ᠪᠤᠬᠢᠨᠢᠳᠤᠯ ᠭᠤᠮᠤᠳᠠᠯ ᠢ ᠠᠷᠢᠯᠭᠠᠬᠤ ᠠᠷᠭ᠎ᠠ
ᠨᠡᠶᠢᠲᠡᠯᠡᠭᠰᠡᠨ ᠴᠠᠭ᠄
2017/9/26
    1. ᠰᠡᠳᠬᠢᠯ ᠤᠨ ᠪᠤᠬᠢᠨᠢᠳᠤᠯ᠂ ᠭᠤᠮᠤᠳᠠᠯ ᠢᠶᠠᠨ ᠬᠡᠯᠡ ᠶᠠᠷᠢᠶ᠎ᠠ ᠪᠠᠷ ᠭᠠᠳᠠᠭᠰᠢ ᠭᠠᠷᠭᠠᠵᠤ ᠰᠤᠷᠬᠤ᠂ ᠡᠭᠦᠨ ᠳᠤ ᠰᠡᠳᠬᠢᠯ ᠤᠨ ᠪᠤᠬᠢᠨᠢᠳᠤᠯ᠂ ᠭᠤᠮᠤᠳᠠᠯ ᠢᠶᠠᠨ ᠬᠡᠨ ᠨᠢᠭᠡᠨ ᠬᠦᠮᠦᠨ ᠳᠤ ᠪᠤᠶᠤ ᠪᠠᠶᠢᠭᠠᠯᠢ ᠡᠭᠡ ᠳᠡᠭᠡᠨ ᠭᠡᠯᠡᠵᠦ᠂ ᠶᠠᠷᠢᠵᠦ᠂ ᠤᠷᠢᠯᠠᠵᠤ᠂ ᠬᠠᠰᠭᠢᠷᠴᠦ᠂ ᠭᠠᠷᠭᠠᠵᠤ ᠰᠤᠷᠬᠤ ᠪᠤᠶᠤ ᠤᠬᠢᠯᠠᠵᠤ᠂ ᠨᠢᠯᠪᠤᠰᠦ ᠪᠠᠷ ᠢᠶᠠᠨ ᠭᠠᠷᠭᠠᠵᠤ ᠰᠤᠷᠬᠤ ᠨᠢ ᠴᠢᠬᠤᠯᠠ᠃             2. ᠬᠦᠳᠡᠯᠭᠡᠭᠡᠨ ᠬᠢᠵᠦ᠂ ᠬᠦᠯᠦᠰᠦ ᠪᠠᠷ ᠢᠶᠠᠨ ᠭᠠᠷᠭᠠᠵᠦ ᠰᠤᠷ᠃ ᠵᠤᠬᠢᠰ ᠲᠠᠢ ᠪᠡᠶ᠎ᠡ ᠶᠢᠨ ᠲᠠᠮᠢᠷ ᠤᠨ ᠬᠦᠳᠡᠯᠭᠡᠭᠡᠨ ᠬᠢᠵᠦ᠂ ᠬᠦᠯᠦᠰᠦ ᠭᠠᠷᠬᠤ ᠨᠢ ᠰᠡᠳᠬᠢᠯ ᠰᠠᠨᠠᠭ᠎ᠠ ᠶᠢ ᠳᠠᠶᠢᠪᠤᠰᠢᠷᠠᠭᠤᠯᠳᠠᠭ᠃             3. ᠸᠢᠲ᠋ᠠᠮᠢᠨ᠂ ᠡᠷᠦᠳᠡᠰᠦ ᠪᠤᠳᠠᠰ ᠢᠶᠠᠷ ᠪᠠᠶᠠᠯᠢᠭ᠂ ᠬᠤᠭᠤᠯᠠ ᠬᠦᠨᠡᠰᠦ ᠶᠢ ᠬᠡᠷᠡᠭᠯᠡᠬᠦ᠃ ᠡᠭᠦᠨ ᠳᠤ ᠸᠢᠲ᠋ᠠᠮᠢᠨ C᠂ B ᠶᠢᠨ ᠲᠦᠷᠦᠯ᠂ ᠡᠷᠦᠳᠡᠰᠦ ᠪᠤᠳᠠᠰ ᠨᠢ ᠤᠶᠤᠨ ᠮᠡᠳᠡᠷᠡᠯ ᠢ ᠳᠠᠶᠢᠪᠤᠰᠢᠷᠠᠭᠤᠯᠳᠠᠭ᠃ ᠬᠠᠷᠢᠨ ᠠᠷᠢᠬᠢ᠂ ᠳᠠᠮᠠᠬᠢ ᠮᠢᠨᠴᠦᠷᠡᠭᠦᠯᠬᠦ ᠪᠤᠳᠠᠰ ᠢ ᠬᠡᠷᠡᠭᠯᠡᠵᠦ᠂ ᠰᠡᠳᠬᠢᠯ ᠰᠠᠨᠠᠭ᠎ᠠ ᠪᠠᠨ ᠳᠠᠶᠢᠪᠤᠰᠢᠷᠠᠭᠤᠯᠬᠤ ᠭᠡᠰᠡᠨ ᠤᠶᠢᠯᠠᠭᠠᠯᠳᠠ ᠨᠢ ᠮᠠᠰᠢ ᠪᠤᠷᠤᠭᠤ ᠶᠤᠮ᠃           4. ᠦᠪᠡᠷ ᠢᠶᠠᠨ ᠦᠪᠡᠷ ᠢ ᠪᠠᠨ ᠡᠷᠡᠭᠦᠯᠵᠢᠭᠦᠯᠬᠦ ᠠᠷᠭ᠎ᠠ ᠶᠢ ᠰᠤᠷᠬᠤ ᠨᠢ ᠰᠡᠳᠬᠢᠯ ᠰᠠᠨᠠᠭ᠎ᠠ ᠪᠠᠨ ᠳᠠᠶᠢᠪᠤᠷᠢᠰᠢᠭᠤᠯᠵᠤ ᠰᠤᠷᠬᠤ ᠠᠷᠭ᠎ᠠ ᠶᠢᠨ ᠨᠢᠭᠡ ᠶᠤᠮ᠃             5. ᠰᠡᠳᠬᠢᠯ ᠵᠦᠢ ᠶᠢᠨ ᠡᠮᠴᠢ ᠠᠴᠠ ᠵᠦᠪᠯᠡᠮᠵᠢ ᠳᠤᠰᠠᠯᠠᠮᠵᠢ ᠠᠪᠴᠦ ᠪᠠᠶᠢᠬᠤ ᠭᠡᠷᠡᠭᠳᠡᠢ᠃ ᠰᠤᠳᠤᠯᠭᠠᠨ ᠠᠴᠠ ᠦᠵᠡᠬᠦ ᠳᠤ᠂ ᠨᠡᠶᠢᠳᠡ ᠬᠦᠮᠦᠨ ᠠᠮᠠ ᠶᠢᠨ 90.5% ᠬᠤᠪᠢ ᠨᠢ ᠶᠠᠮᠠᠷ ᠨᠢᠭᠡᠨ ᠴᠠᠭ ᠦᠶ᠎ᠠ ᠳᠤ ᠰᠡᠳᠬᠢᠯ ᠤᠨ ᠬᠢᠮᠦᠷᠠᠯ ᠳᠤ ᠤᠷᠤᠳᠠᠭ ᠪᠠᠶᠢᠨ᠎ᠠ᠃ ᠲᠡᠷᠡ ᠦᠶ᠎ᠡ ᠳᠤ ᠰᠡᠳᠬᠢᠯ ᠵᠦᠢ ᠶᠢᠨ ᠡᠮᠴᠢ‌ᠡᠴᠠ ᠳᠤᠰᠠᠯᠠᠮᠵᠢ ᠠᠪᠴᠦ᠂ ᠰᠡᠳᠬᠢᠯ ᠤᠨ ᠪᠤᠬᠢᠨᠢᠳᠤᠯ ᠢᠶᠠᠨ ᠵᠦᠪ ᠳᠠᠶᠢᠯᠬᠤ ᠤᠴᠢᠷ ᠲᠠᠢ ᠶᠤᠮ᠃ ᠰᠡᠳᠬᠢᠯ ᠤᠨ ᠪᠤᠬᠢᠨᠢᠳᠤᠯ᠂ ᠭᠤᠮᠤᠳᠠᠯ ᠡᠭᠦᠰᠦᠭᠰᠡᠨ ᠲᠠᠷᠦᠢ ᠳᠤᠨᠢ ᠵᠦᠪ ᠠᠷᠭ᠎ᠠ ᠪᠠᠷ ᠳᠠᠶᠢᠯᠬᠤ ᠭᠡᠷᠡᠭᠳᠡᠢ᠃ ᠬᠠᠳᠠᠭᠠᠯᠠᠭᠠᠳ ᠪᠠᠶᠢᠪᠠᠯ ᠬᠤᠤᠷ ᠪᠤᠯᠵᠤ᠂ ᠪᠡᠶ᠎ᠡ ᠰᠡᠳᠬᠢᠯ ᠢ ᠡᠪᠡᠳᠴᠢᠯᠡᠭᠦᠯᠦᠨ᠎ᠡ᠃
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09002379号