ᠪᠢ ︽ᠨᠢᠭᠤᠴᠠ ᠳᠤᠪᠴᠢᠶᠠᠨ︾ ᠤ ᠨᠢᠭᠡᠨ ᠳᠠᠭᠠᠪᠤᠷᠢ ᠪᠤᠯᠤᠨ ᠬᠤᠪᠢᠯᠪᠠ
ᠨᠡᠶᠢᠲᠡᠯᠡᠭᠰᠡᠨ ᠴᠠᠭ᠄
2017/9/27
                                                 ● ᠴᠠᠬᠢᠭᠤᠷ ᠳᠡᠮᠦᠷ             ᠤᠷᠤᠢ ᠶᠢᠨ ᠠᠵᠢᠯ ᠪᠠᠭᠤᠭᠠᠳ ᠠᠲ᠋ᠦ᠋ᠪᠤᠰ ᠤᠨ ᠵᠤᠭᠰᠤᠭᠠᠯ ᠳᠤ ᠬᠦᠮᠦᠨ ᠤ  ᠳᠤᠮᠳᠠ  ᠰᠢᠬᠠᠯᠳᠤᠨ  ᠡᠬᠡᠯᠵᠢ   ᠶᠢᠨ  ᠮᠠᠰᠢᠨ  ᠢ‌‍ᠬᠦ᠋ᠯᠢᠶᠡᠨ ᠵᠤᠭᠰᠤᠯ᠎ᠠ᠃ ᠠᠵᠢᠯ ᠪᠠᠭᠤᠬᠤ ︽ᠤᠷᠬᠢᠯ︾ ᠴᠠᠭ ᠲᠤᠯᠠ  ᠳᠡᠷᠭᠡᠨ  ᠵᠤᠭᠰᠤᠭᠠᠯ   ᠳᠤ  ᠬᠦᠮᠦᠰ  ᠫᠠᠳ  ᠬᠠᠷᠠᠯᠠᠳᠠᠯ᠎ᠠ  ᠤᠷᠳᠤ‌ᠮᠦ᠋ᠷᠯᠡᠨ ᠵᠤᠭᠰᠤᠭᠰᠠᠨ ᠪᠠᠶᠢᠯ᠎ᠠ᠃ ᠶᠡᠭᠡ ᠬᠤᠳᠠ ᠳᠡᠷᠡ ᠳᠤᠳᠤᠮ  ᠢᠶᠠᠨ ᠪᠡᠭᠡᠵᠢᠩ ᠬᠤᠳᠠ ᠭᠡᠳᠡᠭ ᠬᠦᠮᠦᠨ ᠢᠶᠠᠷ  ᠪᠠᠶᠠᠨ  ᠭᠠᠵᠠᠷ  ᠳᠤᠯᠠ‌ᠬᠠᠷᠠᠭᠠᠨ ᠳᠤ  ᠦᠷᠳᠦᠬᠦ  ᠪᠦᠬᠦᠨ   ᠳᠤ  ᠬᠦᠮᠦᠰ  ᠶᠠᠪᠤᠵᠦ᠂  ᠵᠤᠭᠰᠤᠵᠦ᠂  ᠬᠦᠶᠦᠵᠦ᠂  ᠮᠦᠷᠯᠡᠵᠦ᠁  ᠪᠦᠬᠦᠳᠡ  ᠯᠡ  ᠬᠦᠮᠦᠨ‌ᠬᠠᠷᠠᠭᠳᠠᠨ᠎ᠠ᠃            ᠳᠡᠭᠡᠳᠡᠯ᠎ᠡ ᠡᠬᠡᠯᠵᠢ ᠶᠢᠨ ᠠᠲ᠋ᠦ᠋ᠪᠤᠰ  ᠴᠠᠬᠢᠷᠠᠭᠤᠨ  ᠳᠠᠭᠤ ᠲᠠᠲᠠᠭᠤᠯᠤᠭᠰᠠᠭᠠᠷ   ᠢᠷᠡᠵᠦ  ᠵᠤᠭᠰᠤᠯ᠎ᠠ᠃  