ᠴᠡᠷᠢᠭ ᠤᠨ ᠠᠯᠪᠠ ᠠᠴᠠ ᠪᠠᠭᠤᠭᠰᠠᠨ ᠪᠠᠶᠢᠯᠳᠤᠭᠴᠢᠳ ᠢ ᠭᠠᠵᠠᠷ ᠰᠣᠯᠢᠵᠦ ᠲᠦᠪᠬᠢᠨᠡᠭᠦᠯᠬᠦ
ᠨᠡᠶᠢᠲᠡᠯᠡᠭᠰᠡᠨ ᠴᠠᠭ᠄
2017/9/22
    ᠴᠡᠷᠢᠭ ᠤᠨ ᠠᠯᠪᠠ ᠠᠴᠠ ᠪᠠᠭᠤᠭᠰᠠᠨ ᠪᠠᠶᠢᠯᠳᠤᠭᠴᠢᠳ ᠲᠤ ᠳᠣᠣᠷ᠎ᠠ ᠵᠢᠭᠰᠠᠭᠠᠭᠰᠠᠨ ᠪᠠᠶᠢᠳᠠᠯ ᠤᠨ ᠨᠢᠭᠡ ᠨᠢ ᠪᠠᠶᠢᠪᠠᠯ᠂ ᠭᠠᠵᠠᠷ ᠰᠣᠯᠢᠨ ᠲᠦᠪᠬᠢᠨᠡᠭᠦᠯᠵᠦ ᠪᠣᠯᠣᠨ᠎ᠠ᠄           ︵ᠨᠢᠭᠡ︶ ᠠᠯᠪᠠ ᠬᠠᠭᠠᠵᠤ ᠪᠠᠶᠢᠬᠤ ᠬᠤᠭᠤᠴᠠᠭᠠᠨ ᠳᠤ ᠠᠪᠤ ᠡᠵᠢ ᠶᠢᠨ ᠬᠢᠨᠢ ᠡᠷᠦᠬᠡ ᠠᠮᠠ ᠶᠢᠨ ᠪᠠᠶᠢᠭ᠎ᠠ ᠭᠠᠵᠠᠷ ᠨᠢ ᠬᠤᠪᠢᠷᠠᠭᠰᠠᠨ ᠪᠣᠯ ᠠᠪᠤ ᠡᠵᠢ ᠶᠢᠨ ᠬᠢᠨᠢ ᠣᠳᠣ ᠶᠢᠨ ᠡᠷᠦᠬᠡ ᠠᠮᠠ ᠶᠢᠨ ᠪᠠᠶᠢᠭ᠎ᠠ ᠭᠠᠵᠠᠷ ᠲᠤ ᠲᠦᠪᠬᠢᠨᠡᠭᠦᠯᠵᠦ ᠪᠣᠯᠣᠨ᠎ᠠ︔          ︵ᠬᠤᠶᠠᠷ︶ ᠴᠡᠷᠢᠭ ᠠᠩᠭᠢ ᠶᠢᠨ ᠠᠯᠪᠠ ᠬᠠᠭᠠᠵᠤ ᠪᠠᠶᠢᠬᠤ ᠪᠠᠶᠢᠯᠳᠤᠭᠴᠢ ᠶᠢᠨ ᠬᠤᠷᠢᠮᠯᠠᠬᠤ ᠬᠤᠯᠪᠤᠭᠳᠠᠯ ᠪᠥᠬᠦᠢ ᠲᠣᠭᠲᠠᠭᠠᠯ ᠳᠤ ᠨᠡᠶᠢᠴᠡᠬᠦ ᠮᠦᠷᠲᠡᠭᠡᠨ ᠬᠤᠷᠢᠮᠯᠠᠭᠠᠳ 2 ᠵᠢᠯ ᠳᠦᠭᠦᠷᠥᠭᠰᠡᠨ ᠪᠣᠯ ᠬᠤᠯᠪᠤᠰᠤ ᠪᠣᠶᠤ ᠬᠤᠯᠪᠤᠰᠤ ᠶᠢᠨ ᠠᠪᠤ ᠡᠵᠢ ᠶᠢᠨ ᠬᠢᠨᠢ ᠡᠷᠦᠬᠡ ᠠᠮᠠ ᠶᠢᠨ ᠪᠠᠶᠢᠭ᠎ᠠ ᠭᠠᠵᠠᠷ ᠲᠤ ᠲᠦᠪᠬᠢᠨᠡᠭᠦᠯᠵᠦ ᠪᠣᠯᠣᠨ᠎ᠠ︔           ︵ᠭᠤᠷᠪᠡ︶ ᠪᠣᠰᠤᠳ ᠣᠨᠴᠠᠭᠠᠢ ᠪᠠᠶᠢᠳᠠᠯ ᠠᠴᠠ ᠪᠣᠯᠵᠤ᠂ ᠴᠡᠷᠢᠭ ᠠᠩᠭᠢ ᠶᠢᠨ ᠳ᠋ᠢᠸᠢᠽᠢ ︵ᠪᠠᠷᠢᠭᠠᠳᠠ︶ ᠶᠢᠨ ᠱᠠᠲᠤᠨ ᠤ ᠨᠢᠭᠡᠴᠡ ᠪᠠᠷ ᠭᠡᠷᠡᠴᠢ ᠬᠢᠯᠭᠡᠭᠡᠳ᠂ ᠮᠣᠵᠢ ᠶᠢᠨ ᠱᠠᠲᠤᠨ ᠠᠴᠠ ᠳᠡᠭᠡᠭᠰᠢᠬᠢ ᠠᠷᠠᠳ ᠤᠨ ᠵᠠᠰᠠᠭ ᠤᠨ ᠣᠷᠳᠣᠨ ᠤ  ᠴᠡᠷᠢᠭ ᠤᠨ ᠠᠯᠪᠠ ᠠᠴᠠ ᠪᠠᠭᠤᠭᠰᠠᠨ ᠪᠠᠶᠢᠯᠳᠤᠭᠴᠢᠳ ᠢ ᠲᠦᠪᠬᠢᠨᠡᠭᠦᠯᠬᠦ ᠠᠵᠢᠯ ᠤᠨ ᠭᠤᠣᠯᠴᠢᠯᠠᠨ ᠬᠠᠮᠢᠶᠠᠷᠬᠤ ᠰᠠᠯᠠᠭ᠎ᠠ ᠮᠦᠴᠢᠷ ᠢᠶᠠᠷ ᠭᠠᠵᠠᠷ ᠰᠣᠯᠢᠨ ᠲᠦᠪᠬᠢᠨᠡᠭᠦᠯᠬᠦ ᠶᠢ ᠵᠦᠪᠰᠢᠶᠡᠷᠡᠭᠦᠯᠦᠭᠰᠡᠨ᠃
 
ᠢᠷᠡᠯᠲᠡ᠄ ᠡᠸ᠋ᠨᠩᠬᠢ ᠬᠤᠰᠢᠭᠤᠨ ᠤ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09002379号