ᠡᠷᠭᠡ ᠶᠢ ᠰᠣᠷᠭᠠᠬᠤ ᠪᠠᠷ ᠪᠡᠷᠭᠡ ᠶᠢ ᠰᠣᠷᠭ᠎ᠠ
ᠨᠡᠶᠢᠲᠡᠯᠡᠭᠰᠡᠨ ᠴᠠᠭ᠄
2017/9/26
   ᠭᠡᠣᠭᠡᠳ ᠪᠣᠯ ᠨᠢᠭᠡ ᠤᠯᠤᠰ ᠦᠨᠳᠦᠰᠦᠳᠡᠨ ᠤ ᠢᠷᠡᠭᠡᠳᠦᠢ᠃ ᠪᠢᠳᠡᠨ ᠤ ᠬᠦᠰᠡᠨ ᠰᠠᠨᠠᠳᠠᠭ ᠰᠠᠶᠢᠨ ᠰᠠᠶᠢᠬᠠᠨ ᠢᠷᠡᠭᠡᠳᠦᠢ ᠪᠣᠯ ᠭᠡᠣᠭᠡᠳ ᠤᠨ ᠬᠢ ᠶᠣᠮ᠃ ᠮᠢᠨᠤ ᠰᠠᠶᠢᠨ ᠰᠠᠶᠢᠬᠠᠨ ᠶᠠᠪᠣᠯᠴᠠᠳᠠᠭ ᠪᠣᠯᠠᠬ ᠠᠬ᠎ᠠ ᠶᠢᠨ ᠬᠦᠪᠡᠬᠦᠨ ᠮᠠᠰᠢ ᠦᠨᠳᠦᠷ ᠬᠤᠪᠢ ᠪᠠᠷ ᠣᠯᠣᠰ ᠤᠨ ᠭᠤᠣᠯᠳᠠᠯᠭ᠎ᠠ ᠲᠠᠢ ᠶᠡᠭᠡ ᠰᠣᠷᠭᠠᠭᠤᠯᠢ ᠳᠤ ᠰᠢᠯᠭᠠᠬᠳᠠᠨ ᠣᠷᠣᠭᠰᠠᠨ ᠪᠢᠯᠨ ᠃ ᠣᠷᠴᠢᠮ ᠪᠣᠯᠠᠭ ᠠᠬ᠎ᠠ ᠠᠵᠢᠯ ᠤᠨ ᠬᠠᠷᠠᠭ᠎ᠠ ᠠᠴᠠ ᠪᠣᠯᠵᠣ ᠪᠡᠭᠡᠵᠢᠩ ᠬᠤᠳᠠ ᠳᠤ  ᠬᠦᠷᠬᠦ ᠳᠡᠭᠡᠨ ᠠᠵᠢᠯ ᠤᠨ ᠵᠠᠪᠰᠠᠷ ᠢᠶᠠᠷ ᠬᠦᠪᠡᠬᠦᠨ ᠤ ᠪᠠᠨ ᠪᠠᠶᠢᠷᠢᠨ ᠭᠡᠷ ᠲᠤ ᠣᠴᠢᠵᠡᠢ᠃ ᠶᠡᠭᠡ  ᠰᠣᠷᠭᠠᠭᠤᠯᠢ ᠳᠤ ᠣᠷᠣᠭᠠᠳ ᠵᠢᠯ ᠰᠢᠬᠠᠭᠤ ᠪᠣᠯᠣᠭᠰᠠᠨ ᠨᠢᠭᠡ ᠪᠠᠶᠢᠷᠢ ᠶᠢᠨ ᠵᠢᠷᠭᠤᠭᠠᠨ ᠣᠶᠣᠳᠠᠨ ᠬᠠᠷᠢᠯᠴᠠᠨ ᠨᠢᠭᠡ ᠨᠢᠭᠡᠨ ᠢᠶᠠᠨ ᠲᠠᠨᠢᠳᠠᠭ ᠦᠭᠡᠢ ᠪᠠᠶᠢᠬᠤ ᠶᠢ ᠮᠡᠳᠡᠭᠡᠳ ᠪᠣᠯᠠᠬ ᠠᠬ᠎ᠠ ᠮᠠᠰᠢ ᠠᠯᠮᠠᠶᠢᠷᠠᠨ ︽ᠬᠤᠵᠢᠮ ᠡᠳᠡᠭᠡᠷ ᠣᠶᠣᠳᠠᠳ ᠨᠡᠶᠢᠭᠡᠮ ᠲᠡᠭᠡᠷ᠎ᠡ ᠭᠠᠷᠪᠠᠯ ᠶᠠᠭᠠᠬᠢᠵᠤ ᠬᠦᠮᠦᠨ ᠲᠠᠢ ᠬᠠᠷᠢᠯᠴᠠᠵᠣ᠂ ᠪᠣᠰᠣᠳ ᠲᠠᠢ ᠬᠦᠴᠦ ᠬᠠᠮᠳᠣᠷᠠᠨ ᠠᠵᠢᠯᠯᠠᠵᠤ ᠴᠢᠳᠠᠬᠤ ᠪᠢᠯᠨ︕︾ ᠭᠡᠵᠤ ᠶᠡᠭᠡ ᠰᠠᠨᠠᠭᠠᠰᠢᠷᠠᠬᠰᠠᠨ ᠪᠠᠶᠢᠵᠡᠢ᠃ ᠡᠶᠢᠮᠣᠷᠬᠦᠤ ᠶᠠᠪᠣᠳᠠᠯ ᠪᠣᠯ ᠲᠡᠮᠡᠢ ᠶᠡᠭᠡ ᠣᠨᠴᠠᠭᠠᠢ  ᠶᠠᠪᠣᠳᠠᠯ ᠪᠢᠰᠢ᠂ ᠨᠡᠶᠢᠭᠡᠮ ᠲᠡᠭᠡᠷ᠎ᠡ ᠢᠯᠡᠷᠡᠵᠣ ᠪᠠᠶᠢᠭ᠎ᠠ ᠦᠵᠡᠭᠳᠡᠯ ᠪᠣᠯᠦᠨ᠎ᠡ᠃ ᠡᠨᠡ ᠨᠢ ᠣᠯᠠᠩᠬᠢ ᠭᠡᠷ ᠤᠨ ᠠᠬᠠᠮᠠᠳ ᠭᠡᠣᠭᠡᠳ ᠤᠨ ᠢᠶᠠᠨ ᠰᠣᠷᠣᠯᠭ᠎ᠠ ᠶᠢᠨ ᠬᠢᠷᠢ ᠪᠦᠳᠦᠮᠵᠢ ᠶᠢ ᠴᠢᠬᠤᠯᠠᠴᠢᠯᠠᠬᠤ ᠠᠴᠠ ᠪᠢᠰᠢ ᠲᠡᠳᠡᠨ ᠤ ᠶᠣᠰᠣ ᠮᠣᠷᠠᠯ᠂ ᠪᠡᠶ᠎ᠡ ᠶᠢᠨ ᠲᠠᠮᠢᠷ᠂ ᠣᠷᠮ᠎ᠠ ᠪᠠᠬ᠎ᠠ᠂ ᠠᠪᠢᠶᠠᠰ ᠴᠢᠳᠠᠪᠣᠷᠢ᠂ ᠦᠨᠳᠦᠰᠦᠳᠡᠨ ᠤ ᠣᠯᠠᠮᠵᠢᠯᠠᠯᠳᠣ ᠵᠠᠩ  ᠵᠠᠩᠰᠢᠯ ᠤᠨ ᠲᠣᠬᠠᠢ ᠦᠢᠯᠠᠭᠠᠭᠳᠠᠬᠤᠨ ᠵᠡᠷᠭᠡ ᠲᠠᠯ᠎ᠠ ᠶᠢᠨ ᠪᠣᠯᠪᠠᠰᠣᠷᠠᠯ ᠴᠢᠳᠡᠪᠣᠷᠢ ᠶᠢ ᠲᠡᠭᠡᠭᠰᠢᠯᠡᠬᠦᠯᠬᠦ ᠶᠢ ᠲᠡᠮᠡᠢ  ᠴᠢᠬᠤᠯᠠᠴᠢᠯᠠᠬᠰᠠᠨ ᠦᠭᠡᠢ ᠠᠴᠠ ᠪᠣᠯᠣᠬᠰᠠᠨ ᠭᠡᠵᠣ ᠦᠵᠡᠪᠡᠯ ᠠᠷᠠᠢ ᠪᠣᠷᠣᠭᠤᠳᠠᠬᠤ ᠦᠭᠡᠢ ᠪᠢᠵᠨ᠃                       ᠮᠠᠨ ᠤ ᠮᠣᠩᠭᠤᠯ ᠦᠨᠳᠦᠰᠦᠳᠡᠨ ᠤ ︽ᠬᠦᠮᠦᠨ ᠪᠣᠯᠬᠤ ᠪᠠᠭ᠎ᠠ ᠠᠴᠠ ᠪᠠᠨ᠂ ᠬᠦᠯᠦᠭ ᠪᠣᠯᠬᠤ  ᠣᠨᠠᠭᠠᠨ ᠠᠴᠠ ᠪᠠᠨ︾ ᠭᠡᠬᠦ ᠰᠣᠷᠭᠠᠯ ᠦᠭᠡ ᠳᠤ ᠮᠠᠰᠢ ᠶᠡᠭᠡ ᠣᠳᠬ᠎ᠠ ᠣᠴᠢᠷ ᠠᠭᠤᠯᠤᠬᠳᠠᠵᠣ ᠪᠠᠶᠢᠳᠠᠬ᠃ ᠡᠬᠦᠨ ᠳᠤ ᠭᠡᠣᠭᠡᠳ ᠢ ᠪᠠᠭ᠎ᠠ ᠨᠠᠰᠣᠨ ᠠᠴᠠ ᠨᠢ ᠡᠬᠢᠯᠡᠨ ᠬᠦᠳᠦᠯᠦᠨ ᠵᠢᠯᠣᠭᠤᠳᠴᠣ᠂ ᠴᠢᠩᠭ᠎ᠠ ᠬᠦᠮᠦᠵᠢᠬᠦᠯᠬᠦ ᠬᠡᠷᠡᠭᠲᠡᠢ ᠭᠡᠰᠡᠨ ᠰᠠᠨᠠᠭ᠎ᠠ ᠢᠯᠨ ᠲᠣᠳᠣᠷᠬᠠᠢ ᠬᠠᠷᠠᠬᠳᠠᠵᠤ ᠪᠠᠶᠢᠳᠠᠬ᠃ ᠭᠡᠣᠭᠡᠳ ᠤᠨ ᠠᠩᠬᠠᠨ ᠤ ᠪᠠᠭᠰᠢ ᠪᠣᠯ  ᠭᠡᠷ ᠤᠨ ᠠᠬᠠᠮᠠᠳ ᠭᠡᠳᠡᠭ ᠨᠢ ᠲᠣᠩ ᠵᠦᠪ ᠣᠨᠣᠪᠴᠢᠲᠠᠢ ᠦᠭᠡ ᠶᠣᠮ᠃ ᠭᠡᠷ ᠤᠨ ᠠᠬᠠᠮᠠᠳ ᠭᠡᠣᠭᠡᠳ ᠢᠶᠠᠨ  ᠨᠡᠶᠢᠭᠡᠮ ᠲᠡᠭᠡᠷ᠎ᠡ ᠬᠢᠷᠢ ᠲᠡᠩᠴᠡᠭᠰᠡᠨ ᠶᠣᠰᠣ ᠮᠣᠷᠠᠯ ᠤᠨ ᠪᠣᠯᠪᠠᠰᠣᠷᠠᠯ ᠲᠠᠢ᠂ ᠲᠡᠭᠡᠳᠣ ᠭᠡᠮᠵᠢᠶᠡᠨ ᠤ ᠴᠢᠳᠠᠪᠣᠷᠢ ᠲᠠᠢ ᠪᠣᠯᠭᠠᠨ ᠬᠦᠮᠦᠵᠢᠬᠦᠯᠦᠶ᠎ᠡ ᠭᠡᠪᠡᠯ ᠬᠠᠷᠠᠬᠠᠨ ᠪᠠᠭ᠎ᠠ ᠠᠴᠠ ᠨᠢ ᠡᠬᠢᠯᠡᠨ ᠬᠠᠳᠠᠭᠤ ᠦᠭᠡ ᠶᠢ ᠲᠠᠭᠠᠭᠠᠵᠣ ᠴᠢᠳᠠᠬᠤ᠂  ᠬᠦᠴᠢᠷᠳᠡᠯ ᠢ ᠲᠠᠪᠠᠵᠣ ᠴᠢᠳᠠᠬᠤ᠂ ᠦᠪᠡᠷ ᠤᠨ ᠢᠶᠠᠨ ᠣᠶᠣᠨ ᠪᠢᠯᠢᠭ ᠬᠦᠴᠦ ᠴᠢᠳᠡᠯ ᠳᠠᠭᠠᠨ ᠵᠦᠪ ᠮᠠᠭᠠᠳᠯᠠᠯᠳᠠ  ᠬᠢᠵᠣ ᠴᠢᠳᠠᠬᠤ᠂ ᠲᠠᠷᠣᠣ ᠬᠢᠴᠢᠶᠡᠩᠬᠦᠢ ᠪᠠᠷ ᠰᠣᠷᠣᠯᠴᠠᠵᠣ ᠬᠠᠳᠠᠭᠤᠵᠢᠨ ᠪᠣᠯᠪᠠᠰᠣᠷᠠᠬᠤ ᠣᠮᠤᠭ ᠵᠣᠷᠢᠬ ᠲᠠᠢ ᠪᠣᠯᠭᠠᠬᠤ ᠶᠢ ᠴᠢᠬᠤᠯᠠᠴᠢᠯᠠᠬᠤ ᠭᠡᠷᠡᠭᠲᠡᠢ᠃ ᠨᠡᠶᠢᠭᠡᠮ ᠤᠨ ᠬᠦᠭᠵᠢᠯᠳᠠ ᠶᠢᠨ ᠬᠠᠨᠳᠣᠰᠢ ᠠᠴᠠ ᠦᠵᠡᠪᠡᠯ ᠬᠤᠵᠢᠮ  ᠮᠡᠳᠡᠯᠭᠡ ᠴᠢᠳᠠᠪᠣᠷᠢ ᠬᠤᠣᠰᠯᠠᠬᠰᠠᠨ ᠬᠦᠮᠦᠨ ᠶᠡᠭᠡ ᠬᠡᠷᠡᠭᠴᠡᠭᠡ ᠲᠠᠢ ᠪᠣᠯᠬᠤ ᠨᠢ ᠢᠯᠡᠷᠭᠡᠢ᠃ ᠮᠡᠳᠡᠯᠭᠡ ᠪᠠᠶᠢᠪᠠᠴᠣ ᠲᠡᠬᠦᠨ ᠢ ᠪᠠᠨ ᠢᠯᠡᠷᠡᠬᠦᠯᠦᠨ ᠦᠨᠡᠨᠬᠦ ᠬᠡᠷᠡᠭᠯᠡᠬᠦ ᠴᠢᠳᠠᠪᠣᠷᠢ ᠦᠭᠡᠢ ᠪᠣᠯ ᠰᠠᠭᠤᠷᠢ ᠤᠶᠠᠨ ᠠᠳᠠᠯᠢ᠂ ᠶᠠᠭ ᠦᠨᠳᠦᠰᠦ ᠮᠠᠭᠤ ᠮᠤᠳᠤ ᠠᠳᠠᠯᠢ ᠰᠢᠷᠦᠭᠦᠨ ᠰᠠᠯᠬᠢᠨ ᠳᠤ ᠨᠠᠶᠢᠭᠤᠵᠤ᠂ ᠬᠦᠷᠳᠦ ᠮᠠᠭᠤ ᠲᠡᠷᠭᠡ ᠠᠳᠠᠯᠢ ᠪᠠᠭ᠎ᠠ ᠰᠠᠭ᠎ᠠ ᠪᠠᠷᠲᠠᠭ᠎ᠠ ᠲᠠᠢ ᠵᠠᠮ ᠳᠤ ᠰᠠᠯᠭᠠᠨᠠᠵᠤ ᠪᠠᠶᠢᠳᠠᠬ᠃ ᠴᠢᠳᠠᠪᠣᠷᠢ ᠪᠠᠶᠢᠪᠠᠴᠣ ᠲᠡᠬᠦᠨ ᠢ ᠶᠠᠭᠤᠨ ᠳᠤ ᠬᠡᠷᠡᠭᠯᠡᠬᠦ ᠶᠠᠭᠠᠬᠢᠵᠣ ᠬᠡᠷᠡᠭᠯᠡᠬᠦ ᠶᠢ ᠲᠣᠩᠭᠠᠬᠤ ᠮᠡᠳᠡᠯᠭᠡ ᠦᠭᠡᠢ ᠪᠣᠯ ᠵᠢᠯᠣᠭᠤ ᠰᠤᠯᠠ ᠠᠳᠠᠯᠢ᠂ ᠶᠠᠬ ᠶᠡᠭᠡ ᠮᠠᠨᠠᠨ ᠪᠤᠳᠠᠩ ᠲᠤᠲᠣᠷ᠎ᠠ ᠠᠶᠠᠯᠠᠯ ᠤᠨ ᠵᠦᠭ ᠢᠶᠠᠨ ᠲᠤᠭᠲᠠᠭᠠᠬᠤ ᠳᠤ ᠭᠦᠴᠢᠷᠳᠡᠭᠰᠡᠨ ᠨᠡᠭᠦᠳᠡᠯ ᠤᠨ ᠠᠶᠠᠨ᠂ ᠴᠠᠮᠬᠠᠬ ᠦᠭᠡᠢ ᠰᠦᠨᠢ ᠶᠢᠨ ᠭᠦᠨ ᠳᠤ ᠴᠢᠭᠯᠡᠯ ᠢᠶᠠᠨ ᠲᠤᠭᠲᠠᠭᠠᠬᠤ ᠳᠤ ᠭᠦᠴᠢᠷᠳᠡᠭᠰᠡᠠ ᠲᠠᠯᠠᠢ ᠶᠢᠨ ᠠᠶᠠᠯᠠᠯ ᠠᠳᠠᠯᠢ ᠬᠦᠳᠡᠯᠭᠦ ᠳᠤ ᠪᠡᠷᠭᠡᠰᠢᠶᠡᠭᠦ  ᠪᠤᠶᠤ ᠵᠦᠪ ᠴᠢᠭᠯᠡᠯ ᠲᠤᠭᠲᠠᠭᠠᠬᠤ ᠳᠤ ᠬᠦᠴᠢᠷ ᠪᠠᠶᠢᠳᠠᠬ᠃                      ︽ᠡᠷᠭᠡ ᠶᠢ ᠰᠣᠷᠭᠠᠬᠤ ᠪᠠᠷ ᠪᠡᠷᠭᠡ ᠶᠢ ᠰᠣᠷᠭ᠎ᠠ︾ ᠭᠡᠳᠡᠭ ᠲᠦᠮᠡᠨ ᠵᠦᠪ᠃ ᠮᠠᠨ ᠤ ᠮᠣᠩᠭᠤᠯ ᠦᠨᠳᠦᠰᠦᠳᠡᠨ ᠤ ᠭᠡᠣᠭᠡᠳ ᠬᠠᠷ᠎ᠠ ᠪᠠᠭ᠎ᠠ ᠠᠴᠠ ᠪᠠᠨ ᠨᠡᠬᠦᠳᠡᠯ ᠮᠠᠯᠵᠢᠯ ᠤᠨ ᠠᠮᠢᠳᠣᠷᠠᠯ ᠳᠤ ᠲᠠᠰᠴᠣ᠂ ᠠᠭᠤᠯᠨ ᠣᠰᠣ ᠲᠠᠪᠠᠭ᠋ᠣ ᠨᠡᠬᠦᠳᠡᠯ ᠤᠨ ᠠᠶᠠᠨ᠂ ᠰᠠᠯᠬᠢ ᠪᠣᠷᠤᠭ᠎ᠠ ᠶᠢ ᠲᠠᠰᠪᠣᠷᠢᠯᠡᠭᠰᠡᠨ ᠣᠳᠣᠷ ᠤᠨ ᠠᠮᠢᠳᠣᠷᠠᠯ᠂ ᠮᠣᠷᠢ ᠣᠷᠣᠯᠳᠣᠬᠤ᠂ ᠮᠠᠯ ᠤᠨ ᠵᠢᠰᠣ ᠲᠣᠬᠳᠠᠭᠠᠬᠤ᠂ ᠦᠯᠢᠭᠡᠷ ᠲᠣᠮᠤᠭ ᠰᠣᠨᠣᠰᠴᠣ ᠴᠡᠭᠡᠵᠢᠯᠡᠬᠦ᠂ ᠣᠯᠠᠨ ᠠᠩ ᠠᠮᠢᠳᠡᠨ ᠤ ᠨᠡᠷ᠎ᠡ ᠶᠢ ᠡᠵᠡᠮᠰᠢᠬᠦ ᠵᠡᠷᠭᠡ ᠣᠯᠠᠨ ᠲᠠᠯ᠎ᠠ ᠪᠠᠷ ᠲᠠᠮᠵᠢᠨ ᠪᠡᠶ᠎ᠡ ᠮᠠᠬᠠᠪᠣᠳ ᠢᠶᠠᠨ ᠴᠢᠩᠭᠠᠷᠠᠭᠤᠯᠵᠣ᠂  ᠣᠶᠣᠨ ᠣᠬᠠᠭᠠᠨ ᠢᠶᠠᠨ ᠰᠤᠷᠢᠵᠣ᠂ ᠦᠰᠦᠨ ᠪᠤᠶᠢᠵᠢᠬᠤ ᠣᠳᠣᠮ ᠲᠠᠢ ᠪᠢᠯᠨ᠃ ᠣᠳᠣ ᠪᠢᠳᠡᠨ ᠲᠡᠷᠡᠬᠦ ᠮᠠᠯᠵᠢᠬᠤ ᠠᠮᠢᠳᠣᠷᠠᠯ ᠤᠨ ᠣᠷᠴᠢᠨ ᠲᠣᠭᠤᠷᠢᠨ ᠠᠴᠠ ᠡᠳᠣᠷ ᠢᠷᠡᠬᠦ ᠲᠣᠳᠣᠮ ᠬᠤᠯᠠᠳᠠᠵᠣ᠂ ᠬᠤᠳᠠ ᠣᠷᠣᠭᠤ ᠰᠢᠯᠵᠢᠵᠣ ᠪᠠᠶᠢᠬᠤ ᠪᠣᠯᠪᠠᠴᠣ ᠦᠨᠳᠦᠰᠦᠳᠡᠨ ᠤ ᠪᠠᠨ ᠣᠷᠳᠣ ᠣᠳᠠᠭᠠᠨ ᠵᠢᠯ ᠠᠴᠠ ᠣᠯᠠᠮᠵᠢᠯᠠᠨ ᠬᠡᠷᠡᠭᠵᠢᠬᠦᠯᠵᠣ ᠢᠷᠡᠭᠰᠡᠨ ᠭᠡᠣᠭᠡᠳ‌‍ᠤᠨ ᠰᠣᠷᠭᠠᠯ ᠤᠨ ᠬᠤᠪᠣᠷ ᠨᠡᠨᠳᠢᠨ ᠲᠣᠷᠰᠢᠯᠭ᠎ᠠ ᠶᠢ ᠮᠠᠷᠳᠠᠵᠣ ᠪᠣᠯᠬᠤ ᠦᠭᠡᠢ᠃ ᠮᠠᠨ ᠤ ᠮᠣᠩᠭᠤᠯᠴᠣᠳ ᠬᠦᠨᠳᠦᠳᠭᠡᠨ ᠲᠠᠭᠠᠰᠢᠶᠠᠬᠤ ᠳᠠᠭᠠᠨ ︽ᠶᠣᠰᠣ ᠮᠡᠳᠡᠳᠡᠭ ᠬᠦᠮᠦᠨ︾᠂ ︽ᠶᠣᠰᠣ ᠲᠠᠢ ᠭᠡᠣᠭᠡᠳ︾᠂ ︽ᠮᠣᠷᠠᠯ ᠲᠠᠢ ᠭᠡᠣᠭᠡᠳ︾ ᠭᠡᠵᠣ ᠭᠡᠯᠡᠳᠡᠭ᠃ ᠡᠬᠦᠨ ᠳᠤ ᠶᠣᠰᠣ ᠮᠡᠳᠡᠳᠡᠭ ᠭᠡᠵᠣ ᠶᠠᠮᠠᠷ ᠨᠢᠭᠡᠨ ᠣᠴᠢᠷ ᠶᠠᠪᠣᠳᠠᠯ ᠤᠨ ᠮᠦᠨ ᠴᠢᠨᠠᠷ ᠢ ᠣᠬᠠᠭᠠᠵᠣ ᠲᠠᠨᠢᠳᠠᠬ ᠢ ᠵᠢᠭᠠᠵᠣ ᠪᠠᠶᠢᠬᠤ ᠶᠣᠮ᠃ ᠪᠠᠰᠨ ᠮᠠᠨ ᠤ ᠮᠣᠩᠭᠤᠯ ᠦᠨᠳᠦᠰᠦᠳᠡᠨ ᠤ ᠶᠣᠰᠣ ᠶᠠᠪᠣᠳᠠᠯ ᠲᠡᠭᠡᠷ᠎ᠡ ︽ᠨᠠᠰᠣ ᠶᠡᠭᠡ ᠤᠤ ᠶᠣᠰᠣ ᠶᠡᠭᠡ ᠤᠤ︖︾ ᠭᠡᠵᠣ ᠠᠰᠠᠭᠤᠬᠤ ᠳᠤ ︽ᠶᠣᠰᠣ ᠶᠡᠭᠡ︾ ᠭᠡᠵᠣ ᠬᠠᠷᠢᠭᠤᠯᠳᠠᠭ ᠵᠠᠩᠰᠢᠯ ᠲᠠᠢ ᠶᠣᠮ᠃ ᠡᠬᠦᠨ ᠠᠴᠠ ᠪᠢᠳᠡᠨ ᠶᠣᠰᠣ ᠭᠡᠳᠡᠭ ᠮᠠᠨ ᠤ ᠨᠡᠶᠢᠭᠡᠮ ᠲᠡᠭᠡᠷ᠎ᠡ ᠭᠡᠳᠦ᠋ᠢᠴᠢᠨᠡᠭᠡᠨ ᠡᠷᠬᠢᠮ ᠲᠡᠭᠡᠳᠣ ᠪᠠᠶᠢᠬᠤ ᠶᠢ ᠣᠢᠢᠯᠠᠭᠠᠳᠠᠬ᠃ ᠲᠡᠶᠢᠮᠣ ᠠᠴᠠ ᠭᠡᠣᠭᠡᠳ ᠢᠶᠠᠨ ᠶᠣᠰᠣ ᠣᠴᠢᠷ ᠢ ᠲᠣᠩᠭᠠᠵᠣ᠂ ᠨᠢᠳᠦᠨ ᠤ ᠡᠮᠣᠨᠠᠬᠢ ᠶᠢ ᠣᠬᠠᠭᠠᠵᠣ᠂ ᠨᠢᠳᠦᠨ ᠤ ᠲᠡᠯᠡᠳᠠᠬᠢ ᠶᠢ ᠰᠡᠳᠬᠢᠵᠣ ᠴᠢᠳᠠᠬᠤ ᠬᠦᠮᠦᠨ ᠪᠣᠯᠭᠠᠶ᠎ᠡ᠃ ᠶᠣᠰᠣ ᠣᠴᠢᠷ ᠢ ᠡᠷᠬᠢᠮᠯᠡᠳᠡᠭ ᠬᠦᠮᠦᠨ ᠪᠣᠰᠣᠳ ᠤᠨ ᠲᠣᠰᠨ ᠶᠢ ᠠᠴᠢᠯᠠᠵᠣ ᠴᠢᠳᠡᠳᠠᠬ᠃ ᠶᠣᠰᠣ ᠣᠴᠢᠷ ᠢ ᠮᠡᠳᠡᠳᠡᠭ ᠬᠦᠮᠦᠨ ᠨᠡᠶᠢᠭᠡᠮ ᠨᠡᠶᠢᠳᠠ ᠶᠢᠨ ᠬᠦᠷᠢᠶᠡᠯᠡᠯ ᠢ ᠣᠯᠵᠣ᠂ ᠬᠦᠮᠦᠨ ᠴᠢᠨᠠᠷ ᠤᠨ ᠦᠨ᠎ᠡ ᠴᠡᠨ᠎ᠡ ᠶᠢ ᠪᠠᠳᠠᠷᠠᠭᠤᠯᠤᠨ᠂  ᠠᠵᠢᠯ ᠠᠮᠢᠳᠣᠷᠠᠯ ᠳᠠᠭᠠᠨ ᠦᠭᠡᠳᠠ ᠲᠠᠢ ᠰᠠᠶᠢᠨ ᠶᠠᠪᠣᠵᠣ ᠴᠢᠳᠠᠳᠠᠬ ᠪᠣᠯᠬᠤᠷ ᠠᠮᠢᠨ ᠬᠠᠶᠢᠷᠠᠲᠠᠢ ᠠᠯᠢᠶ᠎ᠠ  ᠬᠦᠭᠡᠷᠦᠬᠦᠨ ᠭᠡᠣᠭᠡᠳ ᠢᠶᠠᠨ ᠪᠠᠭ᠎ᠠ ᠨᠠᠰᠣᠨ ᠳᠤᠨᠢ ᠬᠠᠳᠠᠭᠤ ᠳᠤ ᠲᠠᠰᠴᠤ᠂ ᠬᠤᠯᠨ ᠶᠢ ᠰᠡᠳᠬᠢᠬᠦ ᠪᠣᠯᠪᠠᠰᠣᠷᠠᠯ ᠲᠠᠢ  ᠪᠣᠯᠭᠠᠬᠤ ᠪᠠᠷ ᠴᠢᠷᠮᠠᠶᠢᠶ᠎ᠠ︕    
 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09002379号