ᠳᠡᠳ᠋ ᠡᠷᠡᠭᠦᠯ ᠭᠡᠵᠦ ᠶᠠᠭᠤ ᠪᠤᠢ︖
ᠨᠡᠶᠢᠲᠡᠯᠡᠭᠰᠡᠨ ᠴᠠᠭ᠄
2017/9/26
     ᠲᠡᠳ᠋ ᠡᠷᠡᠭᠦᠯ ᠭᠡᠵᠦ ᠡᠷᠡᠭᠦᠯ ᠪᠠ ᠡᠪᠡᠳᠴᠢᠨ ᠲᠠᠢ ᠬᠤᠶᠠᠷ ᠤᠨ ᠬᠤᠭᠤᠷᠤᠨᠳᠤᠬᠢ ᠵᠠᠪᠰᠠᠷ ᠤᠨ ᠬᠦᠮᠦᠰ ᠢ ᠵᠢᠭᠠᠳᠠᠭ᠃ ᠨᠡᠶᠢᠳᠡ ᠬᠦᠮᠦᠨ ᠠᠮᠠ ᠶᠢᠨ 75% ᠢ ᠡᠵᠡᠯᠡᠳᠡᠭ᠃ ᠪᠡᠶ᠎ᠡ ᠰᠡᠳᠬᠢᠯ ᠳᠡᠭᠡᠷ᠎ᠡ ᠨᠢ ᠪᠤᠳᠠᠳᠠᠢ ᠢᠯᠡᠷᠡᠭᠰᠡᠨ ᠡᠪᠡᠳᠴᠢᠨ ᠦᠭᠡᠢ ᠴᠦ ᠭᠡᠰᠡᠨ᠂ ᠠᠮᠠᠷᠬᠠᠨ ᠴᠢᠯᠡᠭᠡᠷᠭᠡᠵᠦ ᠲᠠᠮᠢᠷᠳᠠᠬᠤ᠂ ᠲᠠᠷᠢᠬᠢ ᠳᠤᠯᠤᠭᠠᠢ ᠲᠦᠩᠰᠦ᠋ᠢᠵᠦ᠂ ᠨᠢᠳᠦ ᠡᠷᠢᠶᠡᠯᠵᠡᠨ ᠠᠮᠠᠷᠬᠠᠨ ᠡᠪᠡᠳᠴᠢᠯᠡᠬᠦ᠂ ᠨᠦᠢᠢᠷ ᠬᠤᠯᠵᠢᠵᠦ ᠬᠠᠷ᠎ᠠ ᠳᠠᠷᠤᠬᠤ᠂ ᠠᠭᠤᠷ ᠬᠦᠷᠴᠦ ᠪᠠᠴᠢᠮᠳᠠᠬᠤ᠂ ᠴᠡᠭᠡᠵᠢ ᠪᠦᠭᠯᠡᠷᠡᠨ ᠭᠠᠷ ᠬᠦᠯ ᠪᠡᠳᠡᠶᠢᠷᠡᠬᠤ᠂ ᠦᠷᠯᠦᠭᠡ ᠪᠤᠰᠬᠤ ᠳᠤ ᠰᠡᠳᠬᠢᠯ ᠰᠠᠨᠠᠭ᠎ᠠ ᠳᠡᠨᠢᠭᠦᠨ ᠪᠢᠰᠢ ᠭᠡᠬᠦ ᠵᠡᠷᠭᠡ ᠪᠡᠶ᠎ᠡ ᠰᠡᠳᠬᠢᠯ ᠡᠪ ᠦᠭᠡᠶᠢᠷᠡᠭᠰᠡᠨ ᠪᠠᠶᠢᠳᠠᠯ ᠭᠠᠷᠬᠤ ᠶᠢ ᠬᠡᠯᠡᠨ᠎ᠡ᠃ ᠡᠶᠢᠮᠦ ᠢᠯᠡᠷᠡᠯ ᠭᠠᠷᠪᠠᠯ ᠡᠷᠳᠡᠭᠡᠨ ᠦᠪᠡᠷ ᠤᠨ ᠪᠡᠶ᠎ᠡ ᠳᠡᠭᠡᠨ ᠠᠩᠬᠠᠷᠤᠯ ᠳᠠᠯᠪᠢᠭᠠᠷᠠᠢ︕ ᠬᠦᠮᠦᠨ ᠶᠡᠷᠦ ᠨᠢ ᠵᠢᠯ ᠤᠨ ᠨᠢᠭᠡ ᠤᠳᠠᠭ᠎ᠠ ᠡᠮᠨᠡᠯᠭᠡ ᠳᠤ ᠦᠵᠡᠭᠦᠯᠵᠦ ᠰᠢᠨᠵᠢᠯᠡᠭᠡ ᠬᠢᠵᠦ ᠪᠠᠶᠢᠬᠤ ᠨᠢ ᠵᠦᠢᠳᠡᠢ︕             ᠳᠡᠭᠡᠪᠡᠯ ᠶᠠᠭᠠᠬᠢᠵᠦ ᠳᠡᠳ᠋ ᠡᠷᠡᠭᠦᠯ ᠢ ᠳᠡᠪᠴᠢᠵᠦ ᠴᠢᠳᠠᠬᠤ ᠪᠤᠢ︖            1. ᠦᠪᠡᠷ ᠤᠨ ᠪᠠᠶ᠎ᠠ ᠪᠠᠨ ᠳᠠᠨᠢᠨ ᠮᠡᠳᠡᠬᠦ ᠱᠠᠭᠠᠷᠳᠠᠯᠭ᠎ᠠ ᠲᠠᠢ ᠪᠠᠶᠢᠬᠤ᠃ ᠪᠢᠳᠡ ᠪᠤᠯ ᠪᠠᠶᠢᠭᠠᠯᠢ ᠶᠢᠨ ᠪᠦᠳᠦᠭᠡᠭᠳᠡᠭᠦᠨ᠂ ᠪᠠᠶᠢᠭᠠᠯᠢ ᠠᠴᠠ ᠢᠷᠡᠭᠡᠳ ᠪᠠᠶᠢᠭᠠᠯᠢ ᠳᠠᠭᠠᠨ ᠪᠤᠴᠠᠳᠠᠭ᠃ ᠪᠢᠳᠡᠨ ᠤ ᠪᠡᠶ᠎ᠡ ᠮᠠᠬᠠᠪᠤᠳ ᠨᠢ ᠤᠭᠤᠷᠠᠭ᠂ ᠦᠭᠡᠬᠦ᠂ ᠰᠢᠬᠢᠷ᠂ ᠤᠰᠤ᠂ ᠡᠷᠦᠳᠡᠰᠦ ᠪᠤᠳᠠᠰ᠂ ᠸᠢᠲ᠋ᠠᠮᠢᠨ ᠢᠶᠠᠷ ᠪᠦᠷᠢᠯᠳᠦᠵᠦ᠂ ᠮᠦᠨ ᠡᠨᠡ 6 ᠵᠦᠢᠯ ᠢ ᠳᠦᠰᠢᠭᠯᠡᠨ ᠠᠮᠢᠳᠤᠷᠠᠳᠠᠭ᠃ ᠡᠭᠦᠨ ᠢ 6 ᠶᠡᠭᠡ ᠰᠢᠮ᠎ᠡ ᠳᠡᠵᠢᠭᠡᠯ ᠭᠡᠳᠡᠭ᠂ ᠶᠡᠰᠦ᠂ ᠦᠰᠦ᠂ ᠰᠤᠳᠠᠯ᠂ ᠰᠢᠷᠪᠤᠰᠤ ᠪᠦᠷ ᠠᠳᠠᠯᠢ ᠪᠠᠶᠢᠳᠠᠭ᠃            2. ᠵᠦᠪ ᠬᠤᠭᠤᠯᠠᠯᠯᠠᠵᠤ᠂ ᠰᠢᠨᠵᠢᠯᠡᠬᠦ ᠤᠬᠠᠭᠠᠨᠴᠢ ᠪᠠᠷ ᠠᠮᠢᠳᠤᠷᠠᠬᠤ ᠨᠢ ᠰᠠᠶᠢᠨ ᠵᠠᠩᠰᠢᠯ᠃ ᠳᠠᠮᠠᠬᠢ ᠶᠢ ᠳᠡᠪᠴᠢᠵᠦ᠂ ᠠᠷᠢᠬᠢ ᠶᠢ ᠬᠢᠵᠠᠭᠠᠷᠯᠠ︕             3. ᠵᠦᠢ ᠵᠤᠬᠢᠰᠳᠠᠢ ᠪᠠᠷ ᠪᠡᠶ᠎ᠡ ᠶᠢᠨ ᠳᠠᠮᠢᠷ ᠤᠨ ᠬᠦᠳᠡᠯᠭᠡᠭᠡᠨ ᠳᠤ ᠤᠷᠤᠯᠴᠠ︕             4. ᠵᠦᠪ ᠰᠡᠳᠬᠢᠬᠦᠢ ᠲᠠᠢ ᠪᠠᠶᠢᠬᠤ ᠨᠢ ᠤᠳᠤᠬᠢ ᠬᠦᠮᠦᠨ ᠳᠤ ᠳᠤᠩ ᠴᠢᠬᠤᠯᠠ ᠪᠠᠶᠢᠳᠠᠭ᠃ ᠰᠡᠳᠬᠢᠬᠦᠢ ᠪᠤᠯ ᠮᠠᠨ ᠤ ᠬᠠᠮᠤᠭ ᠳᠡᠭᠡᠳᠦ ᠤᠳᠤᠷᠢᠳᠬᠤ ᠰᠢᠰᠲ᠋ᠧᠮ ᠮᠦᠨ᠂ ᠡᠭᠦᠨ ᠳᠤ ᠦᠪᠡᠷ ᠤᠨ ᠪᠡᠶ᠎ᠡ ᠪᠠᠨ ᠬᠠᠶᠢᠷᠠᠯᠠᠨ᠂ ᠬᠠᠨᠢ ᠢᠵᠡᠯᠢ ᠪᠠᠨ ᠬᠠᠶᠢᠷᠠᠯᠠᠨ᠂ ᠨᠠᠶᠢᠵᠠ ᠨᠦᠬᠦᠳ ᠲᠡᠭᠡᠨ ᠨᠠᠶᠢᠷᠰᠠᠭ ᠰᠠᠶᠢᠬᠠᠨ ᠬᠠᠨᠳᠤᠵᠤ ᠳᠤᠰᠠᠯᠠ︕ ᠠᠮᠢᠳᠤᠷᠠᠯ ᠳᠠᠭᠠᠨ ᠢᠳᠡᠭᠡᠯ ᠲᠦᠭᠦᠷᠡᠩ ᠰᠠᠨᠠᠭ᠎ᠠ ᠰᠡᠳᠬᠢᠯ ᠠᠭᠤᠵᠢᠭᠤ ᠰᠠᠷᠠᠭᠤᠯ ᠪᠠᠶᠢᠬᠤ ᠨᠢ ᠡᠷᠡᠭᠦᠯ ᠮᠡᠨᠳᠦ ᠶᠢᠨ ᠰᠠᠭᠤᠷᠢ ᠪᠤᠯᠤᠨ᠎ᠠ᠃ ᠮᠠᠭᠤ ᠰᠠᠨᠠᠭ᠎ᠠ᠂ ᠠᠳᠠᠭ᠎ᠠ ᠵᠢᠳᠦᠭᠡ᠂ ᠠᠭᠤᠷ ᠬᠢᠯᠢᠩ ᠨᠢ ᠪᠡᠶ᠎ᠡ ᠶᠢᠨ ᠳᠤᠳᠤᠭᠠᠳᠤ ᠳᠤ ᠮᠠᠭᠤ ᠬᠤᠷᠮᠤᠨ ᠱᠦᠭᠦᠷᠡᠭᠦᠯᠳᠡᠭ᠃
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09002379号