ᠬᠠᠮᠤᠭ ᠤᠨ ᠰᠠᠶᠢᠨ ᠬᠦᠮᠦᠵᠢᠯ ᠲᠡᠷᠭᠡᠳᠡ ᠪᠤᠢ
ᠨᠡᠶᠢᠲᠡᠯᠡᠭᠰᠡᠨ ᠴᠠᠭ᠄
2017/9/26
   ᠰᠤᠷᠭᠠᠭᠤᠯᠢ ᠵᠤᠨ ᠤ ᠠᠮᠠᠷᠠᠯᠳᠠ ᠲᠠᠯᠪᠢᠬᠤ ᠲᠠᠢ ᠵᠡᠷᠭᠡ ᠬᠡᠷ ᠤᠨ ᠠᠬᠠᠮᠠᠳᠴᠤᠤᠯ  ᠤᠷᠤᠯᠳᠤᠵᠤ ᠮᠦᠷᠦ᠋ᠢᠴᠡᠵᠤ ᠪᠠᠶᠢᠭ᠎ᠠ ᠰᠢᠬ ᠢᠶᠠᠷ ᠦᠷ᠎ᠠ ᠬᠡᠦᠬᠡᠳ ᠢᠶᠠᠨ ᠡᠨᠡ ᠲᠡᠷᠡ ᠲᠠᠪᠳᠠᠬᠤ ᠠᠩᠬᠢ᠂ ᠪᠤᠯᠪᠠᠰᠤᠷᠠᠯ ᠤᠨ ᠬᠢᠴᠢᠶᠠᠯ ᠳᠤ ᠰᠠᠭᠤᠯᠭᠠᠬᠤ ᠬᠡᠵᠤ ᠶᠠᠭᠠᠷᠠᠯᠳᠤᠨ᠎ᠠ᠃ ᠵᠢᠷᠤᠬ ᠪᠢᠴᠢᠯᠬᠡ᠂ ᠲᠠᠭᠤᠤ ᠬᠦᠭᠵᠢᠮ᠂ ᠲᠤᠭᠠᠨ ᠤ ᠤᠬᠠᠭᠠᠨ᠂ ᠵᠤᠬᠢᠶᠠᠨ ᠪᠢᠴᠢᠯᠬᠡ᠂ ᠭᠠᠳᠠᠭᠠᠳᠤ ᠬᠡᠯᠡ᠂ ᠴᠢᠨᠠᠬᠰᠢᠯᠠᠨ ᠬᠦᠯ ᠪᠦᠮᠪᠦᠭᠡ᠂ ᠨᠢᠳᠤᠷᠭᠠᠨ ᠡᠷᠳᠡᠮ ᠬᠡᠵᠤ ᠲᠤᠭᠠᠯᠠᠵᠤ ᠪᠦᠷᠢᠳᠬᠡᠬᠡᠳ ᠪᠠᠷᠠᠰᠢ ᠦᠬᠡᠢ ᠪᠤᠯᠪᠠᠰᠤᠷᠠᠯ ᠲᠠᠰᠬᠠᠯ ᠳᠤ ᠤᠷᠤᠯᠴᠠᠭᠤᠯᠵᠤ᠂ ᠦᠷ᠎ᠠ ᠬᠡᠦᠬᠡᠳ ᠨᠢ ᠦᠢᠯᠡ ᠪᠠᠨ ᠦᠵᠡᠵᠤ᠂ ᠦᠪᠡᠷ ᠤᠨ ᠪᠠᠶ᠎ᠠ ᠨᠢ ᠴᠤ ᠤᠯᠵᠠ ᠬᠡᠵᠤ ᠲᠤᠩ ᠬᠤᠮᠰᠠ ᠪᠠᠶᠢᠳᠠᠬ᠃                     ᠦᠪᠡᠷ ᠤᠨ ᠰᠤᠷᠴᠤ ᠲᠡᠶᠢᠯᠦᠭᠰᠡᠨ ᠦᠬᠡᠢ᠂ ᠡᠵᠡᠮᠰᠢᠵᠤ ᠤᠯᠤᠬᠰᠠᠨ ᠦᠬᠡᠢ᠂ ᠬᠦᠷᠴᠤ ᠴᠢᠳᠠᠬᠰᠠᠨ ᠦᠬᠡᠢ ᠠᠯᠢ ᠪᠠᠶᠢᠬᠰᠠᠨ ᠬᠦᠰᠡᠯ ᠢᠳᠡᠬᠡᠯ ᠢᠶᠠᠨ ᠬᠡᠦᠬᠡᠳ ᠲᠡᠭᠡᠨ ᠲᠤᠬᠤᠵᠤ᠂ ᠤᠯᠠᠨ ᠠᠴᠠ ᠤᠷᠦ᠋ᠢᠯᠠᠬᠰᠠᠨ ᠴᠢᠳᠠᠪᠤᠷᠢᠳᠠᠨ ᠪᠤᠯᠵᠤ ᠶᠠᠪᠤᠬᠤ ᠶᠢ ᠬᠦᠰᠡᠵᠤ ᠨᠠᠶᠢᠳᠠᠵᠤ ᠴᠢᠨᠠᠬᠰᠢᠯᠠᠨ ᠬᠠᠷ᠎ᠠ ᠠᠯᠪᠠ ᠪᠠᠷ ᠰᠢᠬᠠᠮᠳᠠᠭᠤᠯᠤᠨ ᠬᠦᠢᠴᠡᠳᠬᠡᠬᠦ ᠬᠡᠵᠤ ᠵᠢᠳᠬᠦᠳᠡᠭ ᠨᠢ ᠮᠠᠨᠠᠶᠢᠬᠢᠨ ᠤ ᠬᠢᠳᠡᠯ ᠠᠪᠳᠠᠯ ᠶᠤᠮ᠃ ᠲᠡᠬᠡᠬᠡᠳ ᠯᠡ ᠡᠨᠡ ᠪᠦᠬᠦᠢ ᠵᠤᠷᠢᠯᠳᠠ ᠳᠤ ᠬᠦᠷᠬᠦ ᠵᠠᠮ ᠮᠦᠷ‌‍ᠢᠶ᠋ᠠᠨ ᠲᠠᠪᠳᠠᠬᠤ ᠠᠩᠬᠢ᠂ ᠪᠤᠯᠪᠠᠰᠤᠷᠠᠯ ᠤᠨ ᠬᠢᠴᠢᠶᠠᠯ ᠢᠶᠠᠷ ᠪᠡᠶᠡᠯᠡᠬᠦᠯᠬᠦ ᠬᠡᠵᠤ ᠴᠠᠬ ᠢᠶᠠᠨ  ᠵᠠᠷᠤᠴᠠᠭᠤᠯᠵᠤ᠂ ᠵᠤᠭᠤᠰ ᠢᠶᠠᠨ  ᠦᠷᠡᠬᠡᠵᠤ᠂  ᠪᠠᠰᠠ ᠴᠢᠳᠠᠯ ᠢᠶᠠᠨ ᠦᠵᠡᠯᠴᠡᠨ᠎ᠠ᠃ ᠬᠡᠦᠬᠡᠳ‌‍ᠢᠶ᠋ᠠᠨ ᠠᠮᠠᠷᠠᠯᠳᠠ ᠶᠢᠨ ᠬᠤᠭᠤᠴᠠᠭᠠᠨ ᠳᠤ ᠰᠢᠮᠳᠡᠨ ᠰᠤᠷᠤᠯᠴᠠᠭᠤᠯᠵᠤ᠂ ᠡᠷᠳᠡ ᠠᠴᠠ ᠰᠤᠷᠤᠯᠴᠠᠭᠤᠯᠵᠤ᠂ ᠢᠯᠡᠬᠦᠬᠡᠨ ᠰᠤᠷᠤᠯᠴᠠᠭᠤᠯᠵᠤ᠂ ᠤᠢᠢᠯᠠᠭᠠᠭᠤᠯᠵᠤ ᠡᠵᠡᠮᠰᠢᠭᠦᠯᠵᠤ ᠲᠡᠭᠡᠭᠰᠢᠯᠡᠬᠦᠯᠬᠦ ᠬᠡᠳᠡᠭ ᠬᠡᠷ ᠤᠨ ᠠᠬᠠᠮᠠᠳ ᠤᠨ ᠪᠤᠳᠤᠯ ᠰᠡᠳᠬᠢᠯ ᠢ ᠬᠡᠨ ᠴᠤ ᠤᠢᠢᠯᠠᠭᠠᠵᠤ ᠪᠤᠯᠤᠨ᠎ᠠ᠃ ᠠᠰᠠᠭᠤᠳᠠᠯ ᠨᠢ ᠬᠡᠪᠡᠯ ᠠᠬᠠᠮᠠᠳᠴᠤᠤᠯ ᠤᠨ ᠵᠤᠭᠤᠰ ᠮᠦᠡᠭᠬᠦ ᠶᠢᠨ ᠤᠷᠤᠭᠤᠯᠤᠯᠳᠠ ᠨᠢ ᠬᠦᠰᠡᠵᠤ ᠵᠤᠷᠢᠬᠰᠠᠨ ᠬᠠᠷᠢᠭᠤ ᠪᠠᠨ ᠤᠯᠵᠤ ᠲᠡᠶᠢᠯᠬᠦ ᠨᠢ ᠬᠡᠳᠦ ᠯᠡ ᠪᠠᠶᠢᠬᠤᠪ ᠳ᠋ᠠ᠃ ᠬᠡᠦᠬᠡᠳ ᠤᠨ ᠪᠠᠶ᠎ᠠ ᠰᠡᠳᠬᠢᠯ ᠤᠨ ᠤᠨᠴᠠᠯᠢᠬ ᠪᠤᠯᠤᠨ ᠰᠤᠷᠭᠠᠨ ᠬᠦᠮᠦᠵᠢᠯ ᠤᠨ ᠵᠢᠮ᠎ᠠ ᠶᠤᠰᠤ ᠨᠢ ᠪᠢᠳᠡᠨ ᠳᠤ ᠪᠠᠶᠢᠳᠠᠯ ᠳᠤᠨᠢ ᠲᠤᠬᠢᠷᠠᠭᠤᠯᠤᠨ ᠵᠢᠭᠠᠨ ᠰᠤᠷᠭᠠᠵᠤ᠂ ᠬᠦᠮᠦᠵᠢᠯ ᠤᠨ ᠲᠤᠮᠳᠠ ᠠᠴᠠ ᠪᠠᠶᠠᠷ ᠴᠡᠩᠭᠡᠯ ᠡᠳ᠋ᠯᠡᠬᠦᠯᠦᠨ᠂ ᠬᠦᠮᠦᠵᠢᠯ ᠤᠨ ᠲᠤᠮᠳᠠ ᠠᠴᠠ ᠲᠠᠪᠠᠭᠤᠯᠢᠬ ᠢ ᠨᠢ ᠪᠠᠳᠠᠷᠠᠭᠤᠯᠬᠤ ᠬᠡᠳᠡᠭ ᠪᠤᠷᠤᠬᠵᠢᠭᠤᠨ ᠶᠤᠰᠤ ᠤᠴᠢᠷ ᠢ ᠶᠠᠷᠢᠵᠤ ᠦᠭᠬᠦᠭᠰᠡᠨ ᠪᠢᠯᠠ᠃ ᠲᠡᠬᠡᠬᠦ ᠪᠠᠷ ᠬᠡᠦᠬᠡᠳ ᠲᠠᠢ ᠪᠠᠨ ᠬᠠᠨᠢᠰᠤᠨ ᠨᠠᠭᠠᠳᠬᠤ ᠤᠯᠳᠠᠰᠢ ᠦᠬᠡᠢ ᠰᠠᠶᠢᠬᠠᠨ ᠴᠠᠬ ᠲᠠᠭᠠᠨ ᠦᠷᠦᠬᠡᠯ ᠪᠤᠰᠤᠳ ᠲᠤ ᠲᠤᠰᠢᠶᠠᠵᠤ ᠦᠭᠬᠦᠬᠡᠳ ᠵᠢᠭᠠᠵᠤ ᠰᠤᠷᠭᠠᠬᠤ ᠶᠢ ᠨᠠᠶᠢᠳᠠᠬᠤ ᠠᠴᠠ ᠦᠪᠡᠷ‌‍ᠤᠨ ᠬᠠᠵᠠᠭᠤ ᠳᠠᠭᠠᠨ ᠬᠡᠦᠬᠡᠳ ᠢᠶᠠᠨ ᠢᠯᠡᠬᠦᠦ ᠪᠠᠶᠢᠯᠭᠠᠵᠤ᠂ ᠪᠤᠳᠠᠳᠠᠢ ᠪᠠᠶᠢᠳᠠᠯ ᠳᠤᠨᠢ ᠲᠤᠬᠢᠷᠠᠭᠤᠯᠤᠨ᠂ ᠴᠢᠭᠯᠡᠬᠦᠯᠦᠯᠳᠤ ᠴᠢᠨᠠᠷᠳᠠᠢ ᠪᠠᠷ ᠵᠢᠭᠠᠨ ᠰᠤᠷᠭᠠᠪᠠᠯ ᠰᠠᠶ᠋ᠢ ᠪᠡᠶᠡᠴᠢᠯᠡᠵᠤ ᠬᠦᠢᠴᠡᠳᠬᠡᠵᠤ ᠪᠤᠯᠤᠮᠠᠷ ᠬᠦᠮᠦᠵᠢᠯ ᠪᠤᠯᠤᠨ᠎ᠠ ᠬᠡᠵᠤ ᠪᠢ ᠦᠵᠡᠨ᠎ᠠ᠃                     ᠤᠴᠢᠷ ᠨᠢ ᠬᠡᠷ ᠤᠨ ᠠᠬᠠᠮᠠᠳ ᠨᠢ ᠰᠠᠶ᠋ᠢ ᠬᠡᠦᠬᠡᠳ ᠢᠶᠠᠨ ᠲᠤᠤᠱᠳᠠᠢ ᠤᠢᠢᠯᠠᠭᠠᠵᠤ᠂ ᠲᠠᠪᠠᠭᠤᠯᠢᠬ ᠪᠠ ᠲᠤᠳᠠᠬᠳᠠᠯ ᠢ ᠨᠢ ᠮᠡᠳᠡᠳᠡᠭ ᠪᠤᠯᠬᠤᠷ ᠪᠤᠳᠠᠳᠠᠢ ᠳᠤᠨᠢ ᠴᠢᠭᠯᠡᠬᠦᠯᠦᠨ ᠰᠤᠷᠭᠠᠬᠤ ᠳᠤ ᠨᠡᠩ ᠲᠤᠬᠢᠷᠠᠮᠵᠢᠳᠠᠢ ᠪᠠᠶᠢᠳᠠᠬ᠃ ᠬᠡᠦᠬᠡᠳ ᠴᠤ ᠦᠰᠬᠦ ᠲᠤᠳᠤᠮ ᠢᠶᠠᠨ ᠮᠡᠳᠡᠯᠬᠡ‌‍ᠶᠢᠨ ᠲᠠᠯ᠎ᠠ ᠶᠢᠨ ᠬᠡᠷᠡᠭᠴᠡᠭᠡ ᠱᠠᠭᠠᠷᠳᠠᠯᠭ᠎ᠠ ᠠᠴᠠ ᠭᠠᠳᠠᠨ᠎ᠠ ᠪᠠᠰᠠ ᠬᠠᠶᠢᠷ᠎ᠠ ᠰᠡᠳᠬᠢᠯᠬᠡ ᠶᠢᠨ ᠲᠠᠯ᠎ᠠ ᠶᠢᠨ ᠬᠠᠨᠤᠮᠵᠢ᠂ ᠦᠷᠳᠡᠭ ᠤᠨ ᠦᠵᠡᠯᠳᠡ ᠶᠢᠨ ᠬᠦᠳᠦᠯᠦᠮᠵᠢ᠂ ᠰᠤᠷᠬᠤ ᠶᠢᠨ ᠬᠦᠳᠡᠯᠬᠡᠬᠦ ᠬᠦᠴᠦᠨ ᠤ ᠲᠠᠯ᠎ᠠ ᠶᠢᠨ ᠵᠤᠷᠢᠬᠵᠢᠭᠤᠯᠤᠯ ᠢ ᠬᠡᠷᠡᠭᠰᠡᠳᠡᠭ᠃ ᠦᠯᠡᠮᠵᠢ ᠤᠯᠠᠨ ᠪᠤᠳᠠᠳᠤ ᠶᠠᠪᠤᠳᠠᠯ ᠬᠡᠷᠡᠴᠢᠯᠡᠭᠰᠡᠨ ᠨᠢ ᠠᠪᠤ ᠡᠵᠢ ᠨᠢ ᠬᠠᠵᠠᠭᠤ ᠳᠤ ᠨᠢ ᠪᠠᠶᠢᠭ᠎ᠠ ᠬᠦᠮᠦᠵᠢᠯ ᠪᠤᠯ ᠬᠠᠮᠤᠭ ᠤᠨ ᠭᠤᠶᠤ ᠰᠠᠶᠢᠬᠠᠨ ᠪᠦᠬᠡᠳ ᠬᠠᠮᠤᠭ ᠤᠨ ᠦᠷ᠎ᠠ ᠪᠦᠲᠦᠮᠵᠢᠳᠠᠢ ᠬᠦᠮᠦᠵᠢᠯ ᠪᠤᠯᠤᠨ᠎ᠠ᠃ ᠠᠪᠤ ᠡᠵᠢ ᠨᠢ ᠦᠨᠳᠤᠷ ᠴᠢᠨᠡᠷ ᠴᠢᠨᠰᠠᠭ᠎ᠠ ᠪᠠᠷ ᠬᠡᠦᠬᠡᠳ‌‍ᠲ᠋ᠤ ᠪᠠᠨ ᠬᠠᠨᠢᠰᠬᠤ ᠳᠤ ᠬᠡᠦᠬᠡᠳ ᠬᠠᠮᠤᠭ ᠤᠨ ᠠᠮᠤᠷ ᠲᠦᠪᠰᠢᠨ ᠤ ᠲᠦᠷᠦᠭᠳᠡᠯ ᠲᠠᠢ᠂ ᠵᠤᠯ ᠵᠢᠷᠭᠠᠯ ᠤᠨ ᠬᠦᠷᠳᠡᠮᠵᠢ ᠲᠠᠢ ᠪᠤᠯᠵᠤ᠂ ᠤᠨᠳᠤᠷᠤᠭᠠᠳ ᠪᠠᠷᠠᠰᠢ ᠦᠬᠡᠢ ᠰᠤᠷᠬᠤᠢ ᠶᠢᠨ ᠬᠦᠴᠦᠨ ᠴᠢᠳᠠᠯ ᠬᠦᠷᠳᠡᠵᠤ᠂ ᠤᠤᠯ‌‍ᠤᠨ ᠲᠡᠶᠢᠮᠦᠷᠬᠦ ᠠᠯᠪᠠᠳᠠᠯᠭ᠎ᠠ ᠪᠠᠷ ᠰᠤᠷᠴᠤ ᠪᠠᠶᠢᠬᠰᠠᠨ ᠠᠴᠠ ᠪᠠᠨ ᠰᠠᠨᠠᠭᠠᠴᠢᠯᠠᠭ᠎ᠠ ᠠᠴᠠ ᠪᠠᠨ ᠰᠤᠷᠬᠤ ᠪᠤᠯᠳᠠᠬ᠃ ᠠᠪᠤ ᠡᠵᠢ ᠪᠤᠯᠤᠬᠰᠠᠳ ᠡᠶᠢᠮᠦ ᠨᠢᠬᠡ ᠶᠤᠰᠤ ᠤᠴᠢᠷ ᠢ ᠤᠬᠠᠵᠤ ᠪᠤᠯᠤᠨ᠎ᠠ᠃ ᠲᠡᠷᠤᠢ ᠵᠤᠭᠤᠰ ᠮᠦᠡᠭᠬᠦ ᠬᠡᠳᠦᠢ ᠵᠠᠷᠤᠴᠠᠭᠤᠯᠪᠠᠯ ᠬᠡᠦᠬᠡᠳ ᠲᠤ ᠴᠢᠨᠢ ᠲᠡᠳᠦᠢ ᠰᠠᠶᠢᠨ᠂ ᠲᠡᠳᠦᠢ ᠠᠰᠢᠬᠳᠠᠢ ᠬᠡᠰᠡᠨ ᠶᠠᠪᠤᠳᠠᠯ ᠪᠤᠰᠤ᠂ ᠬᠠᠷᠢᠨ ᠬᠡᠦᠬᠡᠳ ᠤᠨ ᠠᠮᠠᠷᠠᠯᠳᠠ ᠶᠢᠨ ᠴᠠᠬ‌ᠢ ᠤᠳᠬ᠎ᠠ ᠠᠭᠤᠯᠭ᠎ᠠ ᠲᠠᠢ ᠪᠤᠯᠭᠠᠶ᠎ᠠ ᠬᠡᠪᠡᠯ ᠠᠪᠤ ᠡᠵᠢ ᠨᠢ ᠵᠠᠪᠠᠯ ᠬᠡᠦᠬᠡᠳ ᠢᠶᠠᠨ ᠬᠠᠵᠠᠭᠤ‌‍ᠳᠤ ᠪᠠᠨ ᠪᠠᠶᠢᠯᠭᠠᠵᠤ᠂ ᠵᠤᠭᠤᠬᠳᠠᠵᠤ ᠪᠤᠯᠤᠨ᠎ᠠ᠂ ᠨᠠᠭᠠᠳᠴᠤ ᠪᠤᠯᠤᠨ᠎ᠠ᠂ ᠵᠤᠭᠠᠴᠠᠵᠤ ᠲᠤᠭᠤᠷᠢᠵᠤ ᠪᠤᠯᠤᠨ᠎ᠠ᠂ ᠪᠠᠰᠠ ᠴᠤᠭᠭᠠᠷ ᠰᠡᠳᠦᠪ ᠲᠠᠭᠠᠵᠤ ᠰᠤᠳᠤᠯᠭᠠᠨ ᠵᠠᠳᠠᠯᠤᠯᠳᠠ ᠬᠢᠵᠤ ᠴᠤ ᠪᠤᠯᠬᠤ ᠶᠤᠮ᠃ ᠢᠡᠭᠬᠢᠬᠦ ᠪᠠᠷ ᠬᠡᠦᠬᠡᠳ ᠠᠪᠤ ᠡᠵᠢ ᠲᠠᠢ ᠪᠠᠨ ᠬᠠᠮᠳᠤ ᠪᠠᠶᠢᠬᠤ ᠶᠢᠨ ᠪᠠᠶᠠᠷ ᠴᠡᠩᠭᠡᠯ ᠢ ᠡᠳ᠋ᠯᠡᠨ ᠦᠷ᠎ᠠ ᠳ᠋ᠦᠡᠭ ᠨᠢ ᠴᠤ ᠰᠠᠶᠢᠨ ᠪᠦᠬᠡᠳ ᠬᠦᠮᠦᠵᠢᠯ ᠰᠤᠷᠭᠠᠯ ᠬᠡᠳᠡᠭ ᠴᠢᠨᠢ ᠨᠡᠩ  ᠴᠤ ᠬᠠᠯᠠᠭᠤᠨ ᠲᠤᠯᠠᠭᠠᠨ ᠪᠦᠬᠡᠳ ᠪᠠᠶᠠᠯᠢᠬ ᠠᠭᠤᠯᠭ᠎ᠠ ᠲᠠᠢ ᠪᠤᠯᠵᠤ ᠢᠷᠡᠳᠡᠭ᠃ ᠬᠠᠮᠤᠭ ᠤᠨ ᠰᠠᠶᠢᠨ ᠬᠦᠮᠦᠵᠢᠯ ᠬᠡᠬᠦ ᠠᠴᠠ ᠪᠢᠳᠡ ᠬᠠᠷᠢᠨ ᠬᠠᠮᠤᠭ ᠤᠨ ᠵᠤᠬᠢᠰᠳᠠᠢ ᠬᠦᠮᠦᠵᠢᠯ ᠬᠡᠵᠤ ᠵᠤᠷᠢᠪᠠᠯ ᠨᠡᠩ ᠵᠦᠬᠡᠷ ᠪᠠᠶᠢᠬ᠎ᠠ᠃ ᠬᠡᠬᠦ ᠳᠡᠭᠡᠨ ᠡᠬᠦᠨ ᠢ ᠪᠡᠶᠡᠯᠡᠬᠦᠯᠬᠦ ᠬᠠᠮᠤᠭ ᠤᠨ ᠲᠤᠬᠢᠳᠠᠢ ᠪᠦᠬᠡᠳ ᠲᠦᠳᠡ ᠵᠠᠮ ᠪᠤᠯ ᠬᠡᠦᠬᠡᠳ ᠲᠡᠭᠡᠨ ᠬᠠᠨᠢᠰᠴᠤ᠂ ᠰᠤᠷᠬᠤ ᠶᠢᠨ ᠬᠦᠳᠡᠯᠬᠡᠬᠦ ᠬᠦᠴᠦᠨ  ᠪᠠ ᠠᠷᠭ᠎ᠠ ᠲᠡᠮ ᠤᠯᠵᠤ ᠦᠭᠬᠦᠬᠡᠳ ᠡᠬᠦᠨ ᠢᠶᠠᠨ ᠵᠤᠷᠢᠬᠰᠠᠨ ᠪᠠᠶᠠᠷᠳᠤ ᠠᠶᠠᠯᠠᠯ ᠳᠠᠭᠠᠨ ᠮᠤᠷᠳᠠᠬᠤ ᠪᠤᠯᠤᠨ᠎ᠠ᠃  
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09002379号