ᠳᠤᠮᠳᠠᠳᠤ ᠭᠠᠳᠠᠭᠠᠳᠤ ᠶᠢᠨ ᠰᠤᠷᠤᠭᠴᠢᠳ ᠣᠷᠳᠣᠰ ᠤᠨ ᠢᠮᠠᠭᠠᠨ ᠨᠣᠣᠯᠣᠭᠤᠷ ᠤᠨ  ᠪᠦᠯᠦᠭᠯᠡᠯ ᠳᠤ ᠬᠦᠷᠴᠦ ᠰᠤᠷᠪᠤᠯᠵᠢᠯᠠᠪᠠ
ᠨᠡᠶᠢᠲᠡᠯᠡᠭᠰᠡᠨ ᠴᠠᠭ᠄
2017-09-27
   ᠠᠷᠠᠳ ᠤᠨ ᠰᠦᠯᠵᠢᠶ᠎ᠡ ᠶᠢᠨ 7  ᠰᠠᠷ᠎ᠠ ᠶᠢᠨ  17 ᠤ  ᠡᠳᠦᠷ ᠤᠨ  ᠴᠠᠬᠢᠯᠭᠠᠨ  ᠮᠡᠳᠡᠭᠡ  ︵ᠳᠣᠷᠣᠨ᠎ᠠ︶  
ᠣᠷᠳᠣᠰ‌ᠨᠤᠲᠤᠭ ᠤᠨ ᠨᠡᠷᠡᠲᠦ  ᠪᠦᠲᠦᠭᠡᠭᠳᠡᠭᠦᠨ ᠭᠡᠬᠦᠯᠡᠷ  ᠣᠷᠳᠣᠰ ᠤᠨ  ᠢᠮᠠᠭᠠᠨ  ᠨᠣᠣᠯᠣᠭᠤᠷ   ᠨᠢ  ᠬᠠᠮᠤᠭ ᠠᠴᠠ  ᠲᠦᠷᠦᠭᠦᠨ ᠳ᠋ᠦ‌‍ᠬᠦ᠋ᠮᠦᠰ ᠤᠨ ᠰᠠᠨᠠᠭᠠᠨ ᠳᠤ ᠣᠷᠣᠨ᠎ᠠ᠂ ︽ᠣᠷᠳᠣᠰ ᠤᠨ ᠢᠮᠠᠭᠠᠨ ᠨᠣᠣᠯᠣᠭᠤᠷ  ᠣᠷᠴᠢᠯᠠᠩ  ᠳᠡᠯᠡᠬᠡᠢ ᠶᠢ  ᠳᠤᠯᠠᠭᠠᠴᠠᠭᠤᠯᠤᠨᠠᠮ︾ᠬᠡᠮᠡᠭᠰᠡᠨ ᠤᠷᠢᠶ᠎ᠠ ᠪᠠᠷ ᠢᠶᠠᠨ ᠳᠡᠯᠡᠬᠡᠢ ᠳᠠᠬᠢᠨ ᠳᠤ ᠠᠯᠳᠠᠷᠰᠢᠨ᠂ ᠣᠳᠣ ᠣᠷᠳᠣᠰ ᠤᠨ ᠢᠮᠠᠭᠠᠨ ᠨᠣᠣᠯᠣᠭᠤᠷ ᠤᠨ ᠪᠦᠯᠦᠭᠯᠡᠯ ‍ᠦᠨ‌‍ᠪᠦ᠋ᠲᠦᠭᠡᠭᠳᠡᠭᠦᠨ ᠪᠦᠬᠦ ᠳᠡᠯᠡᠬᠡᠢ ᠳᠤ ᠪᠣᠷᠤᠯᠠᠭᠤᠯᠤᠭᠳᠠᠵᠤ᠂ ᠣᠷᠳᠣᠰ ᠨᠤᠲᠤᠭ ᠤᠨ  ᠤᠮᠳᠤᠭᠠᠶᠢᠯᠠᠵᠤ  ᠪᠣᠯᠣᠰᠢ  ᠦᠭᠡᠢ  ᠠᠵᠤ‌ᠠᠬᠤᠢ ᠶᠢᠨ ᠨᠡᠷ᠎ᠡ ᠶᠢᠨ ᠬᠠᠭᠤᠳᠠᠰᠤ ᠪᠣᠯᠣᠭᠰᠠᠨ ᠪᠠᠶᠢᠨ᠎ᠠ᠃ 7 ᠰᠠᠷ᠎ᠠ ᠶᠢᠨ 16 ᠤ ᠡᠳᠦᠷ ︽2017  ᠣᠨ ᠤ  ᠳᠤᠮᠳᠠᠳᠤ‌ᠠᠮᠧᠷᠢᠺᠠ ᠶᠢᠨ ᠶᠡᠭᠡ  ᠰᠤᠷᠭᠠᠭᠤᠯᠢ ᠶᠢᠨ  ᠰᠤᠷᠤᠭᠴᠢᠳ ᠤᠨ  ᠥᠪᠥᠷ  ᠮᠣᠩᠭᠤᠯ ᠳᠠᠬᠢ  ᠠᠶᠠᠯᠠᠯ︾ ᠤᠨ  ᠪᠦᠯᠬᠦᠮ  ᠣᠷᠳᠣᠰ‌‍ᠪᠦ᠋ᠯᠦᠭᠯᠡᠯ ᠤᠨ ᠰᠡᠮᠡᠳᠡᠰᠦ ᠡᠭᠡᠷᠡᠬᠦ ᠦᠢᠯᠡᠳᠪᠦᠷᠢ ᠪᠣᠯᠣᠨ ᠦᠵᠡᠰᠭᠦᠯᠡᠩ ᠤᠨ ᠣᠷᠳᠣᠨ ᠳᠤ ᠲᠣᠭᠤᠷᠢᠨ ᠰᠣᠷᠪᠤᠯᠵᠢᠯᠠᠯ᠎ᠠ᠃             ᠬᠦᠷᠴᠢᠭᠢᠨᠡᠨ ᠲᠦᠷᠴᠢᠬᠢᠨᠡᠭᠰᠡᠨ ᠦᠢᠯᠡᠳᠪᠦᠷᠢ ᠶᠢᠨ ᠲᠠᠰᠤᠭ ᠲᠤ ᠣᠯᠠᠨ ᠮᠠᠰᠢᠨ ᠤ ᠡᠩᠨᠡᠷᠡᠨ  ᠵᠢᠭᠰᠠᠵᠤ᠂ ᠠᠵᠢᠯᠴᠢᠨ‌ᠠᠵᠢᠯᠲᠠᠳ ᠮᠠᠰᠢᠨ ᠲᠠᠢ ᠬᠠᠪᠰᠤᠷᠤᠨ  ᠪᠣᠯᠪᠠᠰᠤᠷᠠᠭᠤᠯᠬᠤ  ᠪᠠ  ᠦᠢᠯᠡᠳᠪᠦᠷᠢᠯᠡᠬᠦ  ᠠᠵᠢᠯ  ᠡᠮᠬᠢ  ᠵᠢᠷᠤᠮ   ᠲᠠᠢ  ᠶᠠᠪᠤᠭᠳᠠᠵᠤ‌‍ᠪᠠᠶᠢᠯ᠎ᠠ᠃ ᠲᠠᠨᠢᠯᠴᠠᠭᠤᠯᠤᠭᠰᠠᠨ ᠢᠶᠠᠷ᠂ ᠰᠡᠮᠡᠳᠡᠰᠦ ᠡᠭᠡᠷᠡᠬᠦ ᠦᠢᠯᠡᠳᠪᠦᠷᠢ ᠶᠢᠨ ᠡᠳᠦᠷ ᠳᠣᠲᠣᠮ ᠤᠨ ᠭᠤᠣᠯ ᠠᠵᠢᠯ ᠭᠡᠪᠡᠯ  ᠮᠠᠰᠢᠨ‌ᠮᠧᠬᠠᠨᠢᠭ ᠢᠶᠠᠷ  ᠠᠵᠢᠯᠯᠠᠵᠤ᠂  ᠲᠣᠨᠤᠭ  ᠲᠦᠬᠦᠭᠡᠷᠦᠮᠵᠢ ᠶᠢ  ᠬᠠᠮᠠᠭᠠᠯᠠᠬᠤ  ᠶᠠᠪᠤᠳᠠᠯ  ᠪᠣᠯᠣᠨ᠎ᠠ᠃  ᠨᠢᠭᠡᠨ   ᠦᠢᠯᠡᠳᠪᠦᠷᠢ ᠵᠢᠨ‌‍ᠲ᠋ᠠᠰᠤᠭ ᠤᠨ ᠵᠢᠯ  ᠤᠨ ᠭᠠᠷᠤᠯᠲᠠ ᠨᠢ ᠪᠠᠷᠤᠭ 2000 ᠲᠣᠨ ᠳᠤ ᠬᠦᠷᠴᠦ ᠪᠠᠶᠢᠨ᠎ᠠ᠃  ᠦᠢᠯᠡᠳᠪᠦᠷᠢ ᠶᠢᠨ  ᠬᠦᠳᠡᠯᠮᠦᠷᠢ ᠵᠢᠨ‌ᠵᠢᠱᠢᠶᠡᠴᠢ ᠾᠧ ᠭᠤᠸᠠᠩ ᠯᠢᠶᠠᠩ  ᠰᠣᠷᠪᠤᠯᠵᠢᠯᠠᠭ᠎ᠠ ᠬᠦᠯᠢᠶᠡᠬᠦ ᠳᠤ ᠪᠠᠨ᠄ ᠪᠢ ᠠᠳᠡ  ᠢᠮᠠᠭᠠᠨ  ᠨᠣᠣᠯᠣᠭᠤᠷ  ᠦᠢᠯᠡᠳᠪᠦᠷᠢᠯᠡᠬᠦ‌ᠠᠵᠢᠯ ᠢ ᠬᠢᠭᠡᠳ 22 ᠵᠢᠯ ᠪᠣᠯᠵᠤ ᠪᠠᠶᠢᠨ᠎ᠠ᠂ ᠨᠡᠶᠢᠭᠡᠮ ᠣᠷᠴᠢᠨ  ᠪᠠ  ᠰᠢᠨᠵᠢᠯᠡᠬᠦ  ᠤᠬᠠᠭᠠᠨ  ᠮᠡᠷᠭᠡᠵᠢᠯ ᠤᠨ  ᠬᠦᠭᠵᠢᠯᠲᠡ ᠵᠢ‌‍ᠲ᠋ᠠᠭᠠᠯᠳᠤᠨ ᠤᠯᠠᠮ ᠠᠴᠠ ᠤᠯᠠᠮ ᠣᠯᠠᠨ ᠮᠠᠰᠢᠨ ᠲᠧᠭᠨᠢᠭ ᠨᠣᠣᠯᠣᠭᠤᠷ ᠦᠢᠯᠡᠳᠪᠦᠷᠢᠯᠡᠬᠦ ᠳᠤᠮᠳᠠ ᠬᠡᠷᠡᠭᠯᠡᠭᠳᠡᠵᠦ᠂  ᠠᠵᠢᠯᠴᠢᠨ ‍ᠤ‌ᠠᠵᠢᠯᠯᠠᠬᠤ  ᠣᠷᠴᠢᠨ  ᠲᠣᠭᠤᠷᠢᠨ ᠳᠤ  ᠮᠠᠰᠢ  ᠶᠡᠭᠡ  ᠬᠤᠪᠢᠷᠠᠯᠲᠠ   ᠲᠠᠢ  ᠪᠣᠯᠬᠤ ᠶᠢᠨ  ᠬᠠᠮᠲᠤ᠂  ᠮᠠᠰᠢ  ᠣᠯᠠᠨ  ᠳᠡᠭᠡᠳᠤ‌‍ᠰᠤᠷᠤᠯᠭ᠎ᠠ ᠶᠢᠨ ᠨᠠᠮᠲᠠᠷ ᠲᠠᠢ ᠶᠡᠭᠡ ᠰᠤᠷᠭᠠᠭᠤᠯᠢ ᠶᠢᠨ ᠰᠤᠷᠤᠭᠴᠢᠳ ᠪᠠ  ᠵᠠᠯᠠᠭᠤᠴᠤᠳ  ᠡᠨᠡ  ᠬᠦ  ᠡᠩᠨᠡᠭᠡ ᠳᠤ  ᠤᠷᠤᠯᠴᠠᠨ᠂ᠮᠠᠨ ᠤ ᠡᠨᠡ ᠬᠦ ᠡᠩᠨᠡᠭᠡ ᠳᠤ ᠴᠤᠭ ᠪᠠᠳᠠᠷᠠᠩᠭᠤᠢ ᠵᠠᠯᠠᠭᠤ ᠬᠦᠴᠦᠨ ᠨᠡᠮᠡᠷᠢᠯᠡᠳᠡᠭ ᠪᠠᠶᠢᠨ᠎ᠠ ᠭᠡᠵᠡᠢ᠃             ᠣᠶᠢᠯᠠᠭᠠᠭᠰᠠᠨ ᠢᠶᠠᠷ᠂ ᠣᠷᠳᠣᠰ ᠪᠦᠯᠦᠭᠯᠡᠯ ᠨᠢ ᠮᠠᠨ ᠤ ᠤᠯᠤᠰ ᠤᠨ  500  ᠬᠦᠴᠦᠷᠬᠡᠭ  ᠠᠵᠤ  ᠠᠬᠤᠶᠢᠯᠠᠯ ‍ᠤᠨ‌ᠡᠮᠦᠨ᠎ᠡ ᠵᠠᠭᠤᠨ ᠨᠡᠷ᠎ᠡ ᠳᠤ ᠣᠷᠣᠵᠤ᠂ ᠳᠤᠮᠳᠠᠳᠤ ᠤᠯᠤᠰ ᠤᠨ ᠢᠮᠠᠭᠠᠨ ᠨᠣᠣᠯᠣᠭᠤᠷ ᠤᠨ  ᠠᠵᠦ  ᠦᠢᠯᠡᠰ ᠤᠨ  ᠬᠤᠰᠢᠭᠤᠴᠢ‌‍ᠪᠣᠯᠵᠠᠢ᠃ ᠪᠦᠯᠦᠭᠯᠡᠯ ᠤᠨ ᠪᠦᠬᠦ ᠬᠦᠷᠦᠩᠭᠡ ᠨᠢ 183 ᠳ᠋ᠦᠩᠰᠢᠭᠤᠷ  ᠲᠦᠭᠦᠷᠢᠭ ᠲᠤ  ᠬᠦᠷᠴᠦ᠂  115  ᠭᠡᠰᠢᠭᠦᠨ  ᠠᠵᠤ‌ᠠᠬᠤᠶᠢᠯᠠᠯ ᠲᠠᠢ᠃ ᠠᠵᠢᠯᠲᠠᠨ ᠠᠵᠢᠯᠴᠢᠨ ᠤ ᠶᠡᠷᠦᠩᠭᠡᠢ ᠲᠤᠭ᠎ᠠ   ᠨᠢ  2  ᠲᠦᠮᠡ ᠶᠢ  ᠳᠠᠪᠠᠭᠰᠠᠨ  ᠪᠠᠶᠢᠨ᠎ᠠ᠃  ᠪᠦᠯᠦᠭᠯᠡᠯ ‍ᠦᠨ‌‍ᠬᠦ᠋ᠷᠢᠶ᠎ᠡ ᠬᠡᠪᠴᠢᠶ᠎ᠡ ᠲᠠᠰᠤᠷᠠᠯᠲᠠ ᠦᠭᠡᠢ ᠦᠷᠭᠡᠳᠬᠦ ᠶᠢ ᠳᠠᠭᠠᠯᠳᠤᠨ᠂ ᠠᠵᠢᠯᠲᠠᠨ ᠠᠵᠢᠯᠴᠢᠨ ᠤ ᠠᠰᠠᠷᠠᠮᠵᠢ ᠪᠠ  ᠬᠠᠷᠠᠭᠠᠯᠵᠠᠯ  ᠨᠢ‌‍ᠴᠤ ᠳᠡᠭᠡᠭᠰᠢᠯᠡᠵᠦ᠂ ᠣᠷᠳᠣᠰ  ᠪᠦᠯᠦᠭᠯᠡᠯ  ᠠᠵᠢᠯᠲᠠᠨ  ᠠᠵᠢᠯᠴᠢᠨ ᠳᠤ   ᠪᠠᠨ  ︽ᠣᠷᠣᠯᠭ᠎ᠠ ᠶᠢ  ᠨᠡᠮᠡᠭᠳᠡᠭᠦᠯᠬᠦ︾᠂  ︽ᠣᠷᠣᠨ‌‍ᠰᠠᠭᠤᠴᠠ︾᠂ ︽ᠬᠠᠯᠠᠭᠤᠨ ᠳᠤᠯᠠᠭᠠᠨ ᠬᠦᠷᠭᠡᠬᠦ︾ ᠵᠡᠷᠭᠡ ᠨᠠᠢᠮᠠᠨ ᠶᠡᠭᠡ ︽ᠵᠣᠯ ᠵᠢᠷᠭᠠᠯ ᠤᠨ ᠢᠨᠵᠧᠨᠧᠷᠢᠩ︾ ᠢ  ᠪᠦᠷᠢᠳᠦᠭᠦᠯᠵᠦ᠂ᠠᠵᠢᠯᠲᠠᠨ ᠠᠵᠢᠯᠴᠢᠨ ᠪᠣᠯᠭᠠᠨ ᠬᠦᠭᠵᠢᠯᠲᠡ ᠶᠢᠨ ᠦᠷ᠎ᠡ ᠪᠦᠲᠦᠭᠡᠯ ᠢ ᠬᠠᠮᠲᠤᠪᠡᠷ ᠡᠳ᠋ᠯᠡᠵᠦ ᠴᠢᠳᠠᠬᠤ ᠪᠣᠯᠭᠠᠵᠠᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号