ᠡᠷᠡᠬᠦᠯ ᠡᠩᠬᠡ ᠳᠤ ᠬᠤᠯᠪᠤᠭᠳᠠᠬᠤ 7 ᠲᠤᠮᠢᠶ᠎ᠠ
ᠨᠡᠶᠢᠲᠡᠯᠡᠭᠰᠡᠨ ᠴᠠᠭ᠄
2017/9/26
    ᠶᠠᠭᠤ ᠶᠢ ᠡᠷᠡᠭᠦᠯ ᠡᠩᠭᠡ ᠭᠡᠳᠡᠭ ᠪᠤᠢ︖ ᠵᠠᠷᠢᠮ ᠬᠦᠮᠦᠨ ᠡᠳᠦᠷ ᠬᠤᠨᠤᠭ ᠢ ᠪᠠᠶᠠᠷ ᠬᠦᠷ ᠲᠠᠢ  ᠦᠩᠭᠡᠷᠡᠭᠦᠯᠬᠦ ᠭᠡᠵᠦ᠂ ᠵᠠᠷᠢᠮ ᠬᠦᠮᠦᠨ ᠡᠪᠡᠳᠴᠢᠨ ᠦᠭᠡᠢ ᠪᠠᠶᠢᠬᠤ ᠶᠢ ᠬᠡᠯᠡᠨ᠎ᠠ ᠭᠡᠵᠦ ᠪᠠᠶᠢᠨ᠎ᠠ᠃ ᠬᠠᠷᠢᠨ ᠳᠤᠰᠬᠠᠢ  ᠮᠡᠷᠭᠡᠵᠢᠯᠳᠡᠳ ᠡᠷᠡᠭᠦᠯ ᠡᠩᠭᠡ ᠶᠢ ᠴᠤ ᠳᠤᠭ᠎ᠠ ᠨᠤᠷᠮ᠎ᠠ ᠪᠠᠷ ᠬᠡᠮᠵᠢᠶᠡᠯᠡᠵᠦ ᠪᠤᠯᠤᠨ᠎ᠠ ᠭᠡᠵᠦ ᠦᠵᠡᠨ᠂ ᠳᠤᠤᠷᠠᠬᠢ 7  ᠳᠤᠮᠢᠶ᠎ᠠ ᠶᠢ ᠴᠡᠭᠡᠵᠢᠯᠡᠴᠢᠬᠡᠪᠡᠯ ᠡᠷᠡᠭᠦᠯ ᠡᠩᠬᠡ ᠪᠠᠨ ᠪᠠᠳᠤᠯᠠᠵᠤ ᠪᠤᠯᠤᠨ᠎ᠠ ᠭᠡᠵᠦ ᠪᠠᠶᠢᠨ᠎ᠠ᠃             ᠤᠰᠤ ᠤᠤᠭᠤᠬᠤ ᠳᠤᠮᠢᠶ᠎ᠠ             ᠱᠧᠨ ᠶᠡᠨ ᠶᠢᠩ ︵ᠳᠤᠮᠳᠠᠳᠤ ᠤᠯᠤᠰ ᠤᠨ ᠡᠷᠡᠭᠦᠯ ᠡᠩᠭᠡ ᠶᠢᠨ ᠬᠦᠮᠦᠵᠢᠯ ᠤᠨ ᠳᠦᠪ ᠤᠨ ᠳᠤᠰᠬᠠᠢ  ᠮᠡᠷᠭᠡᠵᠢᠯᠳᠡᠨ︶᠄ ᠤᠰᠤ ᠪᠤᠯ ᠬᠦᠮᠦᠨ ᠤ ᠪᠡᠶ᠎ᠡ ᠶᠢᠨ ᠰᠢᠨ᠎ᠡ ᠬᠠᠭᠤᠴᠢᠨ ᠤ ᠰᠤᠯᠢᠯᠴᠠᠭ᠎ᠠ ᠪᠠ ᠹᠢᠽᠢᠤᠯᠤᠬᠢ ᠶᠢᠨ  ᠴᠢᠳᠠᠪᠬᠢ ᠶᠢ ᠪᠠᠳᠤᠯᠠᠬᠤ ᠦᠨᠳᠦᠰᠦᠨ ᠪᠤᠳᠠᠰ ᠪᠤᠯᠤᠨ᠎ᠠ᠃ ᠨᠠᠰᠤᠨ ᠳᠤ ᠬᠦᠷᠦᠭᠰᠡᠳ ᠤᠨ ᠨᠢᠭᠡ ᠡᠳᠦᠷ ᠤᠨ  ᠤᠤᠭᠤᠬᠤ ᠴᠢᠬᠤᠯᠠᠳᠠᠢ ᠤᠰᠤᠨ ᠤ ᠬᠡᠮᠵᠢᠶ᠎ᠠ = ᠪᠡᠶ᠎ᠡ ᠶᠢᠨ ᠬᠦᠨᠳᠦ ︵ᠺᠢᠯᠦᠭᠷᠡᠮ︶ × 30 ~ 40 ︵ ᠮᠢᠯᠢᠯᠢᠳ᠋ᠷ︶᠃ ᠬᠡᠦᠬᠡᠳ ᠤᠨ ᠰᠢᠨ᠎ᠠ ᠬᠠᠭᠤᠴᠢᠨ ᠤ ᠰᠤᠯᠢᠯᠴᠠᠭ᠎ᠠ ᠶᠡᠭᠡ ᠪᠠᠶᠢᠳᠠᠭ ᠪᠤᠯᠬᠤᠷ ᠤᠰᠤᠨ ᠤ  ᠭᠡᠷᠡᠭᠴᠡᠭᠡ ᠨᠢ ᠳᠤᠮᠤ ᠬᠦᠮᠦᠨ ᠤ ᠬᠢ ᠠᠴᠠ ᠢᠯᠡᠭᠦᠦ ᠪᠠᠶᠢᠳᠠᠭ᠃ 2 ᠤᠢ ᠦᠩᠭᠡᠷᠡᠭᠰᠡᠨ ᠬᠡᠦᠬᠡᠳ ᠤᠨ ᠨᠢᠭᠡ  ᠡᠳᠦᠷ ᠤᠨ ᠤᠤᠭᠤᠬᠤ ᠴᠢᠬᠤᠯᠠᠳᠠᠢ ᠤᠰᠤᠨ ᠤ ᠬᠡᠮᠵᠢᠶ᠎ᠠ = ᠪᠡᠶ᠎ᠡ ᠶᠢᠨ ᠬᠦᠨᠳᠦ ︵ᠺᠢᠯᠦᠭᠷᠡᠮ︶ × 80 ~ 90  ︵ᠮᠢᠯᠢᠯᠢᠳ᠋ᠷ︶᠃ 2 ᠤᠢ ᠬᠦᠷᠦᠭᠡᠳᠦᠢ ᠬᠡᠦᠬᠡᠳ ᠤᠨ ᠨᠢᠭᠡ ᠡᠳᠦᠷ ᠤᠨ ᠤᠤᠭᠤᠬᠤ ᠴᠢᠬᠤᠯᠠᠳᠠᠢ ᠤᠰᠤᠨ ᠤ  ᠬᠡᠮᠵᠢᠶ᠎ᠠ = ᠪᠡᠶ᠎ᠡ ᠶᠢᠨ ᠬᠦᠨᠳᠦ ︵ᠺᠢᠯᠦᠭᠷᠡᠮ︶ × 100 ~ 150 ︵ᠮᠢᠯᠢᠯᠢᠳ᠋ᠷ︶᠃ ᠰᠠᠨᠠᠭᠤᠯᠭ᠎ᠠ᠄  ᠨᠠᠰᠤᠳᠠᠶᠢᠴᠤᠳ ᠤᠨ ᠬᠤᠳᠤᠭᠤᠳᠤᠨ ᠤ ᠰᠠᠯᠢᠰᠦᠳᠤ ᠪᠦᠷᠭᠦᠪᠴᠢ ᠤᠯᠠᠩᠭᠢ ᠪᠠᠶᠢᠳᠠᠯ ᠳᠤ ᠡᠪᠳᠡᠭᠳᠡᠭᠰᠡᠨ ᠪᠠᠶᠢᠳᠠᠭ  ᠪᠠ ᠪᠤᠯᠴᠢᠷᠬᠠᠢ ᠨᠢ ᠠᠪᠴᠢᠬᠰᠠᠨ ᠪᠤᠶᠤ ᠠᠯᠠᠭ᠎ᠠ ᠪᠤᠯᠤᠭᠰᠠᠨ ᠪᠠᠶᠢᠳᠠᠭ ᠪᠤᠯᠬᠤᠷ᠂ ᠠᠩᠭᠠᠵᠤ ᠴᠠᠩᠭᠠᠬᠤ ᠪᠠᠨ ᠳᠡᠮᠡᠢ  ᠤᠪᠠᠶᠢᠯᠠᠳᠠᠭ ᠦᠭᠡᠢ᠃ ᠳᠡᠶᠢᠮᠦ ᠠᠴᠠ ᠬᠡᠵᠢᠶᠡᠳᠡ ᠤᠰᠤ ᠠᠪᠴᠤ ᠶᠠᠪᠤᠵᠤ ᠴᠠᠭ ᠳᠤᠬᠠᠢ ᠳᠠᠭᠠᠨ ᠤᠰᠤ ᠨᠦᠬᠦᠵᠦ  ᠪᠠᠶᠢᠬᠤ ᠭᠡᠷᠡᠭᠳᠡᠢ᠂ ᠡᠰᠡᠪᠡᠯ ᠴᠢᠰᠤ ᠦᠳᠭᠡᠷᠡᠬᠦ ᠪᠠ ᠴᠢᠰᠦᠨ ᠰᠤᠳᠠᠯ ᠪᠦᠭᠯᠡᠷᠡᠬᠦ ᠪᠠᠶᠢᠳᠠᠯ ᠭᠠᠷᠴᠤ ᠮᠡᠳᠡᠨ᠎ᠠ᠃  ᠨᠢᠭᠡ ᠡᠳᠦᠷ ᠤᠨ ᠤᠤᠭᠤᠬᠤ ᠤᠰᠤᠨ ᠤ ᠬᠡᠮᠵᠢᠶ᠎ᠠ ᠨᠢ 2000 ~ 2500 ᠮᠢᠯᠢᠯᠢᠳ᠋ᠷ᠃ ᠰᠢᠷᠦᠭᠦᠨ ᠬᠦᠳᠡᠯᠭᠡᠭᠡᠨ  ᠬᠢᠭᠰᠡᠨ ᠪᠤᠶᠤ ᠦᠨᠳᠦᠷ ᠬᠠᠯᠠᠭᠤᠨ ᠳᠤ ᠠᠵᠢᠯᠯᠠᠵᠤ ᠪᠠᠶᠢᠭ᠎ᠠ ᠬᠦᠮᠦᠰ ᠤᠤᠭᠤᠬᠤ ᠤᠰᠤᠨ ᠤ ᠬᠡᠮᠵᠢᠶ᠎ᠡ ᠪᠠᠨ  ᠵᠤᠬᠢᠬᠤ ᠬᠡᠮᠵᠢᠶ᠎ᠠ ᠪᠠᠷ ᠨᠡᠮᠡᠬᠦ ᠴᠢᠬᠤᠯᠠᠳᠠᠢ᠃             ᠠᠷᠢᠬᠢ ᠤᠤᠭᠤᠬᠤ ᠳᠤᠮᠢᠶ᠎ᠠ             ᠭᠤᠤ ᠬᠤᠩ ᠺᠠᠢ ︵ᠵᠡᠪᠰᠡᠭᠳᠦ ᠴᠠᠭᠳᠠᠭᠠᠨ ᠤ ᠶᠡᠷᠦᠩᠬᠡᠢ ᠡᠮᠨᠡᠯᠭᠡ ᠶᠢᠨ ᠬᠤᠷᠢᠶ᠎ᠠ ᠶᠢᠨ ᠭᠠᠳᠠᠷ ᠰᠠᠯᠠᠭᠠᠨ ᠤ  ᠳᠡᠳ᠋ ᠡᠷᠭᠢᠯᠡᠭᠴᠢ ᠡᠮᠴᠢ︶᠄ ᠳᠡᠯᠡᠬᠡᠢ ᠶᠢᠨ ᠡᠷᠡᠭᠦᠯ ᠬᠠᠮᠠᠭᠠᠯᠠᠯ ᠤᠨ ᠵᠤᠬᠢᠶᠠᠨ ᠪᠠᠶᠢᠭᠤᠯᠤᠯᠳᠠ ᠶᠢᠨ ᠤᠯᠠᠨ  ᠤᠯᠤᠰ ᠤᠨ ᠬᠠᠮᠵᠢᠯᠴᠠᠭᠰᠠᠨ ᠰᠤᠳᠤᠯᠭᠠᠨ ᠳᠤ᠂ ᠡᠷᠡᠭᠳᠡᠶᠢᠴᠤᠳ ᠤᠨ ᠨᠢᠭᠡ ᠡᠳᠦᠷ ᠤᠨ ᠰᠢᠩᠭᠡᠭᠡᠵᠦ ᠪᠤᠯᠬᠤ ᠴᠡᠪᠡᠷ  ᠰᠫᠢᠷᠲ ᠤᠨ ᠬᠡᠮᠵᠢᠶ᠎ᠠ ᠨᠢ 20 ᠭᠷᠡᠮ ᠠᠴᠠ ᠭᠡᠳᠦᠷᠡᠵᠦ ᠪᠤᠯᠬᠤ ᠦᠭᠡᠢ ᠭᠡᠵᠡᠢ᠃ ᠳᠤᠮᠳᠠᠳᠤ ᠤᠯᠤᠰ ᠤᠨ ᠤᠳᠤ ᠪᠠᠷ  ᠬᠡᠷᠡᠭᠵᠢᠭᠦᠯᠵᠦ ᠪᠠᠶᠢᠭ᠎ᠠ ᠠᠮᠤᠷ ᠳᠦᠪᠰᠢᠨ ᠢᠶᠠᠷ ᠠᠷᠢᠬᠢ ᠤᠤᠭᠤᠬᠤ ᠪᠠᠷᠢᠮᠵᠢᠶ᠎ᠠ ᠪᠤᠯ ᠡᠷᠡᠭᠳᠡᠶᠢᠴᠤᠳ 15 ᠭᠷᠡᠮ᠂  ᠡᠮᠡᠭᠳᠡᠶᠢᠴᠤᠳ ᠤᠨ ᠬᠢ ᠨᠡᠩ ᠪᠠᠭ᠎ᠠ ᠪᠠᠶᠢᠳᠠᠭ᠃ ᠭᠤᠤ ᠬᠤᠩ ᠺᠠᠢ ᠶᠢᠨ ᠳᠤᠭᠳᠠᠭᠠᠭᠰᠠᠨ ᠠᠷᠢᠬᠢ ᠤᠤᠭᠤᠬᠤ  ᠳᠤᠮᠢᠶ᠎ᠠ᠄ ᠤᠤᠭᠤᠬᠤ ᠠᠷᠢᠬᠢᠨ ᠤ ᠬᠡᠮᠵᠢᠶ᠎ᠠ × ᠰᠫᠢᠷᠲ ᠶᠢᠨ ᠦᠳᠭᠡᠴᠡ ᠶᠢᠨ ᠭᠷᠡᠳᠦ᠋ᠰ × 0.8 = ᠰᠫᠢᠷᠲ  ᠰᠢᠩᠭᠡᠭᠡᠵᠦ ᠪᠤᠯᠬᠤ ᠬᠡᠮᠵᠢᠶ᠎ᠠ᠃ ᠡᠩ ᠤᠨ ᠪᠠᠶᠢᠳᠠᠯ ᠳᠤ᠂ 40 ᠭᠷᠡᠳᠦ᠋ᠰ ᠠᠴᠠ ᠳᠤᠤᠷ᠎ᠠ ᠭᠷᠡᠳᠦ᠋ᠰ ᠤᠨ ᠬᠠᠷ᠎ᠠ  ᠠᠷᠢᠬᠢ ᠶᠢ 2 ᠯᠠᠩ︔ 40 ᠭᠷᠡᠳᠦ᠋ᠰ ~50 ᠭᠷᠡᠳᠦ᠋ᠰ ᠤᠨ ᠬᠠᠷ᠎ᠠ ᠠᠷᠢᠬᠢ ᠶᠢ 1 ᠯᠠᠩ︔ 50 ᠭᠷᠡᠳᠦ᠋ᠰ ᠠᠴᠠ  ᠳᠡᠭᠡᠭᠰᠢᠬᠢ ᠬᠠᠷ᠎ᠠ ᠠᠷᠢᠬᠢ ᠶᠢ 0.5 ᠯᠠᠩ ᠠᠴᠠ ᠭᠡᠳᠦᠷᠡᠭᠦᠯᠵᠦ ᠪᠤᠯᠬᠤ ᠦᠭᠡᠢ︔ ᠦᠵᠦᠮ  ᠤᠨ ᠠᠷᠢᠬᠢᠨ ᠤ  ᠭᠷᠠᠳᠦ᠋ᠰ ᠨᠢ ᠪᠦᠷ ᠳᠤᠤᠷ᠎ᠠ ᠪᠠᠶᠢᠳᠠᠭ ᠴᠤ 3 ᠯᠠᠩ ᠠᠴᠠ ᠭᠡᠳᠦᠷᠡᠵᠦ ᠪᠤᠯᠬᠤ ᠦᠭᠡᠢ᠂ ᠡᠰᠡᠪᠡᠰᠦ ᠪᠦᠷ ᠡᠯᠢᠭᠡ  ᠵᠡᠷᠭᠡ ᠡᠷᠭᠡᠳᠡᠨ ᠳᠤ ᠳᠠᠷᠤᠭᠠᠰᠤ ᠤᠴᠠᠷᠠᠭᠤᠯᠳᠠᠭ᠃ ᠰᠠᠨᠠᠭᠤᠯᠭ᠎ᠠ᠄ ᠠᠷᠢᠬᠢ ᠤᠤᠭᠤᠬᠤ ᠠᠴᠠ ᠪᠠᠨ ᠡᠮᠦᠨ᠎ᠠ  ᠴᠠᠷᠳᠠᠭᠤᠯ ᠪᠠ ᠤᠭᠤᠷᠠᠭ ᠡᠯᠪᠡᠭ ᠠᠭᠤᠯᠤᠭᠰᠠᠨ ᠢᠳᠡᠭᠡᠨ ᠪᠠᠭ᠎ᠠ ᠰᠠᠭ᠎ᠠ ᠢᠳᠡᠪᠡᠯ ᠬᠤᠳᠤᠭᠤᠳᠤᠨ ᠤ ᠰᠠᠯᠢᠰᠤᠳᠤ  ᠪᠦᠷᠭᠦᠪᠴᠢ ᠶᠢ ᠬᠠᠮᠠᠭᠠᠯᠠᠬᠤ ᠦᠢᠯᠡᠳᠦᠯ ᠲᠠᠢ︔ ᠠᠷᠢᠬᠢ ᠤᠤᠭᠤᠵᠦ ᠪᠠᠶᠢᠬᠤ ᠳᠠᠭᠠᠨ ᠤᠰᠤ ᠢᠯᠡᠭᠦᠦ ᠤᠤᠭᠤᠪᠠᠯ  ᠰᠫᠢᠷᠲ ᠤᠨ ᠭᠠᠳᠠᠭᠰᠢᠯᠠᠭᠤᠯᠤᠯᠳᠠ ᠶᠢ ᠳᠦᠷᠭᠡᠳᠭᠡᠵᠦ᠂ ᠡᠯᠢᠭᠡᠨ ᠤ ᠳᠠᠷᠤᠭᠠᠰᠤ ᠶᠢ ᠬᠦᠩᠭᠡᠷᠡᠭᠦᠯᠦᠨ᠎ᠠ ︔  ᠠᠷᠢᠬᠢ ᠶᠢ ᠪᠠᠭ᠎ᠠ ᠪᠠᠭ᠎ᠠ ᠪᠠᠷ ᠤᠤᠭᠤᠪᠠᠯ ᠤᠯᠠᠭᠠᠨ ᠬᠤᠭᠤᠯᠠᠢ ᠪᠠ ᠬᠤᠳᠤᠭᠤᠳᠤ ᠶᠢ ᠬᠠᠮᠠᠭᠠᠯᠠᠵᠤ᠂ ᠠᠮᠠᠷᠬᠠᠨ  ᠰᠤᠭᠳᠤᠳᠠᠭ ᠦᠭᠡᠢ︔ ᠯᠤᠤᠪᠠᠩ ᠢᠶᠠᠷ ᠬᠢᠭᠰᠡᠨ ᠰᠡᠷᠢᠭᠦᠨ ᠨᠤᠭᠤᠭ᠎ᠠ ᠪᠠᠷ ᠠᠷᠢᠬᠢᠨ ᠵᠠᠭᠤᠰᠢ ᠪᠤᠯᠭᠠᠪᠠᠯ ᠵᠤᠬᠢᠬᠤ  ᠬᠤᠤᠷ᠎ᠠ ᠳᠠᠶᠢᠯᠬᠤ ᠦᠢᠯᠡᠳᠦᠯ ᠲᠠᠢ︔ ᠠᠷᠢᠬᠢ ᠤᠤᠭᠤᠭᠰᠠᠨ ᠤ ᠪᠠᠨ ᠳᠠᠷᠠᠭ᠎ᠠ ᠪᠠᠯ ᠲᠠᠢ ᠤᠰᠤ᠂ ᠵᠢᠮᠢᠰ ᠤᠨ  ᠰᠢᠭᠦᠰᠦ᠂ ᠴᠤᠭᠤᠷ ᠨᠤᠭᠤᠭ᠎ᠠ ᠶᠢᠨ ᠰᠢᠭᠦᠰᠦ ᠪᠠᠭ᠎ᠠ ᠰᠠᠭ᠎ᠠ ᠤᠤᠭᠤᠪᠠᠯ ᠠᠷᠢᠬᠢ ᠳᠠᠶᠢᠯᠬᠤ ᠦᠢᠯᠡᠳᠦᠯ ᠲᠠᠢ᠃             ᠦᠷ᠎ᠡ ᠪᠦᠲᠦᠮᠵᠢ ᠶᠢᠨ ᠳᠤᠮᠢᠶ᠎ᠠ           ᠠᠯᠢ ᠤᠯᠠᠨ ᠬᠦᠮᠦᠨ ᠤᠷᠳᠤ ᠬᠤᠭᠤᠴᠠᠭ᠎ᠠ ᠪᠠᠷ ᠠᠵᠢᠯ ᠨᠢ ᠬᠦᠨᠳᠦᠳᠡᠭᠰᠡᠨ ᠪᠠᠶᠢᠳᠠᠯ ᠢᠶᠠᠷ ᠠᠵᠢᠯᠯᠠᠵᠤ  ᠪᠠᠶᠢᠳᠠᠭ᠂ ᠭᠡᠪᠡᠴᠦ ᠠᠵᠢᠯ ᠤᠨ ᠬᠦᠨᠳᠦ ᠨᠢ ᠦᠷ᠎ᠡ ᠪᠦᠲᠦᠮᠵᠢ ᠶᠢᠨ ᠦᠨᠳᠦᠷ‌ᠢ ᠬᠠᠷᠠᠭᠤᠯᠵᠤ ᠴᠢᠳᠠᠳᠠᠭ ᠦᠭᠡᠢ᠂  ᠬᠠᠮᠤᠭ ᠤᠨ ᠦᠷ᠎ᠡ ᠪᠦᠲᠦᠮᠵᠢ ᠲᠠᠢ ᠬᠦᠮᠦᠨ ᠨᠢ ᠬᠠᠮᠤᠭ ᠤᠨ ︽ᠠᠵᠢᠯᠰᠠᠭ︾ ᠬᠦᠮᠦᠨ ᠪᠢᠰᠢ ᠪᠠᠶᠢᠳᠠᠭ᠃  ᠠᠵᠢᠯ ᠤᠨ ᠦᠷ᠎ᠡ ᠪᠦᠲᠦᠮᠵᠢ = ᠠᠵᠢᠯ ᠤᠨ ᠬᠡᠮᠵᠢᠶ᠎ᠠ ÷ ᠵᠠᠷᠤᠴᠠᠭᠤᠯᠤᠭᠰᠠᠨ ᠴᠠᠭ᠃ ᠮᠦᠨ ᠠᠯᠢ ᠤᠯᠠᠨ  ᠬᠦᠮᠦᠨ ᠦᠪᠡᠷ ᠤᠨ ᠵᠠᠷᠤᠴᠠᠭᠤᠯᠤᠭᠰᠠᠨ ᠴᠠᠭ ᠨᠢ ᠠᠷᠪᠢᠨ ᠤᠴᠢᠷ ᠠᠴᠠ ᠶᠠᠷᠢᠶᠠᠨ ᠦᠭᠡᠢ ᠨᠡᠩ ᠢᠯᠡᠭᠦᠦ ᠪᠦᠲᠦᠭᠡᠯ  ᠭᠠᠷᠭᠠᠨ᠎ᠠ ᠭᠡᠵᠦ ᠦᠵᠡᠳᠡᠭ᠂ ᠡᠨᠡᠬᠦ ᠦᠵᠡᠯᠳᠡ ᠨᠢ ᠦᠪᠡᠷ ᠢ ᠪᠠᠨ ᠳᠤᠤᠷ᠎ᠠ ᠦᠷ᠎ᠡ ᠪᠦᠲᠦᠮᠵᠢ᠂ ᠦᠨᠳᠦᠷ  ᠬᠤᠷᠤᠭᠳᠠᠯ ᠪᠦᠬᠦᠢ ᠮᠠᠭᠤ ᠤᠷᠴᠢᠯ ᠳᠤ ᠤᠷᠤᠭᠤᠯᠳᠠᠭ᠃ ᠠᠵᠢᠯ ᠤᠨ ᠦᠷ᠎ᠡ ᠪᠦᠲᠦᠮᠵᠢ ᠪᠠᠭᠤᠷᠠᠵᠤ᠂ ᠠᠵᠢᠯ ᠤᠨ  ᠴᠠᠭ ᠭᠡᠳᠦ ᠤᠷᠳᠤᠰᠬᠤ ᠳᠤ ᠬᠦᠮᠦᠨ ᠤ ᠪᠡᠶ᠎ᠡ ᠤᠯᠠᠮ ᠭᠡᠴᠡᠭᠦᠦ ᠶᠠᠳᠠᠷᠠᠬᠤ ᠪᠠᠶᠢᠳᠠᠯ ᠳᠤ ᠤᠷᠤᠳᠠᠭ᠃  ᠳᠡᠶᠢᠮᠦ ᠠᠴᠠ ᠢᠢᠮᠦ ᠦᠶ᠎ᠡ ᠳᠤ 20~30 ᠮᠢᠨᠦ᠋ᠲ ᠠᠮᠠᠷᠠᠭᠠᠳ ᠠᠪᠬᠤ ᠶᠤᠮ ᠤᠤ᠂ ᠠᠵᠢᠯ ᠢᠶᠠᠨ ᠳᠦᠷ  ᠵᠤᠬᠰᠤᠭᠠᠵᠤ᠂ ᠭᠡᠷ ᠲᠡᠭᠡᠨ ᠬᠠᠷᠢᠵᠤ ᠬᠠᠯᠠᠭᠤᠨ ᠤᠰᠤ ᠪᠠᠷ ᠪᠡᠶ᠎ᠡ ᠪᠠᠨ ᠤᠬᠢᠶᠠᠵᠤ᠂ ᠠᠮᠳᠠᠳᠠᠢ ᠳᠠᠭᠠᠳᠠᠢ ᠬᠤᠭᠤᠯᠠ  ᠢᠳᠡᠵᠦ᠂ ᠬᠠᠨᠤᠳᠠᠯ᠎ᠠ ᠪᠠᠨ ᠤᠨᠳᠠᠵᠤ᠂ ᠪᠡᠶ᠎ᠡ ᠶᠢᠨ ᠳᠠᠮᠢᠷ ᠳᠡᠩᠭᠡᠭᠡ ᠪᠠᠨ ᠰᠡᠯᠪᠢᠵᠤ ᠳᠠᠷᠢᠬᠢ ᠳᠤᠯᠤᠭᠠᠢ ᠪᠠᠨ  ᠰᠡᠷᠭᠦᠭᠡᠵᠦ᠂ ᠦᠷ᠎ᠠ ᠪᠦᠲᠦᠮᠵᠢ ᠪᠠᠨ ᠳᠡᠭᠡᠭᠰᠢᠯᠡᠭᠦᠯᠬᠦ ᠶᠢ ᠰᠠᠨᠠᠭᠤᠯᠵᠤ ᠪᠠᠶᠢᠨ᠎ᠠ᠃ ᠡᠭᠢᠯᠡᠵᠦ ᠠᠵᠢᠯᠯᠠᠬᠤ ᠠᠴᠠ ᠪᠠᠨ  ᠡᠮᠦᠨ᠎ᠠ᠂ ᠠᠵᠢᠯ ᠤᠨ ᠳᠡᠰ ᠳᠠᠷᠠᠭ᠎ᠠ ᠭᠠᠷᠭᠠᠵᠤ᠂ ᠴᠠᠭ ᠢᠶᠠᠨ ᠳᠦᠯᠦᠪᠯᠡᠬᠦ ᠭᠡᠷᠡᠭᠳᠡᠢ᠃ ᠠᠮᠢᠳᠤ ᠪᠤᠳᠠᠰ ᠤᠨ ᠴᠠᠭ ᠢ  ᠦᠨᠳᠦᠰᠦᠯᠡᠨ᠂ ᠠᠵᠢᠯ ᠤᠨ ᠦᠷ᠎ᠡ ᠪᠦᠲᠦᠮᠵᠢ ᠰᠠᠶᠢᠳᠠᠢ ᠴᠠᠭ ᠬᠤᠭᠤᠴᠠᠭᠠᠨ ᠤ ᠳᠠᠷᠠᠭᠠᠯᠠᠯ ᠢᠶᠠᠷ ᠬᠦᠨᠳᠦ ᠪᠤᠶᠤ  ᠴᠢᠬᠤᠯᠠ ᠠᠴᠠ ᠬᠦᠩᠭᠡᠨ ᠪᠤᠶᠤ ᠠᠷᠰᠠᠷ ᠠᠵᠢᠯ ᠤᠨ ᠳᠠᠷᠠᠭᠠᠯᠠᠯ ᠢᠶᠠᠷ ᠠᠵᠢᠯᠯᠠᠬᠤ ᠴᠠᠭ ᠢᠶᠠᠨ ᠳᠤᠬᠢᠷᠠᠭᠤᠯᠵᠤ  ᠪᠤᠯᠤᠨ᠎ᠠ᠃            ᠶᠠᠰᠤᠨ ᠤ ᠨᠢᠬᠳᠠᠴᠠ ᠶᠢᠨ ᠳᠤᠮᠢᠶ᠎ᠠ             ᠳ᠋ᠠᠢ ᠺᠧ ᠷᠦᠩ ︵ᠱᠠᠩᠬᠠᠢ ᠶᠢᠨ ᠵᠠᠮ ᠬᠠᠷᠢᠯᠴᠠᠭᠠᠨ ᠤ ᠶᠡᠭᠡ ᠰᠤᠷᠭᠠᠭᠤᠯᠢ ᠶᠢᠨ ᠬᠠᠷᠢᠶᠠᠳᠤ ᠶᠢᠰᠦᠳᠦᠭᠡᠷ  ᠡᠮᠨᠡᠯᠭᠡ ᠶᠢᠨ ᠬᠤᠷᠢᠶᠠᠨ ᠤ ᠶᠠᠰᠤᠨ ᠤ ᠰᠠᠯᠠᠭᠠᠨ ᠤ ᠡᠷᠭᠢᠯᠡᠭᠴᠢ︶᠄ ᠶᠠᠫᠤᠨ ᠤ ᠬᠠᠮᠢᠶ᠎ᠠ ᠪᠦᠬᠦᠢ ᠰᠤᠳᠤᠯᠭᠠᠳᠠᠨ ᠤ  ᠳ᠋ᠦᠩ ᠢ ᠦᠨᠳᠦᠰᠦᠯᠡᠪᠡᠯ᠂ ᠬᠦᠮᠦᠨ ᠤ ᠪᠡᠶ᠎ᠠ ᠶᠢᠨ ᠬᠦᠨᠳᠦ ᠪᠠ ᠨᠠᠰᠤ ᠵᠢᠯ ᠢᠶᠠᠷ ᠶᠠᠰᠤᠨ ᠤ ᠨᠢᠬᠳᠠᠴᠠ ᠪᠠ ᠶᠠᠰᠤ  ᠬᠡᠪᠡᠷᠡᠭᠰᠢᠬᠦ ᠡᠪᠡᠳᠴᠢᠨ ᠤ ᠳᠦᠭᠰᠢᠭᠦᠷᠢ ᠶᠢ ᠪᠠᠷᠤᠭᠴᠠᠭᠠᠯᠠᠵᠤ ᠪᠤᠯᠤᠨ᠎ᠠ᠃ ᠶᠠᠰᠤᠨ ᠤ ᠨᠢᠬᠳᠠᠴᠠ = ﹇ᠪᠡᠶ᠎ᠡ ᠶᠢᠨ  ᠬᠦᠨᠳᠦ ︵ᠺᠢᠯᠦᠭᠷᠡᠮ︶ - ᠨᠠᠰᠤ﹈ × 0.2᠃ ᠬᠡᠷᠪᠡ ᠳ᠋ᠦᠩ ᠨᠢ -4 ᠠᠴᠠ ᠪᠠᠭ᠎ᠠ ᠭᠠᠷᠪᠠᠯ ᠳᠦᠭᠰᠢᠭᠦᠷᠢ  ᠶᠡᠭᠡ ᠲᠠᠢ︔ -4 ~ -1 ᠶᠢᠨ ᠬᠤᠭᠤᠷᠤᠨᠳᠤ ᠪᠠᠶᠢᠪᠠᠯ ᠳᠤᠮᠳᠠ ᠵᠡᠷᠭᠡ ᠶᠢᠨ ᠳᠦᠭᠰᠢᠭᠦᠷᠢ ᠲᠠᠢ︔ -1 ᠠᠴᠠ ᠶᠡᠭᠡ  ᠪᠠᠶᠢᠪᠠᠯ ᠳᠦᠭᠰᠢᠭᠦᠷᠢ ᠪᠠᠭ᠎ᠠ ᠲᠠᠢ᠃ ᠵᠢᠱᠢᠶᠡᠯᠡᠪᠡᠯ᠂ ᠪᠡᠶ᠎ᠡ ᠶᠢᠨ ᠬᠦᠨᠳᠦ ᠨᠢ 45 ᠺᠢᠯᠦᠭᠷᠡᠮ᠂ 70 ᠨᠠᠰᠤ ᠲᠠᠢ  ᠬᠦᠮᠦᠨ ᠤ ᠳᠦᠭᠰᠢᠭᠦᠷᠢ ᠶᠢᠨ ᠵᠢᠭᠠᠯᠳᠠ ᠳᠤᠭ᠎ᠠ ᠨᠢ ︵45 -70︶ × 0.2 = -5᠂ ᠳᠠᠷᠤᠢ ᠶᠠᠰᠤ  ᠭᠡᠪᠡᠷᠡᠭᠰᠢᠬᠦ ᠡᠪᠡᠳᠴᠢᠨ ᠲᠠᠢ ᠪᠠᠶᠢᠬᠤ ᠪᠤᠯᠤᠮᠵᠢ ᠶᠡᠭᠡ ᠪᠠᠶᠢᠨ᠎ᠠ᠃ ᠳᠡᠶᠢᠮᠦ ᠠᠴᠠ ᠡᠮᠨᠡᠯᠭᠡ ᠳᠤ ᠤᠴᠢᠵᠤ  ᠪᠠᠶᠢᠴᠠᠭᠠᠯᠭᠠᠬᠤ ᠴᠢᠬᠤᠯᠠᠳᠠᠢ᠃ ᠰᠠᠨᠠᠭᠤᠯᠭ᠎ᠠ᠄ ᠵᠠᠯᠠᠭᠤ ᠠᠴᠠ ᠪᠠᠨ ᠳᠠᠮᠢᠷ ᠤᠨ ᠪᠤᠯᠪᠠᠰᠤᠷᠠᠯ ᠢᠯᠡᠭᠦᠦ ᠬᠢᠨ᠎ᠠ᠂  ᠵᠢᠱᠢᠶᠡᠯᠡᠪᠡᠯ ᠤᠰᠤᠨ ᠳᠤ ᠤᠮᠪᠠᠭ᠋ᠤ᠂ ᠶᠠᠪᠠᠭᠠᠨ ᠰᠠᠭᠤᠵᠤ ᠪᠤᠰᠬᠤ ᠵᠡᠷᠭᠡ ᠨᠢ ᠶᠠᠰᠤᠨ ᠤ ᠨᠢᠬᠳᠠᠴᠠ ᠶᠢ  ᠪᠠᠳᠤᠳᠬᠠᠬᠤ ᠦᠢᠯᠡᠳᠦᠯ ᠲᠠᠢ᠃ ᠡᠩ ᠤᠨ ᠦᠶ᠎ᠡ ᠳᠡᠭᠡᠨ ᠺᠠᠯᠽ ᠡᠯᠪᠡᠭ ᠠᠭᠤᠯᠤᠭᠰᠠᠨ ᠦᠨᠢᠶᠡᠨ ᠰᠦ᠂ ᠮᠠᠽᠢ  ᠵᠡᠷᠭᠡ᠂ ᠸᠢᠲ᠋ᠠᠮᠢᠨ D ᠡᠯᠪᠡᠭ ᠠᠭᠤᠯᠤᠭᠰᠠᠨ ᠦᠨᠦᠷᠳᠦ ᠮᠦᠭᠦ᠂ ᠳᠠᠯᠠᠢ ᠶᠢᠨ ᠵᠢᠭᠠᠰᠤ ᠵᠡᠷᠭᠡ ᠶᠢ ᠢᠯᠡᠭᠦᠦ  ᠢᠳᠡᠬᠦ ᠶᠢ ᠠᠩᠬᠠᠷᠴᠤ᠂ ᠦᠷᠭᠦᠯᠵᠢ ᠨᠠᠷᠠᠨ ᠳᠤ ᠡᠭᠡᠭᠡᠵᠦ ᠪᠠᠶᠢᠪᠠᠯ ᠰᠠᠶᠢᠨ᠃ ᠤᠨᠴᠠᠭᠠᠢᠢᠯᠠᠨ ᠡᠮᠡᠭᠳᠡᠶᠢᠴᠤᠳ  ᠰᠠᠷ᠎ᠠ ᠶᠢᠨ ᠭᠭᠢᠷ ᠵᠤᠬᠰᠤᠬᠤ ᠠᠴᠠ ᠡᠮᠦᠨ᠎ᠠ ᠳᠠᠮᠢᠷ ᠤᠨ ᠪᠤᠯᠪᠠᠰᠤᠷᠠᠯ ᠢᠯᠡᠭᠦᠦ ᠬᠢᠬᠦ ᠶᠢᠨ ᠬᠠᠮᠳᠤ ᠵᠤᠬᠢᠰᠳᠠᠢ ᠪᠠᠷ  ᠤᠭᠤᠷᠠᠭ ᠪᠠ ᠺᠠᠯᠽ ᠨᠦᠬᠦᠪᠦᠷᠢᠯᠡᠬᠦ ᠭᠡᠷᠡᠭᠳᠡᠢ︔ ᠰᠠᠷ᠎ᠠ ᠶᠢᠨ ᠭᠭᠢᠷ ᠵᠤᠬᠰᠤᠭᠰᠠᠨ ᠤ ᠳᠠᠷᠠᠭ᠎ᠠ ᠴᠠᠭ ᠳᠤᠬᠠᠢ ᠳᠤᠨᠢ  ᠪᠠᠶᠢᠴᠠᠭᠠᠯᠳᠠ ᠬᠢᠵᠦ᠂ ᠴᠢᠬᠤᠯᠠᠳᠠᠢ ᠪᠤᠯ ᠡᠮᠴᠢ ᠶᠢᠨ ᠵᠢᠯᠤᠭᠤᠳᠤᠯᠭ᠎ᠠ ᠪᠠᠷ ᠡᠮ᠎ᠡ ᠪᠡᠯᠭᠡ ᠶᠢᠨ ᠬᠤᠷᠮᠤᠨ ᠢᠶᠠᠨ  ᠳᠤᠬᠢᠷᠠᠭᠤᠯᠬᠤ ᠪᠤᠶᠤ ᠺᠠᠯᠽ ᠨᠦᠬᠦᠪᠦᠷᠢᠯᠡᠬᠦ ᠭᠡᠷᠡᠭᠳᠡᠢ᠃             ᠲᠠᠮᠢᠷ ᠤᠨ ᠬᠦᠳᠡᠯᠭᠡᠭᠡᠨ ᠤ ᠵᠢᠷᠦᠭᠡᠨ ᠴᠤᠬᠢᠯᠠᠭ᠎ᠠ ᠶᠢᠨ ᠳᠤᠮᠢᠶ᠎ᠠ           ᠳᠠᠮᠢᠷ ᠤᠨ ᠬᠦᠳᠡᠯᠭᠡᠭᠡᠨ ᠬᠢᠵᠦ ᠪᠠᠶᠢᠬᠤ ᠦᠶ᠎ᠡ ᠶᠢᠨ ᠵᠢᠷᠦᠬᠡᠨ ᠴᠤᠬᠢᠯᠠᠭ᠎ᠠ ᠶᠢᠨ ᠪᠠᠶᠢᠳᠠᠯ ᠨᠢ᠂  ᠬᠦᠳᠡᠯᠭᠡᠭᠡᠨ ᠤ ᠬᠦᠴᠦᠯᠡᠴᠡ ᠶᠢ ᠬᠡᠮᠵᠢᠶᠡᠯᠡᠬᠦ᠂ ᠵᠤᠬᠢᠰ ᠦᠭᠡᠢ ᠬᠦᠳᠡᠯᠭᠡᠭᠡᠨ ᠪᠤᠶᠤ ᠬᠡᠳᠦ ᠬᠦᠳᠡᠯᠭᠡᠭᠡᠨ ᠬᠢᠬᠦ ᠠᠴᠠ  ᠰᠡᠷᠭᠡᠶᠢᠯᠡᠬᠦ ᠳᠤ ᠳᠤᠯᠢ ᠪᠤᠯᠳᠠᠭ᠃ ᠨᠠᠰᠤᠨ ᠳᠤ ᠬᠦᠷᠦᠭᠰᠡᠳ ᠲᠤ ᠠᠪᠴᠤ ᠬᠡᠯᠡᠪᠡᠯ᠂ ᠡᠷᠡᠭᠳᠡᠶᠢᠴᠤᠳ ᠤᠨ  ᠬᠠᠮᠤᠭ ᠤᠨ ᠦᠨᠳᠦᠷ ᠬᠦᠳᠡᠯᠭᠡᠭᠡᠨ ᠤ ᠵᠢᠷᠦᠭᠡᠨ ᠴᠤᠬᠢᠯᠠᠭ᠎ᠠ = 205 - ᠨᠠᠰᠤ︔ ᠡᠮᠡᠭᠳᠡᠶᠢᠴᠤᠳ ᠤᠨ ᠬᠢ =  220 - ᠨᠠᠰᠤ᠃ ᠪᠤᠳᠠᠳᠠᠢ ᠵᠢᠷᠦᠭᠡᠨ ᠴᠤᠬᠢᠯᠠᠭ᠎ᠠ ᠨᠢ ᠬᠠᠮᠤᠭ ᠤᠨ ᠦᠨᠳᠦᠷ ᠬᠡᠮᠵᠢᠶᠡᠨ ᠤ 70% ᠬᠦᠷᠴᠦ  ᠪᠠᠶᠢᠪᠠᠯ ᠦᠨᠳᠦᠷ ᠬᠦᠴᠦᠯᠡᠴᠡ ᠪᠦᠬᠦᠢ ᠬᠦᠳᠡᠯᠭᠡᠭᠡᠨ᠂ 55%~ 69% ᠬᠦᠷᠴᠦ ᠪᠠᠶᠢᠪᠠᠯ ᠳᠤᠮᠳᠠ  ᠬᠦᠴᠦᠯᠡᠴᠡ ᠪᠦᠬᠦᠢ ᠬᠦᠳᠡᠯᠭᠡᠭᠡᠨ᠂ 40%~54% ᠬᠦᠷᠴᠦ ᠪᠠᠶᠢᠪᠠᠯ ᠳᠤᠤᠷ᠎ᠠ ᠭᠦᠴᠦᠯᠡᠴᠡ ᠪᠦᠬᠦᠢ  ᠬᠦᠳᠡᠯᠭᠡᠭᠡᠨ ᠪᠤᠯᠤᠨ᠎ᠠ᠃ ᠨᠠᠰᠤᠳᠠᠶᠢᠴᠤᠳ ᠲᠤ ᠠᠪᠴᠤ ᠬᠡᠯᠡᠪᠡᠯ᠂ ᠵᠤᠬᠢᠰᠳᠠᠢ ᠬᠦᠳᠡᠯᠭᠡᠭᠡᠨ ᠤ ᠵᠢᠷᠤᠬᠡᠨ  ᠴᠤᠬᠢᠯᠠᠭ᠎ᠠ = 170- ᠨᠠᠰᠤ᠃ ᠵᠢᠱᠢᠶᠡᠯᠡᠪᠡᠯ᠂ 70 ᠨᠠᠰᠤᠳᠠᠢ ᠨᠠᠰᠤᠳᠠᠨ ᠬᠦᠴᠢᠯᠳᠦ᠋ᠷᠦᠭᠴᠢᠳᠤ ᠬᠦᠳᠡᠯᠭᠡᠭᠡᠨ  ᠬᠢᠬᠦ ᠳᠡᠭᠡᠨ᠂ ᠵᠢᠷᠦᠭᠡᠨ ᠴᠤᠬᠢᠯᠠᠭ᠎ᠠ ᠪᠠᠨ 170 -70=100 ᠤᠳᠠᠭ᠎ᠠ / ᠮᠢᠨᠦ᠋ᠲ ᠢᠶᠠᠷ ᠬᠢᠵᠠᠭᠠᠷᠯᠠᠬᠤ  ᠴᠢᠬᠤᠯᠠᠳᠠᠢ᠃ ᠦᠨᠳᠦᠷ ᠨᠠᠰᠤᠳᠠᠨ ᠤ ᠠᠮᠤᠷ ᠳᠦᠪᠰᠢᠨ ᠢ ᠪᠠᠳᠤᠯᠠᠬᠤ ᠶᠢᠨ ᠳᠦᠯᠦᠭᠡ᠂ ︵170 - ᠨᠠᠰᠤ︶ ×  0.9 ᠪᠠᠷ ᠬᠢᠵᠠᠭᠠᠷᠯᠠᠵᠤ ᠪᠤᠯᠤᠨ᠎ᠠ᠃             ᠪᠡᠶ᠎ᠡ ᠶᠢᠨ ᠦᠭᠡᠭᠦᠨ ᠤ ᠨᠤᠷᠮ᠎ᠠ ᠶᠢᠨ ᠳᠤᠮᠢᠶ᠎ᠠ             ᠪᠡᠶ᠎ᠡ ᠶᠢᠨ ᠦᠭᠡᠬᠦᠨ ᠤ ᠨᠤᠷᠮ᠎ᠠ ᠨᠢ ᠬᠦᠮᠦᠨ ᠤ ᠪᠡᠶ᠎ᠡ ᠳᠠᠬᠢ ᠦᠭᠡᠬᠦ ᠶᠢᠨ ᠠᠭᠤᠯᠤᠭᠳᠠᠴᠠ ᠶᠢ ᠳᠤᠰᠬᠠᠳᠠᠭ  ᠃ ᠡᠮᠡᠭᠳᠡᠶᠢᠴᠤᠳ ᠤᠨ ᠪᠡᠶ᠎ᠡ ᠶᠢᠨ ᠦᠭᠡᠬᠦᠨ ᠤ ᠨᠤᠷᠮ᠎ᠠ ᠶᠢᠨ ᠳᠤᠮᠢᠶ᠎ᠠ᠄ ᠵᠢᠭᠠᠯᠳᠠ ᠳᠤᠭ᠎ᠠ a= ᠪᠦᠰᠡᠯᠡᠭᠦᠷ ᠤᠨ  ᠤᠷᠳᠤ ︵ᠰᠡᠨᠲ᠋ᠢᠮᠧᠳ᠋ᠷ︶ × 0.74︔ ᠵᠢᠭᠠᠯᠳᠠ ᠳᠤᠭ᠎ᠠ b = ᠪᠡᠶ᠎ᠡ ᠶᠢᠨ ᠬᠦᠨᠳᠦ ︵ᠺᠢᠯᠦᠭᠷᠡᠮ︶ × 0. 082+34.89︔ ᠪᠡᠶ᠎ᠡ ᠶᠢᠨ ᠦᠭᠡᠭᠦᠨ ᠤ ᠨᠤᠷᠮ᠎ᠠ = ︵a-b︶ ÷ ᠪᠡᠶ᠎ᠡ ᠶᠢᠨ ᠬᠦᠨᠳᠦ × 100%᠃  ᠡᠷᠡᠭᠳᠡᠶᠢᠴᠤᠳ ᠤᠨ ᠪᠡᠶ᠎ᠡ ᠶᠢᠨ ᠦᠭᠡᠭᠦᠨ ᠤ ᠨᠤᠷᠮ᠎ᠠ ᠶᠢ ᠪᠤᠳᠤᠬᠤ ᠳᠠᠭᠠᠨ᠂ ᠵᠢᠭᠠᠯᠳᠠ ᠳᠤᠭ᠎ᠠ b = ᠪᠡᠶ᠎ᠡ ᠶᠢᠨ  ᠬᠦᠨᠳᠦ ︵ᠺᠢᠯᠦᠭᠷᠡᠮ︶ × 0.082+44.74᠃ ᠰᠠᠨᠠᠭᠤᠯᠭ᠎ᠠ᠄ ᠡᠷᠡᠭᠦᠯ ᠰᠠᠷᠠᠭᠤᠯ ᠨᠠᠰᠤᠨ ᠳᠤ  ᠬᠦᠷᠦᠭᠰᠡᠳ ᠤᠨ ᠪᠡᠶ᠎ᠡ ᠶᠢᠨ ᠦᠭᠡᠭᠦᠨ ᠤ ᠨᠤᠷᠮ᠎ᠠ ᠨᠢ᠂ ᠡᠷᠡᠭᠳᠡᠶᠢᠴᠤᠳ ᠤᠨ ᠬᠢ 17%~23%᠂  ᠡᠮᠡᠭᠳᠡᠶᠢᠴᠤᠳ ᠤᠨ ᠬᠢ 20%~27% ᠪᠠᠶᠢᠳᠠᠭ᠃ ᠬᠡᠷᠪᠡ ᠡᠷᠡᠭᠳᠡᠶᠢᠴᠤᠳ ᠤᠨ ᠬᠢ 25%᠂  ᠡᠮᠡᠭᠳᠡᠶᠢᠴᠤᠳ ᠤᠨ ᠬᠢ 30 % ᠠᠴᠠ ᠳᠠᠪᠠᠭᠰᠠᠨ ᠪᠠᠶᠢᠪᠠᠯ᠂ ᠮᠠᠷᠢᠶᠠᠳᠠᠢ ᠬᠦᠮᠦᠨ ᠤ ᠳᠤᠭᠠᠨ ᠳᠤ ᠤᠷᠤᠵᠤ᠂  ᠯᠤᠬᠰᠢᠭᠤᠨ ᠰᠤᠳᠠᠯ ᠬᠠᠳᠠᠭᠤᠷᠠᠬᠤ᠂ ᠵᠢᠷᠦᠬᠡᠨ ᠳᠢᠳᠢᠮ ᠤᠨ ᠡᠪᠡᠳᠴᠢᠨ᠂ ᠰᠢᠬᠢᠷ ᠰᠢᠵᠢᠩ ᠡᠪᠡᠳᠴᠢᠨ ᠳᠤ  ᠨᠡᠷᠪᠡᠭᠳᠡᠬᠦ ᠠᠶᠤᠯ ᠲᠠᠢ᠃ ᠢᠢᠮᠦ ᠪᠠᠶᠢᠳᠠᠯ ᠲᠠᠢ ᠬᠦᠮᠦᠰ ᠢᠳᠡᠰᠢᠨ ᠨᠤᠭᠤᠭ᠎ᠠ ᠪᠠ ᠵᠢᠮᠢᠰ ᠢᠯᠡᠭᠦᠦ ᠢᠳᠡᠵᠦ᠂  ᠬᠠᠷ᠎ᠠ ᠮᠢᠬ᠎ᠠ ᠬᠡᠮᠵᠢᠶ᠎ᠠ ᠲᠠᠢ ᠢᠳᠡᠨ᠂ ᠦᠭᠡᠬᠦ ᠳᠠᠪᠤᠰᠤ ᠳᠤᠰᠤ ᠶᠡᠬᠡᠳᠡᠢ ᠢᠳᠡᠭᠡᠨ ᠢᠳᠡᠬᠦ ᠦᠭᠡᠢ ᠪᠠᠶᠢᠵᠤ᠂  ᠵᠤᠬᠢᠬᠤ ᠳᠠᠮᠢᠷ ᠤᠨ ᠬᠦᠳᠡᠯᠭᠡᠭᠡᠨ ᠬᠢᠵᠦ ᠪᠡᠶ᠎ᠡ ᠶᠢᠨ ᠦᠭᠡᠬᠦ ᠪᠠᠨ ᠪᠠᠭᠤᠷᠠᠭᠤᠯᠬᠤ ᠶᠢ ᠬᠢᠴᠢᠶᠡᠪᠡᠯ ᠵᠤᠬᠢᠨ᠎ᠠ᠃ ᠬᠡᠷᠪᠡ  ᠡᠷᠡᠭᠳᠡᠶᠢᠴᠤᠳ ᠤᠨ ᠪᠡᠶ᠎ᠡ ᠶᠢᠨ ᠦᠭᠡᠬᠦᠨ ᠤ ᠨᠤᠷᠮ᠎ᠠ 14%~20%᠂ ᠡᠮᠡᠭᠳᠡᠶᠢᠴᠤᠳ ᠤᠨ ᠬᠢ  17%~24% ᠪᠠᠶᠢᠪᠠᠯ᠂ ᠳᠤᠷᠠᠩᠬᠠᠢ ᠬᠦᠮᠦᠨ ᠤ ᠳᠤᠭᠠᠨ ᠳᠤ ᠤᠷᠤᠵᠤ᠂ ᠳᠠᠮᠢᠷ ᠤᠨ ᠬᠦᠳᠡᠯᠭᠡᠭᠡᠨ ᠢᠶᠠᠨ  ᠴᠢᠩᠭᠠᠳᠬᠠᠵᠤ᠂ ᠤᠭᠤᠷᠠᠭ ᠵᠡᠷᠭᠡ ᠶᠢ ᠨᠦᠬᠦᠪᠦᠷᠢᠯᠡᠵᠦ᠂ ᠪᠡᠶ᠎ᠡ ᠶᠢᠨ ᠦᠬᠡᠭᠦᠨ ᠤ ᠨᠤᠷᠮ᠎ᠠ ᠪᠠᠨ ᠳᠡᠭᠡᠭᠰᠢᠯᠡᠭᠦᠯᠬᠦ  ᠭᠡᠷᠡᠭᠳᠡᠢ᠃ ᠬᠡᠷᠪᠡ ᠡᠷᠡᠭᠳᠡᠶᠢᠴᠤᠳ ᠤᠨ ᠬᠢ 5% ᠠᠴᠠ ᠳᠤᠤᠷ᠎ᠠ᠂ ᠡᠮᠡᠭᠳᠡᠶᠢᠴᠤᠳ ᠤᠨ ᠬᠢ 15% ᠠᠴᠠ  ᠳᠤᠤᠷ᠎ᠠ ᠪᠠᠶᠢᠪᠠᠯ᠂ ᠪᠡᠶ᠎ᠡ ᠶᠢᠨ ᠴᠢᠳᠠᠪᠬᠢ ᠪᠠᠨ ᠠᠯᠳᠠᠵᠤ ᠮᠡᠳᠡᠨ᠎ᠠ᠂ ᠡᠮᠨᠡᠯᠭᠡ ᠳᠤ ᠤᠴᠢᠵᠤ ᠪᠠᠶᠢᠴᠠᠭᠠᠯᠭᠠᠬᠤ  ᠭᠡᠷᠡᠭᠳᠡᠢ᠃             ᠠᠵᠠ ᠵᠢᠷᠭᠠᠯᠳᠤ ᠳᠦᠷᠦᠭᠳᠡᠯ ᠤᠨ ᠳᠤᠮᠢᠶ᠎ᠠ             ᠳᠠᠩ ᠶᠦᠩ ᠯᠦᠩ ︵ᠪᠠᠷᠠᠭᠤᠨ ᠡᠮᠦᠨᠡᠳᠦ ᠶᠢᠨ ᠶᠡᠭᠡ ᠰᠤᠷᠭᠠᠭᠤᠯᠢ ᠶᠢᠨ ᠰᠡᠳᠬᠢᠴᠡ ᠵᠦᠢ ᠶᠢᠨ  ᠰᠠᠯᠠᠭᠠᠨ ᠤ ᠳᠡᠳ᠋ ᠫᠷᠦᠹᠧᠰᠰᠤᠷ︶᠄ ᠨᠤᠫᠧᠯ ᠤᠨ ᠠᠵᠤ ᠠᠬᠤᠢ ᠶᠢᠨ ᠤᠬᠠᠭᠠᠨ ᠤ ᠱᠠᠩᠨᠠᠯᠳᠤ᠂ ᠠᠮᠧᠷᠢᠺᠠ ᠶᠢᠨ  ᠠᠵᠤ ᠠᠬᠤᠢ ᠶᠢᠨ ᠤᠬᠠᠭᠠᠨᠳᠠᠨ ᠱᠠᠮᠦ᠋ᠷᠱᠧᠨ ᠨᠢᠭᠡᠨ ᠠᠵᠠ ᠵᠢᠷᠭᠠᠯ ᠤᠨ ᠳᠤᠮᠢᠶ᠎ᠠ ᠶᠢ ᠳᠤᠷᠠᠳᠴᠠᠢ᠄ ᠬᠤᠪᠢ  ᠬᠦᠮᠦᠨ ᠤ ᠠᠵᠠ ᠵᠢᠷᠭᠠᠯ = ᠪᠤᠳᠠᠰ ÷ ᠬᠡᠷᠡᠭᠯᠡᠭᠡᠨ ᠤ ᠬᠦᠰᠡᠯ᠃ ᠡᠨᠡ ᠳᠤᠮᠢᠶ᠎ᠠ ᠠᠴᠠ ᠭᠤᠷᠪᠠᠨ ᠵᠦᠢᠯ ᠤᠨ  ᠪᠠᠶᠢᠳᠠᠯ ᠬᠤᠪᠢᠷᠠᠨ ᠭᠠᠷᠴᠤ ᠪᠤᠯᠤᠨ᠎ᠠ᠄ 1. ᠬᠦᠰᠡᠯ ᠨᠢ ᠬᠤᠪᠢᠷᠠᠬᠤ ᠦᠭᠡᠢ ᠦᠶ᠎ᠡ ᠳᠤ᠂ ᠠᠵᠠ ᠵᠢᠷᠭᠠᠯ ᠪᠠ  ᠪᠤᠳᠠᠰ ᠨᠢ ᠰᠢᠭᠤᠳ ᠬᠠᠷᠢᠴᠠᠭᠠᠳᠤ ᠪᠤᠯᠤᠨ᠎ᠠ᠃ 2. ᠪᠤᠳᠠᠰ ᠨᠢ ᠬᠤᠪᠢᠷᠠᠬᠤ ᠦᠭᠡᠢ ᠦᠶ᠎ᠠ ᠳᠤ᠂ ᠠᠵᠠ ᠵᠢᠷᠭᠠᠯ  ᠪᠠ ᠬᠦᠰᠡᠯ ᠨᠢ ᠤᠷᠪᠠᠭᠤ ᠬᠠᠷᠢᠴᠠᠭᠠᠳᠤ ᠪᠤᠯᠤᠨ᠎ᠠ᠃ 3. ᠪᠤᠳᠠᠰ ᠪᠠ ᠬᠦᠰᠡᠯ ᠨᠢ ᠵᠡᠷᠭᠡ ᠪᠠᠷ ᠨᠡᠮᠡᠭᠳᠡᠬᠦ ᠦᠶ᠎ᠡ ᠳᠤ᠂  ᠬᠡᠷᠪᠡ ᠪᠤᠳᠠᠰ ᠤᠨ ᠨᠡᠮᠡᠭᠳᠡᠯ ᠤᠨ ᠬᠤᠷᠳᠤᠴᠠ ᠨᠢ ᠬᠦᠰᠡᠯ ᠤᠨ ᠨᠡᠮᠡᠭᠳᠡᠯ ᠤᠨ ᠬᠤᠷᠳᠤᠴᠠ ᠠᠴᠠ ᠬᠤᠷᠳᠤᠨ  ᠪᠠᠶᠢᠪᠠᠯ᠂ ᠠᠵᠠ ᠵᠢᠷᠭᠠᠯᠳᠤ ᠳᠦᠷᠦᠭᠳᠡᠯ ᠨᠢ ᠮᠦᠨ ᠨᠡᠮᠡᠭᠳᠡᠨ᠎ᠠ︔ ᠡᠰᠡᠷᠭᠦ ᠪᠤᠯᠪᠠᠯ ᠠᠵᠠ ᠵᠢᠷᠭᠠᠯᠳᠤ  ᠳᠦᠷᠦᠭᠳᠡᠯ ᠨᠢ ᠪᠠᠭᠤᠷᠠᠨ᠎ᠠ᠃ ᠰᠠᠨᠠᠭᠤᠯᠭ᠎ᠠ᠄ ᠤᠳᠤ ᠶᠢᠨ ᠬᠦᠮᠦᠨ ᠤ ᠠᠵᠠ ᠵᠢᠷᠭᠠᠯᠳᠤ ᠳᠦᠷᠦᠭᠳᠡᠯ ᠪᠠᠭᠤᠷᠠᠵᠤ  ᠪᠠᠶᠢᠭ᠎ᠠ ᠨᠢ ᠳᠤᠤᠷᠠᠬᠢ ᠬᠡᠳᠦᠨ ᠵᠦᠢᠯ ᠤᠨ ᠰᠢᠯᠳᠠᠭᠠᠨ ᠠᠴᠠ ᠪᠤᠯᠵᠠᠢ᠄ ᠳᠡᠭᠡᠭᠰᠢ ᠪᠠᠨ ᠦᠭᠰᠦᠵᠦ ᠠᠳᠠᠯᠢᠳᠬᠠᠬᠤ  ᠳᠤᠷᠠᠳᠠᠢ᠂ ᠤᠶᠤᠨ ᠰᠠᠨᠠᠭᠠᠨ ᠤ ᠬᠠᠷᠠᠯᠳᠠ ᠪᠠᠷ ᠳᠤᠳᠠᠮᠠᠭ᠂ ᠰᠠᠶᠢᠨ ᠰᠠᠶᠢᠬᠠᠨ ᠵᠦᠢᠯ ᠢ ᠤᠯᠵᠤ ᠦᠵᠡᠬᠦ ᠳᠡᠭᠡᠨ  ᠮᠠᠭᠤ᠂ ᠵᠤᠷᠢᠭᠤᠯᠬᠤ ᠵᠤᠷᠢᠬ ᠰᠠᠨᠠᠭ᠎ᠠ ᠦᠭᠡᠢ᠂ ᠬᠠᠩᠬᠤ ᠦᠭᠡᠢ᠂ ᠳᠠᠷᠤᠯᠳᠠ ᠶᠡᠭᠡ᠂ ᠵᠤᠪᠠᠨᠢᠬᠤ ᠳᠤᠷᠠᠳᠠᠢ᠃  ᠦᠨᠡᠨᠳᠡᠭᠡᠨ ᠠᠵᠠ ᠵᠢᠷᠭᠠᠯ ᠭᠡᠵᠦ ᠳᠡᠭᠷᠢ ᠭᠠᠵᠠᠷ ᠢ ᠳᠤᠩᠰᠤᠯᠭᠠᠨ ᠢᠷᠡᠳᠡᠭ ᠪᠢᠰᠢ᠂ ᠮᠦᠨ ᠴᠤ ᠪᠠᠷᠢᠬᠳᠠᠰᠢ ᠦᠭᠡᠢ  ᠬᠤᠯᠠ ᠶᠢᠨ ᠶᠠᠭᠤᠮ᠎ᠠ ᠪᠢᠰᠢ᠂ ᠬᠠᠷᠢᠨ ᠨᠢᠭᠡ ᠵᠦᠢᠯ ᠤᠨ ᠰᠠᠶᠢᠨ ᠰᠠᠶᠢᠬᠠᠨ ᠲᠦᠷᠦᠭᠳᠡᠯ ᠯᠡ ᠳᠡᠳᠦᠢ᠂  ᠪᠤᠰᠤᠳ ᠲᠤ ᠬᠠᠪᠰᠤᠷᠤᠮᠵᠢ ᠦᠵᠡᠭᠦᠯᠦᠭᠰᠡᠨ᠂ ᠤᠳᠤᠬᠢ ᠪᠠᠶᠢᠳᠠᠯ ᠳᠠᠭᠠᠨ ᠬᠠᠨᠤᠵᠤ ᠠᠮᠢᠳᠤᠷᠠᠬᠤ ᠪᠠᠶᠠᠷ ᠬᠦᠷ ᠶᠤᠮ  ᠃ ᠠᠵᠠ ᠵᠢᠷᠭᠠᠯᠳᠤ ᠳᠦᠷᠦᠭᠳᠡᠯ ᠢᠶᠠᠨ ᠨᠡᠮᠡᠭᠳᠡᠭᠦᠯᠦᠶ᠎ᠡ ᠭᠡᠪᠡᠯ ᠪᠠᠭ᠎ᠠ ᠵᠦᠢᠯ ᠠᠴᠠ ᠭᠠᠷᠳᠠᠬᠤ ᠭᠡᠷᠡᠭᠳᠡᠢ᠃ ᠬᠢᠳᠠᠯ  ᠠᠯᠳᠠᠪᠠᠯ ᠨᠤᠮ ᠤᠩᠰᠢᠵᠤ ᠪᠤᠯᠤᠨ᠎ᠠ᠂ ᠨᠠᠶᠢᠵᠢ ᠨᠦᠬᠦᠳ ᠢᠶᠠᠨ ᠳᠠᠭᠤᠳᠠᠵᠤ ᠺᠢᠨᠣ᠋ ᠵᠦᠴᠦᠭᠡ ᠦᠵᠡᠬᠦ ᠭᠡᠬᠦ  ᠮᠡᠳᠦ ᠶᠢᠨ ᠳᠦᠭᠦᠮ ᠳᠦᠳᠡ ᠵᠠᠮ ᠢ ᠬᠠᠶᠢᠵᠤ ᠪᠤᠯᠤᠨ᠎ᠠ᠃          
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09002379号