《 ᠪᠥᠭᠦᠲᠡ ᠨᠠᠶᠢᠷᠠᠮᠳᠠᠬᠤ ᠳᠤᠮᠳᠠᠲᠤ ᠠᠷᠠᠳ ᠤᠯᠤᠰ ᠤᠨ ᠵᠡᠮᠳᠡᠭ ᠬᠦᠮᠦᠨ ᠤ ᠦᠨᠡᠮᠯᠡᠯ》
ᠨᠡᠶᠢᠲᠡᠯᠡᠭᠰᠡᠨ ᠴᠠᠭ᠄
2017/9/22
    ︽ ᠪᠥᠭᠦᠲᠡ ᠨᠠᠶᠢᠷᠠᠮᠳᠠᠬᠤ ᠳᠤᠮᠳᠠᠲᠤ ᠠᠷᠠᠳ ᠤᠯᠤᠰ ᠤᠨ ᠵᠡᠮᠳᠡᠭ ᠬᠦᠮᠦᠨ ᠤ ᠦᠨᠡᠮᠯᠡᠯ︾ ᠪᠣᠯ ᠤᠯᠤᠰ ᠢᠶᠠᠷ ᠵᠦᠪᠰᠢᠶᠡᠷᠡᠭᠦᠯᠦᠭᠡᠳ ᠳᠤᠮᠳᠠᠲᠤ ᠤᠯᠤᠰ ᠤᠨ ᠵᠠᠮᠳᠡᠭᠴᠦᠳ ᠤᠨ ᠬᠤᠯᠪᠣᠭ᠎ᠠ ᠠᠴᠠ ᠨᠢᠭᠡᠳᠦᠯᠲᠡᠢ ᠵᠣᠬᠢᠶᠠᠨ ᠣᠯᠭᠤᠭᠰᠠᠨ ᠵᠡᠮᠳᠡᠭ ᠬᠦᠮᠦᠨ ᠤ ᠳᠤᠰᠬᠠᠢ ᠬᠡᠷᠡᠭᠯᠡᠬᠦ ᠦᠨᠡᠮᠯᠡᠯ ᠪᠣᠯᠣᠨ᠎ᠠ᠂ ᠲᠡᠭᠦᠨ ᠤ ᠦᠢᠯᠡᠳᠦᠯ ᠨᠢ ᠭᠤᠣᠯᠳᠠᠭᠤ᠄         ︵1︶ ᠵᠡᠮᠳᠡᠭ ᠵᠢᠴᠢ ᠵᠡᠮᠳᠡᠭ ᠤᠨ ᠲᠦᠷᠦᠯ ᠢᠯᠭᠠᠯ᠂  ᠳᠡᠰ ᠢ ᠭᠡᠷᠡᠴᠢᠯᠡᠬᠦ ᠭᠡᠷᠡᠴᠢ ᠪᠠᠷᠢᠮᠲᠠ︔         ︵2︶ ᠤᠯᠤᠰ ᠪᠠ ᠣᠷᠣᠨ ᠨᠣᠳᠤᠭ ᠤᠨ ᠵᠠᠰᠠᠭ ᠤᠨ ᠣᠷᠳᠣᠨ ᠤ ᠬᠠᠷᠠᠭᠠᠯᠵᠠᠯ ᠤᠨ ᠲᠥᠷᠥ ᠶᠢᠨ ᠪᠣᠳᠣᠯᠭ᠎ᠠ ᠬᠢᠭᠡᠳ ᠳᠡᠳᠭᠦᠨ ᠲᠤᠰᠠᠯᠠᠬᠤ ᠲᠣᠭᠲᠠᠭᠠᠯ ᠢ ᠬᠦᠷᠲᠡᠵᠦ᠂ ᠬᠠᠤᠯᠢ ᠶᠣᠰᠣᠨ ᠤ ᠡᠷᠬᠡ ᠠᠰᠢᠭ ᠢᠶᠠᠨ ᠬᠠᠮᠠᠭᠠᠯᠠᠬᠤ ᠦᠨᠳᠥᠰᠥᠯᠡᠯ︔         ︵3︶ ᠠᠵᠢᠯ ᠤᠨ ᠲᠦᠯᠦᠪᠯᠡᠭᠡ ᠲᠣᠭᠲᠠᠭᠠᠵᠤ᠂ ᠵᠡᠮᠳᠡᠭᠴᠦᠳ ᠤᠨ ᠦᠢᠯᠡᠰ ᠢ ᠬᠦᠭᠵᠢᠭᠦᠯᠬᠦ ᠶᠢᠨ ᠰᠠᠭᠤᠷᠢ ᠪᠣᠯᠬᠤ  ᠵᠡᠷᠭᠡ ᠲᠠᠯ᠎ᠠ ᠪᠠᠷ ᠢᠯᠡᠷᠡᠨ᠎ᠡ᠃    ᠪᠦᠭᠦᠲᠡ ᠨᠠᠶᠢᠷᠠᠮᠳᠠᠬᠤ ᠳᠤᠮᠳᠠᠲᠤ ᠠᠷᠠᠳ ᠤᠯᠤᠰ ᠤᠨ ᠵᠡᠮᠳᠡᠭ ᠬᠦᠮᠦᠨ ᠤ ᠦᠨᠡᠮᠯᠡᠯ ᠤᠨ ᠬᠠᠮᠢᠶᠠᠷᠤᠯᠲᠠ ᠶᠢᠨ ᠠᠷᠭ᠎ᠠ︾ ᠶᠢᠨ ᠲᠣᠭᠲᠠᠭᠠᠯ ᠢ ᠦᠨᠳᠦᠰᠦᠯᠡᠪᠡᠯ᠄《 ᠳᠤᠮᠳᠠᠳᠤ ᠤᠯᠤᠰ ᠤᠨ ᠵᠡᠮᠳᠡᠭ ᠬᠦᠮᠦᠨ ᠤ ᠬᠡᠷᠡᠭᠯᠡᠭᠡᠨ ᠢ ᠬᠢᠨᠠᠨ  ᠲᠣᠭᠲᠠᠭᠠᠬᠤ ᠪᠠᠷᠢᠮᠵᠢᠶ᠎ᠠ》 ᠳᠤ ᠨᠡᠶᠢᠴᠡᠭᠰᠡᠨ ᠬᠠᠷᠠᠭ᠎ᠠ᠂ ᠰᠣᠨᠣᠷ᠂ ᠦᠭᠡ ᠬᠡᠯᠡ᠂ ᠤᠶᠤᠨ᠂ ᠮᠥᠴᠢ᠂ ᠤᠶᠤᠨ ᠮᠡᠳᠡᠷᠡᠯ ᠵᠡᠷᠭᠡ ᠨᠢ ᠵᠡᠮᠳᠡᠭ ᠬᠦᠮᠥᠨ ᠳᠤ ᠴᠦᠮ ᠵᠡᠮᠳᠡᠭ ᠬᠦᠮᠦᠨ ᠤ ᠦᠨᠡᠮᠯᠡᠯ ᠣᠯᠭᠤᠬᠤ ᠬᠡᠷᠡᠭᠲᠡᠢ᠃ ᠪᠡᠶ᠎ᠡ ᠨᠢ ᠵᠡᠮᠳᠡᠭ  ᠪᠣᠯᠪᠠᠴᠦ   ᠲᠣᠭᠲᠠᠭᠠᠭᠰᠠᠨ ᠪᠠᠷᠢᠮᠵᠢᠶ᠎ᠠ ᠳᠤ ᠬᠠᠷᠬᠠᠨ ᠬᠦᠷᠥᠭᠡᠳᠥᠢ ᠪᠠᠶᠢᠭᠰᠠᠳ ᠲᠤ ᠵᠡᠮᠳᠡᠭ ᠬᠦᠮᠦᠨ ᠤ ᠦᠨᠡᠮᠯᠡᠯ ᠣᠯᠭᠤᠵᠤ ᠪᠣᠯᠬᠤ ᠦᠭᠡᠢ᠃
 
ᠢᠷᠡᠯᠲᠡ᠄ ᠡᠸ᠋ᠨᠩᠬᠢ ᠬᠤᠰᠢᠭᠤᠨ ᠤ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09002379号