ᠡᠸ᠋ᠨᠩᠬᠢ ᠦᠨᠳᠦᠰᠦᠳᠡᠨ ᠤ ᠦᠪᠠᠷᠳᠡᠭᠡᠨ ᠵᠠᠰᠠᠬᠤ ᠬᠤᠰᠢᠭᠤᠨ ᠤ ᠲᠤᠶᠢᠮᠤ ᠪᠠᠶᠢᠳᠠᠯ
ᠨᠡᠶᠢᠲᠡᠯᠡᠭᠰᠡᠨ ᠴᠠᠭ᠄
2017/9/22
     ᠡᠸ᠋ᠨᠩᠬᠢ ᠦᠨᠳᠦᠰᠦᠳᠡᠨ ᠤ ᠦᠪᠠᠷᠳᠡᠭᠡᠨ ᠵᠠᠰᠠᠬᠤ ᠬᠤᠰᠢᠭᠤ 1958 ᠤᠨ ᠳᠤ ᠪᠠᠶᠢᠭᠤᠯᠤᠭᠳᠠᠵᠦ᠂ ᠪᠦᠬᠦ ᠤᠯᠤᠰ ᠤᠨ ᠭᠤᠷᠪᠠᠨ ᠴᠦᠭᠡᠨ ᠲᠤᠭᠠᠳᠤ ᠦᠨᠳᠦᠰᠦᠳᠡᠨ ᠤ ᠦᠪᠠᠷᠳᠡᠭᠡᠨ ᠵᠠᠰᠠᠬᠤ ᠬᠤᠰᠢᠭᠤᠨ ᠤ ᠨᠢᠭᠡ ᠪᠤᠯᠤᠨ᠎ᠠ᠃ ᠦᠪᠤᠷ ᠮᠤᠩᠭᠤᠯ ᠤᠨ ᠦᠪᠠᠷᠳᠡᠭᠡᠨ ᠵᠠᠰᠠᠬᠤ ᠤᠷᠤᠨ ᠤ ᠵᠡᠭᠦᠨ ᠭᠡᠰᠡᠭ᠂ ᠶᠡᠭᠡ ᠬᠢᠩᠭᠠᠨ ᠲᠡᠪᠡᠭᠠᠨ ᠤ ᠪᠠᠷᠠᠭᠤᠨ ᠲᠠᠯ᠎ᠠ᠂ ᠬᠦᠯᠦᠨ ᠪᠤᠶᠢᠷ ᠤᠨ ᠲᠠᠯ᠎ᠠ ᠨᠤᠳᠤᠭ ᠤᠨ ᠵᠡᠭᠦᠨ ᠤᠷᠢᠳᠤ ᠭᠡᠰᠡᠭ ᠲᠤ ᠪᠠᠶᠢᠷᠢᠯᠡᠵᠦ᠂ ᠵᠡᠭᠦᠨ ᠲᠠᠯ᠎ᠠ ᠪᠠᠷ  ᠢᠶᠠᠨ ᠶᠠᠬᠰᠢ ᠬᠤᠳᠠ ᠲᠠᠢ ᠬᠠᠪᠢᠳᠠᠵᠦ᠂ ᠤᠷᠳᠤᠭᠤᠷ ᠢᠶᠠᠨ ᠵᠠᠯᠠᠨ ᠠᠶᠢᠯ ᠬᠤᠳᠠ᠂ ᠬᠢᠩᠭᠠᠨ ᠠᠶᠢᠮᠠᠭ ᠤᠨ ᠬᠤᠷᠴᠢᠨ ᠪᠠᠷᠠᠭᠤᠨ ᠭᠠᠷᠤᠨ ᠡᠮᠦᠨᠡᠳᠤ ᠬᠤᠰᠢᠭᠤ ᠲᠠᠢ ᠵᠠᠬ᠎ᠠ ᠨᠠᠶᠢᠯᠠᠵᠦ᠂ ᠪᠠᠷᠠᠭᠤᠨ ᠲᠠᠯ᠎ᠠ ᠪᠠᠷ   ᠢᠶᠠᠨ ᠰᠢᠨ᠎ᠠ ᠪᠠᠷᠭᠤ ᠵᠡᠭᠦᠨ ᠬᠤᠰᠢᠭᠤ ᠲᠠᠢ ᠵᠠᠯᠭᠠᠯᠳᠤᠵᠦ᠂ ᠬᠤᠶᠢᠭᠤᠷ ᠢᠶᠠᠨ ᠬᠠᠶᠢᠯᠠᠷ ᠲᠤᠭᠤᠷᠢᠭ᠂  ᠬᠠᠭᠤᠴᠢᠨ ᠪᠠᠷᠭᠤ ᠬᠤᠰᠢᠭᠤ ᠲᠠᠢ ᠬᠦᠷᠰᠢᠯᠡᠵᠦ ᠪᠤᠢ᠃ ᠦᠪᠠᠷᠳᠡᠭᠡᠨ ᠵᠠᠰᠠᠬᠤ ᠬᠤᠰᠢᠭᠤ ᠶᠡᠭᠡ ᠬᠢᠩᠭᠠᠨ ᠲᠠᠪᠠᠭᠠᠨ ᠤ ᠠᠭᠤᠷᠯᠠᠭ ᠭᠠᠵᠠᠷ ᠤᠨ ᠪᠠᠷᠠᠭᠤᠨ ᠬᠤᠶᠢᠳᠤ ᠪᠡᠯ ᠳᠤ ᠪᠠᠶᠢᠷᠢᠯᠡᠵᠦ᠂ ᠶᠡᠭᠡ ᠬᠢᠩᠭᠠᠨ ᠲᠠᠪᠠᠭᠠᠨ ᠤ ᠠᠭᠤᠯᠠᠷᠬᠠᠭ ᠭᠠᠵᠠᠷ ᠠᠴᠠ ᠬᠦᠯᠦᠨ ᠪᠤᠶᠢᠷ ᠤᠨ ᠲᠡᠭᠰᠢ ᠲᠠᠯ᠎ᠠ ᠵᠦᠭ ᠰᠢᠯᠵᠢᠯᠳᠠ ᠶᠢᠨ ᠭᠡᠰᠡᠭ ᠲᠤ ᠪᠠᠶᠢᠷᠢᠰᠢᠵᠦ᠂ ᠭᠠᠵᠠᠷ ᠤᠨ ᠪᠠᠶᠢᠴᠠ ᠨᠢ ᠵᠡᠭᠦᠨ ᠡᠮᠦᠨ᠎ᠠ ᠠᠴᠠ ᠪᠠᠷᠠᠭᠤᠨ ᠬᠤᠶᠢᠰᠢ ᠪᠠᠨ ᠢᠳᠡᠭ ᠢᠳᠡᠭ ᠢᠶᠠᠷ ᠭᠡᠯᠪᠠᠶᠢᠵᠦ᠂ ᠲᠠᠯᠠᠢ ᠶᠢᠨ ᠲᠦᠪᠰᠢᠨ ᠠᠴᠠ ᠲᠡᠭᠡᠭᠰᠢᠬᠢ ᠲᠤᠮᠳᠠᠴᠢ ᠡᠷᠬᠦᠭᠳᠡᠴᠠ ᠨᠢ 800 —1000 ᠮᠧᠲᠷ ᠪᠤᠢ᠃ ᠲᠤᠮᠳᠠ ᠰᠠᠷᠢᠭᠦᠨ ᠪᠦᠰᠡ ᠶᠢᠨ ᠡᠭᠡ ᠬᠠᠭᠤᠷᠠᠢ ᠶᠢᠨ ᠴᠢᠨᠠᠷᠳᠠᠢ ᠤᠯᠠᠷᠢᠯ ᠤᠨ ᠰᠠᠯᠬᠢᠨ ᠤ ᠠᠭᠤᠷ ᠠᠮᠢᠰᠬᠤᠯ ᠳᠤ ᠬᠠᠷᠢᠶᠠᠯᠠᠭᠳᠠᠵᠦ᠂ ᠡᠪᠤᠯ ᠤᠨ ᠤᠯᠠᠷᠢᠯ  ᠨᠢ ᠤᠷᠳᠤ ᠪᠦᠭᠡᠳ ᠬᠠᠬᠢᠷ ᠬᠦᠢᠳᠡᠨ᠂ ᠵᠤᠨ ᠤ ᠤᠯᠠᠷᠢᠯ ᠨᠢ ᠲᠤᠯᠠᠭᠠᠨ ᠪᠦᠭᠡᠳ ᠤᠬᠤᠷ᠂ ᠬᠤᠷ᠎ᠠ ᠲᠤᠨᠳᠠᠰᠤ ᠨᠠᠯᠢᠶᠠᠳ ᠲᠦᠪᠯᠡᠷᠡᠩᠬᠦᠢ ᠪᠠᠶᠢᠳᠠᠭ᠃ ᠵᠢᠯ ᠤᠨ ᠲᠤᠮᠳᠠᠴᠢ ᠠᠭᠠᠷ ᠤᠨ ᠲᠤᠯᠠᠭᠠᠨ ᠨᠢ —2.4—2.2℃ ᠤᠨ ᠬᠤᠭᠤᠷᠤᠨᠳᠤ ᠪᠠᠶᠢᠵᠦ᠂ ᠵᠢᠯ ᠤᠨ ᠲᠤᠮᠳᠠᠴᠢ ᠲᠤᠨᠳᠠᠰᠤᠨ ᠤ ᠭᠡᠮᠵᠢᠶ᠎ᠠ ᠨᠢ 350 ᠮᠢᠯᠢᠮᠧᠲᠷ ᠤᠷᠴᠢᠮ ᠪᠠᠶᠢᠵᠦ᠂ ᠪᠦᠬᠦ ᠵᠢᠯ ᠤᠨ ᠬᠢᠷᠠᠭᠤ ᠦᠭᠡᠢ ᠬᠤᠭᠤᠴᠠᠭ᠎ᠠ ᠨᠢ ᠲᠤᠮᠳᠠᠴᠢ ᠪᠠᠷ ᠪᠠᠷᠤᠭ 100 —120 ᠬᠤᠨᠤᠭ ᠪᠠᠶᠢᠳᠠᠭ᠃      ᠪᠦᠬᠦ  ᠬᠤᠰᠢᠭᠤᠨ ᠤ ᠬᠠᠷᠢᠶᠠᠨ ᠳᠤ 4 ᠪᠠᠯᠭᠠᠰᠤ 1 ᠰᠢᠶᠠᠩ 5 ᠰᠤᠮᠤ᠂  44 ᠭᠠᠴᠠᠭ᠎ᠠ᠂ 20 ᠨᠠᠶᠢᠭᠡᠮ ᠲᠤᠭᠤᠷᠢᠭ ᠲᠠᠢ᠂ ᠬᠤᠰᠢᠭᠤᠨ ᠲᠦᠪ ᠤᠨ ᠪᠠᠶᠢᠭ᠎ᠠ ᠭᠠᠵᠠᠷ ᠨᠢ ᠪᠠᠶᠠᠨᠳᠤᠬᠤᠢ ᠪᠠᠯᠭᠠᠰᠤ ᠪᠤᠯᠤᠨ᠎ᠠ᠃ ᠬᠤᠰᠢᠭᠤᠨ ᠤ ᠬᠠᠷᠢᠶᠠᠨ ᠳᠤ ᠡᠸ᠋ᠨᠩᠬᠢ ᠦᠳᠦᠰᠦᠳᠡᠨ ᠢᠶᠠᠷ ᠭᠤᠤᠯ ᠪᠤᠯᠭᠠᠭᠰᠠᠨ 25 ᠦᠨᠳᠦᠰᠦᠳᠡᠨ ᠲᠠᠢ᠂ ᠶᠡᠷᠦᠩᠭᠡᠢ  ᠬᠦᠮᠦᠨ ᠠᠮᠨ ᠨᠢ 14.4 ᠲᠦᠮᠨ ᠭᠠᠷᠤᠢ ᠪᠣᠢ᠃ ᠡᠭᠦᠨ ᠳᠤ᠄ ᠴᠦᠭᠡᠨ ᠲᠤᠭᠠᠳᠤ ᠦᠨᠳᠦᠰᠦᠳᠡᠨ ᠤ ᠬᠦᠮᠦᠨ ᠠᠮᠨ ᠨᠢ 58843 ᠬᠦᠮᠦᠨ᠂ ᠶᠠᠷᠦᠩᠭᠡᠢ ᠬᠦᠮᠦᠨ ᠠᠮᠨ ᠶᠢᠨ 40.8% ᠶᠢ ᠡᠵᠡᠯᠡᠨ᠎ᠠ᠃ ᠡᠸ᠋ᠨᠩᠬᠢ ᠦᠨᠳᠦᠰᠦᠳᠡᠨ 11193 ᠬᠦᠮᠦᠨ ᠠᠮᠨ ᠪᠠᠶᠢᠵᠣ᠂ ᠶᠠᠷᠦᠩᠭᠡᠢ ᠬᠦᠮᠦᠨ ᠠᠮᠨ ᠶᠢᠨ 7.8% ᠶᠢ ᠡᠵᠡᠯᠡᠨ᠎ᠠ︔ ᠮᠤᠩᠭᠤᠯ ᠦᠨᠳᠦᠰᠦᠳᠡᠨ 27809 ᠬᠦᠮᠦᠨ ᠠᠮᠨ ᠲᠠᠢ᠂ ᠶᠡᠷᠦᠩᠭᠡᠢ ᠬᠦᠮᠦᠨ ᠠᠮᠨ ᠶᠢᠨ 19.3% ᠶᠢ ᠡᠵᠡᠯᠡᠨ᠎ᠠ ︔ ᠲᠠᠭᠤᠷ ᠦᠨᠳᠦᠰᠦᠳᠡᠨ 14239 ᠬᠦᠮᠦᠨ ᠠᠮᠨ ᠲᠠᠢ ᠪᠠᠶᠢᠵᠦ᠂ ᠶᠠᠷᠦᠩᠭᠡᠢ ᠬᠦᠮᠦᠨ ᠠᠮᠨ ᠶᠢᠨ 9.9% ᠶᠢ ᠡᠵᠡᠯᠡᠨ᠎ᠠ᠃      ᠡᠸ᠋ᠨᠩᠬᠢ ᠬᠤᠰᠢᠭᠤᠨ ᠤ ᠭᠤᠤᠯ ᠤᠷᠭᠤᠮᠠᠯ ᠤᠨ ᠪᠦᠷᠬᠦᠴᠠ ᠨᠢ ᠲᠠᠯ᠎ᠠ ᠨᠤᠳᠤᠭ ᠪᠠ ᠤᠢ ᠰᠢᠭᠤᠢ ᠪᠤᠯᠤᠨ᠎ᠠ᠃ ᠨᠤᠳᠤᠭ ᠲᠡᠪᠢᠰᠭᠡᠷ ᠤᠨ ᠶᠠᠷᠦᠩᠭᠡᠢ ᠲᠠᠯᠠᠪᠠᠢ ᠨᠢ 19111  ᠬᠠᠪᠳᠠᠭᠠᠢ ᠲᠦᠷᠪᠡᠯᠵᠢᠨ ᠺᠢᠯᠦᠮᠧᠲᠷ᠂ ᠡᠭᠦᠨ ᠳᠤ᠄ ᠲᠠᠯ᠎ᠠ ᠨᠤᠳᠤᠭ ᠤᠨ ᠲᠠᠯᠠᠪᠠᠢ ᠨᠢ 11900 ᠬᠠᠪᠳᠠᠭᠠᠢ ᠲᠦᠷᠪᠡᠯᠵᠢᠨ ᠺᠢᠯᠦᠮᠧᠲᠷ᠂ ᠪᠦᠬᠦ ᠬᠤᠰᠢᠭᠤᠨ ᠤ ᠶᠠᠷᠦᠩᠭᠡᠢ ᠲᠠᠯᠠᠪᠠᠢ ᠶᠢᠨ 62.2% ᠶᠢ ᠡᠵᠡᠯᠡᠨ᠎ᠠ︔ ᠤᠶᠢᠳᠤ ᠭᠠᠵᠠᠷ ᠤᠨ ᠲᠠᠯᠠᠪᠠᠢ ᠨᠢ 6462 ᠬᠠᠪᠳᠠᠭᠠᠢ ᠲᠦᠷᠪᠡᠯᠵᠢᠨ ᠺᠢᠯᠦᠮᠧᠲᠷ᠂ ᠨᠤᠳᠤᠭ ᠲᠡᠪᠢᠰᠭᠡᠷ ᠤᠨ ᠲᠠᠯᠠᠪᠠᠢ ᠶᠢᠨ 33.8% ᠶᠢ ᠡᠵᠡᠯᠡᠨ᠎ᠠ᠂ ᠠᠳᠠ ᠪᠦᠬᠦ ᠤᠯᠤᠰ ᠤᠨ ᠬᠠᠮᠤᠭ ᠶᠡᠭᠡ ᠵᠢᠭᠠᠷᠳᠤ ᠨᠠᠷᠠᠰᠤ ᠶᠢᠨ ᠡᠬᠡ ᠤᠢ ᠶᠢᠨ ᠰᠠᠭᠤᠷᠢᠨ ᠭᠠᠵᠠᠷ᠂ ᠲᠠᠯᠠᠭᠡᠢ ᠳ᠋ᠡᠬᠢᠨ ᠳᠤ ᠠᠯᠳᠠᠷᠰᠢᠭᠰᠠᠨ ᠡᠯᠡᠰᠦᠷᠭᠡᠭ ᠭᠠᠵᠠᠷ ᠤᠨ ᠵᠢᠭᠠᠷᠳᠤ ᠨᠠᠷᠠᠰᠤ ᠶᠢᠨ ᠤᠢ ᠶᠢᠨ ᠪᠦᠰᠡ ᠪᠤᠢ᠃ 20 ᠺᠢᠯᠦᠮᠧᠲᠷ ᠠᠴᠠ ᠲᠡᠭᠡᠭᠰᠢ ᠪᠤᠯᠬᠤ ᠰᠠᠪᠠ ᠭᠠᠵᠠᠷ ᠲᠠᠢ 