᠢᠶ᠎ᠠ  ᠳᠤ  ᠤᠷᠤᠬᠤ ᠶᠢ ᠲᠠᠮᠵᠢᠵᠤ᠂  ᠲᠤᠮᠲᠠ ᠵᠢᠵᠢᠭ ᠠᠵᠤ ᠠᠬᠤᠶᠢᠯᠠᠯ᠂ ᠠᠷᠠᠳ  ᠠᠴᠠ ᠡᠵᠠᠩᠨᠡᠭᠰᠠᠨ ᠠᠵᠤ ᠠᠬᠤᠶᠢᠯᠠᠯ  ᠤᠨ ᠰᠠᠶᠢᠲᠤᠷ ᠲᠦᠬᠦᠷᠵᠢᠬᠦᠯᠤᠨ ᠬᠠᠮᠵᠢᠯᠴᠠᠬᠤ  ᠶᠢ ᠨᠢ ᠬᠦᠲᠤᠯᠤᠨ ᠵᠢᠯᠤᠭᠤᠲᠤᠨ᠎ᠠ᠃ ᠨᠠᠶᠢᠲᠠ  ᠶᠢᠨ ᠪᠤᠰᠤ ᠦᠮᠴᠢᠯᠠᠯ  ᠤᠨ ᠠᠵᠤ ᠠᠬᠤᠢ  ᠶᠢᠨ ᠬᠦᠭᠵᠢᠯᠲᠠ ᠶᠢ ᠲᠠᠮᠵᠢᠬᠦ ᠡᠯ᠎ᠠ ᠵᠤᠶᠢᠯ  ᠤᠨ ᠪᠠᠶᠢᠭᠤᠯᠤᠯ ᠲᠤᠭᠲᠠᠴᠠ ᠶᠢ ᠪᠠᠶᠢᠭᠤᠯᠤᠨ ᠪᠦᠷᠢᠨᠰᠢᠬᠦᠯᠵᠤ᠂ ᠨᠠᠶᠢᠲᠠ  ᠶᠢᠨ ᠪᠤᠰᠤ ᠦᠮᠴᠢᠯᠠᠯ  ᠤᠨ ᠠᠵᠤ ᠠᠬᠤᠢ  ᠶᠢᠨ ︽ ᠪᠤᠭᠤᠮᠲᠠ  ᠳᠤ ᠤᠷᠤᠬᠤ  ᠳᠤ ᠬᠦᠴᠢᠷ᠂ ᠪᠠᠯᠨ ᠨᠠᠶᠢᠯᠠᠬᠦᠯᠬᠦ ᠳᠤ ᠪᠠᠷᠭᠡ︾ ᠵᠠᠷᠭᠡ ᠠᠰᠠᠭᠤᠲᠠᠯ  ᠢ ᠰᠢᠢᠳᠪᠤᠷᠢᠯᠠᠵᠤ᠂ ᠨᠠᠶᠢᠲᠠ  ᠶᠢᠨ ᠪᠤᠰᠤ ᠦᠮᠴᠢᠯᠠᠯ  ᠤᠨ ᠠᠵᠤ ᠠᠬᠤᠢ  ᠶᠢᠨ  ᠬᠦᠭᠵᠢᠯᠲᠠ  ᠶᠢᠨ ᠠᠮᠢᠵᠢᠷᠠᠯ  ᠤᠨ ᠬᠦᠴᠤᠨ  ᠢ ᠬᠦᠢᠴᠠᠳ ᠪᠠᠲᠠᠷᠠᠭᠤᠯᠬᠤ ᠭᠡᠷᠡᠭᠲᠡᠢ᠃ ︵ ᠭᠤᠷᠪᠠ︶ ᠬᠤᠲᠠ ᠬᠦᠲᠡᠭᠡ ᠶᠢ ᠨᠢᠭᠡᠲᠤᠯᠲᠡᠢ ᠲᠦᠯᠤᠪᠯᠠᠬᠦ ᠪᠠᠶᠢᠯᠲᠤᠬᠤ ᠪᠤᠲᠤᠯᠭ᠎ᠠ  ᠶᠢ ᠭᠤᠶᠢᠪᠢᠰᠢ ᠦᠭᠡᠢ ᠭᠡᠷᠡᠭᠵᠢᠬᠦᠯᠵᠤ᠂ ᠲᠠᠷᠢᠶᠠᠯᠠᠩ ᠮᠠᠯ ᠠᠵᠤ ᠠᠬᠤᠢ  ᠶᠢᠨ ᠬᠦᠭᠵᠢᠯᠲᠠ  ᠶᠢᠨ ᠴᠢᠨᠠᠷ ᠴᠢᠨᠰᠠᠭ᠎ᠠ ᠪᠠ ᠦᠷ᠎ᠠ ᠠᠰᠢᠭ  ᠢ ᠴᠢᠷᠮᠠᠶᠢᠨ ᠲᠡᠭᠡᠭᠰᠢᠯᠠᠬᠦᠯᠤᠨ᠎ᠠ᠃ᠡᠳ᠋  ᠤᠨ ᠵᠠᠰᠠᠭ  ᠠᠴᠠ ᠮᠠᠯ ᠠᠵᠤ ᠠᠬᠤᠢ ᠶᠢ ᠲᠠᠮᠵᠢᠬᠦ᠂ ᠠᠵᠤ ᠤᠶᠢᠯᠠᠳᠪᠤᠷᠢ  ᠠᠴᠠ ᠲᠠᠷᠢᠶᠠᠯᠠᠩ ᠮᠠᠯ ᠠᠵᠤ ᠠᠬᠤᠢ  ᠶᠢ ᠲᠠᠮᠵᠢᠬᠦ ᠵᠢᠴᠢ ᠮᠠᠯᠴᠢᠳ  ᠢ ᠬᠠᠷᠠᠭᠠᠯᠵᠠᠬᠤ ᠮᠠᠯᠵᠢᠯ  ᠢ ᠲᠠᠮᠵᠢᠬᠦ ᠡᠯ᠎ᠠ ᠵᠤᠶᠢᠯ  ᠤᠨ ᠲᠦᠷᠤ  ᠶᠢᠨ ᠪᠤᠲᠤᠯᠭ᠎ᠠ ᠶᠢ ᠨᠢᠮᠪᠠᠢ ᠨᠠᠶᠢᠲᠠᠪᠤᠷᠢᠵᠢᠭᠤᠯᠵᠤ᠂ ᠬᠤᠲᠠ ᠬᠦᠲᠡᠭᠡ  ᠶᠢᠨ ᠬᠦᠴᠤᠨ ᠵᠤᠶᠢᠯ ᠲᠠᠩᠴᠠᠬᠦᠷᠢᠰᠢᠬᠦ᠂ ᠰᠦᠷᠦᠭᠵᠢᠨ ᠬᠦᠭᠵᠢᠬᠦ ᠶᠢ ᠠᠬᠢᠭᠤᠯᠵᠤ᠂ ᠤᠲᠤ ᠦᠶ᠎ᠠ  ᠶᠢᠨ ᠲᠠᠷᠢᠶᠠᠯᠠᠩ ᠮᠠᠯ ᠠᠵᠤ ᠠᠬᠤᠢ  ᠶᠢᠨ ᠶᠠᠰᠤ ᠴᠢᠨᠠᠷ  ᠢ ᠲᠠᠭᠡᠭᠰᠢᠯᠠᠬᠦᠯᠵᠤ ᠦᠷ᠎ᠠ ᠠᠰᠢᠭ  ᠢ ᠨᠠᠮᠡᠭᠲᠠᠬᠦᠯᠬᠦ ᠶᠢ ᠲᠦᠯᠬᠢᠨ ᠠᠬᠢᠭᠤᠯᠤᠨ᠎ᠠ᠃ᠮᠠᠯ ᠠᠵᠤ ᠠᠬᠤᠢ  ᠶᠢᠨ ᠠᠵᠤ ᠤᠶᠢᠯᠠᠰᠵᠢᠯᠲᠠ  ᠶᠢᠨ ᠠᠬᠢᠴᠠ ᠶᠢ ᠲᠦᠷᠭᠡᠳᠭᠡᠨ᠎ᠠ᠃ ᠲᠦᠷᠤ  ᠶᠢᠨ ᠪᠤᠲᠤᠯᠭ᠎ᠠ ᠪᠠᠷ ᠬᠦᠲᠤᠯᠤᠨ ᠵᠢᠯᠤᠭᠤᠳᠬᠤ᠂ ᠲᠦᠷᠤᠯ ᠵᠤᠶᠢᠯ  ᠢᠶᠠᠷ ᠲᠠᠳᠬᠦᠨ ᠲᠠᠮᠵᠢᠬᠦ ᠪᠠᠨ ᠴᠢᠩᠭᠠᠳᠬᠠᠵᠤ᠂ ᠮᠠᠯ  ᠤᠨ ᠡᠬᠦᠯᠲᠠᠷ᠂  ᠡᠪᠠᠰᠤ ᠪᠠᠯᠴᠢᠭᠡᠷ᠂ ᠬᠦᠲᠠᠯᠮᠤᠷᠢ ᠬᠦᠴᠤ ᠵᠠᠷᠭᠡ  ᠡᠬᠢ ᠪᠠᠶᠠᠯᠢᠭ  ᠢ ᠪᠦᠲᠤᠮᠵᠢᠲᠡᠢ ᠨᠢᠭᠡᠲᠤᠬᠦᠯᠵᠤ᠂ ᠤᠲᠤ ᠦᠶ᠎ᠠ  ᠶᠢᠨ ᠭᠡᠷ ᠪᠦᠯᠢ  ᠶᠢᠨ ᠮᠠᠯᠵᠢᠯ  ᠤᠨ ᠲᠠᠯᠠᠪᠡᠢ ᠪᠤᠶᠢᠵᠢᠭᠤᠯᠤᠨ ᠪᠦᠲᠤᠭᠡᠨ ᠪᠠᠶᠢᠭᠤᠯᠬᠤ ᠢᠨᠵᠧᠨᠧᠷᠢᠩ  ᠢ ᠬᠦᠨᠵᠠᠭᠡᠢ ᠲᠦᠯᠬᠢᠨ ᠠᠬᠢᠭᠤᠯᠤᠨ᠎ᠠ᠃ ᠮᠠᠯᠵᠢᠬᠤ ᠤᠷᠤᠨ  ᠤ ᠬᠤᠷᠰᠢᠭᠰᠠᠨ ᠵᠤᠬᠢᠶᠠᠨ ᠪᠠᠶᠢᠭᠤᠯᠤᠯᠲᠠ  ᠶᠢᠨ  ᠵᠢᠷᠤᠮᠵᠢᠨ ᠬᠦᠭᠵᠢᠬᠦ ᠶᠢ ᠠᠬᠢᠭᠤᠯᠵᠤ᠂ ᠪᠦᠬᠦ ᠬᠤᠰᠢᠭᠤᠨ  ᠤ ᠮᠠᠯᠵᠢᠬᠤ ᠤᠷᠤᠨ  ᠤ ᠬᠤᠷᠰᠢᠭᠰᠠᠨ ᠬᠤᠯᠪᠤᠭᠠᠲᠤ ᠬᠤᠷᠰᠢᠶ᠎ᠠ ᠶᠢ  ᠵᠤᠬᠢᠶᠠᠨ ᠪᠠᠶᠢᠭᠤᠯᠵᠤ᠂ ︽ ᠤᠶᠢᠯᠠᠳᠪᠤᠷᠢᠯᠠᠬᠦ + ᠡᠳ᠋ᠰᠢᠬᠦᠯᠬᠦ+ ᠪᠤᠷᠤᠯᠠᠭᠤᠯᠬᠤ︾ ᠶᠢ ᠨᠢᠭᠡ ᠴᠤᠭᠴᠠᠵᠢᠭᠤᠯᠤᠭᠰᠠᠨ ᠮᠠᠯ ᠠᠵᠤ ᠠᠬᠤᠢ  ᠶᠢᠨ ᠤᠶᠢᠯᠠᠳᠪᠤᠷᠢᠯᠠᠨ ᠡᠵᠠᠩᠨᠠᠬᠦ ᠲᠤᠭᠲᠠᠯᠴᠠᠭ᠎ᠠ ᠶᠢ ᠲᠦᠷᠭᠡᠳᠭᠡᠨ ᠪᠠᠶᠢᠭᠤᠯᠵᠤ᠂ ᠬᠤᠷᠰᠢᠶᠠᠵᠢᠯ  ᠢᠶᠠᠷ ᠲᠠᠮᠵᠢᠨ ᠮᠠᠯᠵᠢᠬᠤ ᠡᠷᠤᠭᠡ  ᠶᠢᠨ  ᠤᠶᠢᠯᠠᠳᠪᠤᠷᠢᠯᠠᠨ ᠡᠵᠠᠩᠨᠠᠬᠦ ᠭᠤᠭᠴᠤᠭ᠎ᠠ  ᠶᠢᠨ ᠵᠤᠬᠢᠶᠠᠨ ᠪᠠᠶᠢᠭᠤᠯᠤᠯᠲᠠ ᠪᠠ ᠬᠠᠮᠢᠶᠠᠷᠤᠯᠲᠠ ᠪᠠᠨ ᠴᠢᠩᠭᠠᠳᠬᠠᠵᠤ᠂ ᠠᠵᠤ ᠠᠬᠤᠶᠢᠯᠠᠯ ᠬᠢᠭᠡᠳ ᠮᠠᠯᠵᠢᠬᠤ ᠡᠷᠤᠭᠡ  ᠶᠢᠨ ᠠᠰᠢᠭ ᠲᠤᠰᠨ  ᠳᠤ ᠬᠤᠯᠪᠤᠭᠲᠠᠭᠤᠯᠬᠤ ᠲᠤᠭᠲᠠᠴᠠ  ᠶᠢ ᠪᠦᠷᠢᠯᠲᠤᠬᠦᠯᠬᠦ ᠶᠢ ᠲᠦᠷᠭᠡᠳᠭᠡᠨ᠎ᠠ᠃ ᠮᠠᠯ ᠠᠵᠤ ᠠᠬᠤᠢ  ᠶᠢᠨ ᠠᠵᠤ ᠤᠶᠢᠯᠠᠰ  ᠤᠨ ᠲᠤᠲᠤᠭᠠᠲᠤᠬᠢ ᠪᠦᠲᠤᠴᠠ ᠶᠢ ᠲᠤᠬᠢᠷᠠᠭᠤᠯᠬᠤ ᠲᠤᠭᠤᠷᠢᠨ  ᠳᠤ᠂ ᠮᠢᠬᠠᠨ  ᠤ ᠬᠤᠨᠢ᠂ ᠮᠢᠬᠠᠨ  ᠤ ᠦᠭᠡᠷ᠂ ᠠᠲᠤᠭᠤ ᠪᠠ ᠪᠠᠯᠴᠢᠭᠡᠷ ᠡᠪᠠᠰᠤ  ᠶᠢ ᠲᠤᠰᠬᠠᠢ ᠡᠵᠠᠩᠨᠠᠬᠦ ᠡᠷᠤᠭᠡ ᠶᠢ 20   ᠶᠢ ᠪᠤᠶᠢᠵᠢᠭᠤᠯᠤᠨ᠎ᠠ᠃ ᠮᠠᠯ  ᠤᠨ ᠠᠰᠢᠭ ᠰᠢᠮ᠎ᠠ ᠶᠢ ᠡᠳ᠋ᠰᠢᠬᠦᠯᠬᠦ ᠠᠵᠤ ᠠᠬᠤᠶᠢᠯᠠᠯ  ᠢ ᠨᠠᠶᠢᠯᠠᠬᠦᠯᠤᠨ ᠲᠠᠬᠢᠨ ᠪᠠᠶᠢᠭᠤᠯᠵᠤ᠂ ᠡᠬᠢ ᠪᠠᠶᠠᠯᠢᠭ  ᠢ ᠨᠢᠭᠡᠲᠤᠬᠦᠯᠬᠦ ᠶᠢ ᠠᠭᠠᠵᠢᠮ  ᠢᠶᠠᠷ ᠪᠠᠶᠠᠯᠠᠬᠦᠯᠤᠨ᠎ᠠ᠃ ᠯᠢᠤᠢ ᠰᠢᠶᠠᠩ᠂ ᠶᠠᠭᠡᠲᠠᠯ᠎ᠠ ᠵᠠᠷᠭᠡ ᠲᠠᠭᠠᠭᠤᠯᠤᠭᠴᠢ ᠠᠵᠤ ᠠᠬᠤᠶᠢᠯᠠᠯ  ᠢ ᠦᠷᠬᠦᠯᠵᠢᠯᠠᠨ ᠲᠠᠮᠵᠢᠵᠤ ᠪᠤᠵᠠᠭᠠᠶᠢᠷᠠᠭᠤᠯᠤᠨ᠂ ᠠᠵᠤ ᠠᠬᠤᠶᠢᠯᠠᠯ  ᠤᠨ ᠮᠠᠷᠭᠡᠵᠢᠯ  ᠤᠨ ᠦᠭᠡᠷᠠᠴᠢᠯᠠᠯᠲᠠ ᠬᠢᠬᠦ ᠪᠠ ᠠᠵᠤ ᠤᠶᠢᠯᠠᠰ  ᠤᠨ ᠭᠡᠯᠬᠢᠶ᠎ᠠ ᠶᠢ ᠤᠷᠲᠤᠳᠬᠠᠬᠤ ᠠᠬᠢᠴᠠ ᠶᠢ ᠲᠦᠷᠭᠡᠳᠭᠡᠵᠤ᠂  ᠬᠤᠨᠢ᠂ ᠦᠭᠡᠷ  ᠤᠨ ᠮᠢᠬ᠎ᠠ ᠵᠠᠷᠭᠡ ᠮᠠᠯ  ᠤᠨ ᠠᠰᠢᠭ ᠰᠢᠮ᠎ᠠ  ᠶᠢ ᠨᠠᠷᠢᠯᠢᠭ ᠬᠦᠨ ᠡᠳ᠋ᠰᠢᠬᠦᠯᠬᠦ ᠲᠠᠯ᠎ᠠ ᠪᠠᠷ ᠰᠢᠨ᠎ᠠ ᠰᠢᠪᠲᠤᠯᠤᠯᠲᠠ ᠲᠠᠢ ᠪᠤᠯᠬᠤ  ᠪᠠᠷ ᠴᠢᠷᠮᠠᠶᠢᠨ᠎ᠠ᠃  ᠲᠠᠷᠢᠶᠠᠯᠠᠩ  ᠤᠨ ᠪᠦᠲᠤᠭᠡᠭᠲᠠᠬᠦᠨ ᠮᠠᠯ  ᠤᠨ ᠠᠰᠢᠭ ᠰᠢᠮ᠎ᠠ  ᠶᠢᠨ ᠦᠵᠠᠬᠦᠯᠭᠡ  ᠶᠢᠨ ᠲᠦᠪ ᠪᠠ ᠵᠢᠵᠢᠭᠯᠡᠨ ᠪᠤᠷᠤᠯᠠᠭᠤᠯᠬᠤ  ᠳᠤ ᠪᠠᠶ᠎ᠠ ᠪᠠᠷ  ᠢᠶᠠᠨ ᠤᠷᠤᠯᠴᠠᠬᠤ ᠲᠠᠯᠭᠡᠬᠦᠷ ᠵᠠᠷᠭᠡ ᠠᠵᠢᠯᠯᠠᠭᠠᠨ  ᠤ ᠭᠡᠪ ᠵᠠᠬᠪᠤᠷ  ᠢ ᠰᠦᠪᠡᠭᠴᠢᠯᠠᠨ ᠪᠠᠶᠢᠭᠤᠯᠵᠤ᠂ ᠡᠷᠴᠢᠮᠵᠢᠬᠦ᠂ ᠲᠤᠰᠬᠠᠶᠢᠵᠢᠬᠤ᠂ ᠵᠤᠬᠢᠶᠠᠨ ᠪᠠᠶᠢᠭᠤᠯᠤᠯᠲᠠᠴᠢᠯᠠᠬᠤ᠂ ᠨᠠᠶᠢᠭᠡᠮᠴᠢᠯᠠᠬᠦ ᠶᠢ ᠬᠠᠷᠢᠯᠴᠠᠨ ᠤᠶᠠᠯᠲᠤᠭᠤᠯᠤᠭᠰᠠᠨ ᠰᠢᠨ᠎ᠠ ᠮᠠᠶ᠋ᠢᠭ  ᠤᠨ ᠲᠠᠷᠢᠶᠠᠯᠠᠩ ᠮᠠᠯ ᠠᠵᠤ ᠠᠬᠤᠢ  ᠶᠢᠨ ᠡᠵᠠᠩᠨᠠᠯᠲᠠ  ᠶᠢᠨ ᠲᠤᠭᠲᠠᠯᠴᠠᠭ᠎ᠠ ᠶᠢ ᠬᠦᠴᠤᠯᠠᠨ ᠪᠠᠶᠢᠭᠤᠯᠵᠤ᠂ ᠵᠢᠯ ᠲᠤᠲᠤᠷ᠎ᠠ ᠠᠵᠤ  ᠤᠶᠢᠯᠡᠰᠵᠢᠭᠰᠡᠨ ᠲᠠᠭᠠᠭᠤᠯᠤᠭᠴᠢ ᠠᠵᠤ ᠠᠬᠤᠶᠢᠯᠠᠯ  ᠢ 3  ᠶᠢ ᠰᠢᠨ᠎ᠠ  ᠪᠠᠷ ᠨᠠᠮᠡᠭᠲᠠᠬᠦᠯᠤᠨ᠎ᠠ ᠮᠠᠯ ᠠᠵᠤ ᠠᠬᠤᠢ  ᠶᠢᠨ ᠤᠶᠢᠯᠠᠳᠪᠤᠷᠢᠯᠠᠯ  ᠤᠨ ᠬᠦᠴᠤᠨ ᠵᠤᠶᠢᠯ  ᠢ ᠰᠢᠯᠢᠲᠡᠭᠵᠢᠬᠦᠯᠤᠨ᠎ᠠ᠃ ᠡᠯ᠎ᠠ ᠲᠦᠷᠤᠯ  ᠤᠨ ᠪᠤᠯᠪᠠᠰᠤᠷᠠᠭᠤᠯᠬᠤ ᠡᠬᠢ ᠪᠠᠶᠠᠯᠢᠭ  ᠢᠶᠠᠨ ᠨᠢᠭᠡᠲᠤᠬᠦᠯᠵᠤ᠂ ᠭᠡᠷᠡᠭᠯᠠᠭᠡᠨ  ᠤ ᠮᠠᠷᠭᠡᠵᠢᠯ  ᠤᠨ ᠪᠤᠯᠪᠠᠰᠤᠷᠠᠯ ᠪᠠ ᠰᠢᠨᠵᠢᠯᠡᠭᠡ  ᠮᠠᠷᠭᠡᠵᠢᠯ  ᠤᠨ ᠰᠢᠨ᠎ᠠ ᠶᠢ ᠡᠬᠦᠳᠬᠦ ᠶᠢ ᠬᠦᠮᠤᠵᠢᠬᠦᠯᠤᠨ ᠪᠤᠶᠢᠵᠢᠭᠤᠯᠬᠤ ᠢᠨᠵᠧᠨᠧᠷᠢᠩ  ᠢ ᠶᠠᠭᠡᠪᠠᠷ ᠭᠡᠷᠡᠭᠵᠢᠬᠦᠯᠵᠤ᠂ ᠤᠲᠤ ᠦᠶ᠎ᠠ ᠶᠢᠨ ᠭᠡᠷ ᠪᠦᠯᠢ  ᠶᠢᠨ ᠮᠠᠯᠵᠢᠯ  ᠤᠨ ᠲᠠᠯᠠᠪᠡᠢ  ᠶᠢᠨ ᠪᠦᠲᠤᠭᠡᠨ ᠪᠠᠶᠢᠭᠤᠯᠤᠯᠲᠠ ᠯᠤᠭ᠎ᠠ ᠬᠠᠷᠢᠯᠴᠠᠨ ᠵᠤᠬᠢᠴᠠᠭᠰᠠᠨ ᠨᠢᠭᠡ ᠪᠦᠯᠦᠭ ᠰᠢᠨ᠎ᠠ ᠮᠠᠶ᠋ᠢᠭ  ᠤᠨ ᠠᠵᠢᠯ ᠮᠠᠷᠭᠡᠵᠢᠯ ᠲᠠᠢ ᠮᠠᠯᠴᠢᠳ  ᠢ ᠬᠦᠮᠤᠵᠢᠬᠦᠯᠤᠨ᠎ᠠ᠃ ᠲᠦᠷᠤ  ᠶᠢᠨ ᠪᠤᠲᠤᠯᠭ᠎ᠠ ᠪᠠᠷ ᠬᠦᠲᠤᠯᠤᠨ ᠵᠢᠯᠤᠭᠤᠳᠬᠤ ᠪᠠ ᠲᠦᠷᠤᠯ ᠵᠤᠶᠢᠯ  ᠢᠶᠠᠷ ᠲᠠᠳᠬᠦᠨ ᠲᠠᠮᠵᠢᠬᠦ ᠪᠠᠷ ᠲᠠᠮᠵᠢᠭᠤᠯᠤᠨ᠂ ᠶᠡᠭᠡ ᠲᠠᠭᠡᠲᠤ ᠰᠤᠷᠭᠠᠭᠤᠯᠢ  ᠠᠴᠠ ᠲᠠᠬᠦᠰᠦᠭᠰᠠᠨ ᠤᠶᠦᠲᠠᠳ  ᠢ ᠵᠤᠷᠢᠭᠵᠢᠭᠤᠯᠤᠨ ᠨᠤᠲᠤᠭ ᠲᠠᠭᠠᠨ ᠪᠤᠴᠠᠵᠤ ᠤᠲᠤ ᠦᠶ᠎ᠠ  ᠶᠢᠨ ᠭᠡᠷ ᠪᠦᠯᠢ  ᠶᠢᠨ ᠮᠠᠯᠵᠢᠯ  ᠤᠨ ᠲᠠᠯᠠᠪᠡᠢ  ᠶᠢᠨ ᠪᠦᠲᠤᠭᠡᠨ ᠪᠠᠶᠢᠭᠤᠯᠤᠯᠲᠠ  ᠳᠤ ᠤᠷᠤᠯᠴᠠᠭᠤᠯᠤᠨ ᠂ ᠵᠢᠯ  ᠤᠨ ᠲᠤᠲᠤᠷ᠎ᠠ ᠮᠠᠯᠴᠢᠳ  ᠲᠤ 3000 ᠬᠦᠮᠤᠨ ᠤᠲᠠᠭ᠎ᠠ  ᠠᠴᠠ ᠲᠠᠭᠡᠭᠰᠢ ᠪᠤᠯᠪᠠᠰᠤᠷᠠᠯ ᠬᠦᠷᠲᠠᠭᠡᠨ᠎ᠠ᠃ ᠦᠪᠤᠷ ᠮᠤᠩᠭᠤᠯ  ᠤᠨ ᠲᠠᠷᠢᠶᠠᠯᠠᠩ  ᠤᠨ ᠶᠡᠭᠡ ᠰᠤᠷᠭᠠᠭᠤᠯᠢ ᠵᠠᠷᠭᠡ ᠡᠷᠲᠠᠮ ᠰᠢᠨᠵᠢᠯᠠᠭᠡᠨ  ᠤ ᠬᠦᠷᠢᠶᠠᠯᠠᠩ ᠯᠤᠭ᠎ᠠ  ᠶᠢᠨ  ᠮᠢᠬᠠᠨ ᠢᠲᠠᠭᠡᠨ ᠢ ᠰᠤᠲᠤᠯᠤᠨ ᠨᠡᠭᠡᠭᠡᠬᠦ ᠪᠠ ᠶᠠᠰᠤ ᠴᠢᠨᠠᠷ  ᠢ ᠵᠠᠲᠠᠯᠬᠤ ᠲᠠᠯ᠎ᠠ ᠪᠠᠷ ᠬᠢ ᠬᠠᠮᠵᠢᠯᠴᠠᠭ᠎ᠠ ᠪᠠᠨ ᠴᠢᠩᠭᠠᠳᠬᠠᠵᠤ᠂ ᠤᠷᠤᠨ ᠨᠤᠲᠤᠭ  ᠤᠨ ᠰᠢᠯᠢᠲᠡᠭ ᠲᠦᠷᠤᠯ ᠲᠡᠮᠲᠡᠭ  ᠢ ᠡᠬᠦᠲᠤᠨ᠎ᠠ᠃ ᠤᠲᠤ ᠦᠶ᠎ᠠ  ᠶᠢᠨ ᠲᠠᠯ᠎ᠠ ᠨᠤᠲᠤᠭ  ᠤᠨ ᠮᠠᠯ ᠠᠵᠤ ᠠᠬᠤᠢ  ᠢ ᠬᠦᠭᠵᠢᠬᠦᠯᠬᠦ ᠲᠤᠰᠬᠠᠢ ᠮᠠᠷᠭᠡᠵᠢᠯᠲᠠᠨ  ᠤ ᠪᠦᠯᠬᠦᠮ ᠪᠠᠶᠢᠭᠤᠯᠵᠤ᠂ ᠰᠢᠨᠵᠢᠯᠡᠭᠡ ᠮᠠᠷᠭᠡᠵᠢᠯ  ᠢᠶᠠᠷ ᠰᠤᠲᠤᠯᠤᠨ ᠨᠠᠭᠡᠭᠡᠬᠦ᠂ ᠤᠶᠢᠯᠠᠴᠢᠯᠠᠭᠡᠨ  ᠢ ᠲᠠᠯᠭᠡᠷᠡᠬᠦᠯᠬᠦ ᠪᠠ ᠰᠢᠨ᠎ᠠ ᠶᠢ ᠡᠬᠦᠳᠬᠦ ᠲᠤᠭᠲᠠᠴᠠ ᠶᠢ ᠪᠠᠶᠢᠭᠤᠯᠤᠨ ᠪᠦᠷᠢᠨᠰᠢᠬᠦᠯᠬᠦ᠂ ᠰᠢᠯᠢᠲᠡᠭ ᠮᠠᠯ  ᠤᠨ ᠡᠬᠦᠯᠲᠠᠷ᠂ ᠰᠠᠶᠢᠨ ᠡᠪᠠᠰᠤᠨ  ᠤ ᠦᠷ᠎ᠠ  ᠢ ᠰᠤᠩᠭᠤᠨ ᠲᠠᠷᠢᠵᠤ ᠤᠷᠭᠤᠭᠤᠯᠬᠤ᠂  ᠲᠠᠯ᠎ᠠ ᠨᠤᠲᠤᠭ  ᠤᠨ ᠠᠮᠢ ᠠᠬᠤᠢ  ᠶᠢ ᠬᠠᠮᠠᠭᠠᠯᠠᠬᠤ ᠵᠠᠰᠠᠬᠤ ᠵᠠᠷᠭᠡ ᠭᠤᠤᠯᠲᠠᠯᠭ᠎ᠠ ᠲᠠᠢ ᠬᠦᠷᠢᠶ᠎ᠠ ᠭᠡᠪᠴᠢᠶᠠᠨ ᠤ ᠰᠢᠨ᠎ᠠ ᠮᠠᠷᠭᠡᠵᠯ ᠰᠢᠨ᠎ᠠ ᠦᠷ᠎ᠠ ᠪᠦᠲᠤᠭᠡᠯ  ᠢ ᠲᠠᠯᠭᠡᠷᠠᠬᠦᠯᠤᠨ ᠭᠡᠷᠡᠭᠯᠠᠬᠦ ᠶᠢ ᠪᠦᠬᠦ ᠲᠠᠯ᠎ᠠ ᠪᠠᠷ ᠲᠦᠷᠭᠡᠳᠭᠡᠨ᠎ᠠ᠃ ᠨᠤᠲᠤᠭ ᠪᠠᠯᠴᠢᠭᠡᠷ  ᠢ ᠲᠠᠭᠠᠭᠠᠴᠢᠯᠠᠬᠤ ᠬᠠᠷᠢᠴᠠᠭ᠎ᠠ ᠶᠢ ᠠᠯᠬᠤᠮ ᠴᠢᠨᠠᠭᠰᠢᠲᠠ ᠲᠤᠭᠲᠠᠭᠤᠨ ᠪᠤᠯᠭᠠᠬᠤ ᠪᠠ ᠲᠠᠬᠦᠯᠲᠠᠷᠵᠢᠬᠦᠯᠵᠤ᠂ ᠭᠠᠵᠠᠷ ᠰᠢᠷᠤᠢ ᠨᠤᠲᠤᠭ ᠪᠠᠯᠴᠢᠭᠡᠷ  ᠢ ᠡᠵᠠᠩᠨᠠᠬᠦ ᠡᠷᠭᠡ ᠶᠢ ᠲᠤᠭᠲᠠᠭᠠᠬᠤ ᠪᠠ   ᠦᠨᠲᠤᠰᠤᠨ ᠨᠤᠲᠤᠭ ᠪᠠᠯᠴᠢᠭᠡᠷ  ᠢ ᠢᠯᠭᠠᠨ ᠲᠤᠭᠲᠠᠭᠠᠬᠤ ᠠᠵᠢᠯ  ᠢ ᠢᠲᠠᠪᠬᠢᠲᠡᠢ ᠯᠠᠪᠲᠠᠭᠤᠨ  ᠢᠶᠠᠷ ᠲᠦᠯᠬᠢᠨ ᠠᠬᠢᠭᠤᠯᠵᠤ᠂ ᠮᠠᠯᠴᠢᠳ  ᠤᠨ ᠬᠠᠲᠤᠯᠠᠩ ᠪᠠᠯᠴᠢᠭᠡᠷ  ᠢ ᠲᠠᠭᠠᠭᠠᠴᠢᠯᠠᠨ ᠡᠵᠠᠩᠨᠠᠬᠦ ᠡᠷᠭᠡ ᠶᠢ ᠬᠠᠤᠯᠢ ᠶᠤᠰᠤᠭᠠᠷ ᠪᠠᠲᠤᠯᠠᠵᠤ᠂ ᠬᠠᠲᠤᠯᠠᠩ ᠪᠠᠯᠴᠢᠭᠡᠷ  ᠢ ᠡᠷᠬᠢᠯᠲᠤᠬᠦᠯᠤᠨ ᠠᠰᠢᠭᠯᠠᠬᠤ ᠬᠠᠮᠢᠶᠠᠷᠤᠯᠲᠠ  ᠶᠢᠨ ᠠᠷᠭ᠎ᠠ ᠶᠢ ᠲᠠᠬᠦᠯᠲᠠᠷᠵᠢᠬᠦᠯᠵᠤ᠂ ᠬᠠᠲᠤᠯᠠᠩ ᠪᠠᠯᠴᠢᠭᠡᠷ  ᠢ ᠡᠷᠬᠢᠯᠲᠤᠬᠦᠯᠤᠨ ᠠᠰᠢᠭᠯᠠᠬᠤ ᠤᠶᠢᠯᠨ ᠠᠵᠢᠯᠯᠠᠭ᠎ᠠ ᠶᠢ ᠵᠢᠷᠤᠮᠵᠢᠭᠤᠯᠵᠤ᠂ ᠬᠠᠲᠤᠯᠠᠩ ᠪᠠᠯᠴᠢᠭᠡᠷ  ᠤᠨ ᠲᠠᠭᠠᠭᠠᠴᠢᠯᠠᠨ ᠡᠵᠠᠩᠨᠠᠬᠦ ᠡᠷᠭᠡ ᠶᠢ ᠵᠠᠬ᠎ᠠ ᠲᠠᠯᠭᠡᠬᠦᠷ ᠲᠠᠭᠡᠷ᠎ᠠ ᠭᠡᠷ ᠪᠦᠯᠢ  ᠶᠢᠨ ᠮᠠᠯᠵᠢᠯ  ᠤᠨ ᠲᠠᠯᠠᠪᠠᠢ᠂ ᠲᠤᠮᠤ ᠮᠠᠯᠵᠢᠬᠤ ᠡᠷᠤᠭᠡ᠂ ᠲᠤᠰᠬᠠᠢ ᠬᠤᠷᠰᠢᠶᠠᠵᠢᠯ   ᠤᠳ  ᠲᠤ ᠢᠯᠨ ᠪᠠᠷ ᠡᠷᠬᠢᠯᠲᠤᠬᠦᠯᠤᠨ ᠠᠰᠢᠭᠯᠠᠬᠤ ᠶᠢ ᠨᠢ ᠵᠤᠷᠢᠭᠵᠢᠭᠤᠯᠤᠨ᠎ᠠ᠃ᠮᠠᠯ ᠠᠵᠤ ᠠᠬᠤᠢ  ᠶᠢᠨ ᠪᠠᠷᠢᠮᠵᠢᠶᠠᠵᠢᠭᠰᠠᠨ ᠪᠦᠲᠤᠭᠡᠨ ᠪᠠᠶᠢᠭᠤᠯᠤᠯᠲᠠ  ᠶᠢᠨ ᠲᠦᠪᠰᠢᠨ  ᠢ ᠲᠠᠭᠡᠭᠰᠢᠯᠠᠬᠦᠯᠤᠨ᠎ᠠ᠃ ᠮᠠᠯᠵᠢᠬᠤ ᠤᠷᠤᠨ  ᠤ ᠰᠠᠭᠤᠷᠢ ᠲᠦᠬᠦᠭᠡᠷᠤᠮᠵᠢ  ᠶᠢᠨ ᠪᠦᠲᠤᠭᠡᠨ ᠪᠠᠶᠢᠭᠤᠯᠤᠯᠲᠠ ᠶᠢ ᠪᠦᠬᠦ ᠲᠠᠯ᠎ᠠ ᠪᠠᠷ ᠴᠢᠩᠭᠠᠳᠬᠠᠵᠤ᠂ ᠵᠢᠯ  ᠤᠨ ᠲᠤᠲᠤᠷ᠎ᠡ ᠪᠠᠷᠢᠮᠵᠢᠶᠠᠵᠢᠭᠰᠠᠨ ᠫᠧᠩ ᠰᠠᠷᠠᠪᠴᠢ ᠶᠢ 7.5 ᠲᠦᠮᠠᠨ ᠲᠡᠭᠰᠢ ᠲᠦᠷᠪᠠᠯᠵᠢᠨ ᠮᠧᠲᠷ ᠰᠢᠨ᠎ᠠ ᠪᠠᠷ ᠪᠠᠶᠢᠭᠤᠯᠵᠤ᠂ 2016 ᠤᠨ ᠪᠤᠯᠬᠤ  ᠳᠤ ᠮᠠᠯ ᠤᠨᠤᠭ᠎ᠠ  ᠶᠢᠨ ᠫᠧᠩ ᠰᠠᠷᠠᠪᠴᠢ ᠶᠢ ︽ᠪᠦᠬᠦᠨ  ᠢ ᠪᠦᠷᠬᠦᠬᠦᠯᠬᠦ︾ ᠬᠠᠷᠠᠯᠲᠠ  ᠳᠤ ᠬᠦᠷᠤᠬᠦᠯᠬᠦ ᠪᠠᠷ ᠴᠢᠷᠮᠠᠶᠢᠨ᠎ᠠ᠃ ᠮᠠᠯ ᠠᠵᠤ ᠠᠬᠤᠢ  ᠶᠢᠨ  ᠤᠶᠢᠯᠠᠳᠪᠤᠷᠢᠯᠠᠬᠦ ᠪᠤᠷᠤᠯᠠᠭᠤᠯᠬᠤ ᠡᠯ᠎ᠠ ᠭᠤᠭᠴᠤᠭ᠎ᠠ  ᠶᠢᠨ ᠬᠠᠷᠠᠭᠠᠯᠵᠠᠭᠰᠠᠨ ᠪᠠᠷᠢᠮᠵᠢᠶ᠎ᠠ ᠶᠢ ᠲᠦᠷᠭᠡᠭᠡᠨ ᠲᠤᠭᠲᠠᠭᠠᠵᠤ᠂ ᠤᠲᠤ ᠦᠶ᠎ᠠ  ᠶᠢᠨ ᠲᠠᠷᠢᠶᠠᠯᠠᠩ ᠮᠠᠯ ᠠᠵᠤ ᠠᠬᠤᠢ  ᠶᠢᠨ ᠮᠠᠲᠡᠭᠡ ᠵᠠᠩᠬᠢᠵᠢᠯᠲᠠ  ᠶᠢᠨ ᠬᠠᠮᠢᠶᠠᠷᠤᠯᠲᠠ  ᠶᠢᠨ ᠤᠶᠢᠯᠠᠴᠢᠯᠠᠭᠡᠨ  ᠤ ᠲᠠᠪᠴᠠᠩ ᠪᠠᠶᠢᠭᠤᠯᠵᠤ᠂ ᠮᠠᠯ ᠤᠨᠤᠭ᠎ᠠ ᠶᠢ ᠠᠷᠠᠯᠵᠢᠶᠠᠯᠠᠬᠤ᠂ ᠮᠦᠷᠲᠠᠨ ᠲᠠᠭᠠᠬᠤ ᠲᠤᠭᠲᠠᠯᠴᠠᠭ᠎ᠠ᠂ ᠬᠠᠲᠤᠯᠠᠩ ᠪᠠᠯᠴᠢᠭᠡᠷ  ᠢ ᠡᠷᠬᠢᠯᠲᠤᠬᠦᠯᠤᠨ ᠠᠰᠢᠭᠯᠠᠬᠤ ᠵᠠᠷᠭᠡ ᠠᠵᠢᠯ  ᠢ  ᠵᠠᠷᠭᠡᠪᠠᠷ ᠦᠷᠨᠢᠬᠦᠯᠬᠦ ᠶᠢ ᠲᠦᠯᠬᠢᠨ ᠠᠬᠢᠭᠤᠯᠤᠨ᠎ᠠ︔ ᠡᠸᠠᠩᠬᠢ  ᠶᠢᠨ ᠤᠬᠤᠷ ᠰᠠᠬᠦᠯᠲᠤ ᠬᠤᠨᠢ  ᠶᠢᠨ ᠭᠠᠵᠠᠷ ᠵᠦᠢ  ᠶᠢᠨ ᠰᠢᠨᠵᠢ ᠲᠠᠮᠲᠡᠭ  ᠢ ᠬᠠᠮᠠᠭᠠᠯᠠᠨ ᠰᠠᠶᠢᠲᠤᠷ ᠠᠰᠢᠭᠯᠠᠵᠤ᠂ ᠮᠢᠬᠠᠨ  ᠤ ᠬᠤᠨᠢ ᠶᠢᠨ ᠨᠠᠷ᠎ᠠ ᠠᠯᠲᠠᠷᠰᠢᠭᠰᠠᠨ ᠲᠠᠸᠠᠷ  ᠤᠨ ᠲᠠᠮᠲᠡᠭ ᠪᠠ ᠨᠠᠷᠠᠲᠤ ᠲᠠᠮᠲᠡᠭᠲᠤ ᠤᠶᠢᠯᠠᠳᠭᠡᠬᠦᠨ  ᠢ ᠡᠬᠦᠳᠴᠤ᠂ ᠪᠠᠷᠢᠮᠵᠢᠶ᠎ᠠ ᠪᠠ  ᠮᠠᠷᠭᠡᠵᠢᠯ  ᠤᠨ ᠲᠦᠷᠢᠮ ᠲᠤᠭᠲᠠᠭᠠᠯ  ᠤᠨ ᠶᠤᠰᠤᠭᠠᠷ ᠵᠤᠬᠢᠶᠠᠨ ᠪᠠᠶᠢᠭᠤᠯᠤᠨ ᠤᠶᠢᠯᠠᠳᠪᠤᠷᠢᠯᠠᠨ ᠡᠵᠠᠩᠨᠠᠬᠦ ᠶᠢ ᠴᠢᠩᠲᠠᠯᠠᠵᠤ᠂ ᠮᠠᠯ ᠤᠨᠤᠭ᠎ᠠ ᠲᠠᠵᠢᠭᠡᠨ ᠦᠷᠠᠵᠢᠬᠦᠯᠬᠦ᠂ ᠠᠯᠠᠵᠤ  ᠨᠢᠲᠤᠯᠠᠨ ᠡᠳ᠋ᠰᠢᠬᠦᠯᠬᠦ᠂ ᠡᠳ᠋ ᠪᠠᠷᠠᠭᠠᠨ  ᠤ ᠬᠦᠢᠯᠭᠡᠭᠡᠨ  ᠢᠶᠠᠷ ᠲᠤᠬᠢᠷᠠᠭᠤᠯᠤᠨ ᠬᠦᠷᠭᠡᠬᠦ᠂ ᠭᠡᠷᠡᠭᠯᠠᠭᠡᠨ  ᠤ ᠬᠠᠮᠤᠭ ᠦᠵᠤᠬᠦᠷ  ᠤᠨ ᠭᠤᠭᠴᠤᠭ᠎ᠠ  ᠶᠢᠨ ᠪᠦᠬᠦ ᠠᠵᠤ ᠤᠶᠢᠯᠠᠰ  ᠤᠨ ᠭᠡᠯᠬᠢᠶ᠎ᠠ  ᠶᠢᠨ ᠴᠢᠩᠭ᠎ᠠ ᠬᠢᠨᠠᠯᠲᠠ ᠬᠠᠮᠢᠶᠠᠷᠤᠯᠲᠠ ᠶᠢ ᠡᠷᠲᠠᠭᠡᠨ ᠪᠠᠶᠠᠯᠠᠬᠦᠯᠵᠤ᠂ ᠤᠶᠢᠯᠠᠳᠭᠡᠬᠦᠨ  ᠤ ᠵᠠᠬ᠎ᠠ ᠲᠡᠯᠭᠡᠬᠦᠷ  ᠤᠨ ᠦᠷᠢᠰᠤᠯᠲᠤᠭᠡᠨ  ᠤ ᠬᠦᠴᠤᠨ ᠪᠠ ᠠᠯᠲᠠᠷᠰᠢᠯ  ᠤᠨ ᠭᠡᠮᠵᠢᠶ᠎ᠠ ᠶᠢ ᠪᠦᠬᠦ ᠲᠠᠯ᠎ᠠ ᠪᠠᠷ  ᠲᠠᠭᠡᠭᠰᠢᠯᠠᠬᠦᠯᠤᠨ᠎ᠠ᠃ ︵ ᠲᠦᠷᠪᠠ︶ ᠦᠷᠬᠦᠯᠵᠢᠯᠠᠨ ᠬᠦᠭᠵᠢᠬᠦᠯᠬᠦ  ᠶᠢ ᠭᠤᠶᠢᠪᠢᠰᠢ ᠦᠭᠡᠢ ᠲᠦᠯᠬᠢᠨ ᠠᠬᠢᠭᠤᠯᠵᠤ᠂ ᠤᠮᠠᠷᠠᠲᠤ  ᠬᠢᠯᠢ  ᠶᠢᠨ ᠠᠮᠤᠷ ᠲᠦᠪᠰᠢᠨ ᠠᠮᠢ ᠠᠬᠤᠢ  ᠶᠢᠨ ᠬᠠᠯᠬᠠᠪᠴᠢ ᠶᠢ ᠴᠢᠷᠮᠠᠶᠢᠨ ᠪᠠᠶᠢᠭᠤᠯᠤᠨ᠎ᠠ᠃ᠠᠮᠢ ᠠᠬᠤᠢ ᠤᠷᠴᠢᠨ ᠲᠤᠭᠤᠷᠢᠨ  ᠤ ᠬᠠᠮᠠᠭᠠᠯᠠᠯᠲᠠ ᠶᠢ ᠨᠠᠩ ᠲᠤᠪᠤᠶᠢᠮ᠎ᠠ ᠪᠠᠶᠢᠷᠢᠨ  ᠳᠤ ᠲᠠᠯᠪᠢᠵᠤ᠂ ᠠᠮᠢ ᠠᠬᠤᠢ ᠤᠷᠴᠢᠨ ᠲᠤᠭᠤᠷᠢᠨ  ᠤ  ᠭᠡᠮ ᠰᠤᠭᠤᠭ  ᠢ ᠪᠠᠶᠢᠴᠠᠭᠠᠵᠤ ᠴᠡᠭᠴᠠᠯᠠᠨ ᠵᠠᠰᠠᠬᠤ ᠡᠷᠴᠢᠮ  ᠢᠶᠠᠨ ᠴᠢᠩᠭᠠᠷᠠᠭᠤᠯᠤᠨ᠂ ᠰᠠᠶᠢᠨ ᠰᠠᠶᠢᠬᠠᠨ ᠠᠮᠢ ᠠᠬᠤᠢ ᠪᠠᠷ ᠠᠵᠤ ᠠᠬᠤᠢ ᠨᠠᠶᠢᠭᠡᠮ  ᠤᠨ ᠦᠷᠬᠦᠯᠵᠢᠯᠠᠨ ᠬᠦᠭᠵᠢᠬᠦ  ᠶᠢ ᠲᠦᠯᠬᠢᠨ ᠠᠬᠢᠭᠤᠯᠤᠨ᠎ᠠ᠃ᠠᠮᠢ ᠠᠬᠤᠢ ᠤᠷᠴᠢᠨ ᠲᠤᠭᠤᠷᠢᠨ  ᠤ ᠬᠠᠮᠠᠭᠠᠯᠠᠯᠲᠠ  ᠶᠢᠨ ᠠᠵᠢᠯ  ᠤᠨ ᠦᠷ᠎ᠠ ᠪᠦᠲᠤᠭᠡᠯ  ᠢ ᠪᠠᠲᠤᠳᠬᠠᠨ ᠲᠠᠭᠡᠭᠰᠢᠯᠠᠬᠦᠯᠤᠨ᠎ᠠ᠃ ᠤᠯᠤᠰ  ᠤᠨ ᠲᠠᠰ  ᠤᠨ ᠠᠮᠢ ᠠᠬᠤᠢ  ᠶᠢᠨ ᠬᠤᠰᠢᠭᠤ ᠶᠢ ᠡᠬᠦᠲᠤᠨ ᠪᠠᠶᠢᠭᠤᠯᠬᠤ ᠠᠵᠢᠯ  ᠢ ᠢᠲᠠᠪᠬᠢᠲᠡᠢ ᠦᠷᠨᠢᠬᠦᠯᠵᠤ᠂ ᠤᠯᠤᠰ  ᠠᠴᠠ ᠰᠤᠶᠤᠷᠬᠠᠭᠰᠠᠨ ᠨᠠᠷᠠᠶᠢᠲᠤᠯ  ᠢ ᠡᠷᠲᠠ ᠨᠢᠭᠡᠨ ᠡᠲᠤᠷ ᠤᠯᠬᠤ ᠪᠠᠷ ᠴᠢᠷᠮᠠᠶᠢᠨ᠎ᠠ᠃  ᠤᠢ ᠰᠢᠭᠤᠢ᠂ ᠨᠤᠲᠤᠭ ᠪᠠᠯᠴᠢᠭᠡᠷ  ᠤᠨ ᠬᠠᠮᠠᠭᠠᠯᠠᠯᠲᠠ  ᠶᠢᠨ ᠲᠦᠷᠢᠮ  ᠢ ᠠᠯᠬᠤᠮ ᠴᠢᠨᠠᠭᠰᠢᠲᠠ ᠨᠠᠶᠢᠲᠠᠪᠤᠷᠢᠵᠢᠭᠤᠯᠬᠤ ᠪᠠ ᠲᠠᠬᠦᠯᠲᠠᠷᠵᠢᠬᠦᠯᠵᠤ᠂ ᠠᠮᠢ ᠠᠬᠤᠢ  ᠶᠢᠨ ᠡᠳ᠋ ᠬᠦᠷᠤᠩᠭᠡ  ᠶᠢ ᠬᠠᠮᠤᠭ ᠶᠡᠭᠡ ᠭᠡᠮᠵᠢᠶ᠎ᠠ ᠪᠠᠷ ᠨᠠᠮᠡᠭᠲᠠᠬᠦᠯᠤᠨ᠎ᠠ᠃ ᠭᠤᠤᠯᠲᠠᠯᠭ᠎ᠠ ᠲᠠᠢ ᠬᠦᠷᠢᠶᠠᠨ  ᠤ ᠨᠤᠭᠤᠭᠠᠷᠠᠭᠤᠯᠬᠤ ᠠᠵᠢᠯ  ᠢ ᠯᠠᠪᠲᠠᠭᠤᠨ  ᠢᠶᠠᠷ ᠠᠬᠢᠭᠤᠯᠵᠤ᠂ ᠵᠢᠯ ᠲᠤᠲᠤᠷ᠎ᠠ ᠭᠤᠤᠯᠲᠠᠯᠭ᠎ᠠ ᠲᠠᠢ ᠤᠷᠤᠨ ᠪᠦᠰᠠ  ᠶᠢᠨ 0.5 ᠲᠦᠮᠠᠨ ᠮᠤ᠋ ᠨᠤᠭᠤᠭᠠᠷᠠᠭᠤᠯᠬᠤ ᠡᠬᠦᠷᠭᠡ ᠶᠢ ᠪᠠᠶᠠᠯᠠᠬᠦᠯᠤᠨ᠎ᠠ᠃ ᠨᠠᠶᠢᠲᠠ  ᠶᠢᠨ ᠠᠰᠠᠷᠠᠮᠵᠢ  ᠶᠢᠨ ᠤᠢ ᠰᠢᠭᠤᠢ ᠶᠢᠨ ᠠᠮᠢ ᠠᠬᠤᠢ  ᠶᠢᠨ ᠬᠢᠨᠠᠨ ᠬᠠᠮᠢᠶᠠᠷᠬᠤ ᠠᠵᠢᠯ  ᠢ ᠪᠦᠬᠦ ᠲᠠᠯ᠎ᠠ ᠪᠠᠷ ᠴᠢᠩᠭᠠᠳᠬᠠᠵᠤ᠂ ᠤᠢ ᠰᠢᠭᠤᠢ  ᠶᠢᠨ ᠠᠮᠢ ᠠᠬᠤᠢ  ᠶᠢᠨ ᠪᠦᠲᠤᠭᠡᠨ ᠪᠠᠶᠢᠭᠤᠯᠤᠯᠲᠠ  ᠶᠢᠨ ᠲᠠᠯᠠᠪᠡᠢ  ᠶᠢ 4 ᠲᠦᠮᠠᠨ ᠮᠤ᠋ ᠪᠠᠶᠠᠯᠠᠬᠦᠯᠤᠨ᠎ᠠ᠃ ᠨᠤᠲᠤᠭ ᠪᠠᠯᠴᠢᠭᠡᠷ  ᠤᠨ ᠠᠮᠢ ᠠᠬᠤᠢ  ᠶᠢᠨ ᠱᠠᠩᠨᠠᠵᠤ ᠨᠦᠬᠦᠪᠤᠷᠢᠯᠠᠬᠦ ᠲᠤᠭᠲᠠᠴᠠ ᠶᠢ ᠨᠢᠮᠪᠠᠢ ᠭᠡᠷᠡᠭᠵᠢᠬᠦᠯᠵᠤ᠂ ᠪᠠᠯᠴᠢᠭᠡᠷ ᠮᠠᠯ  ᠢ ᠲᠠᠩᠴᠠᠬᠦᠷᠢᠰᠢᠬᠦᠯᠬᠦ᠂  ᠤᠷᠤᠨ ᠬᠤᠪᠢᠶᠠᠵᠤ ᠡᠭᠡᠯᠵᠢᠯᠠᠨ ᠮᠠᠯᠵᠢᠬᠤ ᠵᠠᠷᠭᠡ ᠦᠨᠲᠤᠰᠤᠨ ᠬᠠᠮᠠᠭᠠᠯᠠᠯᠲᠠ  ᠶᠢᠨ ᠲᠦᠷᠢᠮ  ᠢ ᠴᠢᠩᠭ᠎ᠠ ᠨᠠᠶᠢᠲᠠᠪᠤᠷᠢᠵᠢᠭᠤᠯᠵᠤ᠂ ᠨᠤᠲᠤᠭ ᠪᠠᠯᠴᠢᠭᠡᠷ  ᠤᠨ ᠠᠮᠢ ᠠᠬᠤᠢ  ᠶᠢᠨ ᠦᠷᠬᠦᠯᠵᠢᠯᠠᠨ ᠰᠠᠶᠢᠵᠢᠷᠠᠯᠲᠠ ᠲᠠᠢ ᠪᠤᠯᠬᠤ ᠶᠢ ᠠᠬᠢᠭᠤᠯᠤᠨ᠎ᠠ᠃ ᠡᠯᠠᠰᠤᠷᠭᠡᠭ ᠤᠷᠤᠨ  ᠢ ᠶᠠᠷᠤᠩᠭᠡᠶᠢᠯᠠᠨ ᠵᠠᠰᠠᠬᠤ᠂ ᠠᠭᠤᠷᠬᠠᠢ  ᠶᠢᠨ ᠭᠠᠷᠤᠯᠲᠠ  ᠶᠢᠨ ᠡᠬᠢ ᠪᠠᠶᠠᠯᠢᠭ  ᠢ ᠬᠠᠮᠢᠶᠠᠷᠬᠤ ᠵᠠᠷᠭᠡ ᠠᠵᠢᠯ  ᠢ ᠨᠢᠭᠡᠲᠤᠯᠲᠡᠢ ᠲᠦᠯᠤᠪᠵᠢᠬᠦᠯᠤᠨ ᠲᠦᠯᠬᠢᠨ ᠠᠬᠢᠭᠤᠯᠵᠤ᠂ ᠬᠦᠷᠤᠰᠤ ᠰᠢᠷᠤᠢ  ᠶᠢᠨ ᠡᠬᠢ ᠪᠠᠶᠠᠯᠢᠭ  ᠤᠨ ᠬᠠᠮᠠᠭᠠᠯᠠᠯᠲᠠ  ᠶᠢᠨ ᠠᠵᠢᠯ  ᠢ ᠪᠦᠬᠦ ᠲᠠᠯ᠎ᠠ ᠪᠠᠷ ᠴᠢᠩᠭᠠᠳᠬᠠᠵᠤ᠂ ᠢᠮᠢᠨ ᠭᠤᠤᠯ᠂ ᠬᠤᠢ ᠭᠤᠤᠯ  ᠤᠨ ᠨᠤᠭᠤ ᠭᠠᠵᠠᠷ  ᠤᠨ ᠤᠰᠤᠨ  ᠤ ᠡᠬᠢ ᠪᠠᠶᠠᠯᠢᠭ  ᠤᠨ ᠬᠠᠮᠠᠭᠠᠯᠠᠯᠲᠠ  ᠶᠢᠨ ᠠᠵᠢᠯ  ᠢ ᠪᠦᠬᠦ ᠲᠠᠯ᠎ᠠ ᠪᠠᠷ ᠴᠢᠩᠭᠠᠳᠬᠠᠵᠤ᠂  ᠲᠦᠭᠰᠢᠬᠦᠷᠢ ᠭᠡᠮ ᠲᠠᠢ ᠤᠰᠤᠨ ᠴᠦᠬᠦᠷᠤᠮ ᠪᠠ ᠬᠠᠤᠯᠢ ᠪᠤᠰᠤ  ᠪᠠᠷ ᠪᠠᠶᠢᠭᠤᠯᠤᠭᠰᠠᠨ ᠵᠢᠭᠠᠰᠤᠨ ᠴᠦᠬᠦᠷᠤᠮ  ᠢ ᠪᠦᠬᠦ ᠲᠠᠯ᠎ᠠ ᠪᠠᠷ ᠴᠠᠪᠠᠷᠯᠠᠨ ᠴᠡᠭᠴᠠᠯᠠᠨ᠎ᠠ᠃ ᠮᠠᠯᠵᠢᠬᠤ ᠤᠷᠤᠨ  ᠤ ᠤᠰᠤ ᠠᠷᠪᠢᠯᠠᠵᠤ ᠰᠦᠷᠴᠢᠨ ᠤᠰᠤᠯᠠᠬᠤ᠂ ᠲᠤᠮᠲᠠ ᠵᠢᠵᠢᠭ ᠭᠤᠤᠯ  ᠤᠨ ᠤᠷᠤᠰᠬᠠᠯ  ᠤᠨ ᠬᠦᠷᠤᠰᠤ ᠰᠢᠷᠤᠢ  ᠶᠢᠨ ᠢᠲᠡᠭᠲᠠᠯ  ᠢ ᠵᠠᠰᠠᠬᠤ᠂ ᠲᠦᠭᠰᠢᠬᠦᠷᠢ ᠭᠡᠮ ᠲᠠᠢ ᠤᠰᠤᠨ ᠴᠦᠬᠦᠷᠤᠮ  ᠤᠨ ᠲᠦᠭᠰᠢᠬᠦᠷᠢ ᠶᠢ ᠠᠷᠢᠯᠭᠠᠵᠤ ᠪᠠᠬᠢᠯᠠᠬᠦ ᠵᠠᠷᠭᠡ ᠪᠦᠲᠤᠭᠡᠨ ᠪᠠᠶᠢᠭᠤᠯᠤᠯᠲᠠ  ᠶᠢᠨ ᠲᠦᠷᠤᠯ ᠵᠤᠶᠢᠯ  ᠢ ᠢᠲᠠᠪᠬᠢᠲᠡᠢ ᠲᠠᠮᠠᠴᠠᠨ ᠤᠯᠵᠤ᠂ ᠠᠮᠢ ᠠᠬᠤᠢ  ᠶᠢᠨ ᠪᠦᠲᠤᠭᠡᠨ ᠪᠠᠶᠢᠭᠤᠯᠤᠯᠲᠠ  ᠶᠢᠨ ᠦᠷ᠎ᠠ ᠪᠦᠲᠤᠭᠡᠯ  ᠢ ᠦᠷᠬᠦᠯᠵᠢᠯᠠᠨ  ᠪᠠᠲᠤᠳᠬᠠᠨ᠎ᠠ᠃ ᠪᠤᠬᠢᠷᠲᠤᠯ ᠦᠭᠡᠢ ᠡᠷᠬᠢᠯᠲᠠᠲᠤ ᠲᠤᠤᠷ᠎ᠠ ᠨᠠᠬᠦᠷᠠᠰᠤᠳᠦ᠋ᠷᠦᠭᠴᠢᠲᠤ ᠬᠦᠭᠵᠢᠯᠲᠠ ᠶᠢ ᠬᠦᠴᠤᠯᠠᠨ ᠲᠦᠯᠬᠢᠨ ᠠᠬᠢᠭᠤᠯᠤᠨ᠎ᠠ᠃ ᠡᠨᠧᠷᠬᠢ ᠠᠷᠪᠢᠯᠠᠨ ᠭᠠᠲᠠᠭᠰᠢᠯᠠᠭᠤᠯᠤᠯᠲᠠ ᠶᠢ ᠪᠠᠭᠠᠰᠬᠠᠬᠤ ᠡᠯ᠎ᠠ ᠵᠤᠶᠢᠯ  ᠤᠨ ᠠᠵᠢᠯ  ᠢ ᠯᠠᠪᠲᠠᠭᠤᠨ ᠪᠠᠲᠤᠲᠡᠢ ᠰᠠᠶᠢᠲᠤᠷ ᠬᠢᠵᠤ᠂ ᠭᠤᠤᠯᠲᠠᠯᠭ᠎ᠠ ᠲᠠᠢ ᠠᠵᠢᠯ ᠲᠦᠷᠤᠯ᠂ ᠤᠷᠤᠨ ᠪᠦᠰᠨ᠂ ᠠᠵᠤ ᠠᠬᠤᠶᠢᠯᠠᠯ  ᠤᠨ ᠤᠷᠴᠢᠨ ᠲᠤᠭᠤᠷᠢᠨ  ᠤ ᠬᠠᠮᠠᠭᠠᠯᠠᠯᠲᠠ  ᠶᠢ ᠲᠤᠰᠬᠠᠢ ᠵᠤᠶᠢᠯ  ᠢᠶᠠᠷ ᠬᠠᠤᠯᠢ ᠭᠡᠷᠡᠭᠵᠢᠬᠦᠯᠤᠨ ᠪᠠᠶᠢᠴᠠᠭᠠᠬᠤ ᠶᠢ ᠪᠦᠬᠦ ᠲᠠᠯ᠎ᠠ ᠪᠠᠷ  ᠴᠢᠩᠭᠠᠳᠬᠠᠵᠤ᠂  ᠪᠤᠬᠢᠷᠲᠤᠭᠤᠯᠬᠤ ᠡᠳ᠋ ᠭᠠᠲᠠᠭᠰᠢᠯᠠᠭᠤᠯᠬᠤ ᠶᠢ ᠴᠢᠩᠭ᠎ᠠ ᠬᠢᠵᠠᠭᠠᠷᠯᠠᠵᠤ᠂ ᠪᠦᠬᠦ ᠵᠢᠯ  ᠤᠨ ᠡᠨᠧᠷᠬᠢ ᠠᠷᠪᠢᠯᠠᠨ ᠭᠠᠲᠠᠭᠰᠢᠯᠠᠭᠤᠯᠤᠯᠲᠠ ᠶᠢ ᠪᠠᠭᠠᠰᠬᠠᠬᠤ ᠡᠯ᠎ᠠ ᠵᠤᠶᠢᠯ  ᠤᠨ ᠬᠠᠷᠠᠯᠲᠠᠲᠤ ᠡᠬᠦᠷᠭᠡ ᠶᠢ ᠯᠠᠪᠲᠠᠶᠢᠶ᠎ᠠ ᠪᠠᠶᠠᠯᠠᠬᠦᠯᠤᠨ᠎ᠠ᠃ ᠤᠷᠴᠢᠨ ᠲᠤᠭᠤᠷᠢᠨ  ᠤ ᠬᠢᠨᠠᠨ ᠬᠠᠮᠢᠶᠠᠷᠤᠯᠲᠠ ᠪᠠ ᠴᠡᠭᠴᠠᠯᠠᠨ ᠵᠠᠰᠠᠬᠤ ᠡᠷᠴᠢᠮ  ᠢ ᠴᠢᠩᠭᠠᠷᠠᠭᠤᠯᠵᠤ᠂  ᠤᠢ ᠰᠢᠭᠤᠢ  ᠶᠢᠨ ᠠᠵᠢᠯᠯᠠᠬᠤ ᠲᠤᠭᠤᠷᠢᠭ  ᠤᠨ ᠬᠢᠨᠠᠯᠲᠠ ᠬᠠᠮᠢᠶᠠᠷᠤᠯᠲᠠ ᠪᠠᠨ ᠴᠢᠩᠭᠠᠷᠠᠭᠤᠯᠵᠤ᠂ ᠨᠠᠶᠢᠭᠡᠮ  ᠳᠤ ᠨᠦᠯᠤᠭᠡ ᠶᠠᠭᠡᠲᠡᠢ᠂ ᠠᠷᠠᠳ ᠤᠯᠠᠨ  ᠤ ᠲᠤᠰᠬᠠᠯ  ᠢᠶᠠᠷ ᠴᠢᠩᠭ᠎ᠠ ᠤᠷᠴᠢᠨ ᠲᠤᠭᠤᠷᠢᠨ  ᠤ ᠬᠠᠤᠯᠢ ᠶᠢ ᠵᠦᠷᠢᠴᠡᠭᠰᠠᠨ ᠨᠠᠶᠢᠲᠡᠯᠢᠭ ᠭᠡᠷᠡᠭ  ᠢ ᠴᠢᠩᠭ᠎ᠠ ᠰᠢᠳᠭᠡᠬᠦ ᠭᠡᠷᠡᠭᠲᠡᠢ᠃  ᠴᠢᠬᠤᠯᠨ ᠶᠡᠭᠡ ᠤᠷᠴᠢᠨ ᠲᠤᠭᠤᠷᠢᠨ  ᠤ ᠠᠰᠠᠭᠤᠲᠠᠯ  ᠤᠨ ᠡᠭᠡ ᠲᠠᠩᠰᠠ  ᠶᠢᠨ ᠬᠠᠮᠢᠶᠠᠷᠤᠯᠲᠠ  ᠶᠢᠨ ᠲᠦᠷᠢᠮ  ᠢ ᠪᠦᠷᠢᠨᠰᠢᠬᠦᠯᠵᠤ᠂ ᠠᠵᠤ ᠠᠬᠤᠶᠢᠯᠠᠯ  ᠤᠨ ᠡᠷᠬᠢᠯᠲᠠᠲᠤ ᠠᠵᠤ ᠠᠬᠤᠢ ᠪᠠ ᠴᠠᠪᠠᠷ ᠤᠶᠢᠯᠠᠳᠪᠤᠷᠢᠯᠠᠯ  ᠢ ᠬᠦᠭᠵᠢᠬᠦᠯᠬᠦ   ᠶᠢ ᠰᠠᠨᠠᠭᠠᠴᠢᠯᠠᠵᠤ᠂ ᠡᠨᠧᠷᠬᠢ  ᠶᠢ ᠶᠠᠷᠤᠩᠭᠡᠶᠢᠯᠠᠨ ᠨᠠᠭᠡᠭᠡᠨ ᠠᠰᠢᠭᠯᠠᠬᠤ ᠲᠦᠪᠰᠢᠨ  ᠢ ᠲᠡᠭᠡᠭᠰᠢᠯᠠᠬᠦᠯᠤᠨ᠎ᠠ᠃ ᠤᠷᠴᠢᠨ ᠲᠤᠭᠤᠷᠢᠨ  ᠤ ᠨᠦᠯᠤᠭᠡᠯᠠᠯ  ᠢ ᠦᠨᠠᠯᠠᠨ ᠵᠢᠱᠢᠬᠦ ᠪᠠ ᠶᠠᠷᠤᠩᠭᠡᠢ ᠭᠡᠮᠵᠢᠶ᠎ᠠ  ᠶᠢ ᠬᠢᠵᠠᠭᠠᠷᠯᠠᠬᠤ ᠲᠦᠷᠢᠮ  ᠢ ᠴᠢᠩᠭ᠎ᠠ ᠭᠡᠷᠡᠭᠵᠢᠬᠦᠯᠵᠤ ᠂ ᠰᠢᠨ᠎ᠠ ᠪᠠᠷ ᠪᠠᠶᠢᠭᠤᠯᠬᠤ᠂ ᠦᠭᠡᠷᠠᠴᠢᠯᠠᠨ ᠪᠠᠶᠢᠭᠤᠯᠬᠤ᠂ ᠦᠷᠭᠡᠳᠭᠡᠨ ᠪᠠᠶᠢᠭᠤᠯᠬᠤ ᠲᠦᠷᠤᠯ ᠵᠤᠶᠢᠯ  ᠤᠨ ᠬᠢᠨᠠᠨ ᠵᠦᠪᠰᠢᠶᠠᠷᠠᠯᠲᠠ  ᠶᠢᠨ ᠪᠤᠭᠤᠮᠲᠠ  ᠶᠢ ᠴᠢᠩᠭ᠎ᠠ ᠠᠳᠬᠤᠵᠤ᠂ ᠰᠢᠨ᠎ᠠ ᠲᠦᠷᠤᠯ ᠵᠤᠶᠢᠯ  ᠤᠨ ᠤᠷᠴᠢᠨ ᠲᠤᠭᠤᠷᠢᠨ  ᠤ ᠨᠦᠯᠤᠭᠡᠯᠠᠯ  ᠢ ᠦᠨᠠᠯᠠᠨ ᠵᠢᠱᠢᠬᠦ ᠠᠵᠢᠯ  ᠢ ᠰᠠᠶᠢᠲᠤᠷ ᠬᠢᠵᠤ᠂ ᠲᠦᠷᠤᠯ ᠵᠤᠶᠢᠯ  ᠤᠨ ᠤᠷᠴᠢᠨ ᠲᠤᠭᠤᠷᠢᠨ  ᠤ ᠪᠤᠭᠤᠮᠲᠠ  ᠳᠤ ᠤᠷᠤᠬᠤ ᠶᠢ ᠵᠦᠪᠰᠢᠶᠠᠷᠠᠬᠦ ᠪᠠᠷᠢᠮᠵᠢᠶ᠎ᠠ ᠶᠢ  ᠦᠨᠲᠤᠷ ᠪᠤᠯᠭᠠᠨ᠎ᠠ᠃ ᠬᠤᠲᠠ ᠬᠦᠲᠡᠭᠡ  ᠶᠢᠨ ᠤᠷᠴᠢᠨ ᠲᠤᠭᠤᠷᠢᠨ  ᠢ  ᠶᠠᠷᠤᠩᠭᠡᠶᠢᠯᠠᠨ ᠴᠡᠭᠴᠠᠯᠠᠨ ᠵᠠᠰᠠᠬᠤ ᠶᠢ ᠪᠦᠬᠦ ᠲᠠᠯ᠎ᠠ ᠪᠠᠷ ᠴᠢᠩᠭᠠᠳᠬᠠᠵᠤ᠂ ᠬᠤᠲᠠ ᠬᠦᠲᠡᠭᠡ  ᠶᠢᠨ ᠵᠠᠮ ᠲᠠᠭᠠᠤ ᠬᠢ ᠱᠤᠭᠤᠮ  ᠂ ᠪᠠᠷᠢᠯᠭ᠎ᠠ  ᠶᠢᠨ ᠬᠦᠷᠢᠶ᠎ᠠ ᠭᠡᠪᠴᠢᠶ᠎ᠠ᠂ ᠤᠶᠢᠯᠠᠳᠪᠤᠷᠢᠯᠠᠯ ᠠᠮᠢᠲᠤᠷᠠᠯ  ᠤᠨ ᠬᠤᠭ ᠨᠤᠪᠰᠢ᠂  ᠰᠢᠲᠠᠭᠠᠯᠭ᠎ᠠ  ᠶᠢᠨ ᠨᠠᠬᠦᠷᠠᠰᠤ  ᠶᠢᠨ ᠤᠲᠤᠭ᠎ᠠ ᠮᠠᠨᠠᠨ  ᠢ ᠵᠠᠰᠠᠬᠤ ᠡᠷᠴᠢᠮ  ᠢᠶᠠᠨ ᠭᠤᠤᠯᠲᠠᠯᠭ᠎ᠠ  ᠲᠠᠢ ᠴᠢᠩᠭᠠᠳᠬᠠᠵᠤ᠂  ︽ ᠭᠤᠶᠤᠲᠠ ᠰᠠᠶᠢᠬᠠᠨ ᠡᠸᠡᠩᠬᠢ · ᠬᠤᠲᠠ ᠬᠦᠲᠡᠭᠡ ᠶᠢ ᠴᠠᠪᠠᠷᠰᠢᠬᠦᠯᠬᠦ ᠠᠵᠢᠯᠯᠠᠭ᠎ᠠ︾  ᠶᠢᠨ ᠠᠵᠢᠯᠯᠠᠭᠠᠨ  ᠤ ᠦᠷ᠎ᠠ ᠪᠦᠲᠤᠭᠡᠯ  ᠢ ᠠᠯᠬᠤᠮ ᠴᠢᠨᠠᠭᠰᠢᠲᠠ ᠪᠠᠲᠤᠳᠬᠠᠨ᠎ᠠ᠃ᠠᠮᠢ ᠠᠬᠤᠢ  ᠶᠢᠨ ᠪᠤᠯᠪᠠᠰᠤᠨ  ᠤ ᠲᠦᠷᠢᠮ  ᠤᠨ ᠲᠤᠭᠲᠠᠯᠴᠠᠭ᠎ᠠ  ᠶᠢᠨ ᠪᠠᠶᠢᠭᠤᠯᠤᠯᠲᠠ ᠶᠢ ᠪᠦᠬᠦ ᠲᠠᠯ᠎ᠠ ᠪᠠᠷ ᠲᠦᠯᠬᠢᠨ ᠠᠬᠢᠭᠤᠯᠤᠨ᠎ᠠ᠃ ᠡᠬᠢ ᠡᠬᠦᠰᠤᠯ  ᠠᠴᠠ  ᠨᠢ ᠴᠢᠩᠭ᠎ᠠ ᠰᠠᠷᠭᠡᠶᠢᠯᠠᠬᠦ᠂ ᠦᠩᠭᠡᠷᠠᠯᠲᠠ ᠶᠠᠪᠤᠴᠠ ᠶᠢ ᠨᠢ ᠴᠢᠩᠭ᠎ᠠ ᠬᠠᠮᠢᠶᠠᠷᠬᠤ᠂  ᠮᠠᠭᠤ ᠦᠷ᠎ᠠ ᠳ᠋ᠦᠩ  ᠶᠢ ᠨᠢ ᠴᠢᠩᠭ᠎ᠠ ᠰᠢᠳᠭᠡᠬᠦ ᠶᠢ ᠪᠠᠷᠢᠮᠲᠠᠯᠠᠵᠤ᠂ ᠠᠮᠢ ᠠᠬᠤᠢ  ᠶᠢᠨ ᠪᠤᠯᠪᠠᠰᠤᠨ  ᠤ ᠲᠦᠷᠢᠮ  ᠤᠨ ᠪᠠᠶᠢᠭᠤᠯᠤᠯᠲᠠ ᠶᠢ ᠲᠦᠷᠭᠡᠳᠭᠡᠬᠦ ᠶᠢ ᠢᠲᠠᠪᠬᠢᠲᠡᠢ ᠰᠦᠪᠡᠭᠴᠢᠯᠠᠨ᠎ᠠ᠃ ᠠᠮᠢ ᠠᠬᠤᠢ  ᠶᠢᠨ ᠬᠠᠮᠠᠭᠠᠯᠠᠯᠲᠠ  ᠶᠢᠨ ᠤᠯᠠᠭᠠᠨ ᠱᠤᠭᠤᠮ  ᠤᠨ ᠲᠦᠷᠢᠮ  ᠢ ᠪᠠᠷᠢᠮᠲᠠᠯᠠᠵᠤ᠂ ᠭᠤᠤᠯᠲᠠᠯᠭ᠎ᠠ ᠲᠠᠢ ᠠᠮᠢ ᠠᠬᠤᠢ  ᠶᠢᠨ ᠴᠢᠲᠠᠪᠬᠢᠲᠤ ᠤᠷᠤᠨ᠂  ᠠᠮᠢ ᠠᠬᠤᠢ  ᠶᠢᠨ ᠰᠠᠷᠭᠡᠭ  ᠭᠡᠪᠷᠡᠩ ᠤᠷᠤᠨ᠂ ᠨᠠᠭᠡᠭᠡᠨ ᠠᠰᠢᠭᠯᠠᠬᠤ ᠶᠢ ᠴᠠᠭᠡᠷᠯᠠᠬᠦ ᠤᠷᠤᠨ  ᠢ ᠠᠮᠢ ᠠᠬᠤᠢ  ᠶᠢᠨ ᠬᠠᠮᠠᠭᠠᠯᠠᠯᠲᠠ ᠶᠢᠨ ᠤᠯᠠᠭᠠᠨ ᠱᠤᠭᠤᠮ  ᠳᠤ ᠬᠤᠪᠢᠶᠠᠵᠤ ᠤᠷᠤᠭᠤᠯᠬᠤ ᠭᠡᠷᠡᠭᠲᠡᠢ᠃  ᠤᠷᠴᠢᠨ ᠲᠤᠭᠤᠷᠢᠨ  ᠢ ᠬᠢᠨᠠᠨ ᠰᠢᠯᠭᠠᠬᠤ ᠲᠤᠭᠲᠠᠠᠯᠴᠠᠭ᠎ᠠ ᠪᠠ ᠠᠵᠢᠯ  ᠤᠨ ᠲᠤᠭᠲᠠᠴᠠ ᠶᠢ ᠪᠠᠶᠢᠭᠤᠯᠬᠤ ᠪᠠ  ᠲᠠᠬᠦᠯᠲᠠᠷᠵᠢᠬᠦᠯᠵᠤ᠂ ᠪᠠᠶᠢᠭᠠᠯᠢ  ᠶᠢᠨ ᠡᠬᠢ ᠪᠠᠶᠠᠯᠢᠭ  ᠤᠨ ᠡᠳ᠋ ᠬᠦᠷᠤᠩᠭᠡ  ᠶᠢᠨ ᠲᠤᠰᠢᠶᠠᠯ  ᠠᠴᠠ ᠰᠠᠯᠤᠭᠰᠠᠳ  ᠤᠨ ᠠᠵᠢᠯ  ᠳᠤ ᠬᠢᠨᠠᠨ ᠪᠤᠲᠤᠯᠲᠠ ᠬᠢᠬᠦ ᠶᠢ ᠢᠲᠠᠪᠬᠢᠲᠡᠢ ᠦᠷᠨᠢᠬᠦᠯᠵᠤ᠂ ᠠᠮᠢ ᠠᠬᠤᠢ ᠤᠷᠴᠢᠨ ᠲᠤᠭᠤᠷᠢᠨ  ᠢ ᠰᠢᠯᠭᠠᠨ ᠲᠤᠭᠲᠠᠭᠠᠬᠤ ᠲᠤᠭᠲᠠᠯᠴᠠᠭ᠎ᠠ ᠪᠠ ᠬᠠᠷᠢᠭᠤᠴᠠᠯᠭ᠎ᠠ ᠨᠠᠭᠡᠮᠵᠢᠯᠠᠬᠦ ᠲᠦᠷᠢᠮ ᠪᠠᠶᠢᠭᠤᠯᠵᠤ᠂ ᠠᠮᠢ ᠠᠬᠤᠢ ᠤᠷᠴᠢᠨ ᠲᠤᠭᠤᠷᠢᠨ  ᠤ ᠬᠠᠮᠠᠭᠠᠯᠠᠯᠲᠠ ᠶᠢ ᠠᠯᠬᠤᠮ ᠠᠯᠬᠤᠮ  ᠢᠶᠠᠷ ᠲᠦᠷᠢᠮᠵᠢᠬᠦᠯᠬᠦ ᠪᠠ ᠭᠡᠪ  ᠤᠨ ᠪᠠᠶᠢᠲᠠᠯ ᠲᠠᠢ ᠪᠤᠯᠭᠠᠬᠤ ᠭᠡᠷᠡᠭᠲᠡᠢ᠃ ᠡᠬᠢ ᠪᠠᠶᠠᠯᠢᠭ  ᠢ ᠲᠦᠯᠤᠪᠤᠷᠢ ᠲᠠᠢ ᠭᠡᠷᠡᠭᠯᠠᠬᠦ ᠪᠠ ᠠᠮᠢ ᠠᠬᠤᠢ  ᠶᠢᠨ ᠨᠦᠬᠦᠪᠤᠷᠢᠯᠠᠬᠦ ᠲᠦᠷᠢᠮ  ᠢ ᠨᠢᠮᠪᠠᠢ ᠨᠠᠶᠢᠲᠠᠪᠤᠷᠢᠵᠢᠭᠤᠯᠵᠤ᠂ ᠠᠮᠢ ᠠᠬᠤᠢ  ᠶᠢᠨ ᠬᠤᠬᠢᠷᠠᠯ  ᠤᠨ ᠲᠦᠯᠤᠪᠤᠷᠢ  ᠶᠢᠨ ᠬᠠᠮᠤᠭ ᠴᠢᠩᠭ᠎ᠠ ᠲᠦᠷᠢᠮ ᠪᠠ ᠬᠠᠷᠢᠭᠤᠴᠠᠯᠭ᠎ᠠ ᠨᠠᠭᠡᠮᠵᠢᠯᠠᠬᠦ ᠲᠦᠷᠢᠮ  ᠢ ᠭᠡᠷᠡᠭᠵᠢᠬᠦᠯᠵᠤ᠂ ᠲᠤᠷ᠎ᠠ ᠪᠠᠷ  ᠢᠶᠠᠨ ᠤᠢ ᠮᠤᠲᠤ ᠤᠭᠲᠤᠯᠬᠤ᠂ ᠤᠢ ᠰᠢᠭᠤᠢ ᠨᠤᠲᠤᠭ ᠪᠠᠯᠴᠢᠭᠡᠷ ᠢ ᠡᠪᠲᠠᠯᠠᠬᠦ ᠵᠠᠷᠭᠡ ᠬᠠᠤᠯᠢ ᠶᠢ ᠵᠦᠷᠢᠴᠡᠭᠰᠠᠨ ᠤᠶᠢᠯᠨ ᠠᠵᠢᠯᠯᠠᠭ᠎ᠠ ᠶᠢ ᠴᠢᠩᠭ᠎ᠠ ᠪᠠᠶᠢᠴᠠᠭᠠᠨ ᠰᠢᠳᠭᠡᠵᠤ᠂ ᠠᠮᠢ ᠠᠬᠤᠢ   ᠶᠢᠨ ᠪᠤᠯᠪᠠᠰᠤᠨ  ᠤ ᠪᠠᠶᠢᠭᠤᠯᠤᠯᠲᠠ   ᠶᠢ ᠲᠦᠷᠢᠮᠵᠢᠨ ᠵᠢᠷᠤᠮᠵᠢᠭᠰᠠᠨ ᠵᠠᠮ  ᠢᠶᠠᠷ ᠵᠠᠮᠨᠠᠬᠤ ᠶᠢ ᠲᠦᠯᠬᠢᠨ ᠠᠬᠢᠭᠤᠯᠤᠨ᠎ᠠ᠃ ︵ ᠲᠠᠪᠤ︶ ᠰᠢᠨ᠎ᠠ ᠮᠠᠶ᠋ᠢᠭ  ᠤᠨ ᠬᠤᠲᠠ ᠪᠠᠯᠭᠠᠰᠤᠵᠢᠯᠲᠠ  ᠶᠢᠨ ᠵᠠᠮ  ᠢᠶᠠᠷ ᠭᠤᠶᠢᠪᠢᠰᠢ ᠦᠭᠡᠢ ᠵᠠᠮᠨᠠᠵᠤ᠂ ᠭᠤᠶᠤᠲᠠ ᠰᠠᠶᠢᠬᠠᠨ ᠡᠸᠠᠩᠬᠢ ᠶᠢ ᠴᠢᠷᠮᠠᠶᠢᠨ ᠪᠦᠲᠤᠭᠡᠨ ᠪᠠᠶᠢᠭᠤᠯᠤᠨ᠎ᠠ᠃   ᠬᠤᠲᠠ ᠬᠦᠲᠡᠭᠡ   ᠶᠢ ᠨᠢᠭᠡ ᠴᠤᠭᠴᠠᠵᠢᠭᠤᠯᠤᠨ ᠬᠦᠭᠵᠢᠬᠦᠯᠬᠦ ᠶᠢ ᠨᠢᠭᠡᠲᠤᠯᠲᠡᠢ ᠲᠦᠯᠤᠪᠯᠠᠨ ᠲᠦᠯᠬᠢᠨ ᠠᠬᠢᠭᠤᠯᠵᠤ᠂ ᠬᠤᠲᠠ ᠬᠦᠲᠡᠭᠡ ᠬᠤᠯᠪᠤᠭᠠᠯᠠᠨ ᠬᠦᠲᠠᠯᠤᠯᠴᠠᠵᠤ᠂ ᠠᠵᠤ ᠤᠶᠢᠯᠠᠳᠪᠤᠷᠢ  ᠶᠢᠨ ᠬᠦᠷᠢᠶᠠᠯᠠᠩ ᠲᠤᠭᠤᠷᠢᠭ  ᠢ ᠬᠤᠲᠠ ᠲᠠᠢ ᠨᠠᠶᠢᠯᠠᠬᠦᠯᠵᠤ᠂ ᠬᠦᠴᠤᠨ ᠵᠤᠶᠢᠯ  ᠤᠳ  ᠢ ᠲᠦᠪᠯᠠᠷᠠᠬᠦᠯᠬᠦ ᠶᠢ ᠲᠦᠯᠬᠢᠨ ᠠᠬᠢᠭᠤᠯᠵᠤ᠂ ᠰᠢᠶᠠᠨ  ᠤ ᠭᠡᠪᠴᠢᠶᠠᠨ  ᠤ ᠠᠵᠤ ᠠᠬᠤᠢ ᠶᠢᠨ ᠬᠦᠭᠵᠢᠯᠲᠠ  ᠶᠢᠨ ᠴᠢᠬᠤᠯᠨ ᠨᠠᠮᠡᠭᠲᠠᠯ ᠴᠡᠭ  ᠢ ᠡᠬᠦᠲᠤᠨ᠎ᠠ᠃ ᠬᠤᠲᠠ  ᠶᠢᠨ ᠲᠦᠯᠤᠪᠵᠢᠬᠦᠯᠭᠡ ᠶᠢ ᠲᠠᠬᠦᠯᠲᠠᠷᠵᠢᠬᠦᠯᠤᠨ᠎ᠠ᠃ ︽ᠤᠯᠠᠨ ᠲᠦᠯᠤᠪᠵᠢᠬᠦᠯᠭᠡ ᠶᠢ ᠨᠢᠭᠡᠳᠭᠡᠬᠦ︾  ᠶᠢ ᠪᠠᠷᠢᠮᠲᠠᠯᠠᠵᠤ᠂ ᠬᠤᠲᠠ  ᠶᠢᠨ ᠪᠦᠲᠤᠭᠡᠨ ᠪᠠᠶᠢᠭᠤᠯᠤᠯᠲᠠ  ᠶᠢᠨ ᠲᠦᠯᠤᠪᠵᠢᠬᠦᠯᠭᠡ ᠪᠤᠯᠤᠨ ᠠᠵᠤ ᠠᠬᠤᠢ ᠨᠠᠶᠢᠭᠡᠮ  ᠤᠨ ᠬᠦᠭᠵᠢᠬᠦᠯᠤᠯᠲᠠ  ᠶᠢᠨ ᠲᠦᠯᠤᠪᠵᠢᠬᠦᠯᠭᠡ᠂ ᠬᠤᠰᠢᠭᠤᠨ ᠪᠦᠰᠠ  ᠶᠢᠨ ᠶᠠᠷᠤᠩᠭᠡᠢ ᠴᠤᠭᠴᠠ  ᠶᠢᠨ ᠲᠦᠯᠤᠪᠵᠢᠬᠦᠯᠭᠡ᠂ ᠠᠵᠤ ᠤᠶᠢᠯᠠᠰ ᠤᠨ ᠲᠦᠯᠤᠪᠵᠢᠬᠦᠯᠭᠡ ᠶᠢ ᠨᠠᠶᠢᠯᠠᠬᠦᠯᠤᠨ ᠵᠤᠬᠢᠴᠠᠭᠤᠯᠬᠤ ᠶᠢ ᠲᠦᠯᠬᠢᠨ ᠠᠬᠢᠭᠤᠯᠤᠨ᠎ᠠ᠃  ᠲᠦᠷᠪᠠᠨ ᠪᠠᠯᠭᠠᠰᠤ  ᠶᠢᠨ ᠲᠤᠰᠬᠠᠢ ᠵᠤᠶᠢᠯ  ᠤᠨ ᠲᠦᠯᠤᠪᠵᠢᠬᠦᠯᠭᠡ ᠶᠢ  ᠪᠦᠷᠢᠨ ᠪᠤᠯᠭᠠᠨ ᠨᠠᠶᠢᠷᠠᠭᠤᠯᠤᠨ ᠵᠤᠬᠢᠶᠠᠵᠤ᠂ ᠲᠦᠯᠤᠪᠵᠢᠬᠦᠯᠭᠡ ᠨᠠᠶᠢᠷᠠᠭᠤᠯᠤᠨ ᠵᠤᠬᠢᠶᠠᠭᠠᠲᠤᠢ ᠡᠯ᠎ᠠ ᠰᠤᠮᠤ ᠰᠢᠶᠠᠩ  ᠤᠨ ᠰᠠᠭᠤᠷᠢ ᠮᠠᠲ᠋ᠧᠷᠢᠶᠠᠯ  ᠢ ᠲᠦᠷᠭᠡᠭᠡᠨ ᠴᠤᠭᠯᠠᠭᠤᠯᠵᠤ᠂ ᠲᠦᠯᠤᠪᠵᠢᠬᠦᠯᠭᠡ  ᠶᠢᠨ ᠲᠤᠭᠲᠠᠯᠴᠠᠭ᠎ᠠ ᠶᠢ ᠪᠦᠷᠢᠨᠰᠢᠬᠦᠯᠵᠤ᠂ ᠪᠦᠬᠦ ᠬᠤᠰᠢᠭᠤᠨ  ᠤ ᠬᠤᠲᠠ ᠬᠦᠲᠡᠭᠡ  ᠶᠢᠨ ᠪᠦᠲᠤᠭᠡᠨ ᠪᠠᠶᠢᠭᠤᠯᠤᠯᠲᠠ  ᠶᠢᠨ ᠠᠯᠬᠤᠴᠠ  ᠶᠢ ᠨᠢᠭᠡᠳᠭᠡᠵᠤ᠂ ᠪᠦᠬᠦ ᠲᠠᠯ᠎ᠠ  ᠶᠢᠨ ᠵᠤᠬᠢᠴᠠᠩᠭᠤᠢ ᠬᠦᠭᠵᠢᠯᠲᠠ ᠶᠢ ᠲᠠᠩᠴᠠᠬᠦᠷᠢ ᠲᠠᠢ ᠪᠤᠯᠭᠠᠨ᠎ᠠ᠃ ᠲᠦᠯᠤᠪᠵᠢᠬᠦᠯᠭᠡ  ᠶᠢ ᠴᠢᠩᠭ᠎ᠠ ᠭᠡᠷᠡᠭᠵᠢᠬᠦᠯᠵᠤ᠂ ᠲᠦᠯᠤᠪᠵᠢᠬᠦᠯᠭᠡ  ᠶᠢᠨ ᠡᠷᠭᠡ ᠰᠦᠷᠲᠤ ᠴᠢᠨᠠᠷ ᠪᠠ ᠰᠢᠨᠵᠢᠯᠠᠬᠦ ᠤᠬᠠᠭᠠᠨᠴᠢ ᠴᠢᠨᠠᠷ  ᠢ ᠴᠢᠩᠭᠠᠳᠬᠠᠵᠤ᠂ ᠨᠢᠭᠡ ᠵᠢᠷᠤᠭ ᠲᠦᠯᠤᠪᠯᠡᠭᠡ ᠪᠠᠷ ᠲᠤᠶᠢᠯᠪᠤᠷᠢᠲᠡᠢ ᠲᠦᠯᠤᠪᠵᠢᠬᠦᠯᠬᠦ ᠶᠢ ᠪᠠᠷᠢᠮᠲᠠᠯᠠᠬᠤ ᠭᠡᠷᠡᠭᠲᠡᠢ᠃ ᠲᠦᠯᠤᠪᠵᠢᠬᠦᠯᠭᠡ ᠨᠠᠶᠢᠷᠠᠭᠤᠯᠤᠨ ᠵᠤᠬᠢᠶᠠᠬᠤ   ᠳᠤ ᠤᠨᠴᠠᠯᠢᠭ ᠪᠠ ᠪᠤᠲᠠᠲᠤ ᠦᠷ᠎ᠠ ᠠᠰᠢᠭ  ᠢ ᠴᠢᠬᠤᠯᠠᠴᠢᠯᠠᠵᠤ᠂ ᠠᠭᠤᠯᠨ ᠤᠰᠤ ᠲᠤᠲᠤᠷᠠᠵᠤ᠂  ᠨᠤᠲᠤᠭ ᠤᠰᠤ ᠪᠠᠨ ᠰᠠᠨᠠᠭᠠᠯᠵᠠᠬᠤ ᠰᠠᠭᠤᠲᠠᠯ ᠲᠠᠢ ᠪᠤᠯᠭᠠᠬᠤ ᠪᠦᠭᠡᠳ ᠤᠷᠤᠰᠢᠨ ᠰᠠᠭᠤᠷᠢᠰᠢᠬᠤ  ᠳᠤ ᠲᠤᠬᠢᠲᠠᠢ᠂ ᠲᠤᠤᠷ᠎ᠠ ᠨᠠᠬᠦᠷᠡᠰᠤᠳᠦ᠋ᠷᠦᠭᠴᠢᠲᠤ᠂  ᠠᠮᠢᠲᠤᠷᠠᠬᠤ ᠳᠤ  ᠲᠠᠭᠠᠲᠡᠢ ᠪᠠᠶᠢᠬᠤ ᠶᠢ ᠬᠠᠷᠠᠭᠤᠯᠤᠭᠰᠠᠨ ᠪᠠᠶᠢᠬᠤ ᠭᠡᠷᠡᠭᠲᠡᠢ᠃ ᠬᠤᠲᠠ ᠪᠠᠯᠭᠠᠰᠤ  ᠶᠢᠨ ᠪᠠᠶᠢᠷᠢᠯᠠᠭᠤᠯᠤᠯᠲᠠ ᠶᠢ ᠰᠢᠯᠢᠲᠡᠭᠵᠢᠬᠦᠯᠤᠨ᠎ᠠ᠃ ︽ ᠬᠤᠲᠠ ᠬᠦᠲᠡᠭᠡ ᠶᠢ ᠨᠢᠭᠡ ᠴᠤᠭᠴᠠᠵᠢᠭᠤᠯᠤᠨ ᠬᠦᠭᠵᠢᠬᠦᠯᠬᠦ ᠶᠢ ᠨᠢᠭᠡᠲᠤᠯᠲᠡᠢ ᠲᠦᠯᠤᠪᠯᠡᠬᠦ︾ ᠪᠠᠶᠢᠷᠢ ᠲᠤᠭᠲᠠᠭᠠᠯᠲᠠ  ᠳᠤ ᠰᠠᠭᠤᠷᠢᠯᠠᠵᠤ᠂ ᠰᠤᠶᠤᠯ ᠵᠤᠭᠠᠴᠠᠯ  ᠤᠨ ᠨᠠᠷᠠᠲᠤ ᠪᠠᠯᠭᠠᠰᠤ᠂ ᠦᠨᠲᠤᠰᠤᠲᠠᠨ  ᠤ ᠤᠨᠴᠠᠯᠢᠭ ᠪᠦᠬᠦᠢ ᠵᠢᠱᠢᠶ᠎ᠠ ᠦᠵᠠᠬᠦᠯᠬᠦ ᠪᠠᠯᠭᠠᠰᠤ  ᠶᠢ ᠪᠦᠲᠤᠭᠡᠨ ᠪᠠᠶᠢᠭᠤᠯᠬᠤ ᠪᠠᠷ ᠬᠠᠷᠠᠯᠲᠠ ᠪᠤᠯᠭᠠᠵᠤ᠂ ᠪᠠᠶᠠᠨᠲᠤᠬᠤᠢ ᠲᠦᠪ ᠬᠤᠲᠠ ᠲᠤᠭᠤᠷᠢᠭ  ᠤᠨ ᠬᠠᠭᠤᠴᠢᠨ ᠭᠡᠷ ᠪᠠᠶᠢᠰᠢᠩ  ᠢ ᠨᠤᠷᠠᠭᠠᠵᠤ ᠰᠢᠨᠠᠳᠭᠡᠨ ᠪᠠᠶᠢᠭᠤᠯᠬᠤ ᠡᠷᠴᠢᠮ  ᠢ ᠪᠦᠬᠦ ᠬᠦᠴᠤᠨ  ᠢᠶᠠᠷ ᠲᠦᠯᠬᠢᠨ ᠠᠬᠢᠭᠤᠯᠤᠨ᠎ᠠ  ︔ ᠳ᠋ᠠᠶᠠᠨ ᠪᠠᠯᠭᠠᠰᠤ᠂ ᠢᠮᠢᠨ ᠪᠠᠯᠭᠠᠰᠤ  ᠶᠢᠨ ᠤᠨᠴᠠᠯᠢᠭᠲᠤ ᠠᠵᠤ ᠤᠶᠢᠯᠠᠰ  ᠤᠨ ᠲᠤᠭᠤᠷᠢᠨ  ᠳᠤ᠂ ᠤᠷᠴᠢᠨ ᠲᠤᠭᠤᠷᠢᠨ ᠨᠢ ᠨᠦᠬᠦᠷᠰᠡᠭ ᠭᠡᠯᠪᠠᠷᠢ  ᠶᠢᠨ ᠠᠵᠤ ᠤᠶᠢᠯᠠᠳᠪᠤᠷᠢ  ᠶᠢᠨ ᠭᠤᠤᠯᠲᠠᠯᠭᠠᠲᠤ ᠪᠠᠯᠭᠠᠰᠤ ᠶᠢ ᠴᠢᠷᠮᠠᠶᠢᠨ ᠡᠬᠦᠲᠤᠨ ᠪᠠᠶᠢᠭᠤᠯᠤᠨ᠎ᠠ  ︔ ᠬᠤᠩᠭᠤᠯᠵᠢ ᠪᠠᠯᠭᠠᠰᠤ  ᠶᠢᠨ ᠵᠤᠭᠠᠴᠠᠯ  ᠤᠨ ᠡᠬᠢ ᠪᠠᠶᠠᠯᠢᠭ  ᠤᠨ ᠤᠨᠴᠠᠯᠢᠭ  ᠲᠤ ᠰᠠᠭᠤᠷᠢᠯᠠᠨ᠂  ᠭᠤᠶᠤᠲᠠ ᠰᠠᠶᠢᠬᠠᠨ ᠵᠤᠭᠠᠴᠠᠯ  ᠤᠨ ᠨᠠᠷᠠᠲᠤ ᠪᠠᠯᠭᠠᠰᠤ ᠶᠢ ᠪᠦᠬᠦ ᠲᠠᠯ᠎ᠠ ᠪᠠᠷ ᠪᠦᠲᠤᠭᠡᠨ ᠪᠠᠶᠢᠭᠤᠯᠤᠨ᠎ᠠ︔ ᠪᠤᠰᠤᠳ ᠰᠤᠮᠤ ᠰᠢᠶᠠᠩ   ᠤᠨ ᠵᠤᠭᠠᠴᠠᠯ᠂ ᠠᠷᠠᠳ  ᠤᠨ ᠵᠠᠩ ᠤᠶᠢᠯᠨ᠂ ᠮᠠᠯ ᠠᠵᠤ ᠠᠬᠤᠢ  ᠶᠢᠨ ᠡᠬᠢ ᠪᠠᠶᠠᠯᠢᠭ   ᠢ ᠨᠢᠬᠲᠠ ᠲᠤᠭᠤᠷᠢᠭᠤᠯᠤᠨ᠂ ᠰᠤᠮᠤ ᠰᠢᠶᠠᠩ  ᠤᠨ ᠦᠪᠠᠷᠮᠢᠴᠠ ᠤᠨᠴᠠᠯᠢᠭ ᠲᠠᠢ ᠬᠦᠭᠵᠢᠯᠲᠠ  ᠶᠢ ᠨᠢᠭᠡᠲᠤᠯᠲᠡᠢ ᠲᠦᠯᠤᠪᠯᠠᠨ ᠲᠦᠯᠬᠢᠨ ᠠᠬᠢᠭᠤᠯᠵᠤ᠂ ᠬᠤᠲᠠ ᠬᠦᠲᠡᠭᠡ ᠬᠠᠷᠢᠯᠴᠠᠨ ᠨᠦᠬᠦᠪᠤᠷᠢᠯᠡᠭᠰᠠᠨ᠂ ᠬᠤᠷᠴᠠ ᠲᠤᠲᠤ ᠤᠨᠴᠠᠯᠢᠭ ᠲᠠᠢ᠂ ᠨᠢᠭᠡ ᠴᠤᠭᠴᠠᠵᠢᠨ ᠬᠦᠭᠵᠢᠭᠰᠡᠨ ᠰᠢᠨ᠎ᠠ ᠪᠠᠶᠢᠲᠠᠯ  ᠢ ᠪᠤᠢ  ᠪᠤᠯᠭᠠᠨ᠎ᠠ᠃ ᠢᠮᠢᠨ ᠭᠤᠤᠯ ᠲᠠᠭᠠᠤ ᠬᠢ ᠦᠵᠠᠮᠵᠢ  ᠶᠢᠨ ᠪᠦᠰᠠ᠂  ᠤᠷᠤᠯᠲᠤᠭᠠᠨ  ᠤ ᠮᠤᠷᠢ ᠪᠠᠷ ᠭᠤᠤᠯ ᠪᠤᠯᠭᠠᠭᠰᠠᠨ ᠰᠤᠶᠤᠯ ᠪᠠᠶ᠎ᠠ  ᠶᠢᠨ ᠲᠠᠮᠢᠷ  ᠤᠨ ᠶᠠᠷᠤᠩᠭᠡᠶᠢᠯᠡᠭᠰᠠᠨ ᠴᠤᠭᠴᠠ᠂ ᠠᠷᠠᠳ  ᠤᠨ ᠠᠮᠢᠲᠤᠷᠠᠯ  ᠤᠨ ᠵᠠᠬ᠎ᠠ ᠲᠠᠯᠭᠡᠬᠦᠷ᠂   ᠲᠠᠩᠰᠠ ᠡᠪᠭᠡᠮᠠᠯ  ᠤᠨ ᠰᠠᠩ ᠵᠠᠷᠭᠡ ᠭᠤᠤᠯᠲᠠᠯᠭ᠎ᠠ ᠲᠠᠢ ᠲᠦᠷᠤᠯ ᠵᠤᠶᠢᠯ  ᠤᠨ ᠪᠦᠲᠤᠭᠡᠨ ᠪᠠᠶᠢᠭᠤᠯᠤᠯᠲᠠ ᠶᠢ ᠲᠦᠷᠭᠡᠳᠭᠡᠨ ᠲᠦᠯᠬᠢᠨ ᠠᠬᠢᠭᠤᠯᠵᠤ᠂ ᠠᠭᠤᠲᠠᠮ ᠲᠠᠯᠠᠪᠠᠢ᠂ ᠴᠠᠴᠡᠷᠯᠢᠭ  ᠢ ᠦᠭᠡᠷᠠᠴᠢᠯᠠᠨ ᠭᠤᠸᠠᠵᠢᠭᠤᠯᠬᠤ ᠠᠵᠢᠯ  ᠢ ᠯᠠᠪᠲᠠᠭᠤᠨ  ᠢᠶᠠᠷ ᠭᠡᠷᠡᠭᠵᠢᠬᠦᠯᠵᠤ᠂ ᠴᠢᠲᠠᠪᠬᠢ  ᠶᠢᠨ ᠤᠨᠴᠠᠯᠢᠭ  ᠢ ᠬᠠᠷᠠᠭᠤᠯᠤᠭᠰᠠᠨ᠂ ᠬᠤᠲᠠ ᠪᠠᠯᠭᠠᠰᠤ  ᠶᠢᠨ ᠪᠦᠲᠤᠭᠡᠨ ᠪᠠᠶᠢᠭᠤᠯᠤᠯᠲᠠ  ᠶᠢᠨ ᠬᠢᠯᠠᠰ ᠴᠡᠭ ᠢ  ᠡᠬᠦᠳᠬᠦ ᠭᠡᠷᠡᠭᠲᠡᠢ᠃ ᠲᠠᠷᠢᠶᠠᠴᠢᠨ ᠮᠠᠯᠴᠢᠳ  ᠤᠨ ᠬᠦᠰᠠᠯ ᠰᠠᠨᠠᠭ᠎ᠠ ᠶᠢ ᠬᠦᠨᠲᠤᠳᠭᠡᠬᠦ ᠰᠠᠭᠤᠷᠢᠨ ᠲᠠᠭᠡᠷ᠎ᠠ᠂ ᠲᠠᠷᠢᠶᠠᠯᠠᠩ ᠮᠠᠯ ᠠᠵᠤ ᠠᠬᠤᠢ  ᠶᠢᠨ ᠬᠦᠮᠤᠨ ᠠᠮᠨ  ᠶᠢ ᠰᠢᠯᠵᠢᠬᠦᠯᠤᠨ ᠨᠠᠬᠦᠯᠭᠡᠵᠤ ᠬᠤᠲᠠ  ᠶᠢᠨ ᠠᠷᠠᠳ ᠪᠤᠯᠭᠠᠬᠤ ᠶᠢ ᠡᠮᠬᠢ ᠴᠡᠭᠴᠠ ᠲᠠᠢ ᠲᠦᠯᠬᠢᠨ ᠠᠬᠢᠭᠤᠯᠵᠤ᠂ ᠲᠠᠷᠢᠶᠠᠴᠢᠨ ᠮᠠᠯᠴᠢᠳ  ᠢ ᠨᠤᠲᠤᠭ ᠤᠰᠤ  ᠢᠶᠠᠨ ᠠᠯᠲᠠᠬᠤ ᠦᠭᠡᠢ ᠡᠷᠭᠡ ᠠᠰᠢᠭ ᠪᠠᠨ ᠬᠠᠶᠠᠬᠤ ᠦᠭᠡᠢ ᠰᠠᠭᠤᠷᠢᠨ ᠲᠠᠭᠡᠷ᠎ᠠ ᠬᠤᠲᠠ ᠪᠠᠯᠭᠠᠰᠤ ᠲᠠᠰᠢ ᠰᠢᠯᠵᠢᠬᠦᠯᠤᠨ ᠨᠠᠬᠦᠯᠭᠡᠵᠤ᠂ ᠬᠤᠲᠠ ᠪᠠᠯᠭᠠᠰᠤ  ᠳᠤ ᠠᠵᠢᠯ ᠤᠯᠭᠤᠬᠤ ᠶᠢ ᠬᠦᠲᠤᠯᠤᠨ ᠵᠢᠯᠤᠭᠤᠳᠴᠤ᠂ ᠤᠯᠠᠨ ᠠᠷᠭ᠎ᠠ ᠵᠠᠮ  ᠢᠶᠠᠷ ᠲᠠᠷᠢᠶᠠᠴᠢᠨ ᠮᠠᠯᠴᠢᠳ  ᠤᠨ ᠤᠷᠤᠯᠭ᠎ᠠ ᠶᠢ ᠨᠠᠮᠡᠭᠲᠠᠬᠦᠯᠤᠨ᠎ᠠ᠃ ᠬᠤᠲᠠ ᠬᠦᠲᠡᠭᠡ ᠶᠢ ᠨᠤᠭᠤᠭᠠᠷᠠᠭᠤᠯᠬᠤ ᠪᠠᠶᠢᠷᠢᠯᠠᠭᠤᠯᠤᠯᠲᠠ ᠶᠢ ᠵᠦᠢ ᠵᠤᠬᠢᠰᠲᠡᠢ ᠲᠤᠭᠲᠠᠭᠠᠵᠤ᠂ ᠤᠷᠤᠨ ᠵᠠᠢ  ᠶᠢᠨ ᠠᠰᠢᠭᠯᠠᠯᠲᠠ ᠶᠢ ᠴᠢᠩᠭᠠᠳᠬᠠᠵᠤ᠂ ᠰᠤᠶᠤᠯ  ᠤᠨ ᠠᠭᠤᠯᠤᠭᠲᠠᠬᠤᠨ  ᠢ ᠲᠤᠪᠤᠶᠢᠯᠭᠠᠵᠤ᠂ ᠨᠤᠭᠤᠭᠠᠷᠠᠭᠤᠯᠤᠯᠲᠠ᠂ ᠭᠡᠷᠡᠯᠲᠤᠬᠦᠯᠤᠯᠲᠠ᠂ ᠭᠤᠶᠤᠵᠢᠭᠤᠯᠤᠯᠲᠠ ᠶᠢ ᠤᠷᠭᠠᠨᠢᠭ  ᠢᠶᠠᠷ ᠨᠢᠭᠡᠳᠭᠡᠬᠦ ᠶᠢ ᠴᠢᠷᠮᠠᠶᠢᠨ ᠪᠠᠶᠠᠯᠠᠬᠦᠯᠬᠦ ᠭᠡᠷᠡᠭᠲᠡᠢ᠃  ᠬᠤᠲᠠ ᠪᠠᠯᠭᠠᠰᠤ  ᠶᠢᠨ ᠬᠠᠮᠢᠶᠠᠷᠤᠯᠲᠠ ᠶᠢ ᠴᠢᠩᠭᠠᠳᠬᠠᠨ᠎ᠠ᠃ ᠬᠤᠲᠠ  ᠶᠢᠨ ᠬᠠᠮᠢᠶᠠᠷᠤᠯᠲᠠ  ᠶᠢᠨ ᠪᠠᠶᠢᠭᠤᠯᠤᠯ  ᠢ ᠰᠢᠯᠤᠭᠤᠳᠬᠠᠵᠤ᠂ ᠰᠠᠯᠠᠭ᠎ᠠ ᠮᠦᠴᠢᠷ  ᠤᠨ ᠡᠬᠦᠷᠭᠡ ᠬᠠᠷᠢᠭᠤᠴᠠᠯᠭ᠎ᠠ ᠶᠢ ᠲᠤᠲᠤᠷᠬᠠᠶᠢᠯᠠᠵᠤ᠂  ᠠᠵᠢᠯ  ᠤᠨ ᠰᠤᠯᠢᠪᠴᠠᠭ᠎ᠠ ᠶᠢ ᠪᠠᠭᠠᠰᠬᠠᠵᠤ᠂ ᠬᠤᠲᠠ  ᠶᠢᠨ ᠬᠠᠮᠢᠶᠠᠷᠤᠯᠲᠠ  ᠳᠤ  ᠭᠡᠷᠡᠭᠵᠢᠬᠦᠯᠬᠦ  ᠠᠴᠠ ᠬᠠᠤᠯᠢ  ᠲᠠᠢ᠂  ᠵᠢᠷᠤᠮᠯᠠᠬᠤ ᠠᠴᠠ ᠲᠦᠷᠢᠮ ᠲᠠᠢ ᠪᠤᠯᠭᠠᠨ᠎ᠠ᠃ ᠬᠤᠲᠠ ᠪᠠᠯᠭᠠᠰᠤ  ᠶᠢᠨ ᠤᠷᠴᠢᠨ ᠲᠤᠭᠤᠷᠢᠨ ᠪᠠ ᠤᠶᠢᠯᠠᠴᠢᠯᠠᠭᠡᠨ  ᠤ ᠲᠤᠭᠲᠠᠯᠴᠠᠭ᠎ᠠ  ᠶᠢᠨ ᠪᠦᠲᠤᠭᠡᠨ ᠪᠠᠶᠢᠭᠤᠯᠤᠯᠲᠠ ᠶᠢ ᠴᠢᠩᠭᠠᠳᠬᠠᠵᠤ᠂ ᠤᠯᠠᠨ ᠨᠠᠶᠢᠲᠠ ᠶᠢᠨ ᠤᠶᠢᠯᠠᠴᠢᠯᠠᠭᠡᠨ  ᠤ ᠪᠦᠬᠦᠯᠢ ᠴᠤᠭᠴᠠ  ᠶᠢᠨ ᠴᠢᠲᠠᠪᠬᠢ ᠶᠢ ᠪᠦᠬᠦ ᠲᠠᠯ᠎ᠠ ᠪᠠᠷ ᠲᠠᠭᠡᠭᠰᠢᠯᠠᠬᠦᠯᠵᠤ᠂ ᠵᠠᠰᠠᠭ  ᠤᠨ ᠤᠷᠲᠤᠨ  ᠤ ᠬᠤᠲᠠᠯᠲᠤᠨ ᠠᠪᠤᠯᠲᠠ  ᠶᠢᠨ ᠤᠯᠠᠨ ᠨᠠᠶᠢᠲᠠ  ᠶᠢᠨ ᠤᠶᠢᠯᠠᠴᠢᠯᠠᠭᠡᠨ ᠤ ᠲᠤᠭᠲᠠᠴᠠ  ᠶᠢ ᠰᠦᠪᠡᠭᠴᠢᠯᠠᠨ ᠪᠠᠶᠢᠭᠤᠯᠵᠤ᠂ ᠵᠢᠵᠢᠭ ᠲᠤᠭᠤᠷᠢᠭ  ᠤᠨ ᠬᠠᠮᠢᠶᠠᠷᠤᠯᠲᠠ᠂ ᠤᠷᠴᠢᠨ ᠲᠤᠭᠤᠷᠢᠨ  ᠤ ᠡᠷᠡᠬᠦᠯ ᠬᠠᠮᠠᠭᠠᠯᠠᠯ  ᠢ ᠪᠠᠲᠤᠯᠠᠬᠤ᠂ ᠴᠠᠴᠡᠷᠯᠢᠭᠵᠢᠬᠦᠯᠤᠨ ᠨᠤᠭᠤᠭᠠᠷᠠᠭᠤᠯᠬᠤ ᠵᠠᠷᠭᠡ  ᠭᠡᠰᠡᠭ ᠰᠠᠯᠠᠭ᠎ᠠ ᠮᠦᠴᠢᠷ  ᠤᠨ ᠤᠯᠠᠨ ᠨᠠᠶᠢᠲᠠ  ᠶᠢᠨ ᠤᠶᠢᠯᠠᠴᠢᠯᠠᠭᠡᠨ  ᠤ ᠬᠦᠷᠢᠶ᠎ᠠ  ᠶᠢ ᠵᠠᠬ᠎ᠠ ᠲᠠᠯᠭᠡᠬᠦᠷ ᠲᠠᠰᠢ ᠡᠮᠬᠢ  ᠴᠡᠭᠴᠠ ᠲᠠᠢ ᠲᠦᠯᠬᠢᠨ ᠠᠬᠢᠭᠤᠯᠤᠨ᠎ᠠ᠃ ᠬᠤᠲᠠ ᠪᠠᠯᠭᠠᠰᠤ  ᠶᠢᠨ ᠨᠠᠷᠢᠯᠢᠭ ᠬᠠᠮᠢᠶᠠᠷᠤᠯᠲᠠ ᠶᠢ ᠲᠦᠯᠬᠢᠨ ᠠᠬᠢᠭᠤᠯᠵᠤ᠂ ᠵᠠᠮ ᠬᠠᠷᠢᠯᠴᠠᠭ᠎ᠠ ᠲᠦᠬᠦᠮ ᠦᠭᠡᠢ᠂ ᠤᠷᠴᠢᠨ ᠲᠤᠭᠤᠷᠢᠨ ᠡᠮᠬᠢ ᠵᠠᠮᠪᠠᠷᠠᠭ᠎ᠠ ᠦᠭᠡᠢ᠂ ᠬᠠᠮᠢᠶᠠᠷᠤᠯᠲᠠ ᠬᠤᠴᠤᠷᠤᠩᠭᠤᠢ ᠵᠠᠷᠭᠡ ᠠᠷᠠᠳ ᠤᠯᠠᠨ  ᠤ ᠲᠤᠰᠬᠠᠯ ᠢᠶᠠᠷ ᠴᠢᠩᠭ᠎ᠠ ᠠᠰᠠᠭᠤᠲᠠᠯ  ᠢ ᠵᠤᠷᠢᠭ ᠰᠢᠭᠤᠲᠤᠨ ᠰᠠᠶᠢᠲᠤᠷ ᠰᠢᠢᠳᠪᠤᠷᠢᠯᠠᠵᠤ ᠦᠭᠬᠦ ᠭᠡᠷᠡᠭᠲᠡᠢ ᠃ ᠬᠤᠲᠠ ᠬᠦᠲᠡᠭᠡ ᠨᠠᠶᠢᠯᠡᠭᠰᠠᠨ ᠭᠡᠰᠡᠭ ᠵᠠᠷᠭᠡ  ᠶᠢᠨ ᠭᠤᠤᠯᠲᠠᠯᠭ᠎ᠠ ᠲᠠᠢ ᠬᠦᠷᠢᠶ᠎ᠠ ᠭᠡᠪᠴᠢᠶᠠᠨ  ᠤ ᠤᠷᠴᠢᠨ ᠲᠤᠭᠤᠷᠢᠨ  ᠢ ᠶᠠᠷᠤᠩᠭᠡᠶᠢᠯᠠᠨ ᠵᠠᠰᠠᠬᠤ ᠠᠵᠢᠯ  ᠢ ᠰᠠᠶᠢᠲᠤᠷ ᠠᠳᠬᠤᠵᠤ᠂ ᠴᠠᠪᠠᠷ ᠲᠡᠭᠰᠢ ᠭᠤᠶᠤᠲᠠ ᠰᠠᠶᠢᠬᠠᠨ ᠬᠤᠲᠠ ᠬᠦᠲᠡᠭᠡ  ᠶᠢᠨ ᠤᠷᠴᠢᠨ  ᠢ ᠡᠬᠦᠳᠬᠦ ᠭᠡᠷᠡᠭᠲᠡᠢ᠃ ᠬᠤᠲᠠ ᠪᠠᠯᠭᠠᠰᠤ  ᠶᠢᠨ ᠢᠯᠴᠢ ᠬᠠᠩᠭᠠᠬᠤ ᠬᠤᠭᠤᠯᠡᠢ ᠲᠤᠤᠷ  ᠤᠨ ᠠᠵᠢᠯ  ᠢ ᠠᠯᠬᠤᠮ ᠴᠢᠨᠠᠭᠰᠢᠲᠠ ᠴᠢᠩᠭᠠᠳᠬᠠᠵᠤ᠂ ᠪᠤᠬᠢᠷ ᠤᠰᠤ ᠪᠤᠷᠤᠭᠠᠨ ᠤᠰᠤ ᠶᠢ ᠰᠢᠢᠳᠪᠤᠷᠢᠯᠠᠬᠦ ᠰᠢᠰᠲ᠋ᠧᠮ  ᠢ ᠦᠭᠡᠷᠠᠴᠢᠯᠠᠨ ᠪᠠᠶᠢᠭᠤᠯᠵᠤ ᠲᠠᠰ ᠲᠠᠪᠰᠢᠬᠦᠯᠤᠨ᠂ ᠬᠤᠲᠠ ᠪᠠᠯᠭᠠᠰᠤ  ᠶᠢᠨ ᠪᠦᠬᠦᠯᠢ ᠴᠤᠭᠴᠠ  ᠶᠢᠨ ᠴᠢᠲᠠᠪᠬᠢ ᠶᠢ ᠲᠠᠰᠤᠷᠠᠯᠲᠠ ᠦᠭᠡᠢ  ᠲᠠᠭᠡᠭᠰᠢᠯᠠᠬᠦᠯᠤᠨ᠎ᠠ᠃ ︵ ᠵᠢᠷᠭᠤᠭ᠎ᠠ︶ ᠦᠭᠡᠷᠠᠴᠢᠯᠠᠯᠲᠠ ᠨᠠᠭᠡᠭᠡᠯᠲᠠ ᠶᠢ ᠭᠤᠶᠢᠪᠢᠰᠢ ᠦᠭᠡᠢ ᠪᠠᠷ ᠬᠦᠨᠵᠠᠭᠡᠶᠢᠷᠠᠬᠦᠯᠵᠤ᠂ ᠬᠦᠭᠵᠢᠯᠲᠠ  ᠶᠢᠨ ᠠᠮᠢᠵᠢᠷᠠᠯ  ᠤᠨ ᠬᠦᠴᠤᠨ ᠪᠠ ᠬᠦᠲᠠᠯᠭᠡᠬᠦ ᠬᠦᠴᠤᠨ  ᠢ ᠴᠢᠷᠮᠠᠶᠢᠨ ᠨᠡᠮᠡᠭᠲᠠᠬᠦᠯᠤᠨ᠎ᠠ᠃ ᠦᠭᠡᠷᠠᠴᠢᠯᠠᠯᠲᠠ ᠨᠠᠭᠡᠭᠡᠯᠲᠠ ᠬᠢᠬᠦ ᠶᠢ ᠦᠷᠬᠦᠯᠵᠢᠯᠠᠨ ᠪᠠᠷᠢᠮᠲᠠᠯᠠᠵᠤ᠂ ᠭᠤᠤᠯᠲᠠᠯᠭ᠎ᠠ ᠲᠠᠢ ᠬᠦᠷᠢᠶ᠎ᠠ ᠴᠠᠷᠠᠭ᠎ᠠ ᠶᠢ ᠦᠷᠭᠡᠳᠭᠡᠬᠦ ᠪᠠ ᠵᠠᠩᠬᠢᠯᠠᠭ᠎ᠠ  ᠶᠢᠨ ᠭᠤᠭᠴᠤᠭ᠎ᠠ  ᠶᠢᠨ ᠦᠭᠡᠷᠠᠴᠢᠯᠠᠯᠲᠠ ᠶᠢ ᠲᠠᠰᠤᠷᠠᠯᠲᠠ ᠦᠭᠡᠢ ᠬᠦᠨᠵᠠᠭᠡᠶᠢᠷᠠᠬᠦᠯᠵᠤ᠂ ᠠᠷᠠᠯᠵᠢᠶᠠᠴᠢᠨ ᠤᠷᠢᠵᠤ ᠪᠠᠯᠨ ᠤᠷᠤᠭᠤᠯᠬᠤ ᠪᠤᠲᠠᠲᠤ ᠦᠷ᠎ᠠ ᠠᠰᠢᠭ  ᠢ ᠴᠢᠷᠮᠠᠶᠢᠨ ᠲᠡᠭᠡᠭᠰᠢᠯᠠᠬᠦᠯᠵᠤ᠂ ᠪᠦᠬᠦ ᠲᠠᠯ᠎ᠠ ᠪᠠᠷ ᠬᠦᠭᠵᠢᠭᠰᠡᠨ ᠰᠢᠨ᠎ᠠ ᠲᠠᠪᠠᠭᠤᠯᠢᠭ  ᠢᠶᠠᠨ ᠪᠠᠲᠠᠷᠠᠭᠤᠯᠤᠨ᠎ᠠ᠃ ᠡᠯ᠎ᠠ ᠵᠤᠶᠢᠯ  ᠤᠨ ᠦᠭᠡᠷᠠᠴᠢᠯᠠᠯᠲᠠ ᠶᠢ ᠯᠠᠪᠲᠠᠭᠤᠨ ᠪᠠᠲᠤᠲᠡᠢ ᠲᠦᠯᠬᠢᠨ ᠠᠬᠢᠭᠤᠯᠤᠨ᠎ᠠ᠃  ᠡᠮᠤᠨᠠᠬᠢ ᠬᠤᠭᠤᠴᠠᠭᠠᠨ  ᠤ ᠦᠭᠡᠷᠠᠴᠢᠯᠠᠯᠲᠠ  ᠶᠢᠨ ᠦᠷ᠎ᠠ ᠪᠦᠲᠤᠭᠡᠯ  ᠢᠶᠠᠨ  ᠪᠠᠲᠤᠳᠬᠠᠭᠰᠠᠨ ᠰᠠᠭᠤᠷᠢᠨ ᠲᠠᠭᠡᠷ᠎ᠠ ᠲᠠᠭᠡᠲᠤ ᠱᠠᠲᠤᠨ  ᠤ ᠦᠭᠡᠷᠠᠴᠢᠯᠠᠯᠲᠠ  ᠶᠢᠨ ᠲᠦᠰᠤᠯ  ᠢ ᠨᠠᠶᠢᠲᠠᠪᠤᠷᠢᠵᠢᠭᠤᠯᠬᠤ ᠠᠵᠢᠯ  ᠢ ᠦᠷᠬᠦᠯᠵᠢᠯᠠᠨ ᠰᠠᠶᠢᠲᠤᠷ ᠠᠳᠬᠤᠵᠤ᠂ ᠲᠦᠬᠦᠷᠵᠢᠬᠦᠯᠦᠭᠰᠠᠨ ᠠᠷᠭ᠎ᠠ ᠬᠢᠲᠠᠯ  ᠢ ᠵᠠᠪᠲᠤᠨ ᠲᠤᠭᠲᠠᠭᠠᠬᠤ ᠭᠡᠷᠡᠭᠲᠡᠢ᠃ ᠡᠯ᠎ᠠ ᠱᠠᠲᠤᠨ  ᠤ ᠵᠠᠰᠠᠭ  ᠤᠨ ᠤᠷᠲᠤᠨ ᠵᠢᠴᠢ ᠲᠠᠬᠦᠨ  ᠤ ᠠᠵᠢᠯ  ᠤᠨ ᠰᠠᠯᠠᠭ᠎ᠠ ᠮᠦᠴᠢᠷ  ᠤᠨ ᠵᠠᠰᠠᠭ ᠵᠠᠬᠢᠷᠭᠠᠨ  ᠤ ᠡᠷᠭᠡ ᠪᠠ ᠬᠠᠷᠢᠭᠤᠴᠠᠯᠭ᠎ᠠ ᠲᠤᠲᠤᠷᠬᠠᠢ ᠲᠤᠭᠲᠠᠭᠠᠬᠤ ᠪᠠ ᠭᠡᠷᠡᠭᠵᠢᠬᠦᠯᠵᠤ᠂ ᠬᠠᠤᠯᠢᠵᠢᠯ  ᠤᠨ ᠰᠠᠳᠬᠢᠴᠠ ᠪᠠ ᠬᠠᠤᠯᠢᠵᠢᠯ  ᠤᠨ ᠠᠷᠭ᠎ᠠ ᠭᠡᠯᠪᠠᠷᠢ ᠪᠠᠷ ᠦᠭᠡᠷᠠᠴᠢᠯᠠᠯᠲᠠ ᠶᠢ ᠲᠦᠯᠬᠢᠨ ᠠᠬᠢᠭᠤᠯᠬᠤ ᠴᠢᠲᠠᠪᠤᠷᠢ ᠪᠠ ᠲᠦᠪᠰᠢᠨ  ᠢ ᠦᠨᠠᠨᠬᠦ ᠲᠠᠭᠡᠭᠰᠢᠯᠠᠬᠦᠯᠬᠦ ᠭᠡᠷᠡᠭᠲᠡᠢ᠃ ᠮᠠᠯᠵᠢᠬᠤ ᠤᠷᠤᠨ  ᠤ ᠶᠠᠷᠤᠩᠭᠡᠶᠢᠯᠡᠭᠰᠠᠨ ᠦᠭᠡᠷᠠᠴᠢᠯᠠᠯᠲᠠ ᠶᠢ ᠬᠦᠨᠵᠠᠭᠡᠶᠢᠷᠠᠬᠦᠯᠵᠤ᠂ ᠬᠠᠲᠤᠯᠠᠩ ᠪᠠᠯᠴᠢᠭᠡᠷ  ᠤᠨ ᠡᠷᠭᠡ ᠶᠢ ᠲᠤᠭᠲᠠᠭᠠᠵᠤ ᠲᠠᠩᠰᠯᠠᠬᠤ ᠠᠵᠢᠯ  ᠢ ᠲᠦᠷᠭᠡᠳᠭᠡᠨ ᠲᠦᠯᠬᠢᠨ ᠠᠬᠢᠭᠤᠯᠵᠤ᠂ ᠮᠠᠯᠵᠢᠬᠤ ᠤᠷᠤᠨ  ᠤ ᠬᠠᠲᠤᠯᠠᠩ ᠪᠠᠯᠴᠢᠭᠡᠷ  ᠢ ᠡᠷᠬᠢᠯᠲᠤᠬᠦᠯᠤᠨ ᠠᠰᠢᠭᠯᠠᠬᠤ ᠲᠠᠪᠴᠠᠩ  ᠢ ᠰᠦᠪᠡᠭᠴᠢᠯᠠᠨ ᠪᠠᠶᠢᠭᠤᠯᠵᠤ᠂ ᠬᠤᠷᠰᠢᠶᠠᠵᠢᠯ  ᠤᠨ ᠬᠠᠮᠲᠤᠷᠠᠭᠰᠠᠨ ᠵᠤᠬᠢᠶᠠᠨ ᠪᠠᠶᠢᠭᠤᠯᠤᠯᠲᠠ  ᠶᠢ ᠢᠲᠠᠪᠬᠢᠲᠡᠢ ᠪᠤᠶᠢᠵᠢᠭᠤᠯᠵᠤ᠂ ᠮᠠᠯᠴᠢᠨ ᠪᠤᠯᠤᠨ ᠠᠵᠤ ᠠᠬᠤᠶᠢᠯᠠᠯ  ᠢ ᠵᠤᠯᠭᠤᠭᠤᠯᠬᠤ ᠵᠤᠬᠢᠶᠠᠨ ᠪᠠᠶᠢᠭᠤᠯᠤᠯᠲᠠ  ᠶᠢᠨ ᠵᠠᠩᠬᠢᠯᠠᠭ᠎ᠠ ᠶᠢᠨ ᠴᠡᠭ  ᠤᠨ ᠤᠶᠢᠯᠠᠲᠤᠯ  ᠢ ᠬᠦᠢᠴᠠᠳ ᠪᠠᠲᠠᠷᠠᠭᠤᠯᠬᠤ ᠭᠡᠷᠡᠭᠲᠡᠢ᠃ ᠵᠠᠰᠠᠭ  ᠤᠨ ᠤᠷᠲᠤᠨ  ᠤ  ᠴᠢᠲᠠᠪᠬᠢ ᠶᠢ ᠬᠤᠪᠢᠷᠠᠭᠤᠯᠬᠤ ᠶᠢ ᠦᠷᠬᠦᠯᠵᠢᠯᠠᠨ ᠲᠦᠷᠭᠡᠳᠭᠡᠵᠤ᠂ ᠵᠠᠰᠠᠭ  ᠢ ᠴᠤᠮᠬᠠᠳᠬᠠᠨ  ᠡᠷᠭᠡ  ᠶᠢ ᠲᠠᠯᠪᠢᠵᠤ᠂ ᠡᠷᠭᠡ ᠪᠠᠨ  ᠲᠠᠯᠪᠢᠬᠤ ᠪᠠ ᠬᠠᠮᠢᠶᠠᠷᠬᠤ  ᠶᠢ ᠤᠶᠠᠯᠲᠤᠭᠤᠯᠤᠨ᠂  ᠠᠷᠠᠯᠵᠢᠶᠠᠨ ᠤ ᠪᠠᠯᠨ ᠤᠷᠤᠭᠤᠯᠤᠯᠲᠠ  ᠶᠢ ᠲᠦᠬᠦᠮ ᠪᠤᠯᠭᠠᠬᠤ  ᠶᠢ ᠠᠬᠢᠭᠤᠯᠵᠤ᠂ ᠡᠵᠠᠩᠨᠠᠯᠲᠠ ᠶᠢᠨ ᠪᠠ ᠠᠷᠠᠯᠵᠢᠶ᠎ᠠ ᠬᠤᠲᠠᠯᠲᠤᠭᠠᠨ  ᠤ ᠤᠷᠴᠢᠨ ᠲᠤᠭᠤᠷᠢᠨ   ᠢ ᠵᠠᠬ᠎ᠠ ᠲᠠᠯᠭᠡᠬᠦᠷᠴᠢᠯᠠᠬᠦ᠂ ᠬᠠᠤᠯᠢᠵᠢᠭᠤᠯᠬᠤ ᠶᠢ ᠪᠠᠶᠠᠯᠠᠬᠦᠯᠤᠨ᠎ᠠ᠃ ᠵᠠᠰᠠᠭ ᠵᠠᠬᠢᠷᠭᠠᠨ  ᠤ ᠬᠢᠨᠠᠨ ᠵᠦᠪᠰᠢᠶᠠᠷᠠᠯᠲᠠ  ᠶᠢᠨ ᠲᠦᠷᠢᠮ  ᠤᠨ ᠦᠭᠡᠷᠠᠴᠢᠯᠠᠯᠲᠠ  ᠶᠢ ᠬᠦᠨᠵᠠᠭᠡᠶᠢᠷᠠᠬᠦᠯᠵᠤ᠂ ᠵᠠᠰᠠᠭ ᠵᠠᠬᠢᠷᠭᠠᠨ  ᠤ ᠬᠢᠨᠠᠨ ᠵᠦᠪᠰᠢᠶᠠᠷᠠᠯᠲᠠ  ᠶᠢᠨ ᠵᠠᠷᠭᠡ ᠲᠠᠰ ᠪᠠ ᠭᠤᠭᠴᠤᠭ᠎ᠠ  ᠶᠢ ᠪᠠᠭᠠᠰᠬᠠᠵᠤ᠂ ᠦᠢᠯᠡᠴᠢᠯᠡᠭᠡᠨ  ᠤ ᠴᠢᠳᠠᠪᠬᠢ ᠶᠢ ᠨᠢ ᠨᠡᠮᠡᠭᠳᠠᠭᠦᠯᠤᠨ᠎ᠡ᠃ ᠠᠵᠤ ᠠᠬᠤᠢ  ᠶᠢᠨ ᠪᠠᠶᠢᠭᠤᠯᠤᠯ  ᠤᠨ ᠦᠭᠡᠷᠠᠴᠢᠯᠠᠯᠲᠠ ᠶᠢ ᠬᠦᠨᠵᠡᠭᠡᠶᠢᠷᠠᠬᠦᠯᠵᠤ᠂ ᠵᠠᠰᠠᠭ  ᠤᠨ ᠤᠷᠲᠤᠨ  ᠤ ᠬᠤᠮᠠᠬᠢ ᠠᠵᠤ ᠠᠬᠤᠢ  ᠳᠤ ᠰᠢᠭᠤᠳ ᠭᠠᠷ ᠲᠦᠷᠤᠬᠦ  ᠶᠢ ᠪᠠᠭᠠᠰᠬᠠᠵᠤ᠂ ᠤᠯᠤᠰ  ᠤᠨ ᠦᠮᠴᠢᠯᠠᠯᠲᠤ ᠡᠳ᠋ ᠬᠦᠷᠤᠩᠭᠡ  ᠶᠢ ᠦᠷᠲᠡᠭ  ᠢ ᠨᠠᠮᠡᠭᠲᠠᠬᠦᠯᠵᠤ  ᠦᠷᠲᠡᠭ  ᠢ ᠪᠠᠲᠤᠯᠠᠵᠤ ᠴᠢᠲᠠᠬᠤ ᠵᠠᠩᠬᠢᠯᠠᠭ᠎ᠠ  ᠶᠢᠨ ᠬᠦᠷᠢᠶ᠎ᠠ  ᠳᠤ  ᠤᠷᠤᠭᠤᠯᠬᠤ  ᠶᠢ ᠬᠦᠲᠤᠯᠤᠨ ᠵᠢᠯᠤᠭᠤᠲᠤᠨ᠎ᠠ᠃ ᠨᠠᠶᠢᠲᠠ  ᠶᠢᠨ ᠪᠤᠰᠤ ᠦᠮᠴᠢᠯᠠᠯ  ᠤᠨ ᠠᠵᠤ ᠠᠬᠤᠢ  ᠶᠢᠨ ᠬᠦᠭᠵᠢᠯᠲᠠ  ᠶᠢ ᠲᠠᠮᠵᠢᠵᠤ᠂ ᠡᠯ᠎ᠠ ᠵᠤᠶᠢᠯ  ᠤᠨ ᠦᠮᠴᠢᠯᠠᠯᠲᠤ ᠠᠵᠤ ᠠᠬᠤᠢ  ᠶᠢᠨ ᠬᠠᠤᠯᠢ ᠶᠤᠰᠤᠭᠠᠷ ᠡᠷᠭᠡ ᠲᠡᠭᠰᠢ ᠪᠠᠷ ᠤᠶᠢᠯᠠᠳᠪᠤᠷᠢᠯᠠᠯ  ᠤᠨ ᠬᠦᠴᠤᠨ ᠵᠤᠶᠢᠯ  ᠢ ᠭᠡᠷᠡᠭᠯᠠᠬᠦ᠂ ᠡᠷᠭᠡ ᠲᠡᠭᠰᠢ ᠪᠠᠷ ᠵᠠᠬ᠎ᠠ ᠲᠠᠯᠭᠡᠬᠦᠷ  ᠤᠨ ᠦᠷᠢᠰᠤᠯᠲᠤᠭᠡᠨ   ᠳᠤ  ᠤᠷᠤᠯᠴᠠᠬᠤ᠂ ᠡᠷᠭᠡ ᠲᠡᠭᠰᠢ ᠪᠠᠷ ᠬᠠᠤᠯᠢ  ᠶᠢᠨ ᠬᠠᠮᠠᠭᠠᠯᠠᠯᠲᠠ  ᠶᠢ  ᠬᠦᠷᠲᠠᠬᠦ  ᠶᠢ ᠪᠠᠲᠤᠯᠠᠨ᠎ᠠ ᠃ ᠡᠳ᠋  ᠤᠨ ᠵᠠᠰᠠᠭ ᠭᠠᠶᠢᠯᠢ ᠮᠦᠩᠬᠦᠨ ᠬᠦᠢᠯᠭᠡᠭᠡᠨ  ᠤ ᠪᠠᠶᠢᠭᠤᠯᠤᠯ  ᠤᠨ ᠦᠭᠡᠷᠠᠴᠢᠯᠠᠯᠲᠠ  ᠶᠢ ᠲᠦᠷᠭᠡᠳᠭᠡᠵᠤ᠂ ᠲᠦᠰᠤᠪ  ᠤᠨ ᠬᠠᠮᠢᠶᠠᠷᠤᠯᠲᠠ  ᠶᠢᠨ ᠲᠦᠷᠢᠮ  ᠢ ᠦᠭᠡᠷᠠᠴᠢᠯᠠᠨ ᠰᠠᠶᠢᠵᠢᠷᠠᠭᠤᠯᠵᠤ  ᠂ ᠡᠳ᠋  ᠤᠨ ᠵᠠᠰᠠᠭ  ᠤᠨ ᠲᠦᠰᠤᠪ  ᠢ ᠢᠯᠨ ᠪᠠᠶᠢᠯᠭᠠᠬᠤ  ᠶᠢ ᠢᠲᠠᠪᠬᠢᠲᠡᠢ ᠯᠠᠪᠲᠠᠭᠤᠨ  ᠢᠶᠠᠷ ᠲᠦᠯᠬᠢᠨ ᠠᠬᠢᠭᠤᠯᠵᠤ᠂ ᠲᠦᠰᠤᠪ ᠪᠠ ᠲᠦᠰᠤᠪ  ᠤᠨ ᠬᠦᠢᠴᠠᠳᠭᠡᠯ  ᠤᠨ ᠢᠯᠨ ᠲᠤᠲᠤ  ᠶᠢᠨ ᠭᠡᠮᠵᠢᠶ᠎ᠠ ᠶᠢ ᠨᠠᠮᠡᠭᠲᠠᠬᠦᠯᠤᠨ᠎ᠠ᠃ ︽  ᠶᠢᠨ ᠼᠠᠢ ᠢᠨᠵᠧᠨᠧᠷᠢᠩ︾  ᠤᠨ ᠮᠠᠲᠡᠭᠡ ᠵᠠᠩᠬᠢᠵᠢᠯᠲᠠ  ᠶᠢᠨ ᠪᠦᠲᠤᠭᠡᠨ ᠪᠠᠶᠢᠭᠤᠯᠤᠯᠲᠠ  ᠶᠢ ᠲᠦᠷᠭᠡᠳᠭᠡᠨ ᠲᠦᠯᠬᠢᠨ ᠠᠬᠢᠭᠤᠯᠵᠤ  ᠂ ᠮᠠᠲᠡᠭᠡ ᠵᠠᠩᠬᠢ  ᠶᠢᠨ ᠲᠠᠪᠴᠠᠩ  ᠳᠤ ᠬᠦᠴᠤᠨ ᠪᠦᠬᠦᠢ  ᠪᠠᠲᠤᠯᠠᠭ᠎ᠠ ᠬᠠᠩᠭᠠᠬᠤ ᠪᠤᠯᠤᠨ᠎ᠠ᠃ ᠬᠠᠤᠯᠢ ᠴᠠᠭᠠᠵᠠ ᠪᠠ ᠲᠦᠷᠤ  ᠶᠢᠨ ᠪᠤᠲᠤᠯᠭ᠎ᠠ  ᠶᠢᠨ ᠴᠢᠨᠠᠷᠲᠡᠢ ᠲᠦᠷᠢᠮ᠂ ᠤᠯᠠᠨ ᠨᠠᠶᠢᠲᠠ ᠪᠠᠷ  ᠢᠶᠠᠨ ᠤᠷᠤᠯᠴᠠᠬᠤ ᠲᠦᠷᠢᠮ᠂ ᠵᠠᠰᠠᠭ  ᠤᠨ ᠤᠷᠲᠤᠨ ᠪᠠ ᠠᠵᠤ ᠠᠬᠤᠶᠢᠯᠠᠯ ᠠᠵᠢᠯ ᠤᠶᠢᠯᠠᠰ  ᠤᠨ ᠨᠢᠭᠡᠴᠠ  ᠶᠢᠨ ᠬᠠᠷᠢᠭᠤᠴᠠᠯᠭ᠎ᠠ  ᠶᠢᠨ ᠲᠦᠷᠢᠮ  ᠢ ᠪᠠᠭᠲᠠᠭᠠᠭᠰᠠᠨ ᠠᠮᠢ ᠠᠬᠤᠢ  ᠶᠢᠨ ᠪᠤᠯᠪᠠᠰᠤᠨ  ᠤ  ᠪᠠᠶᠢᠭᠤᠯᠤᠯᠲᠠ  ᠶᠢᠨ ᠲᠤᠭᠲᠠᠯᠴᠠᠭ᠎ᠠ  ᠶᠢ ᠰᠦᠪᠡᠭᠴᠢᠯᠠᠨ ᠪᠠᠶᠢᠭᠤᠯᠤᠨ᠎ᠠ᠃ ᠡᠬᠢ ᠡᠬᠦᠰᠤᠯ  ᠠᠴᠠ ᠨᠢ ᠴᠢᠩᠭ᠎ᠠ ᠬᠠᠮᠠᠭᠠᠯᠠᠬᠤ ᠶᠢ ᠭᠡᠷᠡᠭᠵᠢᠬᠦᠯᠵᠤ᠂ ᠪᠠᠶᠢᠭᠠᠯᠢ  ᠶᠢᠨ ᠡᠬᠢ ᠪᠠᠶᠠᠯᠢᠭ  ᠢ ᠨᠢᠭᠡᠲᠤᠯᠲᠡᠢ ᠬᠠᠮᠢᠶᠠᠷᠬᠤ ᠲᠤᠭᠲᠠᠴᠠ ᠪᠠ  ᠨᠠᠬᠦᠷᠠᠰᠦᠳᠦ᠋ᠷᠦᠭᠴᠢ ᠭᠠᠲᠠᠭᠰᠢᠯᠠᠭᠤᠯᠬᠤ ᠡᠷᠭᠡ  ᠶᠢ ᠲᠠᠯᠪᠢᠬᠤ ᠰᠤᠯᠢᠯᠴᠠᠭ᠎ᠠ  ᠶᠢᠨ ᠲᠤᠭᠲᠠᠴᠠ  ᠶᠢ ᠪᠠᠶᠢᠭᠤᠯᠬᠤ  ᠶᠢ ᠴᠢᠷᠮᠠᠶᠢᠨ ᠲᠦᠯᠬᠢᠨ ᠠᠬᠢᠭᠤᠯᠤᠨ᠎ᠠ᠃ ᠭᠠᠲᠠᠭᠠᠲᠤ ᠲᠠᠢ ᠴᠢᠯᠤᠭᠡᠲᠡᠢ ᠶᠠᠪᠤᠯᠴᠠᠬᠤ ᠪᠠᠨ ᠪᠦᠬᠦ ᠲᠠᠯ᠎ᠠ ᠪᠠᠷ ᠦᠷᠭᠡᠳᠭᠡᠨ᠎ᠠ᠃ ᠶᠠᠭᠡᠪᠠᠷ ᠠᠷᠠᠯᠵᠢᠶᠠᠨ ᠤᠷᠢᠬᠤ᠂ ᠲᠤᠮᠤ ᠠᠷᠠᠯᠵᠢᠶᠠᠴᠢᠨ  ᠢ ᠤᠷᠢᠬᠤ᠂ ᠰᠢᠯᠢᠲᠡᠭ ᠠᠷᠠᠯᠵᠢᠶᠠᠴᠢᠨ ᠢ ᠤᠷᠢᠬᠤ  ᠪᠠᠶᠢᠯᠲᠤᠬᠤ ᠪᠤᠲᠤᠯᠭ᠎ᠠ ᠶᠢ ᠪᠠᠷᠢᠮᠲᠠᠯᠠᠵᠤ᠂  ᠠᠵᠤ ᠤᠶᠢᠯᠠᠰ  ᠤᠨ ᠰᠦᠷᠦᠭᠵᠢᠯ ᠪᠠ ᠠᠵᠤ ᠤᠶᠢᠯᠠᠰ  ᠤᠨ ᠭᠡᠯᠬᠢᠶ᠎ᠠ ᠪᠠᠷ ᠠᠷᠠᠯᠵᠢᠶᠠᠴᠢᠨ ᠤᠷᠢᠬᠤ ᠪᠠᠷ ᠭᠤᠤᠯᠲᠠᠯᠭ᠎ᠠ ᠪᠤᠯᠭᠠᠵᠤ᠂ ᠨᠢᠭᠡ ᠪᠦᠯᠦᠭ ᠰᠦᠷᠦᠭᠵᠢᠯ ᠮᠠᠶ᠋ᠢᠭ  ᠤᠨ᠂ ᠭᠡᠯᠬᠢᠶᠠᠵᠢᠭ᠍ᠰᠡᠨ᠂ ᠬᠠᠪᠲᠠᠭᠠᠢ ᠭᠡᠰᠡᠭ ᠮᠠᠶ᠋ᠢᠭ  ᠤᠨ ᠲᠦᠷᠤᠯ ᠵᠤᠶᠢᠯ  ᠢ ᠴᠢᠷᠮᠠᠶᠢᠨ ᠲᠠᠲᠠᠨ ᠤᠷᠤᠭᠤᠯᠤᠨ᠎ᠠ᠃ ᠠᠵᠤ ᠠᠬᠤᠶᠢᠯᠠᠯ  ᠤᠨ ᠠᠷᠠᠯᠵᠢᠶᠠᠴᠢᠨ ᠤᠷᠢᠬᠤ ᠭᠤᠤᠯ ᠴᠤᠭᠴᠠ  ᠶᠢᠨ ᠤᠶᠢᠯᠠᠲᠤᠯ  ᠢ ᠬᠦᠢᠴᠠᠳ ᠪᠠᠲᠠᠷᠠᠭᠤᠯᠵᠤ ᠂ ᠠᠷᠠᠯᠵᠢᠶ᠎ᠠ ᠪᠠᠷ ᠠᠷᠠᠯᠵᠢᠶᠠᠴᠢᠨ ᠤᠷᠢᠬᠤ᠂ ᠠᠷᠠᠯᠵᠢᠶᠠᠴᠢᠨ   ᠪᠠᠷ ᠠᠷᠠᠯᠵᠢᠶ᠎ᠠ  ᠶᠢ ᠠᠬᠢᠭᠤᠯᠬᠤ  ᠶᠢ ᠪᠠᠶᠠᠯᠠᠬᠦᠯᠬᠦ ᠪᠠᠷ ᠴᠢᠷᠮᠠᠶᠢᠨ᠎ᠠ᠃ ᠡᠷᠬᠢᠨ ᠲᠤᠭᠤᠷᠢᠨ  ᠤ ᠭᠠᠵᠠᠷ ᠤᠷᠤᠨ ᠪᠤᠯᠤᠨ ᠬᠦᠭᠵᠢᠭᠰᠡᠨ ᠬᠤᠲᠠ ᠯᠤᠭ᠎ᠠ  ᠶᠢᠨ ᠬᠦᠨᠲᠡᠯᠠᠨ ᠬᠠᠮᠲᠤᠷᠠᠯᠴᠠᠭ᠎ᠠ ᠪᠠᠨ ᠴᠢᠩᠭᠠᠳᠬᠠᠵᠤ᠂ ᠵᠠᠬᠦᠨ ᠬᠤᠶᠢᠲᠤ ᠤᠷᠤᠨ ᠯᠤᠭ᠎ᠠ  ᠶᠢᠨ ᠴᠢᠯᠤᠭᠡᠲᠡᠢ ᠶᠠᠪᠤᠯᠴᠠᠬᠤ ᠬᠠᠮᠵᠢᠯᠴᠠᠭ᠎ᠠ  ᠶᠢᠨ ᠲᠦᠪᠰᠢᠨ  ᠢᠶᠠᠨ ᠪᠦᠬᠦ ᠲᠠᠯ᠎ᠠ ᠪᠠᠷ ᠲᠠᠭᠡᠭᠰᠢᠯᠠᠬᠦᠯᠵᠤ᠂  ᠲᠠᠯᠠᠢ  ᠲᠠᠭᠠᠤ ᠬᠢ ᠬᠦᠭᠵᠢᠭᠰᠡᠨ ᠭᠠᠵᠠᠷ ᠤᠷᠤᠨ  ᠤ ᠠᠵᠤ ᠤᠶᠢᠯᠠᠰ  ᠤᠨ ᠰᠢᠯᠵᠢᠯᠲᠠ ᠯᠤᠭ᠎ᠠ ᠢᠲᠠᠪᠬᠢᠲᠡᠢ ᠵᠤᠯᠭᠤᠯᠲᠤᠭᠤᠯᠤᠨ᠎ᠠ  ᠃ ︽ ᠲᠠᠪᠤᠨ ᠶᠡᠭᠡ ᠰᠠᠭᠤᠷᠢᠨ︾  ᠤ ᠪᠦᠲᠤᠭᠡᠨ ᠪᠠᠶᠢᠭᠤᠯᠤᠯᠲᠠ  ᠶᠢᠨ ᠲᠤᠭᠤᠷᠢᠨ  ᠳᠤ ᠬᠠᠨᠲᠤᠯᠭ᠎ᠠ ᠲᠠᠢ ᠪᠠᠷ ᠠᠷᠠᠯᠵᠢᠶᠠᠴᠢᠨ ᠤᠷᠢᠬᠤ  ᠶᠢ ᠭᠡᠷᠡᠭᠵᠢᠬᠦᠯᠵᠤ᠂ ᠲᠠᠶᠢᠴᠢᠯᠠᠬᠤ ᠬᠦᠴᠤᠨ ᠲᠠᠢ᠂ ᠦᠰᠤᠨ ᠪᠤᠶᠢᠵᠢᠯᠲᠠ  ᠶᠢᠨ ᠴᠢᠨᠠᠷ ᠲᠠᠢ  ᠂ ᠬᠠᠷᠢᠯᠴᠠᠨ ᠲᠦᠬᠦᠷᠵᠢᠬᠦᠯᠬᠦ ᠠᠵᠤ ᠠᠬᠤᠶᠢᠯᠠᠯ ᠪᠠ ᠠᠵᠤ ᠤᠶᠢᠯᠠᠰ  ᠢ ᠭᠤᠤᠯᠲᠠᠯᠭ᠎ᠠ ᠲᠠᠢ ᠲᠠᠲᠠᠨ ᠤᠷᠤᠭᠤᠯᠵᠤ᠂ ᠪᠦᠬᠦ ᠵᠢᠯ  ᠳᠤ32 ᠳ᠋ᠦᠩᠰᠢᠭᠤᠷ ᠲᠦᠬᠦᠷᠢᠭ  ᠤᠨ ᠠᠷᠠᠯᠵᠢᠶᠠᠴᠢᠨ ᠤᠷᠢᠵᠤ ᠪᠠᠯᠨ ᠤᠷᠤᠭᠤᠯᠬᠤ ᠪᠠᠯᠨ ᠮᠦᠩᠬᠦ  ᠶᠢ ᠤᠷᠤᠨ ᠪᠠᠶᠢᠷᠢ ᠳᠤᠨᠢ ᠬᠦᠷᠭᠡᠨ᠎ᠠ  ᠃︵ ᠲᠤᠯᠤᠭ᠎ᠠ︶ ᠠᠷᠠᠳ  ᠤᠨ ᠠᠮᠢᠲᠤᠷᠠᠯ ᠨᠠᠶᠢᠭᠡᠮ  ᠤᠨ ᠤᠶᠢᠯᠠᠰ  ᠢ ᠭᠤᠶᠢᠪᠢᠰᠢ ᠦᠭᠡᠢ ᠬᠦᠭᠵᠢᠬᠦᠯᠵᠤ᠂ ᠨᠠᠶᠢᠭᠡᠮ ᠠᠷᠠᠳ  ᠤᠨ ᠠᠮᠢᠲᠤᠷᠠᠯ  ᠤᠨ ᠠᠰᠠᠭᠤᠲᠠᠯ  ᠢ ᠰᠢᠢᠳᠪᠤᠷᠢᠯᠠᠬᠦ ᠲᠠᠭᠡᠷ᠎ᠠ ᠰᠢᠨ᠎ᠠ ᠦᠷ᠎ᠠ ᠪᠦᠲᠤᠮᠵᠢ  ᠶᠢ  ᠡᠬᠦᠳᠬᠦ ᠪᠠᠷ ᠴᠢᠷᠮᠠᠶᠢᠨ᠎ᠠ᠃ᠠᠷᠠᠳ  ᠤᠨ ᠠᠮᠢᠲᠤᠷᠠᠯ  ᠢ ᠬᠠᠯᠠᠮᠵᠢᠯᠠᠬᠤ ᠶᠢ ᠨᠢᠭᠡᠲᠤᠭᠡᠷ ᠬᠠᠷᠢᠭᠤᠴᠠᠯᠭ᠎ᠠ ᠪᠠᠨ ᠪᠤᠯᠭᠠᠬᠤ  ᠶᠢ ᠪᠠᠷᠢᠮᠲᠠᠯᠠᠵᠤ᠂ ᠤᠯᠠᠨ ᠲᠦᠮᠠᠨ  ᠳᠤ ᠦᠭᠡᠷᠠᠴᠢᠯᠠᠯᠲᠠ ᠬᠦᠭᠵᠢᠯᠲᠠ  ᠶᠢᠨ ᠦᠷ᠎ᠠ ᠪᠦᠲᠤᠭᠡᠯ  ᠢ ᠬᠠᠮᠲᠤ ᠪᠠᠷ ᠡᠳ᠋ᠯᠠᠬᠦᠯᠬᠦ  ᠶᠢ ᠯᠠᠪᠲᠡᠢ ᠪᠠᠲᠤᠯᠠᠬᠤ ᠭᠡᠷᠡᠭᠲᠡᠢ᠃ ᠨᠠᠶᠢᠭᠡᠮ  ᠤᠨ ᠤᠶᠢᠯᠠᠰ  ᠢ ᠪᠦᠬᠦ ᠲᠠᠯ᠎ᠠ ᠪᠠᠷ ᠬᠦᠭᠵᠢᠬᠦᠯᠤᠨ᠎ᠠ᠃ ︽ ᠠᠯᠪᠠᠨ ᠵᠢᠷᠤᠮ  ᠤᠨ ᠰᠤᠷᠭᠠᠨ ᠬᠦᠮᠤᠵᠢᠯ  ᠤᠨ ᠬᠦᠭᠵᠢᠯᠲᠠ ᠦᠨᠲᠤᠰᠤᠨ ᠳᠡᠭᠡᠨ ᠲᠠᠩᠴᠠᠬᠦᠷᠢᠰᠢᠭᠰᠡᠨ ᠰᠢᠶᠠᠨ︾  ᠢ ᠡᠬᠦᠳᠬᠦ ᠪᠠᠷ ᠪᠦᠬᠦ ᠲᠠᠯ᠎ᠠ ᠪᠠᠷ ᠴᠢᠷᠮᠠᠶᠢᠵᠤ᠂ ᠦᠪᠠᠷᠲᠠᠭᠡᠨ ᠵᠠᠰᠠᠬᠤ ᠤᠷᠤᠨ  ᠤ ᠠᠯᠪᠠᠨ ᠵᠢᠷᠤᠮ  ᠤᠨ ᠰᠤᠷᠭᠠᠨ ᠬᠦᠮᠤᠵᠢᠯ  ᠢ ᠲᠠᠩᠴᠠᠬᠦᠷᠢᠲᠡᠢ ᠬᠦᠭᠵᠢᠬᠦᠯᠬᠦ ᠶᠢ ᠵᠢᠭᠠᠨ ᠵᠢᠯᠤᠭᠤᠳᠴᠤ  ᠦᠨᠠᠯᠠᠬᠦ ᠲᠤᠭᠤᠶᠢᠯᠠᠩ  ᠤᠨ ᠰᠢᠯᠭᠠᠨ ᠠᠪᠤᠯᠲᠠ  ᠶᠢ ᠬᠦᠯᠢᠶᠠᠨ ᠠᠪᠬᠤ ᠪᠠ ᠤᠷᠤᠭᠰᠢᠲᠡᠢ ᠦᠩᠭᠡᠷᠠᠭᠡᠵᠤ᠂ ᠰᠤᠷᠭᠠᠨ ᠬᠦᠮᠤᠵᠢᠯ  ᠤᠨ ᠡᠬᠢ ᠪᠠᠶᠠᠯᠢᠭ᠂ ᠪᠠᠭᠰᠢ  ᠶᠢᠨ ᠡᠬᠢ ᠪᠠᠶᠠᠯᠢᠭ  ᠤᠨ ᠲᠠᠩᠴᠠᠬᠦᠷᠢᠲᠡᠢ ᠬᠦᠭᠵᠢᠯᠲᠠ  ᠶᠢ ᠪᠠᠶᠠᠯᠠᠬᠦᠯᠤᠨ᠎ᠠ᠃  ᠰᠤᠷᠭᠠᠨ ᠬᠦᠮᠤᠵᠢᠯ  ᠤᠨ ᠤᠷᠤᠭᠤᠯᠤᠯᠲᠠ ᠪᠠᠨ ᠦᠷᠬᠦᠯᠵᠢᠯᠠᠨ ᠨᠠᠮᠡᠭᠲᠠᠬᠦᠯᠵᠤ᠂ ᠬᠤᠰᠢᠭᠤᠨ  ᠤ ᠨᠢᠭᠡᠲᠤᠭᠡᠷ ᠲᠤᠷᠰᠢᠯᠲᠠ ᠶᠢᠨ ᠪᠠᠭ᠎ᠠ ᠰᠤᠷᠭᠠᠭᠤᠯᠢ  ᠶᠢᠨ ᠤᠶᠢᠯᠠᠲᠤᠯᠲᠤ ᠬᠢᠴᠢᠶᠠᠯ  ᠤᠨ ᠭᠡᠷ ᠵᠠᠷᠭᠡ ᠭᠤᠤᠯᠲᠠᠯᠭ᠎ᠠ ᠲᠠᠢ ᠪᠦᠲᠤᠭᠡᠨ ᠪᠠᠶᠢᠭᠤᠯᠤᠯᠲᠠ  ᠶᠢᠨ ᠲᠦᠷᠤᠯ ᠵᠤᠶᠢᠯ  ᠢ ᠯᠠᠪᠲᠠᠭᠤᠨ  ᠢᠶᠠᠷ ᠭᠡᠷᠡᠭᠵᠢᠬᠦᠯᠵᠤ᠂ ᠰᠤᠷᠭᠠᠭᠤᠯᠢ ᠡᠷᠬᠢᠯᠠᠬᠦ ᠨᠦᠬᠦᠴᠠᠯ ᠢ ᠨᠢ ᠲᠠᠰᠤᠷᠠᠯᠲᠠ ᠦᠭᠡᠢ ᠰᠠᠶᠢᠵᠢᠷᠠᠭᠤᠯᠵᠤ᠂ ᠵᠢᠭᠠᠨ ᠰᠤᠷᠭᠠᠬᠤ ᠶᠠᠰᠤ ᠴᠢᠨᠠᠷ  ᠢ ᠲᠠᠭᠡᠭᠰᠢᠯᠠᠬᠦᠯᠬᠦ ᠭᠡᠷᠡᠭᠲᠡᠢ᠃ ᠰᠢᠨᠵᠢᠯᠡᠭᠡ ᠮᠠᠷᠭᠡᠵᠢᠯ  ᠤᠨ ᠲᠠᠪᠰᠢᠯᠲᠠ  ᠶᠢ ᠶᠠᠭᠡᠪᠠᠷ ᠲᠦᠯᠬᠢᠨ ᠠᠬᠢᠭᠤᠯᠵᠤ᠂ ᠤᠯᠠᠨ ᠠᠷᠭ᠎ᠠ ᠵᠠᠮ  ᠢᠶᠠᠷ ᠰᠢᠨᠵᠢᠯᠡᠭᠡ ᠮᠠᠷᠭᠡᠵᠢᠯ  ᠤᠨ ᠤᠷᠤᠭᠤᠯᠤᠯᠲᠠ ᠪᠠᠨ ᠨᠠᠮᠡᠭᠲᠠᠬᠦᠯᠵᠤ᠂ ᠤᠯᠠᠨ ᠲᠠᠰ ᠲᠠᠪᠬᠤᠷᠭ᠎ᠠ ᠪᠠᠷ ᠰᠢᠨᠵᠢᠯᠡᠭᠡ ᠮᠠᠷᠭᠡᠵᠢᠯ  ᠤᠨ ᠪᠤᠯᠪᠠᠰᠤᠷᠠᠯ ᠡᠷᠬᠢᠯᠠᠵᠤ᠂ ᠪᠦᠬᠦ ᠤᠯᠤᠰ  ᠤᠨ ᠰᠢᠨᠵᠢᠯᠡᠭᠡ ᠮᠠᠷᠭᠡᠵᠢᠯ  ᠤᠨ ᠲᠠᠪᠰᠢᠯᠲᠠ  ᠶᠢᠨ ᠲᠠᠷᠢᠬᠦᠨ  ᠤ ᠬᠤᠰᠢᠭᠤ  ᠶᠢ ᠡᠬᠦᠳᠬᠦ  ᠪᠠᠷ ᠢᠲᠠᠪᠬᠢᠲᠡᠢ ᠴᠢᠷᠮᠠᠶᠢᠬᠤ ᠭᠡᠷᠡᠭᠲᠡᠢ᠃ ᠰᠢᠶᠠᠨ  ᠤ ᠱᠠᠲᠤᠨ  ᠤ ᠠᠯᠪᠠᠨ  ᠠᠴᠠ ᠡᠷᠬᠢᠯᠡᠭᠰᠠᠨ ᠡᠮᠨᠠᠯᠭᠡ  ᠶᠢᠨ ᠶᠠᠷᠤᠩᠭᠡᠶᠢᠯᠡᠭᠰᠠᠨ ᠦᠭᠡᠷᠠᠴᠢᠯᠠᠯᠲᠠ  ᠶᠢ ᠪᠦᠬᠦ ᠲᠠᠯ᠎ᠠ ᠪᠠᠷ ᠬᠦᠨᠵᠠᠭᠡᠶᠢᠷᠠᠬᠦᠯᠵᠤ᠂ ᠡᠮᠨᠠᠯᠭᠡ ᠡᠷᠠᠬᠦᠯ ᠬᠠᠮᠠᠭᠠᠯᠠᠯ  ᠤᠨ  ᠰᠠᠭᠤᠷᠢ ᠲᠦᠬᠦᠭᠡᠷᠤᠮᠵᠢ  ᠶᠢᠨ ᠪᠦᠲᠤᠭᠡᠨ ᠪᠠᠶᠢᠭᠤᠯᠤᠯᠲᠠ  ᠶᠢ ᠴᠢᠩᠭᠠᠳᠬᠠᠵᠤ᠂ ᠢᠮᠢᠨ ᠪᠠᠯᠭᠠᠰᠤ  ᠶᠢᠨ ᠡᠷᠠᠬᠦᠯ ᠬᠠᠮᠠᠭᠠᠯᠠᠯ  ᠤᠨ ᠬᠤᠷᠢᠶ᠎ᠠ ᠵᠠᠷᠭᠡ 3ᠰᠠᠭᠤᠷᠢ ᠡᠷᠠᠬᠦᠯ ᠬᠠᠮᠠᠭᠠᠯᠠᠯ  ᠤᠨ ᠬᠤᠷᠢᠶ᠎ᠠ  ᠶᠢ ᠠᠵᠢᠯ  ᠢ ᠨᠢ ᠡᠬᠢᠯᠠᠬᠦᠯᠤᠨ ᠪᠦᠲᠤᠭᠡᠨ ᠪᠠᠶᠢᠭᠤᠯᠤᠨ᠎ᠠ ᠃ ᠡᠷᠠᠬᠦᠯ ᠬᠠᠮᠠᠭᠠᠯᠠᠯ  ᠤᠨ ᠲᠦᠷᠢᠮ  ᠤᠨ ᠦᠭᠡᠷᠠᠴᠢᠯᠠᠯᠲᠠ  ᠶᠢ ᠦᠷᠬᠦᠯᠵᠢᠯᠠᠨ ᠬᠦᠨᠵᠠᠭᠡᠶᠢᠷᠠᠬᠦᠯᠵᠤ᠂  ᠬᠤᠰᠢᠭᠤ ᠪᠠᠷ ᠲᠦᠪ ᠪᠤᠯᠭᠠᠨ᠂ ᠬᠦᠲᠡᠭᠡ ᠲᠤᠰᠬᠤᠨ ᠪᠠᠷ ᠭᠤᠤᠯᠲᠠᠯᠭ᠎ᠠ ᠪᠤᠯᠭᠠᠵᠤ᠂ ᠨᠡᠶᠢᠭᠡᠮ ᠲᠤᠭᠤᠷᠢᠭ  ᠢᠶᠠᠷ ᠨᠦᠬᠦᠪᠤᠷᠢ ᠪᠤᠯᠭᠠᠭᠰᠠᠨ ᠰᠢᠨ᠎ᠠ ᠮᠠᠶ᠋ᠢᠭ  ᠤᠨ ᠡᠮᠨᠠᠯᠭᠡ  ᠶᠢᠨ ᠤᠶᠢᠯᠠᠴᠢᠯᠠᠭᠡᠨ  ᠤ ᠲᠤᠭᠲᠠᠯᠴᠠᠭ᠎ᠠ ᠶᠢ ᠪᠠᠶᠢᠭᠤᠯᠤᠨ᠎ᠠ᠃ ᠲᠦᠯᠤᠪᠯᠠᠭᠡᠲᠤ ᠦᠷᠠᠵᠢᠯ  ᠤᠨ ᠠᠰᠢᠭ ᠲᠤᠰᠠ  ᠶᠢᠨ ᠬᠦᠲᠤᠯᠤᠮᠵᠢ  ᠶᠢᠨ ᠲᠤᠭᠲᠠᠯᠴᠠᠭ᠎ᠠ ᠪᠠ ᠱᠠᠩᠨᠠᠵᠤ ᠨᠦᠬᠦᠪᠤᠷᠢᠯᠠᠬᠦ ᠲᠦᠷᠤ  ᠶᠢᠨ ᠪᠤᠲᠤᠯᠭ᠎ᠠ  ᠶᠢᠨ ᠨᠠᠶᠢᠲᠠᠪᠤᠷᠢᠵᠢᠭᠤᠯᠤᠯᠲᠠ  ᠶᠢ ᠠᠯᠬᠤᠮ ᠴᠢᠨᠠᠭᠰᠢᠲᠠ ᠲᠦᠯᠬᠢᠨ ᠠᠬᠢᠭᠤᠯᠤᠨ᠎ᠠ᠃  ︽ᠪᠦᠬᠦ ᠤᠯᠤᠰ  ᠤᠨ ᠦᠨᠲᠤᠰᠤᠲᠠᠨ  ᠤ ᠪᠦᠯᠬᠦᠮᠲᠠᠯ ᠲᠠᠪᠰᠢᠯᠲᠠ  ᠶᠢᠨ ᠠᠵᠢᠯᠯᠠᠭ᠎ᠠ  ᠶᠢᠨ ᠵᠢᠱᠢᠶ᠎ᠠ ᠦᠵᠠᠬᠦᠯᠬᠦ ᠬᠤᠰᠢᠭᠤ︾  ᠶᠢᠨ ᠦᠷ᠎ᠠ ᠪᠦᠲᠤᠭᠡᠯ  ᠢ ᠪᠠᠲᠤᠳᠬᠠᠵᠤ᠂ ᠦᠨᠲᠤᠰᠤᠲᠠᠨ  ᠤ ᠪᠦᠯᠬᠦᠮᠲᠠᠯ  ᠤᠨ ᠦᠵᠠᠰᠬᠦᠯᠡᠭᠲᠤ ᠰᠠᠶᠢᠬᠠᠨ ᠦᠵᠠᠮᠵᠢ  ᠶᠢᠨ ᠤᠷᠤᠨ  ᠢ ᠴᠢᠷᠮᠠᠶᠢᠨ ᠡᠬᠦᠲᠤᠨ᠎ᠠ᠃ ᠤᠯᠠᠨ ᠨᠠᠶᠢᠲᠠ  ᠶᠢᠨ ᠰᠤᠶᠤᠯ  ᠤᠨ ᠤᠶᠢᠯᠠᠴᠢᠯᠠᠭᠡᠨ  ᠤ  ᠪᠠᠷᠢᠮᠵᠢᠶᠠᠵᠢᠭᠰᠠᠨ ᠪᠦᠲᠤᠭᠡᠨ ᠪᠠᠶᠢᠭᠤᠯᠤᠯᠲᠠ  ᠶᠢᠨ ᠲᠤᠷᠰᠢᠯᠲᠠ  ᠶᠢᠨ ᠴᠢᠭ᠋ ᠪᠠ ᠦᠪᠠᠷᠲᠠᠭᠡᠨ ᠵᠠᠰᠠᠬᠤ ᠤᠷᠤᠨ  ᠤ ᠲᠠᠰ  ᠤᠨ ᠦᠨᠲᠤᠰᠤᠲᠠᠨ  ᠤ ᠰᠤᠶᠤᠯ  ᠠᠮᠢ ᠠᠬᠤᠢ  ᠶᠢᠨ ᠬᠠᠮᠠᠭᠠᠯᠠᠯᠲᠠ  ᠶᠢᠨ ᠤᠷᠤᠨ  ᠤ ᠪᠦᠲᠤᠭᠡᠨ ᠪᠠᠶᠢᠭᠤᠯᠤᠯᠲᠠ  ᠶᠢ ᠪᠦᠬᠦ ᠬᠦᠴᠤᠨ ᠢᠶᠠᠷ  ᠢᠶᠠᠨ ᠰᠠᠶᠢᠲᠤᠷ ᠬᠢᠬᠦ ᠭᠡᠷᠡᠭᠲᠡᠢ᠃ ᠬᠠᠷᠠᠭᠠᠯᠵᠠᠭᠲᠠᠬᠤ ᠡᠲᠠᠭᠡᠳ ᠲᠤ ᠠᠰᠠᠷᠠᠮᠵᠢ ᠶᠢᠨ ᠨᠦᠬᠦᠪᠤᠷᠢ ᠦᠭᠬᠦ ᠪᠠᠷᠢᠮᠵᠢᠶ᠎ᠠ  ᠶᠢ ᠲᠤᠭᠲᠠᠭᠤᠨ  ᠢᠶᠠᠷ ᠲᠠᠭᠡᠭᠰᠢᠯᠠᠬᠦᠯᠵᠤ᠂ ᠴᠡᠷᠢᠭ  ᠤᠨ ᠠᠯᠪᠠᠨ  ᠠᠴᠠ ᠪᠠᠭᠤᠭᠰᠠᠨ ᠪᠠᠶᠢᠯᠲᠤᠭᠴᠢ ᠶᠢ ᠲᠦᠪᠬᠢᠨᠡᠬᠦᠯᠬᠦ ᠦᠭᠡᠷᠠᠴᠢᠯᠠᠯᠲᠠ  ᠶᠢᠨ ᠲᠦᠬᠦᠷᠵᠢᠭᠰᠡᠨ ᠠᠷᠭ᠎ᠠ ᠭᠡᠮᠵᠢᠶ᠎ᠠ  ᠶᠢ ᠲᠠᠬᠦᠯᠲᠠᠷᠵᠢᠬᠦᠯᠵᠤ᠂ ᠮᠠᠨ  ᠤ ᠬᠤᠰᠢᠭᠤ  ᠶᠢᠨ ᠵᠠᠯᠭᠠᠪᠠᠷ ᠲᠦᠷᠪᠠᠨ ᠤᠲᠠᠭ᠎ᠠ ︽ᠬᠤᠶᠠᠷ  ᠢ ᠬᠦᠷᠢᠶᠠᠯᠠᠬᠦ  ᠵᠢᠱᠢᠶᠠᠴᠢ ᠬᠤᠰᠢᠭᠤ︾  ᠪᠤᠯᠬᠤ ᠬᠠᠷᠠᠯᠲᠠ  ᠶᠢ ᠪᠠᠶᠠᠯᠠᠬᠦᠯᠬᠦ ᠪᠠᠷ ᠴᠢᠷᠮᠠᠶᠢᠬᠤ ᠭᠡᠷᠡᠭᠲᠡᠢ᠃ ᠠᠷᠠᠳ  ᠤᠨ ᠠᠮᠢᠲᠤᠷᠠᠯ  ᠢ ᠰᠠᠶᠢᠵᠢᠷᠠᠭᠤᠯᠬᠤ   ᠶᠢ ᠦᠨᠠᠨᠬᠦ ᠲᠦᠯᠬᠢᠨ ᠠᠬᠢᠭᠤᠯᠤᠨ᠎ᠠ᠃ ᠶᠠᠲᠠᠭᠤ ᠶᠢ ᠲᠠᠳᠬᠦᠬᠦ ᠪᠠᠬᠢᠯᠠᠯᠲᠠ ᠲᠠᠭᠠᠷᠢᠬᠤ  ᠢᠨᠵᠧᠨᠧᠷᠢᠩ  ᠢ ᠯᠠᠪᠲᠠᠭᠤᠨ  ᠢᠶᠠᠷ ᠭᠡᠷᠡᠭᠵᠢᠬᠦᠯᠵᠤ᠂ ︽ ᠭᠤᠷᠪᠠ ᠶᠢ ᠬᠦᠲᠡᠭᠡ ᠬᠦᠷᠭᠡᠵᠤ᠂ ᠭᠤᠷᠪᠠ ᠶᠢ ᠡᠷᠤᠭᠡ  ᠳᠤ ᠬᠦᠷᠭᠡᠬᠦ︾  ᠪᠠ ᠮᠦᠩᠬᠦᠨ ᠬᠦᠢᠯᠭᠡᠭᠡ ᠪᠠᠷ ᠶᠠᠲᠠᠭᠤ  ᠶᠢ ᠲᠠᠳᠬᠦᠵᠤ ᠠᠷᠠᠳ  ᠢ ᠴᠢᠨᠠᠭᠡᠯᠢᠭᠵᠢᠬᠦᠯᠬᠦ ᠢᠨᠵᠧᠨᠧᠷᠢᠩ  ᠢ ᠭᠡᠷᠡᠭᠵᠢᠬᠦᠯᠵᠤ᠂  ᠲᠤᠭᠲᠠᠮᠠᠯ ᠴᠢᠭ᠋  ᠤᠨ ᠶᠠᠲᠠᠭᠤ  ᠶᠢ ᠲᠠᠳᠬᠦᠬᠦ᠂ ᠤᠲᠤᠷᠢᠳᠬᠤ ᠺᠠᠳ᠋ᠷ ᠶᠠᠲᠠᠭᠤ ᠰᠤᠮᠤ ᠭᠠᠴᠠᠭ᠎ᠠ ᠲᠠᠢ ᠬᠠᠷᠢᠯᠴᠠᠬᠤ  ᠂ ᠬᠦᠲᠡᠭᠡ ᠲᠤᠰᠬᠤᠨ  ᠳᠤ ᠰᠠᠭᠤᠭ᠎ᠠ   ᠠᠵᠢᠯᠯᠠᠬᠤ ᠲᠤᠭᠤᠶᠢᠯᠠᠩ  ᠠᠴᠠ ᠶᠠᠲᠠᠭᠤ ᠬᠦᠴᠢᠷᠲᠠᠯᠲᠡᠢ ᠡᠷᠤᠭᠡ ᠶᠢ  ᠬᠠᠪᠰᠤᠷᠤᠨ ᠲᠠᠮᠵᠢᠬᠦ ᠬᠠᠷᠢᠭᠤᠴᠠᠯᠭᠠᠲᠠᠨ  ᠤ ᠲᠦᠷᠢᠮ  ᠢ ᠪᠦᠬᠦ ᠲᠠᠯ᠎ᠠ ᠪᠠᠷ ᠲᠤᠤᠱᠯᠠᠭᠤᠯᠵᠤ᠂ 15 ᠭᠠᠴᠠᠭ᠎ᠠ  ᠶᠢᠨ ᠤᠶᠢᠯᠠᠳᠪᠤᠷᠢᠯᠠᠯ ᠠᠮᠢᠲᠤᠷᠠᠯ  ᠤᠨ ᠨᠦᠬᠦᠴᠠᠯ  ᠢ ᠰᠠᠶᠢᠵᠢᠷᠠᠭᠤᠯᠵᠤ᠂ ᠪᠦᠬᠦ ᠵᠢᠯ  ᠤᠨ535 ᠬᠦᠮᠤᠨ  ᠢ ᠲᠤᠭᠲᠠᠭᠤᠨ  ᠢᠶᠠᠷ ᠶᠠᠲᠠᠭᠤ  ᠠᠴᠠ ᠠᠩᠬᠢᠵᠢᠷᠠᠭᠤᠯᠵᠤ᠂ ᠶᠠᠲᠠᠭᠤ ᠬᠦᠴᠢᠷᠲᠠᠯᠲᠡᠢ ᠭᠠᠴᠠᠭ᠎ᠠ  ᠶᠢᠨ ᠶᠠᠲᠠᠭᠤ ᠡᠷᠤᠭᠡ  ᠶᠢᠨ ᠬᠦᠮᠤᠨ ᠲᠤᠮᠲᠠᠴᠢ  ᠶᠢᠨ ᠤᠷᠤᠯᠭ᠎ᠠ ᠶᠢ  15%   ᠠᠴᠠ ᠲᠠᠭᠡᠭᠰᠢ ᠨᠠᠮᠡᠭᠲᠠᠬᠦᠯᠬᠦ  ᠶᠢ ᠪᠠᠶᠠᠯᠠᠬᠦᠯᠤᠨ᠎ᠠ᠃ ᠤᠶᠢᠯᠠᠰ ᠪᠤᠰᠬᠠᠵᠤ  ᠠᠵᠢᠯ ᠤᠯᠭᠤᠬᠤ ᠢᠨᠵᠧᠨᠧᠷᠢᠩ  ᠤᠨ ᠬᠦᠨᠵᠠᠭᠡᠢ ᠦᠷᠨᠢᠭᠲᠡᠬᠦ ᠶᠢ ᠲᠦᠯᠬᠢᠨ ᠠᠬᠢᠭᠤᠯᠵᠤ᠂ ᠬᠤᠲᠠ ᠪᠠᠯᠭᠠᠰᠤ  ᠶᠢᠨ ᠠᠵᠢᠯ ᠤᠯᠭᠤᠯᠲᠠ ᠵᠢᠴᠢ ᠲᠠᠷᠢᠶᠠᠴᠢᠨ ᠮᠠᠯᠴᠢᠳ  ᠢ ᠰᠢᠯᠵᠢᠬᠦᠯᠤᠨ ᠠᠵᠢᠯ ᠤᠯᠭᠤᠬᠤ ᠠᠵᠢᠯ  ᠢ ᠯᠠᠪᠲᠠᠭᠤᠨ ᠰᠠᠶᠢᠲᠤᠷ ᠬᠢᠵᠤ᠂ ᠤᠷᠲᠤ ᠬᠤᠭᠤᠴᠠᠭᠠᠨ  ᠤ ᠪᠦᠲᠤᠮᠵᠢᠲᠡᠢ ᠬᠠᠪᠰᠤᠷᠤᠨ ᠲᠤᠰᠠᠯᠠᠬᠤ ᠪᠠ ᠠᠵᠢᠯ ᠤᠯᠭᠤᠬᠤ ᠲᠤᠰᠠᠯᠠᠮᠵᠢ  ᠶᠢᠨ ᠲᠦᠷᠢᠮ  ᠢ ᠪᠦᠷᠢᠨᠰᠢᠬᠦᠯᠤᠨ᠎ᠠ᠃ ᠤᠶᠢᠯᠠᠰ ᠪᠤᠰᠬᠠᠯᠲᠠ ᠠᠵᠢᠯ ᠤᠯᠭᠤᠯᠲᠠ  ᠶᠢᠨ ᠪᠤᠯᠪᠠᠰᠤᠷᠠᠭᠤᠯᠤᠯ  ᠢ ᠭᠤᠤᠯᠲᠠᠯᠭ᠎ᠠ ᠲᠠᠢ ᠰᠠᠶᠢᠲᠤᠷ ᠠᠳᠬᠤᠵᠤ᠂ ᠤᠯᠠᠨ ᠨᠠᠶᠢᠲᠠ  ᠶᠢᠨ ᠠᠵᠢᠯ ᠤᠯᠭᠤᠬᠤ ᠤᠶᠢᠯᠠᠴᠢᠯᠠᠭᠡᠨ  ᠤ ᠴᠢᠲᠠᠪᠤᠷᠢ ᠶᠢ ᠪᠦᠬᠦ ᠲᠠᠯ᠎ᠠ ᠲᠠᠭᠡᠭᠰᠢᠯᠠᠬᠦᠯᠤᠨ᠎ᠠ︔ ᠤᠶᠢᠯᠠᠰ ᠪᠤᠰᠬᠠᠯᠲᠠ  ᠶᠢᠨ ᠬᠦᠷᠢᠶᠠᠯᠠᠩ ᠪᠠ ᠨᠡᠪᠴᠢᠯᠠᠬᠦᠤᠷ  ᠤᠨ ᠰᠠᠭᠤᠷᠢᠨ  ᠤ ᠪᠦᠲᠤᠭᠡᠨ ᠪᠠᠶᠢᠭᠤᠯᠤᠯᠲᠠ  ᠶᠢ ᠦᠷᠬᠦᠯᠵᠢᠯᠠᠨ ᠲᠦᠯᠬᠢᠨ ᠠᠬᠢᠭᠤᠯᠵᠤ᠂ ᠤᠶᠢᠯᠠᠰ ᠪᠤᠰᠬᠠᠯᠲᠠ ᠪᠠᠷ ᠠᠵᠢᠯ ᠤᠯᠭᠤᠯᠲᠠ  ᠶᠢ ᠲᠠᠶᠢᠴᠢᠯᠠᠬᠤ ᠠᠵᠢᠯ  ᠤᠨ ᠰᠢᠨ᠎ᠠ ᠪᠠᠶᠢᠲᠠᠯ  ᠢ ᠪᠦᠷᠢᠯᠲᠤᠬᠦᠯᠬᠦ  ᠶᠢ ᠲᠦᠷᠭᠡᠳᠭᠡᠨ᠎ᠠ  ︔ ᠵᠠᠰᠠᠭ  ᠤᠨ ᠤᠷᠲᠤᠨ  ᠤ ᠠᠵᠢᠯ ᠤᠯᠭᠤᠯᠲᠠ  ᠳᠠᠬᠢ ᠵᠢᠯᠤᠭᠤᠳᠬᠤ ᠤᠶᠢᠯᠠᠴᠢᠯᠡᠭᠡ ᠶᠢ ᠴᠢᠩᠭᠠᠳᠬᠠᠵᠤ᠂ ᠠᠵᠤ ᠠᠬᠤᠶᠢᠯᠠᠯ ᠤᠨ ᠠᠵᠢᠯ ᠤᠯᠭᠤᠬᠤ ᠭᠤᠤᠯ ᠠᠷᠭ᠎ᠠ ᠵᠠᠮ  ᠤᠨ ᠤᠶᠢᠯᠠᠲᠤᠯ  ᠢ ᠪᠠᠲᠠᠷᠠᠭᠤᠯᠵᠤ᠂ ᠬᠤᠲᠠ ᠪᠠᠯᠭᠠᠰᠤᠨ  ᠤ ᠰᠢᠨ᠎ᠠ ᠪᠠᠷ ᠨᠠᠮᠡᠭᠲᠡᠭᠰᠠᠨ ᠠᠵᠢᠯ ᠤᠯᠭᠤᠭᠰᠠᠨ ᠬᠦᠮᠤᠨ 1700 ᠪᠤᠯᠪᠠ᠃ ᠨᠠᠶᠢᠭᠡᠮ  ᠤᠨ ᠪᠠᠲᠤᠯᠠᠭ᠎ᠠ  ᠶᠢᠨ ᠲᠤᠭᠲᠠᠯᠴᠠᠭ᠎ᠠ  ᠶᠢᠨ ᠪᠦᠲᠤᠭᠡᠨ ᠪᠠᠶᠢᠭᠤᠯᠤᠯᠲᠠ  ᠶᠢ ᠲᠠᠬᠦᠯᠲᠠᠷᠵᠢᠬᠦᠯᠵᠤ᠂ ᠨᠠᠶᠢᠭᠡᠮ  ᠤᠨ ᠲᠠᠭᠠᠳᠬᠠᠯ  ᠤᠨ ᠡᠯ᠎ᠠ ᠵᠤᠶᠢᠯ  ᠤᠨ ᠲᠦᠷᠢᠮ  ᠢ ᠪᠦᠷᠢᠨᠰᠢᠬᠦᠯᠵᠤ᠂ ᠨᠠᠶᠢᠭᠡᠮ  ᠤᠨ ᠨᠠᠰᠤᠵᠢᠯ  ᠤᠨ ᠲᠠᠭᠠᠳᠬᠠᠯ  ᠤᠨ ᠲᠤᠬᠠᠶᠢᠯᠠᠭᠰᠠᠨ ᠠᠵᠢᠯ ᠮᠠᠲᠡᠭᠡ ᠵᠠᠩᠬᠢ  ᠶᠢᠨ ᠰᠦᠯᠵᠢᠶᠠᠨ  ᠤ ᠲᠠᠪᠴᠠᠩ  ᠤᠨ ᠪᠦᠲᠤᠭᠡᠨ ᠪᠠᠶᠢᠭᠤᠯᠤᠯᠲᠠ ᠶᠢ ᠲᠦᠷᠭᠡᠳᠭᠡᠵᠤ᠂ ᠨᠠᠰᠤᠵᠢᠯ  ᠤᠨ ᠲᠠᠭᠠᠳᠬᠠᠯ  ᠤᠨ ᠰᠠᠭᠤᠷᠢ ᠮᠦᠩᠬᠦ  ᠶᠢᠨ ᠬᠠᠮᠢᠶᠠᠷᠤᠯᠲᠠ ᠪᠠ ᠭᠡᠷᠡᠭᠯᠡᠭᠡ ᠶᠢ ᠴᠢᠩᠭ᠎ᠠ ᠵᠢᠷᠤᠮᠵᠢᠭᠤᠯᠬᠤ ᠭᠡᠷᠡᠭᠲᠡᠢ᠃ ᠬᠤᠲᠠ ᠬᠦᠲᠡᠭᠡ  ᠶᠢᠨ ᠨᠠᠭᠠᠲᠤ ᠵᠠᠬ᠎ᠠ  ᠶᠢᠨ ᠠᠮᠢᠲᠤᠷᠠᠯ  ᠤᠨ ᠪᠠᠲᠤᠯᠠᠪᠤᠷᠢ ᠶᠢ ᠨᠢᠭᠡ ᠴᠤᠭᠴᠠᠵᠢᠭᠤᠯᠬᠤ ᠠᠵᠢᠯ  ᠤᠨ ᠦᠷ᠎ᠠ ᠪᠦᠲᠤᠭᠡᠯ  ᠢ ᠠᠯᠬᠤᠮ ᠴᠢᠨᠠᠭᠰᠢᠲᠠ ᠪᠠᠲᠤᠳᠬᠠᠵᠤ᠂ ᠮᠠᠯᠵᠢᠬᠤ ᠤᠷᠤᠨ  ᠤ ᠰᠢᠨ᠎ᠠ ᠮᠠᠶ᠋ᠢᠭ  ᠤᠨ ᠬᠤᠷᠰᠢᠭᠰᠠᠨ ᠡᠮᠨᠠᠯᠭᠡ  ᠶᠢᠨ ᠲᠦᠷᠢᠮ  ᠢ ᠲᠠᠬᠦᠯᠲᠠᠷᠵᠢᠬᠦᠯᠤᠨ᠎ᠠ᠃ ᠡᠮᠴᠢᠯᠠᠭᠡᠨ  ᠤ ᠠᠪᠤᠷᠠᠨ ᠲᠤᠰᠠᠯᠠᠯᠲᠠ  ᠶᠢᠨ  ︽ ᠨᠢᠭᠡ ᠦᠷᠲᠠᠭᠡᠨ  ᠤ ᠭᠡᠯᠪᠠᠷᠢ︾  ᠶᠢᠨ ᠤᠶᠢᠯᠠᠴᠢᠯᠠᠭᠡᠨ  ᠤ ᠲᠠᠪᠴᠠᠩ  ᠤᠨ ᠪᠦᠲᠤᠭᠡᠨ ᠪᠠᠶᠢᠭᠤᠯᠤᠯᠲᠠ ᠶᠢ ᠬᠦᠴᠤᠯᠠᠨ ᠲᠦᠯᠬᠢᠨ ᠠᠬᠢᠭᠤᠯᠵᠤ᠂  ᠪᠠᠶᠢᠭᠠᠯᠢ  ᠶᠢᠨ ᠭᠠᠮᠰᠢᠭ  ᠢ ᠠᠪᠤᠷᠠᠨ ᠲᠤᠰᠠᠯᠠᠬᠤ ᠪᠠᠴᠢᠮ ᠠᠷᠭᠠᠴᠠᠬᠤ ᠲᠦᠰᠤᠯ  ᠤᠨ ᠡᠲᠤᠷ ᠢᠷᠠᠬᠦᠶ᠎ᠠ ᠲᠠᠬᠦᠯᠲᠠᠷᠵᠢᠭ᠍ᠰᠡᠨ ᠲᠤᠭᠲᠠᠯᠴᠠᠭ᠎ᠠ ᠶᠢ ᠠᠯᠬᠤᠮ ᠠᠯᠬᠤᠮ ᠪᠠᠷ ᠪᠦᠷᠢᠯᠲᠤᠬᠦᠯᠤᠨ᠎ᠠ᠃ ᠨᠠᠰᠤᠲᠠᠨ  ᠢ ᠠᠰᠠᠷᠠᠬᠤ ᠪᠠᠶᠢᠭᠤᠯᠤᠮᠵᠢ  ᠶᠢᠨ ᠰᠠᠭᠤᠷᠢ ᠲᠦᠬᠦᠭᠡᠷᠤᠮᠵᠢ  ᠶᠢᠨ ᠪᠦᠲᠤᠭᠡᠨ ᠪᠠᠶᠢᠭᠤᠯᠤᠯᠲᠠ ᠶᠢ ᠴᠢᠩᠭᠠᠳᠬᠠᠵᠤ᠂ ᠮᠠᠯᠵᠢᠬᠤ ᠤᠷᠤᠨ  ᠤ 3  ᠰᠠᠭᠤᠷᠢ ᠨᠠᠰᠤᠲᠠᠨ  ᠢ ᠠᠰᠠᠷᠠᠬᠤ ᠬᠠᠷᠢᠯᠴᠠᠨ ᠲᠤᠰᠠᠯᠠᠯᠴᠠᠬᠤ ᠵᠤᠯ ᠵᠢᠷᠭᠠᠯ  ᠤᠨ ᠬᠦᠷᠢᠶᠠᠯᠠᠩ  ᠢ ᠪᠦᠲᠤᠭᠡᠨ ᠪᠠᠶᠢᠭᠤᠯᠬᠤ ᠲᠦᠷᠤᠯ ᠵᠤᠶᠢᠯ  ᠢ ᠪᠠᠶᠠᠯᠠᠬᠦᠯᠤᠨ᠎ᠠ᠃ ᠮᠠᠨ  ᠤ ᠬᠤᠰᠢᠭᠤᠨ  ᠤ ᠰᠢᠨ᠎ᠠ ᠨᠢᠭᠡ ᠡᠭᠡᠯᠵᠢ  ᠶᠢᠨ ᠤᠷᠤᠰᠢᠭᠤᠯᠭ᠎ᠠ  ᠶᠢᠨ ᠦᠭᠡᠷᠠᠴᠢᠯᠠᠯᠲᠠ  ᠶᠢᠨ ᠠᠵᠢᠯ  ᠢ ᠪᠦᠬᠦ ᠬᠦᠴᠤᠨ  ᠢᠶᠠᠷ  ᠢᠶᠠᠨ ᠰᠠᠶᠢᠲᠤᠷ ᠬᠢᠬᠦ ᠭᠡᠷᠡᠭᠲᠡᠢ᠃ ᠠᠷᠠᠳ ᠤᠯᠠᠨ  ᠢ ᠠᠮᠤᠭᠤᠯᠠᠩ ᠤᠷᠤᠨ ᠰᠠᠭᠤᠴᠠ ᠲᠠᠢ ᠪᠤᠯᠭᠠᠬᠤ  ᠢᠨᠵᠧᠨᠧᠷᠢᠩ  ᠢ ᠯᠠᠪᠲᠠᠭᠤᠨ  ᠢᠶᠠᠷ ᠲᠦᠯᠬᠢᠨ ᠠᠬᠢᠭᠤᠯᠵᠤ᠂ ᠪᠠᠶᠠᠨᠲᠤᠬᠤᠢ ᠪᠠᠯᠭᠠᠰᠤ  ᠶᠢᠨ ᠨᠤᠷᠠᠬᠤ ᠠᠶᠤᠯᠲᠡᠢ ᠭᠡᠷ ᠪᠠᠶᠢᠰᠢᠩ  ᠢ ᠵᠠᠰᠠᠨ ᠰᠢᠨᠠᠳᠭᠡᠬᠦ  ᠶᠢ ᠲᠦᠷᠭᠡᠳᠭᠡᠵᠤ᠂ ᠪᠠᠲᠤᠯᠡᠪᠤᠷᠢ  ᠶᠢᠨ ᠤᠷᠤᠨ ᠰᠠᠭᠤᠴᠠ  ᠶᠢ ᠪᠦᠳᠤᠭᠡᠨ  ᠪᠠᠶᠢᠭᠤᠯᠬᠤ ᠠᠬᠢᠴᠠ  ᠶᠢ ᠦᠷᠭᠦᠯᠵᠢᠭᠦᠯᠡᠨ ᠠᠬᠢᠭᠤᠯᠵᠣ᠂ ᠪᠠᠯᠨ ᠮᠦᠡᠭᠭᠦ  ᠶᠢᠨ ᠤᠷᠤᠭᠤᠯᠤᠯᠲᠠ ᠪᠠᠨ ᠨᠡᠮᠡᠭᠳᠡᠭᠦᠯᠵᠤ᠂ 1300 ᠢᠵᠢ ᠪᠠᠲᠤᠯᠡᠪᠤᠷᠢ  ᠶᠢᠨ ᠤᠷᠣᠨ ᠰᠠᠭᠤᠴᠠ  ᠶᠢ ᠪᠠᠶᠢᠭᠤᠯᠵᠤ ᠲᠠᠭᠤᠰᠬᠠᠨ᠎ᠠ᠃ ︽ᠠᠷᠪᠠ  ᠶᠢ ᠪᠦᠷᠭᠦᠭᠦᠯᠭᠦ  ︾  ᠢᠨᠵᠧᠨᠧᠷᠢᠩ ᠢ ᠯᠠᠪᠳᠠᠭᠤᠨ ᠪᠠᠳᠤᠲᠠᠢ ᠲᠦᠯᠬᠢᠨ ᠠᠬᠢᠭᠤᠯᠤᠨ᠎ᠠ᠃  ᠪᠠᠷᠢᠯᠭ᠎ᠠ  ᠶᠢᠨ ᠠᠵᠢᠯ  ᠤᠨ ᠶᠠᠷᠤᠩᠭᠡᠢ ᠭᠡᠮᠵᠢᠶ᠎ᠠ  ᠶᠢᠨ80%   ᠶᠢ ᠪᠠᠶᠠᠯᠠᠬᠦᠯᠬᠦ ᠪᠠᠷ ᠬᠠᠷᠠᠯᠲᠠ ᠪᠤᠯᠭᠠᠬᠤ ᠪᠠᠷ ᠲᠦᠰᠤᠭᠡᠯᠠᠨ ᠪᠤᠲᠤᠵᠤ᠂ ᠡᠨ᠋ᠨ ᠵᠢᠯ ᠦᠨᠲᠤᠷ ᠪᠠᠷᠢᠮᠵᠢᠶ᠎ᠠ ᠪᠠᠷ 7 ᠬᠤᠲᠠ  ᠶᠢᠨ ᠲᠠᠰ  ᠤᠨ ︽ ᠠᠷᠪᠠ ᠶᠢ ᠪᠦᠷᠬᠦᠬᠦᠯᠬᠦ︾ ᠵᠢᠱᠢᠶ᠎ᠠ ᠦᠵᠠᠬᠦᠯᠬᠦ ᠭᠠᠴᠠᠭ᠎ᠠ  ᠶᠢ  ᠪᠠᠶᠢᠭᠤᠯᠵᠤ᠂ 6 ᠭᠠᠴᠠᠭ᠎ᠠ  ᠶᠢᠨ ᠠᠵᠢᠯᠯᠠᠭᠠᠨ  ᠤ ᠭᠡᠷ  ᠤᠨ ᠶᠠᠷᠤᠩᠭᠡᠢ ᠴᠤᠭᠴᠠ  ᠶᠢ ᠪᠦᠲᠤᠭᠡᠨ ᠪᠠᠶᠢᠭᠤᠯᠵᠤ᠂ ᠮᠠᠯᠵᠢᠬᠤ ᠤᠷᠤᠨ  ᠤ 199 ᠡᠷᠤᠭᠡ  ᠬᠠᠭᠤᠴᠢᠨ ᠡᠪᠲᠠᠷᠭᠡᠢ ᠭᠡᠷ ᠪᠠᠶᠢᠰᠢᠩ  ᠢ ᠦᠭᠡᠷᠠᠴᠢᠯᠠᠨ ᠵᠠᠰᠠᠵᠤ᠂ 16 ᠭᠠᠴᠠᠭ᠎ᠠ  ᠶᠢᠨ ᠵᠠᠭᠡᠯᠢ ᠭᠤᠲᠤᠮᠵᠢ  ᠶᠢ ᠴᠠᠷᠲᠠᠬᠤ᠂ 20 ᠭᠠᠴᠠᠭ᠎ᠠ  ᠳᠤ ᠲᠤᠰᠬᠤᠨ ᠪᠤᠯᠭᠠᠨ  ᠳᠤ  ᠷᠠᠳᠢᠤ᠋ ᠨᠠᠪᠲᠠᠷᠠᠬᠦᠯᠭᠡ ᠲᠠᠢ ᠪᠤᠯᠭᠠᠬᠤ ᠢᠨᠵᠧᠨᠧᠷᠢᠩ ᠪᠠ  17  ᠭᠠᠴᠠᠭ᠎ᠠ  ᠳᠤ ᠭᠠᠵᠠᠷ  ᠤᠨ ᠭᠠᠲᠠᠷᠭᠤ  ᠶᠢᠨ ᠲᠤᠭᠠᠴᠠᠯᠠᠭᠰᠠᠨ ᠷᠠᠲᠢᠤ᠋ ᠲᠧᠯᠸᠢᠰ  ᠤᠨ ᠢᠨᠵᠧᠨᠧᠷᠢᠩ  ᠢ  ᠪᠠᠶᠠᠯᠠᠬᠦᠯᠵᠤ᠂ 6114 ᠬᠦᠮᠤᠨ  ᠤ ᠠᠮᠤᠷ ᠲᠦᠪᠰᠢᠨ ᠤᠰᠤ ᠤᠮᠲᠠ ᠪᠠ 307 ᠮᠠᠯᠴᠢᠨ ᠭᠡᠷ ᠪᠦᠯᠢ  ᠳᠤ ᠴᠠᠬᠢᠯᠭᠠᠨ ᠨᠠᠪᠲᠠᠷᠠᠬᠦᠯᠬᠦ ᠠᠰᠠᠭᠤᠲᠠᠯ  ᠢ ᠰᠢᠢᠳᠪᠤᠷᠢᠯᠠᠵᠤ᠂ 1 ᠭᠠᠴᠠᠭ᠎ᠠ  ᠶᠢᠨ ᠪᠠᠷᠢᠮᠵᠢᠶᠠᠵᠢᠭᠰᠠᠨ ᠡᠷᠠᠬᠦᠯ ᠬᠠᠮᠠᠭᠠᠯᠠᠯ  ᠤᠨ ᠭᠡᠷ ᠵᠢᠴᠢ 7 ᠭᠠᠴᠠᠭ᠎ᠠ  ᠶᠢᠨ ᠠᠷᠠᠳ  ᠲᠤ ᠲᠦᠬᠦᠮ ᠦᠵᠠᠬᠦᠯᠬᠦ ᠭᠡᠯᠬᠢᠶ᠎ᠠ ᠭᠡᠲᠤ ᠲᠠᠯᠭᠡᠬᠦᠷ  ᠢ ᠪᠠᠶᠢᠭᠤᠯᠵᠤ᠂ 2  ᠰᠠᠭᠤᠷᠢ ᠭᠡᠤᠭᠡᠳ  ᠤᠨ ᠴᠠᠴᠡᠷᠯᠢᠭ  ᠤᠨ B ᠲᠠᠰ  ᠤᠨ ᠬᠠᠭᠤᠴᠢᠨ ᠡᠪᠲᠠᠷᠭᠡᠢ ᠭᠡᠷ ᠪᠠᠶᠢᠰᠢᠩ  ᠢ ᠪᠠᠬᠢᠯᠠᠵᠤ ᠦᠭᠡᠷᠠᠴᠢᠯᠠᠨ ᠵᠠᠰᠠᠬᠤ ᠠᠵᠢᠯ  ᠢ ᠪᠠᠶᠠᠯᠠᠬᠦᠯᠤᠨ᠎ᠠ᠃ ᠡᠨᠠᠬᠦ ᠰᠠᠭᠤᠷᠢᠨ ᠲᠠᠭᠡᠷ᠎ᠠ ᠪᠠᠨ ᠨᠠᠩ ᠰᠠᠶᠢᠨ  ᠢᠶᠠᠷ ᠪᠠᠶᠠᠯᠠᠬᠦᠯᠬᠦ ᠪᠠᠷ ᠴᠢᠷᠮᠠᠶᠢᠵᠤ᠂ ᠢᠷᠠᠬᠦ ᠵᠢᠯ  ᠤᠨ ᠡᠬᠦᠷᠭᠡ ᠪᠠᠨ ᠪᠦᠬᠦ ᠲᠠᠯ᠎ᠠ ᠪᠠᠷ ᠪᠠᠶᠠᠯᠠᠬᠦᠯᠬᠦ  ᠳᠤ ᠬᠦᠢᠴᠠᠳ ᠤᠷᠤᠨ ᠵᠠᠢ  ᠦᠯᠠᠲᠠᠭᠡᠬᠦ ᠪᠤᠯᠤᠨ᠎ᠠ᠃ ︵ ᠨᠠᠢᠮᠨ︶ ᠨᠠᠶᠢᠭᠡᠮ  ᠤᠨ ᠡᠶ᠎ᠡ ᠵᠤᠬᠢᠴᠠᠯ ᠲᠤᠭᠲᠠᠭᠤᠨ  ᠢ ᠭᠤᠶᠢᠪᠢᠰᠢ ᠦᠭᠡᠢ ᠬᠠᠮᠠᠭᠠᠯᠠᠵᠤ᠂ ᠡᠭᠡ ᠤᠯᠤᠰ  ᠤᠨ ᠤᠮᠠᠷᠠᠲᠤ ᠬᠢᠯᠢ  ᠶᠢᠨ ᠠᠮᠤᠷ ᠲᠤᠭᠲᠠᠭᠤᠨ ᠬᠠᠯᠬᠠᠪᠴᠢ  ᠢ ᠴᠢᠷᠮᠠᠶᠢᠨ  ᠪᠦᠲᠤᠭᠡᠨ ᠪᠠᠶᠢᠭᠤᠯᠤᠨ᠎ᠠ᠃ ᠨᠠᠶᠢᠭᠡᠮ ᠵᠢᠷᠤᠮ  ᠤᠨ ᠬᠠᠤᠯᠢᠵᠢᠯ  ᠤᠨ ᠵᠤᠷᠢᠭ ᠰᠠᠨᠠᠭ᠎ᠠ ᠶᠢ ᠶᠠᠭᠡᠪᠠᠷ ᠪᠠᠲᠠᠷᠠᠭᠤᠯᠵᠤ᠂ ︽ ᠵᠢᠷᠭᠤᠭᠠᠨ ᠲᠠᠪᠤ︾  ᠶᠢᠨ ᠬᠠᠤᠯᠢ  ᠲᠦᠭᠡᠮᠠᠯᠵᠢᠬᠦᠯᠬᠦ ᠠᠵᠢᠯ  ᠢ ᠯᠠᠪᠲᠠᠭᠤᠨ ᠪᠠᠲᠤᠲᠡᠢ ᠲᠦᠯᠬᠢᠨ ᠠᠬᠢᠭᠤᠯᠵᠤ᠂ ᠬᠠᠤᠯᠢᠵᠢᠯ ᠡᠸᠡᠩᠬᠢ  ᠶᠢᠨ ᠪᠦᠲᠤᠭᠡᠨ ᠪᠠᠶᠢᠭᠤᠯᠤᠯᠲᠠ ᠶᠢ ᠪᠦᠬᠦ ᠲᠠᠯ᠎ᠠ ᠪᠠᠷ ᠴᠢᠩᠭᠠᠳᠬᠠᠬᠤ ᠭᠡᠷᠡᠭᠲᠡᠢ᠃ ᠦᠨᠲᠤᠰᠤᠲᠠᠨ  ᠤ ᠤᠷᠤᠨ  ᠤ ᠦᠪᠠᠷᠲᠠᠭᠡᠨ ᠵᠠᠰᠠᠬᠤ ᠲᠦᠷᠢᠮ ᠪᠠ ᠦᠨᠲᠤᠰᠤᠨ ᠱᠠᠲᠤᠨ  ᠤ ᠤᠯᠠᠨ ᠲᠦᠮᠠᠨ  ᠤ ᠦᠪᠠᠷᠲᠠᠭᠡᠨ  ᠵᠠᠰᠠᠬᠤ ᠲᠦᠷᠢᠮ  ᠢ ᠲᠤᠤᠱᠯᠠᠭᠤᠯᠬᠤ ᠶᠢ ᠪᠠᠷᠢᠮᠲᠠᠯᠠᠵᠤ᠂ ᠦᠨᠲᠤᠰᠤᠨ ᠱᠠᠲᠤᠨ  ᠤ ᠠᠷᠠᠳᠴᠢᠯᠠᠯ ᠬᠠᠤᠯᠢᠵᠢᠯᠲᠠ ᠶᠢ ᠲᠠᠭᠦᠯᠲᠠᠷᠵᠢᠬᠦᠯᠬᠦ ᠪᠠ ᠠᠬᠢᠭᠤᠯᠤᠨ᠎ᠠ᠃ ᠬᠠᠤᠯᠢ ᠪᠠᠷ ᠵᠠᠰᠠᠬᠤ ᠪᠠ ᠶᠤᠰᠤ ᠪᠠᠷ ᠵᠠᠰᠠᠬᠤ ᠶᠢ ᠬᠠᠷᠢᠯᠴᠠᠨ ᠤᠶᠠᠯᠲᠤᠭᠤᠯᠬᠤ ᠶᠢ ᠪᠠᠷᠢᠮᠲᠠᠯᠠᠵᠤ᠂ ᠤᠶᠤᠨ  ᠤ ᠪᠤᠯᠪᠠᠰᠤᠨ  ᠤ ᠪᠠᠶᠢᠭᠤᠯᠤᠯᠲᠠ ᠶᠢ ᠬᠦᠴᠤᠯᠠᠨ ᠴᠢᠩᠭᠠᠳᠬᠠᠵᠤ᠂ ᠨᠠᠶᠢᠭᠡᠮ ᠵᠢᠷᠤᠮ  ᠤᠨ ᠭᠤᠤᠯᠯᠠᠭᠴᠢ ᠦᠷᠲᠡᠭ  ᠤᠨ ᠦᠵᠠᠯᠲᠠ ᠶᠢ ᠢᠲᠠᠪᠬᠢᠲᠡᠢ ᠪᠤᠢ ᠪᠤᠯᠭᠠᠬᠤ ᠪᠠ  ᠤᠶᠢᠯᠡᠲᠤᠯᠭᠡᠵᠢᠬᠦᠯᠬᠦ ᠭᠡᠷᠡᠭᠲᠡᠢ᠃ ᠵᠠᠬᠢᠲᠠᠯ ᠰᠤᠷᠪᠤᠯᠵᠢᠯᠠᠭ᠎ᠠ  ᠶᠢᠨ ᠠᠵᠢᠯ  ᠤᠨ ᠬᠠᠷᠢᠭᠤᠴᠠᠯᠭ᠎ᠠ  ᠶᠢᠨ ᠲᠦᠷᠢᠮ ᠪᠠ ᠨᠠᠶᠢᠭᠡᠮ  ᠤᠨ ᠵᠦᠷᠢᠴᠠᠯ ᠵᠢᠭᠤᠷᠭᠠᠨ  ᠢ ᠤᠷᠢᠳᠴᠢᠯᠠᠨ ᠰᠠᠷᠭᠡᠶᠢᠯᠠᠵᠤ ᠨᠠᠮᠲᠠᠭᠤᠯᠬᠤ ᠲᠤᠭᠲᠠᠴᠠ  ᠶᠢ ᠪᠦᠷᠢᠨᠰᠢᠬᠦᠯᠵᠤ᠂ ᠵᠠᠬᠢᠲᠠᠯ ᠰᠤᠷᠪᠤᠯᠵᠢᠯᠠᠭ᠎ᠠ ᠬᠢᠬᠦ ᠡᠮᠬᠢ ᠲᠢᠭᠯᠢᠮ  ᠢ ᠠᠯᠬᠤᠮ ᠴᠢᠨᠠᠭᠰᠢᠲᠠ ᠵᠢᠷᠤᠮᠵᠢᠭᠤᠯᠵᠤ᠂ ᠵᠠᠬᠢᠲᠠᠯ ᠰᠤᠷᠪᠤᠯᠵᠢᠯᠠᠭ᠎ᠠ ᠶᠢ ᠬᠠᠤᠯᠢᠵᠢᠯ ᠵᠠᠮ ᠲᠠᠰᠢ ᠬᠦᠲᠤᠯᠵᠤ᠂ ᠠᠷᠠᠳ ᠤᠯᠠᠨ  ᠤ ᠵᠦᠢ ᠶᠤᠰᠤᠭᠠᠷ ᠭᠤᠮᠤᠲᠠᠯ ᠪᠠᠨ ᠲᠤᠭᠠᠴᠢᠵᠤ ᠵᠦᠢ ᠵᠤᠬᠢᠰᠲᠡᠢ ᠪᠠᠷ ᠠᠰᠠᠭᠤᠲᠠᠯ  ᠢᠶᠠᠨ ᠰᠢᠢᠳᠪᠤᠷᠢᠯᠠᠬᠦᠯᠬᠦ᠂ ᠵᠦᠢ ᠶᠤᠰᠤᠨ  ᠤ ᠭᠤᠮᠤᠲᠠᠯ ᠲᠤᠭᠠᠴᠢᠯᠲᠠ ᠶᠢ ᠬᠠᠤᠯᠢ ᠶᠤᠰᠤᠭᠠᠷ ᠰᠢᠢᠳᠪᠤᠷᠢᠯᠠᠬᠦ ᠶᠢ ᠪᠠᠲᠤᠯᠠᠬᠤ ᠭᠡᠷᠡᠭᠲᠡᠢ᠃ ᠠᠮᠤᠷ ᠲᠤᠭᠲᠠᠭᠤᠨ  ᠢ ᠡᠬᠦᠲᠤᠨ ᠪᠠᠶᠢᠭᠤᠯᠬᠤ ᠢᠨᠵᠧᠨᠧᠷᠢᠩ  ᠢ ᠬᠦᠨᠵᠠᠭᠡᠢ ᠲᠦᠯᠬᠢᠨ ᠠᠬᠢᠭᠤᠯᠵᠤ᠂ ᠤᠯᠤᠰ ᠲᠦᠷᠤ ᠬᠠᠤᠯᠢ ᠴᠠᠭᠠᠵᠠ  ᠶᠢᠨ ᠦᠨᠲᠤᠰᠤᠨ ᠱᠠᠲᠤᠨ  ᠤ ᠰᠠᠭᠤᠷᠢ ᠪᠦᠲᠤᠭᠡᠨ ᠪᠠᠶᠢᠭᠤᠯᠤᠯᠲᠠ ᠶᠢ ᠠᠯᠬᠤᠮ ᠴᠢᠨᠠᠭᠰᠢᠲᠠ ᠲᠦᠯᠬᠢᠨ ᠠᠬᠢᠭᠤᠯᠵᠤ᠂ ︽ ᠠᠮᠤᠷ︾ ᠬᠠᠷᠠᠭᠠᠨ ᠲᠠᠪᠲᠠᠮᠵᠢ  ᠶᠢᠨ ᠬᠢᠨᠠᠨ ᠡᠵᠠᠮᠲᠠᠬᠦ ᠢᠨᠵᠧᠨᠧᠷᠢᠩ ᠪᠠ ︽  ᠠᠮᠤᠭᠤᠯᠠᠩ ᠬᠤᠲᠠ︾  ᠶᠢᠨ ᠬᠢᠨᠠᠨ ᠡᠵᠠᠮᠲᠠᠬᠦ ᠰᠢᠰᠲ᠋ᠧᠮ   ᠢ ᠲᠠᠬᠦᠯᠲᠠᠷᠵᠢᠬᠦᠯᠵᠤ᠂ ᠨᠠᠶᠢᠭᠡᠮ  ᠤᠨ ᠠᠮᠤᠷ ᠬᠠᠮᠠᠭᠠᠯᠠᠯᠲᠠ  ᠶᠢᠨ  ᠪᠤᠰᠤᠭ᠎ᠠ ᠴᠤᠭᠴᠠ ᠪᠠᠷ ᠰᠠᠷᠭᠡᠶᠢᠯᠠᠨ ᠡᠵᠠᠮᠲᠠᠬᠦ ᠰᠢᠰᠲ᠋ᠧᠮ  ᠢ ᠪᠦᠷᠢᠨᠰᠢᠬᠦᠯᠵᠤ᠂ ᠨᠠᠶᠢᠭᠡᠮ ᠲᠤᠭᠤᠷᠢᠭ  ᠤᠨ ᠰᠦᠯᠵᠢᠶᠠᠵᠢᠭ᠍ᠰᠡᠨ᠂ ᠲᠤᠭᠠᠴᠢᠯᠠᠭᠰᠠᠨ ᠬᠠᠮᠢᠶᠠᠷᠤᠯᠲᠠ  ᠶᠢᠨ ᠲᠦᠪᠰᠢᠨ  ᠢ ᠪᠦᠬᠦ ᠲᠠᠯ᠎ᠠ ᠪᠠᠷ  ᠲᠠᠭᠡᠭᠰᠢᠯᠠᠬᠦᠯᠤᠨ᠎ᠠ᠃ ᠨᠠᠶᠢᠭᠡᠮ  ᠤᠨ ᠠᠮᠤᠷ ᠬᠠᠮᠠᠭᠠᠯᠠᠯᠲᠠ  ᠶᠢᠨ ᠶᠠᠷᠤᠩᠭᠡᠶᠢᠯᠡᠭᠰᠠᠨ ᠵᠠᠰᠠᠯᠲᠠ ᠶᠢ ᠲᠠᠰᠤᠷᠠᠯᠲᠠ ᠦᠭᠡᠢ ᠬᠦᠨᠵᠠᠭᠡᠶᠢᠷᠠᠬᠦᠯᠵᠤ᠂ ᠬᠦᠴᠤᠷᠭᠡᠭᠯᠠᠯ ᠰᠦᠷᠲᠠᠬᠦᠯᠤᠯ  ᠤᠨ ᠭᠡᠷᠡᠭ᠂ ᠨᠠᠶᠢᠭᠡᠮ  ᠤᠨ ᠬᠠᠷᠬᠢᠰ  ᠤᠨ ᠬᠦᠴᠤᠨ  ᠳᠤ ᠬᠤᠯᠪᠤᠭᠲᠠᠬᠤ ᠶᠠᠯᠠᠲᠤ ᠠᠵᠢᠯᠯᠠᠭ᠎ᠠ᠂ ᠭᠠᠵᠢᠭᠤ ᠨᠤᠮᠯᠠᠯ ᠪᠠ ᠱᠠᠯᠢᠭ ᠵᠠᠪᠬᠠᠢ ᠭᠡᠷᠡᠭ ᠤᠶᠢᠯᠠᠳᠬᠦ  ᠂ ᠵᠤᠭᠤᠰ ᠮᠦᠷᠤᠶᠢᠴᠠᠬᠦ᠂ ᠬᠤᠤᠷ ᠲᠠᠲᠠᠬᠤ᠂ ᠬᠤᠤᠷ ᠤᠶᠢᠯᠠᠳᠬᠦ᠂ ᠬᠤᠤᠷ ᠫᠠᠨᠽᠠᠯᠠᠬᠤ ᠵᠠᠷᠭᠡ ᠬᠠᠤᠯᠢ ᠶᠢ ᠵᠦᠷᠢᠴᠡᠭᠰᠠᠨ ᠶᠠᠯᠠᠲᠤ ᠠᠵᠢᠯᠯᠠᠭ᠎ᠠ  ᠳᠤ ᠬᠠᠤᠯᠢ ᠶᠤᠰᠤᠭᠠᠷ ᠴᠢᠩᠭ᠎ᠠ ᠴᠤᠬᠢᠯᠲᠠ ᠦᠭᠴᠤ᠂ ᠠᠷᠠᠳ ᠤᠯᠠᠨ  ᠤ ᠠᠮᠢ  ᠨᠠᠰᠤ ᠡᠳ᠋ ᠬᠦᠷᠤᠩᠭᠡ  ᠶᠢᠨ ᠠᠮᠤᠷ ᠲᠦᠪᠰᠢᠨ  ᠢ ᠦᠨᠠᠨᠬᠦ ᠪᠠᠲᠤᠯᠠᠬᠤ ᠭᠡᠷᠡᠭᠲᠡᠢ᠃ ᠠᠶᠤᠯᠬᠦᠢ ᠤᠶᠢᠯᠠᠳᠪᠤᠷᠢᠯᠠᠯ  ᠤᠨ ᠬᠠᠷᠢᠭᠤᠴᠠᠯᠭ᠎ᠠ  ᠶᠢᠨ ᠲᠦᠷᠢᠮ  ᠢ ᠴᠢᠩᠭ᠎ᠠ ᠨᠠᠶᠢᠲᠠᠪᠤᠷᠢᠵᠢᠭᠤᠯᠵᠤ  ᠂ ᠤᠶᠢᠯᠠᠳᠬᠦᠨ  ᠤ ᠶᠠᠰᠤ ᠴᠢᠨᠠᠷ ᠪᠠ ᠢᠲᠠᠭᠡᠨ  ᠤ ᠵᠤᠶᠢᠯ ᠡᠮ  ᠤᠨ ᠵᠤᠶᠢᠯ  ᠤᠨ ᠬᠢᠨᠠᠯᠲᠠ ᠬᠠᠮᠢᠶᠠᠷᠤᠯᠲᠠ ᠪᠠᠨ ᠴᠢᠩᠭᠠᠳᠬᠠᠵᠤ᠂ ᠢᠲᠠᠭᠡᠨ  ᠤ ᠵᠤᠶᠢᠯ  ᠡᠮ  ᠤᠨ ᠵᠤᠶᠢᠯ  ᠤᠨ ᠠᠮᠤᠷ ᠲᠦᠪᠰᠢᠨ  ᠢ ᠬᠤᠬᠢᠷᠠᠭᠤᠯᠵᠤ᠂ ᠠᠶᠤᠯᠬᠦᠢ ᠤᠶᠢᠯᠠᠳᠪᠤᠷᠢᠯᠠᠯ  ᠢ ᠬᠠᠷᠰᠢᠯᠠᠬᠤ᠂ ᠠᠮᠢ ᠠᠬᠤᠢ ᠤᠷᠴᠢᠨ ᠲᠤᠭᠤᠷᠢᠨ  ᠢ ᠡᠪᠲᠠᠬᠦ᠂ ᠲᠤᠤᠷ  ᠰᠦᠯᠵᠢᠶᠠᠨ  ᠤ ᠠᠮᠤᠷ ᠲᠦᠪᠰᠢᠨ  ᠢ ᠨᠦᠯᠤᠭᠡᠯᠠᠬᠦ  ᠵᠠᠷᠭᠡ ᠭᠤᠤᠯᠲᠠᠯᠭ᠎ᠠ ᠲᠠᠢ ᠬᠦᠷᠢᠶᠠᠨ  ᠤ ᠠᠰᠠᠭᠤᠲᠠᠯ  ᠢ ᠵᠠᠰᠠᠬᠤ ᠶᠢ ᠴᠢᠩᠭᠠᠳᠬᠠᠬᠤ ᠭᠡᠷᠡᠭᠲᠡᠢ᠃ ᠦᠨᠲᠤᠰᠤᠲᠠᠨ  ᠤ ᠪᠦᠯᠬᠦᠮᠲᠠᠯ  ᠤᠨ ᠲᠤᠭ  ᠢ ᠦᠨᠲᠤᠷ ᠮᠠᠨᠲᠤᠭᠤᠯᠵᠤ ᠂ ᠦᠨᠲᠤᠰᠤᠲᠠᠨ᠂ ᠱᠠᠰᠢᠨ ᠰᠤᠷᠲᠠᠬᠤᠨ ᠵᠠᠷᠭᠡ ᠬᠦᠴᠤᠨ ᠵᠤᠶᠢᠯ  ᠳᠤ ᠬᠤᠯᠪᠤᠭᠲᠠᠭᠰᠠᠨ ᠨᠠᠶᠢᠭᠡᠮ  ᠤᠨ ᠠᠰᠠᠭᠤᠲᠠᠯ  ᠢ ᠬᠠᠤᠯᠢ ᠶᠤᠰᠤᠭᠠᠷ ᠵᠦᠢ ᠵᠤᠬᠢᠰᠲᠡᠢ ᠰᠢᠢᠳᠪᠤᠷᠢᠯᠠᠵᠤ᠂ ᠡᠭᠡ ᠤᠯᠤᠰ  ᠤᠨ ᠤᠮᠠᠷᠠᠲᠤ ᠬᠢᠯᠢ  ᠶᠢᠨ ᠠᠮᠤᠷ ᠲᠤᠭᠲᠠᠭᠤᠨ  ᠤ ᠬᠠᠯᠠᠬᠠᠪᠴᠢ ᠶᠢ ᠪᠠᠲᠤ ᠪᠠᠬᠢ  ᠪᠤᠢ ᠪᠤᠯᠭᠠᠬᠤ ᠭᠡᠷᠡᠭᠲᠡᠢ᠃ ᠭᠤᠷᠪᠠ᠂ ᠵᠠᠰᠠᠭ  ᠤᠨ ᠤᠷᠲᠤᠨ  ᠤ ᠲᠤᠰ ᠪᠠᠶ᠎ᠠ  ᠶᠢᠨ ᠪᠠᠶᠢᠭᠤᠯᠤᠯᠲᠠ ᠪᠠᠨ ᠴᠢᠩᠭᠠᠳᠬᠠᠨ᠎ᠠ ᠵᠠᠰᠠᠭ  ᠤᠨ ᠤᠷᠲᠤᠨ  ᠤ ᠡᠬᠦᠷᠭᠡ ᠴᠢᠲᠠᠪᠬᠢ ᠶᠢ ᠬᠤᠪᠢᠷᠠᠭᠤᠯᠬᠤ ᠪᠠᠷ ᠭᠤᠤᠯ ᠪᠤᠯᠭᠠᠵᠤ᠂ ᠵᠠᠰᠠᠭ ᠵᠠᠬᠢᠷᠭᠠᠨ  ᠤ ᠦᠷ᠎ᠠ ᠠᠰᠢᠭ ᠢ ᠲᠠᠭᠡᠭᠰᠢᠯᠠᠬᠦᠯᠬᠦ᠂ ᠵᠠᠰᠠᠭ  ᠤᠨ ᠤᠷᠲᠤᠨ  ᠤ ᠬᠦᠢᠴᠠᠳᠭᠡᠬᠦ ᠬᠦᠴᠤᠨ ᠪᠠ ᠢᠲᠠᠭᠡᠮᠵᠢ  ᠶᠢᠨ ᠬᠦᠴᠤᠨ  ᠢ ᠨᠠᠮᠡᠭᠲᠠᠬᠦᠯᠬᠦ ᠪᠠᠷ  ᠡᠬᠦᠰᠤᠴᠠ ᠪᠤᠯᠭᠠᠨ᠂ ᠪᠠᠶᠢᠭᠤᠯᠤᠯ  ᠤᠨ ᠰᠢᠨ᠎ᠠ  ᠶᠢ ᠡᠬᠦᠳᠬᠦ ᠪᠠ ᠬᠠᠮᠢᠶᠠᠷᠤᠯᠲᠠ  ᠶᠢᠨ ᠰᠢᠨ᠎ᠠ  ᠶᠢ ᠡᠬᠦᠳᠬᠦ  ᠶᠢ ᠶᠠᠭᠡᠪᠠᠷ ᠲᠦᠯᠬᠢᠨ ᠠᠬᠢᠭᠤᠯᠵᠤ᠂ ᠠᠷᠠᠳ ᠤᠯᠠᠨ  ᠳᠤ ᠲᠠᠭᠠᠰᠢᠶᠠᠭᠲᠠᠭᠰᠠᠨ ᠵᠠᠰᠠᠭ  ᠤᠨ ᠤᠷᠲᠤᠨ  ᠢ ᠪᠦᠲᠤᠭᠡᠨ ᠪᠠᠶᠢᠭᠤᠯᠤᠨ᠎ᠠ᠃ ᠬᠠᠤᠯᠢ ᠶᠤᠰᠤᠭᠠᠷ ᠵᠠᠰᠠᠭ ᠶᠠᠪᠤᠭᠤᠯᠬᠤ ᠶᠢ ᠬᠦᠨᠵᠠᠭᠡᠢ ᠲᠦᠯᠬᠢᠨ ᠠᠬᠢᠭᠤᠯᠵᠤ᠂ ᠬᠠᠤᠯᠢᠵᠢᠯ  ᠵᠠᠰᠠᠭ  ᠤᠨ ᠤᠷᠲᠤᠨ  ᠢ ᠪᠦᠬᠦ ᠬᠦᠴᠤᠨ   ᠢᠶᠠᠷ  ᠢᠶᠠᠨ ᠡᠬᠦᠲᠤᠨ᠎ᠠ ᠃ ᠨᠠᠮ  ᠤᠨ ᠠᠷᠪᠠᠨ ᠨᠠᠢᠮᠠᠲᠤᠭᠠᠷ ᠬᠤᠭᠤᠴᠠᠭᠠᠨ  ᠤ ᠲᠦᠷᠪᠠᠲᠤᠭᠡᠷ ᠪᠦᠬᠦᠲᠠ ᠬᠤᠷᠠᠯ  ᠤᠨ ᠵᠤᠷᠢᠭ ᠰᠠᠨᠠᠭ᠎ᠠ ᠶᠢ ᠪᠦᠬᠦ ᠲᠠᠯ᠎ᠠ ᠪᠠᠷ ᠲᠤᠤᠱᠯᠠᠭᠤᠯᠤᠨ ᠨᠠᠶᠢᠲᠠᠪᠤᠷᠢᠵᠢᠭᠤᠯᠵᠤ  ᠂  ᠡᠷᠭᠡ ᠲᠤᠰᠢᠶᠠᠯ ᠨᠢ ᠰᠢᠨᠵᠢᠯᠠᠬᠦ ᠤᠬᠠᠭᠠᠨᠴᠢ᠂  ᠡᠷᠭᠡ ᠬᠠᠷᠢᠭᠤᠴᠠᠯᠭ᠎ᠠ  ᠶᠢ ᠨᠢ ᠬᠠᠤᠯᠢ ᠪᠠᠷ ᠲᠤᠭᠲᠠᠭᠠᠭᠰᠠᠨ᠂ ᠬᠠᠤᠯᠢ ᠭᠡᠷᠡᠭᠵᠢᠬᠦᠯᠤᠯᠲᠠ ᠨᠢ ᠴᠢᠩᠭ᠎ᠠ ᠪᠦᠭᠡᠳ ᠲᠤᠲᠤᠷᠬᠠᠢ᠂ ᠢᠯᠨ ᠪᠦᠭᠡᠳ ᠲᠦᠪ ᠭᠤᠤᠯᠴᠢ ᠪᠠᠶᠢᠬᠤ ᠬᠠᠤᠯᠢᠵᠢᠯ ᠵᠠᠰᠠᠭ  ᠤᠨ ᠤᠷᠲᠤᠨ  ᠢ ᠪᠦᠲᠤᠭᠡᠨ ᠪᠠᠶᠢᠭᠤᠯᠤᠨ᠎ᠠ᠃ ᠵᠠᠰᠠᠭ  ᠤᠨ ᠤᠷᠲᠤᠨ  ᠤ ᠡᠬᠦᠷᠭᠡ ᠬᠠᠷᠢᠭᠤᠴᠠᠯᠭ᠎ᠠ ᠪᠠᠨ ᠬᠠᠤᠯᠢ ᠶᠤᠰᠤᠭᠠᠷ ᠪᠦᠬᠦ ᠲᠠᠯ᠎ᠠ ᠪᠠᠷ ᠬᠦᠢᠴᠠᠳᠭᠡᠵᠤ᠂ ᠵᠠᠰᠠᠭ ᠵᠠᠬᠢᠷᠭᠠᠨ  ᠤ ᠲᠠᠰ ᠲᠠᠷᠠᠭᠠᠯᠠᠯ  ᠤᠨ ᠲᠦᠷᠢᠮ  ᠢ ᠲᠠᠰᠤᠷᠠᠯᠲᠠ ᠦᠭᠡᠢ ᠲᠠᠬᠦᠯᠲᠠᠷᠵᠢᠬᠦᠯᠵᠤ᠂ ᠪᠠᠶᠢᠭᠤᠯᠤᠮᠵᠢ᠂ ᠡᠬᠦᠷᠭᠡ ᠴᠢᠲᠠᠪᠬᠢ᠂ ᠡᠷᠭᠡ  ᠶᠢᠨ ᠬᠢᠵᠠᠭᠠᠷ᠂ ᠲᠠᠰ ᠲᠠᠷᠠᠭᠠᠯᠠᠯ᠂ ᠬᠠᠷᠢᠭᠤᠴᠠᠯᠭ᠎ᠠ  ᠶᠢ ᠬᠠᠤᠯᠢ ᠪᠠᠷ ᠲᠤᠭᠲᠠᠭᠠᠬᠤ ᠶᠢ ᠲᠦᠯᠬᠢᠨ ᠠᠬᠢᠭᠤᠯᠤᠨ᠎ᠠ᠃ ᠬᠠᠤᠯᠢ ᠶᠤᠰᠤᠭᠠᠷ ᠰᠢᠢᠳᠪᠤᠷᠢᠲᠤ ᠪᠤᠲᠤᠯᠭ᠎ᠠ ᠲᠤᠭᠲᠠᠭᠠᠬᠤ ᠲᠤᠭᠲᠠᠴᠠ ᠶᠢ ᠲᠠᠰᠤᠷᠠᠯᠲᠠ ᠦᠭᠡᠢ ᠪᠦᠷᠢᠨᠰᠢᠬᠦᠯᠵᠤ᠂ ᠴᠢᠬᠤᠯᠨ ᠶᠡᠭᠡ ᠭᠡᠷᠡᠭ  ᠤᠳ  ᠤᠨ ᠲᠤᠬᠠᠢ ᠰᠢᠢᠳᠪᠤᠷᠢᠲᠤ ᠪᠤᠲᠤᠯᠭ᠎ᠠ ᠶᠢ ᠬᠠᠮᠲᠤ ᠪᠠᠷ  ᠢᠶᠠᠨ ᠲᠤᠭᠲᠠᠭᠠᠬᠤ᠂ ᠲᠤᠰᠬᠠᠢ ᠮᠠᠷᠭᠡᠵᠯᠲᠠᠨ  ᠠᠴᠠ ᠠᠰᠠᠭᠤᠨ ᠯᠠᠪᠯᠠᠬᠤ᠂ ᠠᠷᠠᠳ ᠤᠯᠠᠨ ᠤᠷᠤᠯᠴᠠᠬᠤ ᠲᠦᠷᠢᠮ  ᠢ ᠲᠠᠬᠦᠯᠲᠠᠷᠵᠢᠬᠦᠯᠵᠤ᠂ ᠰᠢᠢᠳᠪᠤᠷᠢᠲᠤ  ᠪᠤᠲᠤᠯᠭ᠎ᠠ ᠲᠤᠭᠲᠠᠭᠠᠯᠲᠠ ᠨᠢ ᠰᠢᠨᠵᠢᠯᠠᠬᠦ ᠤᠬᠠᠭᠠᠨᠴᠢ ᠵᠢᠷᠤᠮᠵᠢᠭᠰᠠᠨ᠂ ᠶᠠᠪᠤᠴᠠ ᠨᠢ ᠢᠯᠨ ᠪᠠᠶᠢᠬᠤ᠂ ᠬᠠᠷᠢᠭᠤᠴᠠᠯᠭ᠎ᠠ   ᠨᠢ ᠲᠤᠲᠤᠷᠬᠠᠢ ᠪᠠᠶᠢᠬᠤ ᠶᠢ ᠯᠠᠪᠲᠠᠶᠢᠶ᠎ᠠ ᠪᠠᠲᠤᠯᠠᠬᠤ ᠭᠡᠷᠡᠭᠲᠡᠢ᠃ ᠵᠠᠰᠠᠭ ᠵᠠᠬᠢᠷᠭᠠᠨ  ᠤ ᠬᠠᠤᠯᠢ ᠭᠡᠷᠡᠭᠵᠢᠬᠦᠯᠤᠯᠲᠠ  