︽ᠪᠠᠶᠡᠷ ᠤᠨ ᠴᠢᠮᠡᠭᠡ︾
ᠨᠡᠶᠢᠲᠡᠯᠡᠭᠰᠡᠨ ᠴᠠᠭ᠄
2017/9/27
                                                       ᠬᠦᠭᠡᠳᠥᠯᠪᠤ             ᠡᠳᠦᠷ ᠪᠦᠷᠢ ᠠᠵᠢᠯ ᠳᠠᠭᠠᠨ ᠭᠠᠷᠬᠤ ᠳᠤ ᠬᠤᠷᠢᠶᠠᠯᠠᠯ ᠤᠨ  ᠭᠤᠲᠤᠮᠵᠢ  ᠴᠡᠪᠡᠷᠯᠡᠳᠡᠭ  ᠳᠡᠷᠡ  ᠨᠢᠭᠡᠨ  ᠡᠮᠡᠭᠡᠨ ᠲᠠᠢ‌‍ᠲ᠋ᠠᠭᠠᠷᠠᠯᠳᠤᠳᠠᠭ ᠨᠢ ᠰᠤᠨᠢᠨ ᠪᠢᠰᠢ ᠪᠤᠯᠵᠠᠢ᠃           — ᠰᠠᠶᠢᠨ ᠤᠤ ᠲᠠ︖ ᠭᠡᠵᠦ ᠪᠢ  ᠵᠠᠷᠢᠮ ᠳᠠᠭᠠᠨ  ᠠᠮᠠᠨ ᠤ  ᠠᠶ᠎ᠠ ᠪᠠᠷ  ᠮᠡᠨᠳᠦᠴᠢᠯᠡᠳᠡᠭ  ᠪᠤᠯᠪᠠᠴᠦ ᠤᠯᠠᠩᠬᠢ ᠳᠤᠬᠢᠶᠠᠯᠳᠤᠯ ᠳᠤ ᠳᠡᠭᠦᠨ ᠢ ᠳᠠᠮᠠᠢ ᠴᠦ ᠤᠶᠢᠰᠢᠶᠠᠬᠤ ᠦᠭᠡᠢ ᠭᠠᠷᠳᠠᠭ ᠨᠢ ᠦᠨᠡᠨ᠃ ᠳᠡᠷᠡ ᠬᠦᠮᠦᠨ ᠬᠠᠷᠢᠨ  ᠪᠡᠶ᠎ᠠ  ᠮᠡᠬᠦ᠋ᠢᠨ‌ᠵᠤᠯᠭᠠᠳᠠᠭ ᠨᠢ ᠭᠠᠶᠢᠬᠠᠰᠢ ᠲᠦᠷᠦᠬᠦᠯᠳᠡᠭ ᠳᠡᠳᠦᠢ ᠦᠭᠡᠢ᠂ ᠦᠪᠡᠷ ᠤᠨ ᠮᠢᠨᠢ ᠪᠠᠶᠢᠷᠢ  ᠰᠠᠭᠤᠷᠢ ᠶᠢ  ᠦᠨᠳᠦᠷᠭᠡᠵᠦ  ᠦᠭᠳᠡᠭ ᠶᠤᠮ᠃           ᠨᠢᠭᠡ ᠤᠳᠠᠭ᠎ᠠ᠂ ᠳᠡᠭᠦᠨ ᠲᠠᠢ ᠠᠳᠠᠯᠢᠬᠠᠨ ᠠᠵᠢᠯ ᠲᠠᠢ ᠬᠢᠵᠢᠶᠡᠯᠢ  ᠨᠠᠰᠤᠨ ᠤ  ᠨᠢᠭᠡᠨ  ᠪᠦᠰᠡᠭᠦᠢ  ᠨᠠᠮᠠᠢᠢ  ᠶᠡᠬᠡᠳᠡ‌ᠠᠭᠤᠷᠯᠠᠭᠤᠯᠤᠭᠰᠠᠨ ᠢ ᠶᠠᠭ ᠮᠠᠷᠳᠠᠬᠤ ᠶᠢᠨ ᠠᠷᠭ᠎ᠠ ᠦᠭᠡᠢ᠃ ᠠᠯᠪᠠᠨ ᠳᠠᠭᠠᠨ ᠭᠠᠷᠤᠭᠰᠠᠭᠠᠷ ᠯᠡ ᠬᠠᠯᠠᠭᠤᠨ ᠤᠰᠦ  ᠤᠤᠭᠤᠬᠤ‌‍ᠪᠤᠯ ᠮᠢᠨᠦ ᠨᠢᠭᠡᠨ ᠳᠠᠳᠬᠠᠯ ᠭᠡᠯᠲᠡ᠊ ᠢ︕ ᠳᠡᠷᠡ ᠦᠷᠯᠦᠭᠡ ᠵᠤᠷᠰᠢᠯ ᠶᠤᠰᠤᠭᠠᠷ ᠬᠠᠯᠠᠭᠤᠨ ᠤᠰᠦ ᠤᠤᠭᠤᠬᠤ ᠭᠡᠵᠦ  ᠴᠤᠮᠤ ᠪᠠᠨ‌ᠡᠷᠬᠦᠳᠡᠯ᠎ᠡ ᠴᠤᠮᠤᠨ ᠳᠤᠲᠤᠷ᠎ᠠ  ᠦᠴᠦᠭᠡᠳᠦᠷ ᠤᠨ  ᠦᠯᠡᠳᠡᠭᠰᠡᠨ  ᠤᠰᠦ  ᠪᠠᠶᠢᠬᠰᠠᠨ  ᠪᠤᠯᠬᠤᠷ ᠢᠶᠠᠨ  ᠬᠡᠳᠦ  ᠠᠯᠬᠤᠬᠤ ᠵᠢ‌ᠵᠠᠯᠬᠠᠭᠤᠷᠡᠵᠦ᠂  ᠱᠠᠯᠠ  ᠤᠷᠤᠭᠤ  ᠰᠢᠭᠤᠳ ᠫᠢᠯ ᠭᠡᠲᠡᠯ᠎ᠠ ᠠᠰᠬᠠᠴᠢᠬᠠᠬᠰᠠᠨ ᠪᠢᠯᠡ᠃ ᠳᠡᠬᠡᠬᠡᠳ ᠺᠤᠮᠫᠢᠦ᠋ᠲ᠋ᠧᠷ ᠵᠶ᠋ᠠᠨ‌ᠨᠡᠭᠡᠭᠡᠬᠦ ᠶᠢᠨ ᠳᠠᠭᠠᠤ᠂ ᠰᠢᠷᠡᠭᠡ ᠪᠠᠨ ᠠᠷᠴᠢᠨ ᠳᠡᠭᠰᠢᠯᠡᠵᠦ ᠪᠠᠶᠢᠳᠠᠯ᠎ᠠ᠄  ︽ᠰᠠᠶᠢᠨ  ᠤᠤ︖  ᠤᠰᠦ ᠪᠠᠨ  ᠳᠠᠬᠢᠵᠦ  ᠪᠢᠲᠡᠭᠡᠢ‌‍ᠲ᠋ᠤᠷ᠎ᠠ ᠪᠠᠷ ᠢᠶᠠᠨ ᠬᠠᠶᠠ︕︾ ᠭᠡᠵᠦ ᠨᠢᠭᠡᠨ ᠴᠡᠪᠡᠷᠯᠡᠭᠴᠢ ᠠᠭᠤᠷᠳᠠᠢ ᠭᠡᠭᠴᠢ ᠬᠡᠯᠡᠬᠦ ᠨᠢ ᠳᠡᠷᠡ᠃  ᠨᠠᠳᠠ  ᠶᠠᠭ  ᠯᠡ  ᠴᠢᠬᠢ‌ᠬᠠᠳᠬᠤᠬᠰᠠᠨ ᠮᠡᠲᠦ ᠰᠠᠨᠠᠭᠳᠠᠵᠦ᠂ ᠪᠠᠷᠢᠨ ᠳᠡᠭᠦᠨ ᠢ ᠳᠤᠤᠷᠠᠰᠢᠶᠠᠭᠰᠠᠨ ᠨᠢᠳᠦ ᠪᠠᠷ  ᠬᠢᠯᠦ᠋ᠢᠨ  ᠰᠢᠷᠳᠡᠵᠦ᠄  ︽ᠳᠤᠭᠤᠢ  ᠪᠠᠢ‌‍ᠴᠢ᠂ ᠬᠡᠷᠪᠡ ᠨᠠᠳᠠ ᠰᠢᠬ ᠠᠯᠪᠠᠨ ᠤ ᠬᠦᠮᠦᠨ ᠪᠠᠶᠢᠬᠤ ᠦᠭᠡᠢ ᠪᠤᠯ ᠲᠠᠨᠤᠰ ᠶᠠᠭᠤ ᠪᠠᠨ  ᠬᠢᠬᠦ  ᠶᠤᠮ︖︾  ᠭᠡᠵᠦ ᠦᠨᠳᠦᠷ ᠳᠠᠭᠤᠨ ᠢᠶᠠᠷ ᠵᠠᠩᠨᠠᠵᠦ᠂ ︽ᠬᠤᠷᠳᠤᠨ ᠶᠠᠪᠤ︾ ᠭᠡᠵᠦ ᠠᠭᠤᠷᠳᠠᠶᠢᠬᠠᠨ ᠪᠠᠷᠬᠢᠷᠡᠯ᠎ᠠ᠃           ᠳᠠᠷᠠ ᠭᠱᠠᠨ ᠳᠤ ᠠᠯᠪᠠᠨ ᠭᠡᠷ ᠤᠨ ᠤᠷᠴᠢᠨ ᠳᠤᠭᠤᠷᠢᠨ ᠶᠠᠭ ᠯᠡ ᠠᠶᠤᠩᠭ᠎ᠠ ᠳᠤ ᠨᠢᠷᠭᠡᠭᠳᠡᠭᠰᠡᠨ ᠮᠡᠲᠦ ᠁             ᠪᠠᠭ᠋ᠠᠨ ᠤᠳᠠᠰᠬᠢᠭᠡᠳ᠂ ᠮᠢᠨᠦ ᠬᠠᠮᠲᠦ ᠠᠵᠢᠯᠯᠠᠭᠰᠡᠳ ᠨᠠᠳᠠ ᠳᠤ᠄ ︽ᠨᠢᠭᠡ ᠪᠤᠯ ᠲᠠ ᠳᠡᠷᠡ ᠪᠦᠰᠡᠬᠦᠢ ᠳᠤ  ᠤᠰᠤᠯ‌‍ᠪᠤᠷᠤᠭᠤ ᠪᠠᠨ ᠬᠦᠯᠢᠶᠡᠴᠢᠬᠡ᠂ ᠡᠰᠡᠭᠦᠯ᠎ᠠ ᠠᠰᠬᠠᠭᠰᠠᠨ ᠤᠰᠦ ᠪᠠᠨ ᠬᠤᠷᠳᠤᠬᠠᠨ  ᠤᠴᠢᠭᠠᠳ  ᠵᠦᠯᠭᠦᠴᠢᠬᠡ︾  ᠭᠡᠵᠦ  ᠰᠠᠶᠢᠨ‌‍ᠰᠠᠨᠠᠭᠠᠨ ᠤ ᠦᠵᠦᠭᠦᠷ ᠠᠴᠠ ᠰᠠᠨᠠᠭᠤᠯᠬᠤ ᠰᠠᠨᠠᠭᠠᠳᠠᠢ ᠬᠡᠯᠡᠬᠦ ᠳᠤ᠂ ᠳᠡᠷᠡ ᠴᠦ ᠶᠠᠭᠤ ᠶᠤᠮ ᠳ᠋ᠧ ᠬᠡᠵᠦ ᠪᠤᠳᠤᠭᠠᠳ ᠪᠢ ᠤᠯᠵᠦ‌‍ᠰᠤᠨᠤᠰᠤᠭᠰᠠᠨ ᠦᠭᠡᠢ ᠰᠢᠭ ᠠᠪᠤᠷᠢᠯᠠᠵᠦ᠂ ᠬᠢᠳᠡᠭ ᠢᠶᠠᠨ ᠬᠢᠵᠦ ᠪᠠᠶᠢᠲᠡᠯ᠎ᠠ ᠬᠦᠬᠡᠬᠤᠲᠡ ᠳᠤ ᠠᠵᠢᠯᠯᠠᠵᠦ ᠪᠠᠶᠢᠭ᠎ᠠ ᠳᠦᠷᠦᠭᠰᠡᠨ‌ᠠᠬ᠎ᠠ ᠠᠴᠠ ᠤᠳᠠᠰᠦ ᠢᠷᠡᠭᠦᠯᠵᠦ᠄ ︽ᠨᠠᠰᠦ ᠪᠠᠷ ᠢᠶᠠᠨ ᠶᠠᠪᠤᠵᠦ ᠰᠤᠷᠤᠭᠰᠠᠨ ᠡᠵᠢ ᠮᠢᠨᠢ ᠶᠠᠭᠠᠬᠢᠭᠰᠠᠨ ᠴᠦ  ᠵᠦᠭᠡᠷ ᠰᠠᠭᠤᠵᠦ‌‍ᠴᠢᠳᠠᠬᠤ ᠦᠭᠡᠢ ᠨᠢ ᠡ᠂ ᠮᠠᠨ ᠤ ᠬᠤᠷᠢᠶᠠᠯᠠᠯ ᠳᠤ ᠭᠤᠲᠤᠮᠵᠢ ᠴᠡᠪᠡᠷᠯᠡᠬᠦ ᠠᠵᠢᠯ ᠤᠯᠴᠢᠬᠠᠭᠠᠳ ᠬᠠᠴᠢᠨ ᠰᠡᠳᠬᠢᠯ ᠳᠤᠭᠳᠤᠯᠵᠦ‌‍ᠪᠠᠶᠢᠨ᠎ᠠ ᠰᠢᠦ︾ ᠬᠡᠮᠡᠬᠦ ︽ᠪᠠᠶᠠᠷ ᠤᠨ ᠴᠢᠮᠡᠭᠡ︾ ᠶᠢ ᠳᠠᠮᠵᠢᠭᠤᠯᠬᠤ ᠳᠤ ᠪᠢ ᠶᠠᠭᠤ ᠬᠡᠯᠡᠬᠦ ᠪᠠᠨ ᠤᠯᠬᠤ  ᠦᠭᠡᠢ  ᠪᠦᠭᠯᠡᠷᠡᠴᠢᠬᠡᠬᠦ ᠰᠢᠬᠠᠵᠦ ᠪᠢᠯᠡ᠃
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09002379号