31 ᠵᠤᠷᠪᠤᠰ ᠭᠤᠤᠯ ᠭᠤᠷᠤᠬ᠎ᠠ  ᠪᠤᠢ᠂ ᠡᠭᠦᠨ ᠤ ᠲᠤᠳᠤᠷᠠᠬᠢ ᠨᠠᠯᠢᠶᠠᠳ ᠶᠡᠭᠡ ᠭᠤᠤᠯ ᠮᠦᠷᠠᠨ ᠨᠢ ᠢᠮᠢᠨ ᠭᠤᠤᠯ᠂ ᠬᠤᠢ ᠭᠤᠤᠯ᠂ ᠰᠢᠨᠡᠭᠡᠨ ᠭᠤᠤᠯ  ᠪᠤᠯᠤᠨ᠎ᠠ᠂  ᠪᠠᠰᠠ 600 ᠭᠠᠷᠤᠢ ᠨᠠᠭᠤᠷ ᠴᠦᠬᠦᠷᠦᠮ ᠪᠤᠢ᠃ ᠭᠠᠵᠠᠷ ᠲᠤᠤᠷᠠᠬᠢ ᠡᠬᠢ ᠪᠠᠶᠠᠯᠢᠭ ᠨᠢ ᠨᠠᠬᠦᠷᠠᠰᠤ ᠪᠠᠷ ᠭᠤᠤᠯ ᠪᠤᠯᠭᠠᠵᠦ᠂ ᠪᠠᠳᠤᠯᠠᠭᠠᠳᠤ ᠬᠠᠳᠠᠭᠠᠯᠠᠭᠳᠠᠴᠨ ᠨᠢ 300 ᠳ᠋ᠦᠩᠰᠢᠭᠤᠷ ᠲᠤᠨ ᠠᠴᠠ ᠲᠡᠭᠡᠭᠰᠢ ᠪᠣᠢ᠃ ᠪᠠᠰᠠ ᠲᠠᠮᠤᠷ᠂ ᠴᠤᠬᠤᠢ ᠶᠢᠨ ᠴᠢᠯᠠᠭᠤᠯᠢᠭ᠂  ᠭᠠᠨᠳᠢᠭ ᠴᠢᠯᠠᠭᠤ  ᠂ ᠴᠠᠶᠢᠷ᠂ ᠬᠦᠩᠭᠡᠨ ᠴᠠᠭᠠᠨ᠂ ᠪᠧᠷᠢᠯᠢ  ᠵᠠᠷᠭᠡ ᠠᠭᠤᠷᠬᠠᠢ ᠶᠢᠨ ᠡᠬᠢ ᠪᠠᠶᠠᠯᠢᠭ ᠪᠠᠶᠢᠳᠠᠭ᠃ ᠠᠳᠠᠬᠢ ᠶᠢᠨ ᠪᠠᠶᠢᠭᠠᠯᠢ ᠶᠢᠨ ᠬᠤᠯᠤᠰᠤᠨ ᠴᠦᠬᠦᠷᠦᠮ ᠶᠢᠨ ᠶᠠᠷᠦᠩᠭᠡᠢ ᠲᠠᠯᠠᠪᠠᠢ ᠨᠢ 100 ᠲᠦᠮᠡᠨ ᠮᠤ᠋ ᠬᠦᠷᠴᠤ ᠪᠤᠢ᠂ ᠨᠠᠷ᠎ᠠ ᠠᠯᠳᠠᠷᠰᠢᠭᠰᠠᠨ ᠤᠭᠤᠨᠤ ᠶᠢᠨ ᠷᠠᠰᠢᠶᠠᠨ ᠨᠢ ᠦᠨᠳᠦᠷ ᠨᠢᠬᠳᠠᠴᠠ ᠲᠠᠢ ᠪᠤᠯᠠᠭ ᠤᠨ ᠤᠰᠤᠨ  ᠳᠤ ᠲᠣᠭᠠᠴᠢᠭᠳᠠᠨ᠂ ᠪᠤᠯᠠᠭ ᠤᠨ ᠤᠰᠤᠨ ᠳᠤᠨᠢ ᠬᠦᠮᠦᠨ ᠤ ᠪᠠᠶ᠎ᠠ ᠳᠤ ᠠᠰᠢᠭᠳᠠᠢ 20 ᠭᠠᠷᠤᠢ ᠲᠦᠷᠦᠯ ᠤᠨ ᠪᠢᠴᠢᠯ ᠡᠯᠧᠮᠧᠨ᠋ᠲ ᠠᠭᠤᠯᠤᠭᠳᠠᠵᠦ ᠪᠠᠶᠢᠳᠠᠭ᠃      ᠭᠡᠭᠡᠷ᠎ᠠ ᠶᠢᠨ ᠤᠷᠭᠤᠮᠠᠯ ᠤᠨ ᠲᠦᠷᠰᠦ ᠶᠢᠨ ᠲᠦᠷᠦᠯ ᠤᠯᠠᠨ᠂ 72 ᠢᠵᠠᠭᠤᠷ ᠤᠨ 284 ᠪᠠᠭ ᠤᠨ 621 ᠲᠦᠷᠦᠯ ᠤᠨ ᠤᠷᠭᠤᠮᠠᠯ ᠪᠤᠢ᠂ ᠬᠤᠪᠤᠷ ᠴᠤᠬᠠᠭ ᠤᠷᠭᠤᠮᠠᠯ   ᠳᠤᠨᠢ ᠤᠯᠤᠰ ᠤᠨ ᠬᠤᠶᠠᠳᠤᠭᠠᠷ ᠲᠠᠰ ᠤᠨ ᠬᠠᠮᠠᠭᠠᠯᠠᠯᠳᠠ ᠲᠠᠢ ᠵᠢᠭᠠᠷᠳᠤ ᠨᠠᠷᠠᠰᠤ᠂ ᠬᠢᠩᠭᠠᠨ ᠤ ᠤᠳᠠ᠂ ᠪᠠᠰᠠ ᠲᠠᠯ᠎ᠠ ᠨᠤᠳᠤᠭ ᠤᠨ ᠴᠠᠭᠠᠨ ᠮᠦᠬᠦ᠂ ᠠᠯᠠᠭ ᠮᠦᠬᠦ᠂ ᠬᠦᠷᠡᠩ ᠮᠦᠬᠦ᠂ ᠪᠢᠯᠢᠭᠳᠦ ᠲᠡᠯᠳᠡᠦ ᠵᠠᠷᠭᠡ ᠮᠦᠬᠦ ᠪᠠᠺᠲ᠋ᠧᠷᠢ ᠶᠢᠨ ᠤᠷᠭᠤᠮᠠᠯ ᠪᠤᠢ᠃ ᠬᠤᠰᠢᠭᠤᠨ ᠤ ᠭᠡᠪᠴᠢᠶᠠᠨ ᠳᠤ ᠣᠷᠣᠰᠢᠨ ᠠᠮᠢᠳᠤᠷᠠᠵᠦ ᠪᠠᠶᠢᠭ᠎ᠠ ᠠᠷᠢᠶᠠᠳᠠᠨ ᠤ ᠲᠦᠷᠦᠯ ᠤᠨ ᠪᠦᠷᠢᠨ ᠪᠤᠰᠤ ᠪᠦᠷᠢᠳᠭᠡᠯ ᠢ ᠦᠨᠳᠦᠰᠦᠯᠡᠪᠡᠯ 4 ᠪᠠᠭ᠂ 14 ᠢᠵᠠᠭᠤᠷ ᠤᠨ 49 ᠲᠦᠷᠦᠯ ᠪᠠᠶᠢᠨ᠎ᠠ᠃ ᠡᠭᠦᠨ ᠤ  ᠲᠤᠳᠤᠷ᠎ᠠ ᠤᠯᠤᠰ ᠤᠨ ᠬᠠᠮᠠᠭᠠᠯᠠᠯᠳᠠ ᠲᠠᠢ ᠬᠤᠪᠤᠷ ᠴᠤᠬᠠᠭ ᠠᠮᠢᠳᠠᠨ 12 ᠲᠦᠷᠦᠯ ᠪᠤᠢ᠃ ᠰᠢᠪᠡᠭᠤᠨ ᠤ ᠲᠦᠷᠦᠯ ᠤᠨ ᠡᠬᠢ ᠪᠠᠶᠠᠯᠢᠭ  ᠢᠶᠠᠷ ᠨᠠᠯᠢᠶᠠᠳ ᠡᠯᠪᠡᠭ  ᠪᠠᠶᠢᠳᠠᠭ᠂  ᠲᠡᠮᠳᠡᠭᠯᠡᠯ ᠢ ᠦᠨᠳᠦᠰᠦᠯᠡᠪᠡᠯ ᠢᠮᠢᠨ ᠭᠤᠤᠯ ᠤᠨ ᠰᠠᠪᠠ ᠭᠠᠵᠠᠷ ᠤᠨ ᠰᠢᠪᠡᠭᠤᠨ ᠤ ᠲᠦᠷᠦᠯ ᠨᠢ 16 ᠪᠠᠭ᠂ 34 ᠢᠵᠠᠭᠤᠷ   ᠤᠨ 140 ᠲᠦᠷᠦᠯ ᠪᠤᠢ᠃      ᠬᠤᠰᠢᠭᠤᠨ ᠤ ᠬᠢᠯᠢ ᠲᠤᠳᠤᠷ᠎ᠠ ᠬᠤᠸᠠᠨᠧᠩ ᠢᠮᠢᠨ ᠨᠠᠬᠦᠷᠠᠰᠤ ᠴᠠᠬᠢᠯᠭᠠᠨ ᠤ ᠬᠢᠵᠠᠭᠠᠷᠳᠤ ᠬᠠᠷᠢᠭᠤᠴᠠᠯᠭᠠᠳᠤ ᠺᠤᠮᠫᠠᠨᠢ᠂ ᠱᠧᠨ ᠬᠤᠸ᠋ᠨ ᠳ᠋ᠠᠶᠠᠨ ᠤ ᠡᠨᠧᠷᠬᠢ ᠶᠢᠨ ᠪᠦᠯᠦᠭᠯᠡᠯ᠂ ᠬᠤᠩᠭᠤᠯᠵᠢ ᠤᠢ ᠰᠢᠭᠤᠢ ᠶᠢᠨ ᠲᠤᠪᠴᠢᠶ᠎ᠠ᠂ ᠦᠪᠤᠷ ᠮᠤᠩᠭᠤᠯ ᠤᠨ ᠲᠦᠩ ᠳ᠋ᠠ ᠨᠠᠬᠦᠷᠠᠰᠤᠨ ᠦᠢᠯᠡᠰ ᠤᠨ ᠺᠤᠮᠫᠠᠨᠢ ᠵᠠᠷᠭᠡ ᠤᠯᠤᠰ ᠤᠨ ᠦᠮᠴᠢᠯᠠᠯᠳᠤ ᠲᠤᠮᠤ ᠠᠵᠦ ᠠᠬᠤᠶᠢᠯᠠᠯ ᠤᠳ ᠪᠤᠢ᠃ ᠦᠪᠠᠷᠳᠡᠭᠡᠨ ᠵᠠᠰᠠᠬᠤ ᠬᠤᠰᠢᠭᠤ ᠤᠷᠢᠳ ᠬᠤᠵᠢᠳ ︽ᠪᠦᠬᠦ ᠤᠯᠤᠰ ᠤᠨ ᠪᠤᠯᠪᠠᠰᠤᠨ ᠬᠤᠰᠢᠭᠤ ᠰᠢᠶᠠᠨ ᠤ ᠬᠤᠳᠠ︾᠂ ︽ᠪᠦᠬᠦ ᠤᠯᠤᠰ ᠤᠨ ᠰᠤᠶᠤᠯ ᠤᠨ ᠲᠡᠷᠢᠭᠦᠨ ᠤ ᠰᠢᠶᠠᠨ︾᠂ ︽ᠲᠤᠮᠳᠠᠳᠤ ᠤᠯᠤᠰ ᠤᠨ ᠵᠢᠭᠤᠯᠴᠢᠯᠠᠯ ᠤᠨ ᠬᠦᠴᠦᠷᠭᠡᠭ ᠰᠢᠶᠠᠨ︾᠂ ︽ᠪᠦᠬᠦ ᠤᠯᠤᠰ ᠤᠨ ᠪᠠᠶ᠎ᠠ ᠶᠢᠨ ᠲᠠᠮᠢᠷ ᠤᠨ ᠲᠠᠷᠢᠭᠦᠨ ᠤ ᠰᠢᠶᠠᠨ︾᠂ ︽ᠪᠦᠬᠦ ᠤᠯᠤᠰ ᠤᠨ ᠦᠨᠳᠦᠰᠦᠳᠡᠨ ᠤ ᠪᠦᠯᠬᠦᠮᠳᠠᠯ ᠲᠠᠪᠰᠢᠯᠳᠠ ᠶᠢᠨ ᠵᠢᠱᠢᠶᠠᠴᠢ ᠨᠢᠭᠡᠴᠠ︾᠂ ︽ᠪᠦᠬᠦ ᠤᠯᠤᠰ ᠤᠨ ᠬᠢᠳᠠᠳ ᠮᠤᠩᠭᠤᠯ ᠡᠮᠨᠡᠯᠭᠡ ᠶᠢᠨ ᠠᠵᠢᠯ ᠤᠨ ᠲᠠᠷᠢᠭᠦᠨ ᠤ ᠰᠢᠶᠠᠨ︾᠂  ︽ᠪᠦᠬᠦ ᠤᠯᠤᠰ ᠤᠨ ᠠᠷᠠᠳ ᠤᠨ ᠰᠤᠶᠤᠯ ᠲᠠᠭᠤᠤ ᠪᠦᠵᠢᠭ ᠤᠷᠠᠯᠢᠭ ᠤᠨ ᠨᠤᠳᠤᠭ︾᠂ ︽ᠪᠦᠬᠦ ᠤᠯᠤᠰ ᠤᠨ ᠲᠡᠤᠭᠡ ᠶᠢᠨ ᠲᠤᠷᠠᠰᠬᠠᠯᠳᠤ ᠵᠦᠢᠯᠡᠰ ᠤᠨ ᠠᠵᠢᠯ ᠤᠨ ᠲᠡᠷᠢᠭᠦᠨ ᠤ ᠰᠢᠶᠠᠨ︾ ᠪᠠ ︽ᠪᠦᠬᠦ ᠤᠷᠤᠨ ᠤ ᠬᠤᠶᠠᠷ ᠢ ᠬᠦᠷᠢᠶᠠᠯᠠᠬᠦ ᠵᠢᠱᠢᠶᠠᠴᠢ ᠬᠤᠰᠢᠭᠤ︾ ᠵᠠᠷᠭᠡ ᠢᠷᠠᠭᠤ ᠠᠯᠳᠠᠷ ᠤᠨ ᠴᠤᠯᠨ ᠢᠶᠠᠷ ᠦᠨᠡᠯᠡᠭᠳᠡᠪᠡ᠃ ︽ᠪᠦᠬᠦ ᠤᠯᠤᠰ  ᠤᠨ ᠠᠮᠢ ᠠᠬᠤᠢ ᠶᠢᠨ  ᠬᠤᠰᠢᠭᠤ︾ ᠶᠢᠨ ᠪᠦᠳᠦᠭᠡᠨ ᠪᠠᠶᠢᠭᠤᠯᠤᠯᠳᠠ ᠨᠢ ᠪᠦᠬᠦ ᠤᠯᠤᠰ ᠤᠨ ᠤᠷᠴᠢᠨ ᠲᠤᠭᠤᠷᠢᠨ  ᠤ ᠶᠠᠮᠤᠨ ᠤ ᠰᠢᠯᠭᠠᠨ ᠠᠪᠤᠯᠳᠠ ᠶᠢ ᠤᠷᠤᠭᠰᠢᠳᠠᠢ ᠦᠩᠭᠡᠷᠡᠭᠡᠪᠡ᠃ 2014 ᠤᠨ ᠤ ᠲᠦᠪ ᠤᠨ ᠦᠨᠳᠦᠰᠦᠳᠡᠨ  ᠤ ᠠᠵᠢᠯ ᠤᠨ ᠬᠤᠷᠠᠯ ᠵᠢᠴᠢ ᠲᠦᠷᠦ ᠶᠢᠨ ᠶᠠᠪᠤᠳᠠᠯ ᠤᠨ ᠬᠤᠷᠢᠶᠠᠨ ᠤ  ᠵᠢᠷᠭᠤᠳᠤᠭᠠᠷ ᠤᠳᠠᠭᠠᠨ ᠤ ᠪᠦᠬᠦ ᠤᠯᠤᠰ  ᠤᠨ ᠦᠨᠳᠦᠰᠦᠳᠡᠨ ᠤ ᠪᠦᠯᠬᠦᠮᠳᠠᠯ ᠲᠠᠪᠰᠢᠯᠳᠠ ᠶᠢᠨ ᠰᠠᠶᠢᠰᠢᠶᠠᠨ ᠬᠦᠬᠢᠭᠦᠯᠬᠦ ᠬᠤᠷᠠᠯ ᠲᠡᠭᠡᠷ᠎ᠠ ︽ ᠪᠦᠬᠦ ᠤᠯᠤᠰ  ᠤᠨ ᠦᠨᠳᠦᠰᠦᠳᠡᠨ ᠤ ᠪᠦᠯᠬᠦᠮᠳᠠᠯ ᠲᠠᠪᠰᠢᠯᠳᠠ ᠶᠢᠨ ᠵᠢᠱᠢᠶᠠᠴᠢ ᠬᠠᠮᠳᠤ ᠨᠢᠭᠡᠴᠠ︾   ᠪᠠᠷ ᠦᠨᠡᠯᠡᠭᠳᠡᠪᠡ᠃
 
ᠢᠷᠡᠯᠲᠡ᠄ ᠡᠸ᠋ᠨᠩᠬᠢ ᠬᠤᠰᠢᠭᠤᠨ ᠤ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09002379号