ᠶᠢᠨ ᠪᠠᠶᠢᠭᠤᠯᠤᠯ  ᠤᠨ ᠦᠭᠡᠷᠠᠴᠢᠯᠠᠯᠲᠠ ᠶᠢ ᠦᠷᠬᠦᠯᠵᠢᠯᠠᠨ ᠬᠦᠨᠵᠡᠭᠡᠶᠢᠷᠠᠬᠦᠯᠵᠤ᠂ ᠲᠦᠪ ᠭᠤᠤᠯᠴᠢ ᠪᠤᠯᠪᠠᠰᠤᠨ ᠪᠠᠷ ᠬᠠᠤᠯᠢ  ᠭᠡᠷᠡᠭᠵᠢᠬᠦᠯᠬᠦ  ᠶᠢ ᠲᠠᠰᠤᠷᠠᠯᠲᠠ ᠦᠭᠡᠢ ᠵᠢᠷᠤᠮᠵᠢᠭᠤᠯᠬᠤ ᠭᠡᠷᠡᠭᠲᠡᠢ᠃ ᠵᠠᠰᠠᠭ ᠵᠠᠬᠢᠷᠭᠠᠨ  ᠤ ᠡᠷᠭᠡ  ᠶᠢᠨ ᠬᠢᠵᠠᠭᠠᠷᠯᠠᠯ  ᠢ ᠴᠢᠩᠭᠠᠳᠬᠠᠵᠤ᠂ ᠭᠡᠷᠡᠭ ᠶᠠᠪᠤᠲᠠᠯ  ᠢ ᠦᠵᠠᠵᠤ ᠡᠷᠭᠡ  ᠪᠠᠨ ᠭᠡᠷᠡᠭᠯᠠᠵᠤ᠂ ᠠᠵᠢᠯ  ᠤᠨ ᠪᠠᠶᠢᠷᠢ  ᠶᠢ ᠦᠨᠲᠤᠰᠤᠯᠠᠵᠤ ᠡᠷᠭᠡ ᠲᠤᠰᠢᠶᠠᠯ ᠲᠤᠬᠢᠷᠠᠭᠤᠯᠬᠤ ᠶᠢ ᠭᠡᠷᠡᠭᠵᠢᠬᠦᠯᠤᠨ᠎ᠠ᠃ ᠠᠷᠠᠳ  ᠤᠨ ᠲᠦᠯᠤᠭᠡᠯᠡᠭᠴᠢᠳ  ᠤᠨ ᠬᠢᠨᠠᠯᠲᠠ ᠲᠠᠯᠪᠢᠯᠲᠠ ᠪᠠ ᠤᠯᠤᠰ  ᠲᠦᠷᠤ  ᠶᠢᠨ ᠵᠦᠪᠠᠯᠯᠡᠭᠡᠨ  ᠤ ᠬᠢᠨᠠᠯᠲᠠ ᠲᠠᠯᠪᠢᠯᠲᠠ ᠶᠢ ᠤᠬᠠᠮᠰᠠᠷ  ᠠᠴᠠ ᠪᠠᠨ ᠬᠦᠯᠢᠶᠠᠨ ᠠᠪᠴᠤ᠂ ᠶᠠᠷᠢᠶ᠎ᠠ ᠭᠡᠯᠡᠯᠴᠠᠭᠡᠨ  ᠤ ᠬᠢᠨᠠᠯᠲᠠ ᠲᠠᠯᠪᠢᠯᠲᠠ ᠪᠠ ᠤᠯᠠᠨ ᠲᠦᠮᠠᠨ  ᠤ ᠬᠢᠨᠠᠯᠲᠠ ᠲᠠᠯᠪᠢᠯᠲᠠ ᠶᠢ ᠦᠨᠠᠨᠬᠦ ᠴᠢᠩᠭᠠᠳᠬᠠᠵᠤ᠂ ᠠᠷᠠᠳ  ᠤᠨ ᠲᠦᠯᠤᠭᠡᠯᠡᠭᠴᠢᠳ  ᠤᠨ ᠶᠡᠭᠡ ᠬᠤᠷᠠᠯ  ᠤᠨ ᠲᠦᠯᠤᠭᠡᠯᠡᠭᠴᠢᠳ  ᠤᠨ ᠵᠦᠪᠯᠠᠯᠭᠡ᠂ ᠰᠠᠨᠠᠭᠤᠯᠭ᠎ᠠ ᠪᠠ ᠤᠯᠤᠰ ᠲᠦᠷᠤ  ᠶᠢᠨ ᠵᠦᠪᠯᠠᠯᠭᠡᠨ  ᠤ ᠭᠡᠰᠢᠬᠦᠳ  ᠤᠨ ᠰᠠᠨᠠᠯ ᠲᠤᠷᠠᠲᠤᠯᠭ᠎ᠠ ᠶᠢ ᠨᠢᠮᠪᠡᠢ ᠬᠦᠢᠴᠠᠳᠭᠡᠬᠦ ᠭᠡᠷᠡᠭᠲᠡᠢ᠃  ᠬᠠᠤᠯᠢ ᠪᠠᠷ ᠵᠠᠰᠠᠬᠤ ᠴᠢᠲᠠᠪᠤᠷᠢᠲᠠᠨ  ᠢ ᠬᠦᠮᠤᠵᠢᠬᠦᠯᠬᠦ ᠲᠤᠭᠲᠠᠴᠠ  ᠶᠢᠨ ᠰᠢᠨ᠎ᠠ ᠶᠢ ᠲᠠᠰᠤᠷᠠᠯᠲᠠ ᠦᠭᠡᠢ ᠡᠬᠦᠳᠴᠤ᠂ ᠬᠠᠤᠯᠢ ᠪᠠᠷ ᠵᠠᠰᠠᠬᠤ ᠠᠵᠢᠯ  ᠤᠨ ᠡᠩᠨᠡᠭᠡ  ᠶᠢᠨ ᠪᠠᠶᠢᠭᠤᠯᠤᠯᠲᠠ ᠶᠢ ᠦᠨᠠᠨᠬᠦ ᠴᠢᠩᠭᠠᠳᠬᠠᠬᠤ ᠭᠡᠷᠡᠭᠲᠡᠢ᠃ ᠵᠠᠰᠠᠭ  ᠤᠨ ᠶᠠᠪᠤᠲᠠᠯ  ᠢ ᠢᠯᠨ ᠪᠠᠶᠢᠯᠭᠠᠬᠤ ᠶᠢ ᠦᠷᠬᠦᠯᠵᠢᠯᠠᠨ ᠲᠦᠯᠬᠢᠨ ᠠᠬᠢᠭᠤᠯᠵᠤ᠂ ᠵᠠᠰᠠᠭ ᠵᠠᠬᠢᠷᠭᠠᠨ  ᠤ ᠬᠠᠮᠢᠶᠠᠷᠤᠯᠲᠠ ᠢᠯᠨ ᠲᠤᠲᠤ᠂ ᠦᠨᠲᠤᠷ ᠦᠷ᠎ᠠ ᠠᠰᠢᠭ ᠲᠠᠢ᠂ ᠲᠦᠪ ᠭᠤᠤᠯᠴᠢ ᠪᠠᠶᠢᠬᠤ ᠶᠢ ᠪᠠᠶᠠᠯᠡᠬᠦᠯᠬᠦ ᠭᠡᠷᠡᠭᠲᠡᠢ᠃ᠠᠷᠠᠳ ᠤᠯᠠᠨ  ᠳᠤ ᠤᠶᠢᠯᠠᠴᠢᠯᠠᠬᠦ ᠦᠵᠠᠯ ᠤᠬᠠᠮᠰᠠᠷ  ᠢᠶᠠᠨ ᠴᠢᠩᠭᠠᠷᠠᠭᠤᠯᠵᠤ᠂ ᠦᠨᠲᠤᠷ ᠦᠷ᠎ᠠ ᠠᠰᠢᠭ ᠪᠦᠬᠦᠢ ᠵᠠᠰᠠᠭ  ᠤᠨ ᠤᠷᠲᠤᠨ  ᠢ ᠪᠦᠬᠦ ᠬᠦᠴᠤᠨ  ᠢᠶᠠᠷ  ᠢᠶᠠᠨ  ᠪᠠᠶᠢᠭᠤᠯᠤᠨ᠎ᠠ᠃ ᠵᠠᠰᠠᠭ ᠶᠠᠪᠤᠭᠤᠯᠬᠤ  ᠳᠤ ᠠᠷᠠᠳ  ᠤᠨ ᠰᠠᠨᠠᠯ  ᠢ ᠦᠷᠭᠡᠨ  ᠢᠶᠠᠷ ᠰᠤᠨᠤᠰᠴᠤ᠂ ᠠᠷᠭ᠎ᠠ ᠪᠤᠲᠤᠯᠭ᠎ᠠ ᠶᠢ ᠠᠷᠠᠳ  ᠠᠴᠠ ᠠᠰᠠᠭᠤᠵᠤ᠂ ᠭᠡᠷᠡᠭᠴᠡᠭᠡ ᠱᠠᠭᠠᠷᠲᠠᠯᠭ᠎ᠠ ᠶᠢ ᠠᠷᠠᠳ  ᠠᠴᠠ ᠠᠰᠠᠭᠤᠬᠤ ᠶᠢ ᠪᠠᠷᠢᠮᠲᠠᠯᠠᠨ᠎ᠠ  ︔ ᠦᠨᠲᠤᠰᠤᠨ ᠱᠠᠲᠤᠨ  ᠤ ᠤᠯᠠᠨ ᠲᠦᠮᠠᠨ  ᠤ ᠲᠤᠰᠬᠠᠯ  ᠢᠶᠠᠷ ᠴᠢᠩᠭ᠎ᠠ ᠬᠠᠯᠠᠮᠰᠢᠯ ᠠᠰᠠᠭᠤᠲᠠᠯ ᠬᠦᠴᠢᠷ ᠠᠰᠠᠭᠤᠲᠠᠯ  ᠢ ᠬᠦᠴᠤᠯᠠᠨ ᠰᠢᠢᠳᠪᠤᠷᠢᠯᠠᠵᠤ᠂ ︽ᠠᠷᠪᠠ ᠶᠢ ᠪᠦᠷᠬᠦᠬᠦᠯᠬᠦ︾᠂ ︽ ᠵᠢᠷᠭᠤᠭᠠᠨ ᠲᠤᠮᠤ ᠢᠨᠵᠧᠨᠧᠷᠢᠩ︾ ᠵᠠᠷᠭᠡ ᠵᠠᠰᠠᠭ  ᠤᠨ ᠤᠷᠲᠤᠨ  ᠤ ᠠᠮᠠᠯᠲᠤᠭᠰᠠᠨ ᠠᠷᠠᠳ  ᠤᠨ ᠠᠮᠢᠲᠤᠷᠠᠯ  ᠤᠨ ᠪᠤᠲᠠᠲᠤ ᠭᠡᠷᠡᠭ  ᠤᠨ ᠢᠨᠵᠧᠨᠧᠷᠢᠩ  ᠢ ᠭᠤᠤᠯᠲᠠᠯᠭ᠎ᠠ ᠲᠠᠢ ᠰᠠᠶᠢᠲᠤᠷ ᠬᠢᠬᠦ ᠭᠡᠷᠡᠭᠲᠡᠢ᠃ ᠵᠠᠰᠠᠭ ᠵᠠᠬᠢᠷᠭᠠᠨ  ᠤ ᠬᠢᠨᠠᠨ ᠵᠦᠪᠰᠢᠶᠠᠷᠠᠯᠲᠠ  ᠶᠢᠨ ᠭᠡᠷᠡᠭ  ᠤᠳ  ᠢ ᠦᠷᠬᠦᠯᠵᠢᠯᠠᠨ ᠴᠤᠮᠬᠠᠳᠬᠠᠵᠤ᠂ ᠵᠠᠰᠠᠭ  ᠤᠨ ᠶᠠᠪᠤᠲᠠᠯ  ᠤᠨ ᠤᠶᠢᠯᠠᠴᠢᠯᠠᠭᠡᠨ  ᠤ ᠠᠷᠭ᠎ᠠ ᠭᠡᠯᠪᠠᠷᠢ  ᠶᠢᠨ ᠰᠢᠨ᠎ᠠ  ᠶᠢ ᠡᠬᠦᠳᠴᠤ᠂ ᠬᠠᠮᠢᠶᠠᠷᠤᠯᠲᠠ ᠨᠢ ᠵᠢᠷᠤᠮᠵᠢᠭᠰᠠᠨ᠂ ᠤᠶᠢᠯᠠᠲᠤᠯ ᠴᠢᠲᠠᠪᠬᠢ ᠨᠢ ᠲᠠᠬᠦᠯᠲᠠᠷᠵᠢᠭ᠍ᠰᠡᠨ᠂ ᠠᠵᠢᠯᠯᠠᠭᠠᠨ ᠨᠢ ᠦᠨᠲᠤᠷ ᠦᠷ᠎ᠠ ᠠᠰᠢᠭ ᠲᠠᠢ ᠵᠠᠰᠠᠭ  ᠤᠨ ᠶᠠᠪᠤᠲᠠᠯ  ᠤᠨ ᠶᠠᠷᠤᠩᠭᠡᠶᠢᠯᠡᠭᠰᠠᠨ ᠤᠶᠢᠯᠠᠴᠢᠯᠠᠭᠡᠨ  ᠤ ᠲᠤᠭᠲᠠᠯᠴᠠᠭ᠎ᠠ  ᠶᠢ ᠲᠦᠷᠭᠡᠳᠭᠡᠨ ᠪᠠᠶᠢᠭᠤᠯᠤᠨ᠎ᠠ᠃ ᠵᠠᠰᠠᠭ  ᠤᠨ ᠤᠷᠲᠤᠨ  ᠤ ᠡᠬᠦᠷᠭᠡ ᠴᠢᠲᠠᠪᠬᠢ  ᠶᠢ ᠠᠯᠬᠤᠮ ᠴᠢᠨᠠᠭᠰᠢᠲᠠ ᠬᠤᠪᠢᠷᠠᠭᠤᠯᠵᠤ᠂ ᠤᠯᠠᠨ ᠨᠠᠶᠢᠲᠠ  ᠶᠢᠨ ᠤᠶᠢᠯᠠᠴᠢᠯᠠᠭᠡᠨ᠂ ᠵᠠᠬ᠎ᠠ ᠲᠠᠯᠭᠡᠬᠦᠷ  ᠤᠨ ᠬᠢᠨᠠᠯᠲᠠ ᠲᠠᠯᠪᠢᠯᠲᠠ᠂ ᠨᠠᠶᠢᠭᠡᠮ  ᠤᠨ ᠬᠠᠮᠢᠶᠠᠷᠤᠯᠲᠠ ᠵᠠᠷᠭᠡ ᠡᠬᠦᠷᠭᠡ ᠬᠠᠷᠢᠭᠤᠴᠠᠯᠭ᠎ᠠ ᠶᠢ ᠴᠢᠬᠤᠯᠴᠢᠯᠠᠨ ᠬᠦᠢᠴᠠᠳᠭᠡᠬᠦ ᠭᠡᠷᠡᠭᠲᠡᠢ᠃ ᠨᠠᠶᠢᠭᠡᠮ  ᠤᠨ ᠬᠠᠮᠢᠶᠠᠷᠤᠯᠲᠠ  ᠶᠢᠨ ᠰᠢᠨ᠎ᠠ ᠶᠢ ᠡᠬᠦᠳᠬᠦ᠂ ᠴᠢᠲᠠᠪᠬᠢ  ᠶᠢᠨ ᠦᠭᠡᠷᠠᠴᠢᠯᠠᠯᠲᠠ ᠶᠢ ᠬᠦᠨᠵᠠᠭᠡᠶᠢᠷᠠᠬᠦᠯᠬᠦ᠂ ᠬᠠᠷᠠᠯᠲᠠ ᠬᠠᠷᠢᠭᠤᠴᠠᠯᠭ᠎ᠠ ᠶᠢ ᠬᠢᠨᠠᠨ  ᠰᠢᠯᠭᠠᠬᠤ ᠪᠠ ᠵᠠᠰᠠᠭ ᠵᠠᠬᠢᠷᠭᠠᠨ  ᠤ ᠬᠠᠷᠢᠭᠤᠴᠠᠯᠭ᠎ᠠ ᠨᠠᠭᠡᠮᠵᠢᠯᠠᠬᠦ ᠶᠢ ᠴᠢᠩᠲᠠᠯᠠᠵᠤ᠂ ᠠᠵᠢᠯ ᠬᠢᠬᠦ ᠦᠭᠡᠢ᠂ ᠬᠤᠶᠢᠰᠢᠯᠠᠭᠤᠯᠤᠨ ᠬᠢᠬᠦ ᠵᠠᠷᠭᠡ ᠦᠵᠡᠭᠲᠠᠯ ᠭᠠᠷᠬᠤ  ᠶᠢ ᠦᠨᠠᠨᠬᠦ ᠰᠠᠷᠭᠡᠶᠢᠯᠠᠨ ᠬᠤᠷᠢᠭᠯᠠᠵᠤ᠂ ᠦᠨᠲᠤᠷ ᠦᠷ᠎ᠠ ᠠᠰᠢᠭ ᠪᠦᠬᠦᠢ ᠠᠵᠢᠯᠯᠠᠭᠠᠨ ᠲᠠᠢ ᠵᠠᠰᠠᠭ   ᠤᠨ ᠶᠠᠪᠤᠲᠠᠯ  ᠤᠨ ᠤᠷᠴᠢᠨ  ᠢ ᠢᠲᠠᠪᠬᠢᠲᠡᠢ ᠪᠤᠢ ᠪᠤᠯᠭᠠᠬᠤ ᠭᠡᠷᠡᠭᠲᠡᠢ᠃ ᠠᠵᠢᠯ  ᠤᠨ ᠰᠤᠷᠲᠠᠯ  ᠢᠶᠠᠨ ᠢᠲᠠᠪᠬᠢᠲᠡᠢ ᠬᠠᠯᠠᠨ ᠰᠠᠶᠢᠵᠢᠷᠠᠭᠤᠯᠵᠤ᠂ ᠪᠦᠬᠦ ᠬᠦᠴᠤᠨ  ᠢᠶᠠᠷ  ᠢᠶᠠᠨ ᠠᠷᠢᠭᠤᠨ ᠴᠢᠭᠡᠴᠢ ᠵᠠᠰᠠᠭ  ᠤᠨ ᠤᠷᠲᠤᠨ  ᠢ ᠡᠬᠦᠲᠤᠨ᠎ᠠ᠃ ᠲᠦᠪ  ᠤᠨ ︽ ᠨᠠᠢᠮᠠᠨ ᠲᠤᠭᠲᠠᠭᠠᠯ︾ ᠪᠠ ᠦᠪᠠᠷᠲᠠᠭᠡᠨ ᠵᠠᠰᠠᠬᠤ ᠤᠷᠤᠨ᠂ ᠬᠤᠲᠠ  ᠶᠢᠨ ᠰᠠᠬᠢᠯᠭ᠎ᠠ ᠪᠠᠲᠤ ᠰᠤᠷᠲᠠᠯ  ᠤᠨ ᠲᠤᠬᠠᠢ ᠰᠢᠷᠢᠰ ᠲᠤᠭᠲᠠᠭᠠᠯ  ᠢ ᠬᠦᠨᠵᠠᠭᠡᠢ ᠲᠤᠤᠱᠯᠠᠭᠤᠯᠤᠨ ᠨᠠᠶᠢᠲᠠᠪᠤᠷᠢᠵᠢᠭᠤᠯᠵᠤ᠂ ᠨᠠᠮ  ᠤᠨ ᠤᠯᠠᠨ ᠲᠦᠮᠠᠨᠴᠢ ᠱᠤᠭᠤᠮ  ᠤᠨ ᠬᠦᠮᠤᠵᠢᠯ ᠤᠶᠢᠯᠠᠲᠤᠯᠭᠡ  ᠶᠢᠨ ᠠᠵᠢᠯᠯᠠᠭ᠎ᠠ  ᠶᠢᠨ ᠦᠷ᠎ᠠ ᠪᠦᠲᠤᠭᠡᠯ  ᠢ  ᠪᠠᠲᠤᠳᠬᠠᠵᠤ ᠰᠠᠶᠢᠲᠤᠷ ᠬᠤᠪᠢᠷᠠᠭᠤᠯᠵᠤ᠂ ︽ ᠲᠦᠷᠪᠠᠨ ᠰᠤᠷᠲᠠᠯ︾  ᠤᠨ ᠲᠤᠪᠤᠶᠢᠮ᠎ᠠ ᠠᠰᠠᠭᠤᠲᠠᠯ  ᠢ ᠦᠨᠠᠨᠬᠦ ᠪᠤᠲᠠᠲᠡᠢ ᠰᠢᠢᠳᠪᠤᠷᠢᠯᠠᠵᠤ᠂ ᠦᠨᠠᠨ  ᠢ ᠪᠠᠷᠢᠮᠲᠠᠯᠠᠨ ᠪᠤᠲᠠᠲᠡᠢ ᠶᠢ ᠡᠷᠬᠢᠮᠯᠠᠬᠦ᠂ ᠵᠠᠰᠠᠭ  ᠤᠨ ᠵᠠᠷᠯᠢᠭ  ᠢ ᠨᠠᠪᠲᠡᠷᠭᠡᠢ ᠪᠠᠶᠢᠯᠭᠠᠬᠤ ᠶᠢ ᠪᠠᠷᠢᠮᠲᠠᠯᠠᠵᠤ᠂ ᠰᠤᠷᠲᠠᠯ  ᠤᠨ ᠪᠠᠶᠢᠭᠤᠯᠤᠯᠲᠠ  ᠶᠢ ᠰᠤᠯᠠᠷᠠᠰᠢ ᠦᠭᠡᠢ ᠴᠢᠩᠭᠠᠳᠬᠠᠬᠤ ᠭᠡᠷᠡᠭᠲᠡᠢ᠃ ᠠᠵᠢᠯᠴᠢ ᠠᠷᠪᠢᠴᠢ ᠪᠠᠷ ᠰᠠᠶᠢᠲᠤᠷ ᠠᠷᠪᠢᠯᠠᠨ ᠭᠠᠮᠨᠠᠵᠤ᠂ ᠪᠦᠷᠢᠯᠭᠡᠨ ᠰᠦᠢᠳᠭᠡᠬᠦ ᠶᠢ ᠡᠰᠠᠷᠬᠦᠴᠠᠵᠤ᠂ ︽ ᠭᠤᠷᠪᠠᠨ ᠵᠤᠶᠢᠯ  ᠤᠨ ᠠᠯᠪᠠᠨ︾  ᠤ ᠵᠠᠷᠤᠲᠠᠯ ᠪᠠ ᠡᠩ  ᠤᠨ ᠴᠢᠨᠠᠷᠲᠡᠢ ᠵᠠᠷᠤᠯᠭ᠎ᠠ ᠶᠢ ᠴᠢᠩᠭ᠎ᠠ ᠬᠢᠵᠠᠭᠠᠷᠯᠠᠬᠤ ᠭᠡᠷᠡᠭᠲᠡᠢ᠃ ᠺᠠᠳ᠋ᠷ ᠨᠢ ᠲᠦᠪ  ᠴᠢᠭᠡᠴᠢ᠂ ᠵᠠᠰᠠᠭ  ᠤᠨ ᠤᠷᠲᠤᠨ ᠨᠢ ᠠᠷᠢᠭᠤᠨ ᠴᠢᠭᠡᠴᠢ᠂ ᠤᠯᠤᠰ ᠲᠦᠷᠤ ᠨᠢ ᠬᠤᠷᠴᠠ ᠲᠤᠲᠤ ᠪᠠᠶᠢᠬᠤ ᠱᠠᠠᠭᠠᠷᠲᠠᠯᠭ᠎ᠠ ᠶᠤᠰᠤᠭᠠᠷ᠂ ᠢᠯᠵᠠᠷᠠᠯ  ᠢ ᠵᠠᠯᠬᠠᠭᠠᠨ ᠰᠢᠳᠭᠡᠬᠦ ᠪᠠ ᠤᠷᠢᠳᠴᠢᠯᠠᠨ ᠰᠠᠷᠭᠡᠶᠢᠯᠠᠬᠦ ᠲᠤᠭᠲᠠᠯᠴᠠᠭ᠎ᠠ ᠶᠢ ᠪᠠᠶᠢᠭᠤᠯᠬᠤ ᠪᠠ ᠲᠠᠬᠦᠯᠲᠠᠷᠵᠢᠬᠦᠯᠵᠤ᠂ ᠵᠠᠰᠠᠭ  ᠤᠨ ᠤᠷᠲᠤᠨ  ᠤ ᠰᠠᠯᠠᠭ᠎ᠠ ᠮᠦᠴᠢᠷ  ᠤᠨ ᠠᠵᠢᠯᠲᠠᠨ  ᠤ ᠠᠷᠢᠭᠤᠨ ᠴᠢᠭᠡᠴᠢ ᠪᠠᠷ ᠵᠠᠰᠠᠭ ᠶᠠᠪᠤᠭᠤᠯᠬᠤ ᠬᠦᠮᠤᠵᠢᠯ ᠪᠠ ᠴᠢᠭᠡᠴᠢ ᠵᠠᠰᠠᠭ  ᠤᠨ ᠰᠤᠶᠤᠯ  ᠤᠨ ᠪᠠᠶᠢᠭᠤᠯᠤᠯᠲᠠ ᠶᠢ ᠴᠢᠩᠭᠠᠳᠬᠠᠬᠤ ᠭᠡᠷᠡᠭᠲᠡᠢ᠃ ᠭᠤᠤᠯᠲᠠᠯᠭ᠎ᠠ ᠲᠠᠢ ᠬᠦᠷᠢᠶᠠᠨ  ᠤ ᠬᠢᠨᠠᠨ ᠪᠠᠶᠢᠴᠠᠭᠠᠯᠲᠠ ᠬᠢᠨᠠᠨ ᠪᠤᠲᠤᠯᠲᠠ ᠶᠢ ᠴᠢᠩᠭᠠᠳᠬᠠᠵᠤ᠂ ᠢᠯᠵᠠᠷᠠᠯ  ᠤᠨ ᠦᠵᠡᠭᠲᠠᠯ ᠪᠤᠢ ᠪᠤᠯᠬᠤ ᠶᠢ ᠡᠬᠢ ᠡᠬᠦᠰᠤᠯ  ᠠᠴᠠ ᠨᠢ ᠬᠤᠷᠢᠭᠯᠠᠨ ᠵᠤᠭᠰᠤᠭᠠᠬᠤ ᠭᠡᠷᠡᠭᠲᠡᠢ᠃ ︽ ︿ᠭᠤᠷᠪᠠᠨ ᠴᠢᠬᠤᠯᠨ ᠨᠢᠭᠡ ᠲᠤᠮᠤ﹀ ᠰᠢᠢᠳᠪᠤᠷᠢᠲᠤ ᠪᠤᠲᠤᠯᠭ᠎ᠠ ᠲᠤᠭᠲᠠᠭᠠᠬᠤ ᠶᠢ ᠵᠦᠪᠯᠠᠯᠲᠤᠬᠦ ᠲᠦᠷᠢᠮ︾᠂ ︽ᠡᠸᠠᠩᠬᠢ ᠬᠤᠰᠢᠭᠤᠨ  ᠤ ᠵᠠᠰᠠᠭ  ᠤᠨ ᠤᠷᠲᠤᠨ  ᠤ ᠠᠵᠢᠯ  ᠤᠨ ᠲᠦᠷᠢᠮ︾  ᠵᠠᠷᠭᠡ ᠡᠯ᠎ᠠ ᠲᠦᠷᠤᠯ  ᠤᠨ ᠲᠤᠭᠲᠠᠭᠠᠯ ᠲᠦᠷᠢᠮ  ᠢ ᠰᠠᠶᠢᠲᠤᠷ ᠲᠤᠤᠱᠯᠠᠭᠤᠯᠤᠨ ᠨᠠᠶᠢᠲᠠᠪᠤᠷᠢᠵᠢᠭᠤᠯᠵᠤ᠂ ᠲᠦᠷᠢᠮ  ᠤᠨ ᠬᠢᠵᠠᠭᠠᠷᠯᠠᠬᠤ ᠬᠦᠴᠤᠨ  ᠢ ᠨᠠᠮᠡᠭᠲᠠᠬᠦᠯᠵᠤ᠂ ᠲᠦᠷᠢᠮ  ᠢᠶᠠᠷ ᠡᠷᠭᠡ᠂ ᠭᠡᠷᠡᠭ ᠶᠠᠪᠤᠲᠠᠯ᠂ ᠬᠦᠮᠤᠨ  ᠢ ᠬᠠᠮᠢᠶᠠᠷᠤᠭᠤᠯᠤᠨ᠎ᠠ᠃ ᠲᠦᠯᠤᠭᠡᠯᠡᠭᠴᠢᠳ ᠡ᠂ ᠡᠨ᠋ᠨ ᠵᠢᠯ ᠪᠤᠯ ᠡᠸᠠᠩᠬᠢ ᠬᠤᠰᠢᠭᠤᠨ  ᠤ ᠦᠭᠡᠷᠠᠴᠢᠯᠠᠯᠲᠠ ᠬᠦᠭᠵᠢᠬᠦᠯᠤᠯᠲᠠ   ᠶᠢᠨ ᠶᠠᠪᠤᠴᠠ ᠳᠠᠬᠢ ᠲᠤᠶᠢᠯ  ᠤᠨ ᠴᠢᠬᠤᠯᠨ ᠨᠢᠭᠡ ᠵᠢᠯ ᠮᠦᠨ᠂ ᠰᠢᠨ᠎ᠠ ᠭᠠᠷᠤᠭ᠎ᠠ  ᠠᠴᠠ ᠰᠢᠨ᠎ᠠ ᠬᠦᠭᠵᠢᠯᠲᠠ ᠶᠢ ᠰᠦᠪᠡᠭᠴᠢᠯᠠᠬᠦ᠂ ᠰᠢᠨ᠎ᠠ ᠲᠠᠪᠠᠯᠲᠠ ᠶᠢ ᠪᠠᠶᠠᠯᠠᠬᠦᠯᠬᠦ ᠪᠤᠯ ᠴᠠᠭ ᠦᠶ᠎ᠠ ᠠᠴᠠ ᠤᠯᠭᠤᠭᠰᠠᠨ ᠢᠷᠠᠭᠤ  ᠠᠯᠲᠠᠷᠲᠤ ᠡᠬᠦᠷᠭᠡ ᠪᠠ ᠠᠷᠢᠭᠤᠨ ᠲᠠᠷᠬᠠᠨ ᠬᠠᠷᠢᠭᠤᠴᠠᠯᠭ᠎ᠠ ᠪᠤᠯᠤᠨ᠎ᠠ᠃ ᠪᠢᠲᠠ ᠬᠤᠲᠠ  ᠶᠢᠨ ᠨᠠᠮ  ᠤᠨ ᠬᠤᠷᠢᠶ᠎ᠠ᠂  ᠬᠤᠲᠠ  ᠶᠢᠨ ᠵᠠᠰᠠᠭ  ᠤᠨ ᠤᠷᠲᠤᠨ ᠪᠠ ᠬᠤᠰᠢᠭᠤᠨ  ᠤ ᠨᠠᠮ  ᠤᠨ ᠬᠤᠷᠢᠶ᠎ᠠ  ᠶᠢᠨ ᠵᠦᠪ ᠤᠨᠤᠪᠴᠢᠲᠡᠢ ᠤᠲᠤᠷᠢᠲᠤᠯᠭ᠎ᠠ ᠲᠤᠤᠷ᠎ᠠ᠂ ᠪᠦᠬᠦ ᠬᠤᠰᠢᠭᠤᠨ  ᠤ ᠦᠨᠲᠤᠰᠤᠲᠠᠨ  ᠨᠦᠭᠦᠳ  ᠤᠨ ᠠᠷᠠᠳ ᠲᠦᠮᠠᠨ  ᠢ ᠪᠦᠯᠬᠦᠮᠲᠠᠬᠦᠯᠤᠨ ᠲᠦᠰᠢᠭᠯᠡᠵᠤ᠂ ᠦᠨᠲᠤᠷ  ᠲᠤ ᠭᠠᠷᠴᠤ ᠬᠤᠯᠨ ᠶᠢ ᠪᠠᠷᠠᠯᠠᠨ᠂  ᠬᠠᠷᠢᠯᠴᠠᠨ ᠬᠠᠪᠰᠤᠷᠤᠯᠴᠠᠨ᠂ ᠰᠡᠳᠬᠢᠯ ᠨᠢᠭᠡᠳᠴᠤ ᠬᠦᠴᠤᠨ ᠪᠠᠨ ᠬᠠᠮᠲᠤᠳᠬᠠᠵᠤ᠂ ᠲᠠᠷᠢᠬᠦᠨ ᠤ ᠪᠤᠯᠬᠤ ᠪᠠᠷ ᠴᠢᠷᠮᠠᠶᠢᠵᠤ᠂ ᠦᠭᠡᠷᠠᠴᠢᠯᠠᠯᠲᠠ ᠶᠢ ᠬᠦᠨᠵᠠᠭᠡᠶᠢᠷᠠᠬᠦᠯᠬᠦ  ᠪᠠ ᠪᠦᠬᠦ ᠲᠠᠯ᠎ᠠ ᠪᠠᠷ ᠴᠢᠨᠠᠭᠡᠯᠢᠭ ᠨᠠᠶᠢᠭᠡᠮ  ᠢ ᠪᠠᠶᠢᠭᠤᠯᠬᠤ ᠰᠢᠨ᠎ᠠ ᠪᠠᠶᠢᠲᠠᠯ  ᠢ ᠡᠬᠦᠳᠬᠦ ᠪᠠᠷ ᠴᠢᠷᠮᠠᠶᠢᠨ ᠲᠠᠮᠠᠴᠠᠰᠤᠭᠡᠢ᠃
ᠢᠷᠡᠯᠲᠡ᠄ ᠡᠸ᠋ᠨᠩᠬᠢ ᠬᠤᠰᠢᠭᠤᠨ ᠤ ᠵᠠᠰᠠᠭ ᠤᠨ ᠣᠷᠳᠣᠨ