ᠵᠤᠯ ᠢᠶᠠᠷ  ᠨᠡᠯᠢᠶᠡᠳ‌ᠬᠤᠭᠤᠰᠤᠨ ᠰᠠᠭᠤᠳᠠᠯ ᠨᠢᠳᠦᠨ ᠳᠤ ᠬᠠᠷᠠᠭᠳᠠᠬᠤ ᠪᠠᠷ ᠨᠢ ᠬᠦᠮᠦᠰ ᠭᠠᠷᠬᠤ ᠬᠠᠭᠠᠯᠭ᠎ᠠ ᠤᠷᠤᠭᠤ ᠠᠮᠢ ᠳᠡᠮᠡᠴᠡᠵᠦ ᠡᠬᠢᠯᠡᠯ᠎ᠡ᠃ ᠠᠵᠢᠯ ‍ᠤᠨ‌ᠭᠠᠵᠠᠷ᠂ ᠭᠡᠷ ᠬᠤᠭᠤᠷᠤᠨᠳᠤ ᠠᠰᠤᠷᠤ ᠬᠤᠯᠠ ᠵᠠᠢ ᠲᠠᠢ ᠪᠠᠶᠢᠳᠠᠭ  ᠠᠴᠠ ᠪᠠᠳᠠᠭᠠᠨ᠎ᠠ ᠬᠦᠷᠳᠡᠯ᠎ᠡ ᠬᠤᠰᠢᠭᠤ  ᠬᠠᠪᠴᠢᠭᠤᠯᠬᠤ  ᠵᠠᠢ  ᠦᠭᠡᠢ‌‍ᠪᠤᠯᠳᠠᠯ᠎ᠠ ᠰᠢᠬᠠᠯᠳᠤᠨ ᠵᠤᠭᠰᠤᠭᠰᠠᠨ ᠬᠦᠮᠦᠰ  ᠤᠨ ᠳᠤᠮᠳᠠ ᠴᠢᠬᠢᠯᠳᠦᠨ ᠶᠠᠪᠤᠬᠤ ᠭᠡᠳᠡᠭ ᠵᠤᠪᠠᠯᠠᠩ ᠪᠠᠶᠢᠯ᠎ᠠ᠃ ᠳᠡᠭᠡᠭᠡᠳ ᠰᠢᠬᠠᠯᠳᠤᠭᠰᠠᠭᠠᠷ‌‍ᠪᠠᠶᠢᠵᠦ᠂ ᠶᠠᠭᠤ ᠴᠦ ᠭᠡᠰᠡᠨ ᠭᠤᠷᠪᠠᠨ ᠵᠡᠷᠭᠡᠴᠡᠭᠰᠡᠨ ᠰᠠᠭᠤᠳᠠᠯ ᠤᠨ ᠬᠠᠮᠤᠭ ᠤᠨ ᠳᠤᠳᠤᠷᠠᠬᠢ ᠶᠢ ᠨᠢ ᠡᠵᠡᠯᠡᠯ᠎ᠡ᠃  ᠬᠠᠵᠠᠭᠤ   ᠳᠤ ᠨᠢᠭᠡ‌‍ᠲ᠋ᠠᠯᠠ ᠭᠠᠷᠤᠢ ᠨᠠᠰᠤᠨ ᠤ ᠬᠦᠭᠰᠢᠨ ᠢᠷᠡᠵᠦ ᠰᠠᠭᠤᠪᠠ᠃             ᠳᠤᠬᠠᠳᠠᠶᠢᠬᠠᠨ ᠤᠷᠤ ᠤᠯᠤᠭᠰᠠᠨ ᠳᠠᠭᠠᠨ ᠪᠢ ᠰᠡᠮ ᠪᠠᠶᠠᠰᠤᠨ ᠰᠡᠳᠬᠢᠯ ᠠᠮᠠᠷᠠᠵᠦ᠂ ︽ᠮᠤᠩᠭᠤᠯ ᠤᠨ ᠨᠢᠭᠤᠴᠠ ᠳᠤᠪᠴᠢᠶᠠᠨ︾ ᠭᠠᠷᠭᠠᠨ ᠤᠩᠰᠢᠵᠦ ᠶᠠᠪᠤᠯ᠎ᠠ᠃ ᠳᠡᠷᠡ ᠨᠠᠰᠤᠳᠠᠨ ᠨᠤᠮ ᠤᠷᠤᠭᠤ ᠨᠢᠳᠦ ᠪᠠᠨ ᠤᠨᠢᠢᠯᠭᠠᠨ ᠱᠠᠭᠠᠶᠢᠵᠦ ᠪᠠᠶᠢᠪᠠ᠃ ᠳᠡᠭᠡᠳᠡᠯ᠎ᠡ ᠨᠢᠭᠡ ᠨᠠᠶᠢᠵᠠ‌ᠤᠳᠠᠰᠤ ᠢᠷᠡᠬᠦᠯᠦᠭᠡᠳ ᠪᠢᠳᠡ ᠨᠡᠯᠢᠶᠡᠳ ᠤᠳᠠᠭᠠᠨ ᠶᠠᠷᠢᠯᠴᠠᠯ᠎ᠠ᠃           — ᠶᠠᠮᠠᠷ ᠬᠡᠯᠡ ᠪᠠᠷ ᠶᠠᠷᠢᠵᠦ ᠪᠠᠶᠢᠨ᠎ᠠ ᠪᠤᠢ︖  ᠶᠠᠭ  ᠤᠶᠢᠯᠠᠭᠠᠭᠳᠠᠬᠤ  ᠦᠭᠡᠢ  ᠭᠡᠵᠦ  ᠨᠦᠬᠦᠭᠡ ᠨᠠᠰᠤᠳᠠᠨ ᠵᠡᠷᠭᠡᠴᠡᠵᠦ‌‍ᠰᠠᠭᠤᠭᠰᠠᠨ ᠬᠦᠮᠦᠨ ᠳᠤ ᠶᠠᠷᠢᠵᠦ ᠪᠠᠶᠢᠬᠤ ᠨᠢ ᠳᠡᠷᠡ᠃ ᠪᠢᠳᠡᠨ ᠤ ᠶᠠᠷᠢᠶ᠎ᠠ ᠳᠠᠭᠤᠰᠳᠠᠯ᠎ᠠ ᠳᠡᠷᠡ ᠨᠠᠰᠤᠳᠠᠨ ᠨᠠᠳᠠ ᠤᠷᠤᠭᠤ ᠬᠠᠷᠠᠵᠦ᠄           — ᠴᠢ ᠶᠠᠫᠤᠨ ᠢᠶᠠᠷ ᠶᠠᠷᠢᠵᠦ ᠪᠠᠶᠢᠨ᠎ᠠ ᠤᠤ︖ ᠭᠡᠵᠦ ᠭᠠᠶᠢᠬᠠᠨ ᠠᠰᠠᠭᠤᠪᠠ᠃ ᠪᠡᠭᠡᠵᠢᠩ ᠤᠨ ᠨᠠᠰᠤᠳᠠᠶᠢᠴᠤᠤᠯ ᠶᠠᠭᠤᠮᠠᠨ ᠳᠤ ᠳᠤᠷᠠᠳᠠᠢ᠂ ᠰᠤᠨᠢᠭᠤᠴᠢ ᠭᠡᠳᠡᠭ ᠨᠢ ᠵᠢᠭᠳᠡᠢ ᠶᠤᠮ᠃  ᠪᠢ᠄            — ᠮᠤᠩᠭᠤᠯ ᠬᠡᠯᠡ ᠪᠠᠷ︕ ᠬᠡᠯ᠎ᠡ᠃ ᠳᠡᠭᠡᠳᠡᠯ᠎ᠡ ᠳᠡᠷᠡ ᠨᠠᠰᠤᠳᠠᠨ᠄          — ᠠ︖ ᠪᠢ ᠶᠠᠭ ᠤᠶᠢᠯᠠᠭᠠᠭᠰᠠᠨ  ᠦᠭᠡᠢ᠂  ᠶᠠᠭᠠᠬᠢᠭᠠᠳ  ᠬᠢᠳᠡᠳ   ᠢᠶᠠᠷ  ᠶᠠᠷᠢᠬᠤ  ᠦᠭᠡᠢ  ᠪᠤᠢ︖  ᠭᠡᠬᠦ  ᠬᠠᠴᠢᠨ‌ᠠᠰᠠᠭᠤᠯᠳᠠ ᠳᠠᠯᠪᠢᠬᠤ ᠨᠢ ᠳᠡᠷᠡ᠃ ᠳᠤᠳᠤᠷ᠎ᠠ ᠨᠢᠭᠡ ᠯᠡ ᠳᠤᠷ᠎ᠠ ᠦᠭᠡᠶᠢᠴᠡᠵᠦ᠄            — ᠪᠢ ᠮᠤᠩᠭᠤᠯ ᠬᠦᠮᠦᠨ᠂ ᠡᠬᠡ ᠬᠡᠯᠡ ᠪᠠᠷ ᠢᠶᠠᠨ ᠶᠠᠷᠢᠬᠤ ᠦᠭᠡᠢ ᠳᠡᠭᠡᠭᠡᠳ  ᠶᠠᠮᠠᠷ  ᠬᠡᠯᠡ   ᠪᠠᠷ  ᠶᠠᠷᠢᠬᠤ ᠪᠤᠢ︖ ᠭᠡᠵᠦ‌ᠨᠡᠯᠢᠶᠡᠳ ᠬᠡᠭᠵᠢᠬᠦᠨ ᠬᠡᠳᠡᠷᠬᠦ ᠠᠰᠠᠭᠤᠪᠠ᠃             — ᠠᠶ᠎ᠠ᠂ ᠨᠡᠭᠡᠷᠡᠨ ᠬᠠᠴᠢᠨ ᠪᠠᠶᠢᠨ᠎ᠠ᠂ ᠳᠠᠨᠤᠰ ᠡᠬᠡ ᠬᠡᠯᠡ ᠪᠠᠷ ᠢᠶᠠᠨ ᠬᠠᠷᠢᠶᠠᠬᠤ ᠶᠤᠮ ᠪᠤᠯ ᠪᠢᠳᠡ ᠨᠢᠭᠡ  ᠴᠦ  ᠤᠶᠢᠯᠠᠭᠠᠬᠤ‌ᠦᠭᠡᠢ ᠬᠡᠪᠡ᠃ ᠪᠢ ᠳᠡᠷᠡ ᠨᠠᠰᠤᠳᠠᠨ ᠳᠤ ᠶᠠᠭᠤ ᠬᠡᠯᠡᠬᠦ ᠪᠠᠨ ᠤᠯᠬᠤ ᠦᠭᠡᠢ ᠪᠤᠯᠪᠠ᠃             ᠪᠢ ᠬᠠᠷᠢᠭᠤ ᠶᠠᠷᠢᠯ ᠦᠭᠡᠢ ᠨᠤᠮ ᠢᠶᠠᠨ ᠤᠩᠰᠢᠵᠦ ᠰᠠᠭᠤᠯ᠎ᠠ᠃ ᠳᠡᠭᠡᠳᠡᠯ᠎ᠡ ᠨᠦᠬᠦᠭᠡ ᠨᠠᠰᠤᠳᠠᠨ ᠮᠢᠨᠤ  ᠨᠤᠮ  ᠤᠷᠤᠭᠤ  ᠪᠠᠶᠢᠨ‌‍ᠲ᠋ᠠᠬᠢᠨ ᠱᠠᠭᠠᠶᠢᠵᠦ᠂ ᠨᠠᠳᠠ ᠲᠠᠢ ᠵᠤᠭᠤᠭ ᠳᠡᠯᠭᠡᠬᠦ ᠬᠦᠰᠡᠯᠳᠡᠢ ᠪᠠᠶᠢᠭ᠎ᠠ ᠨᠢ ᠢᠯᠡᠭᠡᠨ᠃             — ᠲᠠᠨ ᠤ ᠡᠨᠡ ᠦᠵᠡᠵᠦ ᠪᠠᠶᠢᠭ᠎ᠠ ᠴᠢᠨᠢ ᠮᠤᠩᠭᠤᠯ ᠦᠰᠦᠭ ᠤᠤ︖ ᠶᠠᠮᠠᠷ ᠬᠠᠴᠢᠨ  ᠶᠤᠮ᠂  ᠪᠢ  ᠨᠢᠭᠡ  ᠴᠦ  ᠤᠳᠠᠭ᠎ᠠ ᠬᠠᠷᠠᠵᠦ ᠪᠠᠶᠢᠭᠰᠠᠨ ᠦᠭᠡᠢ︕ ᠭᠡᠵᠦ ᠶᠠᠷᠢᠶ᠎ᠠ ᠡᠬᠦᠰᠭᠡᠪᠡ᠃ ᠪᠢ ᠬᠠᠷᠢᠭᠤ ᠶᠠᠷᠢᠯ ᠦᠭᠡᠢ ᠰᠠᠭᠤᠭᠰᠠᠨ ᠢᠶᠠᠨ ᠳᠡᠰᠭᠡᠯ ᠦᠭᠡ᠊ ᠢ᠄             — ᠲᠠ ᠬᠤᠳᠠᠯ ᠶᠠᠷᠢᠬᠤ ᠨᠢ ᠤᠤ︖ ᠡᠳᠦᠷ ᠡᠳᠦᠷ ᠬᠠᠷᠠᠵᠦ ᠪᠠᠶᠢᠭᠰᠠᠨ ᠪᠠᠶᠢᠯᠬᠦᠢ ᠭᠡᠬᠦ ᠳᠤ ᠳᠡᠷᠡ ᠮᠡᠩᠳᠡᠬᠦᠷᠡᠵᠦ᠄            — ᠦᠭᠡᠢ ᠦᠭᠡᠢ︕ ᠯᠠᠪ ᠬᠠᠷᠠᠭ᠎ᠠ ᠦᠭᠡᠢ︕ ᠭᠡᠵᠦ ᠦᠪᠡᠷ ᠢ ᠪᠠᠨ ᠴᠠᠭᠠᠪᠤᠷᠢᠯᠠᠪᠠ᠃              — ᠲᠠ ᠡᠳᠦᠷ ᠲᠡᠭᠡᠨ ᠮᠦᠩᠬᠦ ᠵᠠᠷᠤᠳᠠᠭ ᠪᠢᠵᠡ︖            — ᠬᠦᠶ᠋ᠢ᠂ ᠵᠠᠷᠤᠯ ᠦᠭᠡᠢ ᠶᠠᠭᠠᠬᠢᠬᠤᠪ᠂ ᠮᠦᠩᠬᠦ ᠦᠭᠡᠢ ᠪᠠᠷ ᠬᠦᠮᠦᠨ ᠶᠠᠭᠠᠬᠢᠵᠦ ᠠᠮᠢᠳᠤᠷᠠᠬᠤ ᠪᠤᠢ︖              — ᠳᠡᠭᠡᠪᠡᠯ ᠳᠡᠷᠡ ᠶᠤᠸᠠᠨ ᠳᠡᠭᠡᠷ᠎ᠡ ᠴᠢᠨᠢ ᠪᠠᠶᠢᠭ᠎ᠠ ᠰᠢᠦ ᠳ᠋ᠠ︕ ᠭᠡᠰᠡᠨ ᠳᠤ ᠳᠡᠷᠡ ᠭᠠᠶᠢᠬᠠᠵᠦ᠄               — ᠠ︖ ᠶᠤᠸᠠᠨ ᠳᠡᠭᠡᠷ᠎ᠡ ᠤᠤ︖ ᠭᠡᠵᠦ ᠨᠢᠭᠡ ᠯᠡ ᠢᠳᠡᠭᠡᠬᠦ ᠦᠭᠡᠢ ᠪᠠᠶᠢᠭᠰᠠᠨ ᠢᠶᠠᠨ ᠴᠦᠩᠬᠦ ᠪᠠᠨ ᠠᠭᠤᠳᠠᠯᠠᠨ᠂ ᠨᠢᠭᠡᠳᠦ‌‍ᠶᠢᠨ ᠶᠤᠸᠠᠨ ᠭᠠᠷᠭᠠᠵᠦ ᠡᠷᠬᠢᠬᠦᠯᠵᠦ ᠤᠷᠪᠠᠭᠤᠯᠵᠦ ᠬᠠᠷᠠᠭᠰᠠᠨ ᠢᠶᠠᠨ᠄              — ᠬᠠᠮᠢᠭ᠎ᠠ ᠨᠢ ᠪᠠᠶᠢᠨ᠎ᠠ︖ ᠮᠤᠩᠭᠤᠯ ᠦᠰᠦᠭ︖ ᠭᠡᠬᠦ ᠳᠤᠨᠢ ᠪᠢ ︽ᠳᠤᠮᠳᠠᠳᠤ ᠤᠯᠤᠰ ᠤᠨ ᠠᠷᠠᠳ  ᠤᠨ  ᠪᠠᠩᠬᠢ  ᠨᠢᠭᠡ‌‍ᠲ᠋ᠦ᠋ᠬᠦᠷᠢᠭ︾ ᠭᠡᠰᠡᠨ ᠦᠰᠦᠭ ᠢ ᠵᠢᠭᠠᠵᠦ ᠦᠭᠪᠡ᠃              — ᠬᠠᠢ︕ ᠨᠡᠭᠡᠷᠡᠨ ᠪᠠᠶᠢᠨ᠎ᠠ︕            ᠪᠤᠷᠬᠠᠨ ᠮᠢᠨᠢ︕ ᠦᠭᠡᠷ᠎ᠡ ᠬᠡᠯᠡ ᠶᠢ ᠢᠩᠬᠢᠵᠦ ᠤᠶᠢᠯᠠᠭᠠᠬᠤ ᠭᠡᠳᠡᠭ ᠶᠠᠭᠤ ᠭᠡᠵᠦ ᠬᠡᠯᠡᠯᠳᠡᠢ  ᠪᠢᠯᠡ  ⁈  ᠪᠢᠳᠡ  ᠢᠷᠦᠭᠡᠯᠴᠢ‌ᠦᠨᠳᠦᠰᠦᠳᠡᠨ᠂ ᠬᠠᠷᠢᠨ ᠬᠠᠷᠢᠶᠠᠯᠴᠢ ᠦᠨᠳᠦᠰᠦᠳᠡᠨ ᠪᠢᠰᠢ ᠰᠢᠦ︕ ᠪᠢᠳᠡᠨ ᠤ ᠬᠡᠯᠡᠨ ᠳᠤ ᠬᠠᠷᠢᠶᠠᠯ ᠤᠨ ᠦᠭᠡ ᠴᠦ ᠪᠠᠶᠢᠳᠠᠭ ᠦᠭᠡᠢ᠂ ᠬᠠᠷᠢᠶᠠᠬᠤ ᠨᠢ ᠬᠦᠷᠳᠡᠯ᠎ᠡ ᠢᠷᠦᠭᠡᠵᠦ ᠬᠠᠷᠢᠶᠠᠳᠠᠭ᠃ ᠬᠡᠳᠦᠨ ᠵᠠᠭᠤᠨ ᠵᠢᠯ ᠤᠨ ᠡᠮᠦᠨ᠎ᠡ ᠳᠠᠨ ᠤ ᠳᠡᠭᠡᠳᠦᠰ ᠨᠠᠷ ᠮᠠᠨ   ᠤ  ᠳᠡᠭᠡᠳᠦᠰ  ‍ᠤᠨ‌ᠵᠠᠷᠯᠢᠭ ᠴᠠᠭᠠᠵᠠ ᠶᠢ ᠯᠠᠪ ᠤᠶᠢᠯᠠᠭᠠᠵᠦ ᠪᠠᠶᠢᠭᠰᠠᠨ ᠪᠠᠶᠢᠬ᠎ᠠ ᠳ᠋ᠠ ᠨᠠᠰᠤᠳᠠᠨ ᠮᠢᠨᠢ︕              ᠳᠡᠷᠡ ᠬᠦᠭᠰᠢᠨ ᠳᠠᠬᠢᠭᠠᠳ ᠶᠠᠭᠤᠮ᠎ᠠ ᠶᠠᠷᠢᠬᠤ ᠭᠡᠬᠦ ᠳᠤ ᠨᠢ ᠪᠢ ᠳᠡᠬᠦᠨ ᠤ ᠡᠮᠦᠨ᠎ᠡ ᠠᠴᠠ ᠢᠴᠢᠨ ᠨᠢᠭᠡᠨᠳᠡ ᠠᠯᠠᠭ᠎ᠠ ᠪᠤᠯᠤᠭᠰᠠᠨ‌‍ᠪᠠᠶᠢᠯ᠎ᠠ᠃ ᠬᠦᠮᠦᠨ ᠤ ᠡᠮᠦᠨ᠎ᠡ ᠠᠴᠠ ᠦᠪᠡᠷ ᠢᠶᠠᠨ ᠢᠴᠢᠬᠦ‍ ᠰᠢᠭ ᠦᠢᠯᠡ ᠶᠢᠨ ᠦᠷ᠎ᠡ ᠠᠯᠠᠭ᠎ᠠ ᠡ︕ ᠲᠡᠷᠡ ᠭᠱᠠᠨ ᠳᠤ ᠪᠢ ︽ᠨᠢᠭᠤᠴᠠ‌‍ᠲ᠋ᠤᠪᠴᠢᠶᠠᠨ︾ ᠤ ᠨᠢᠭᠡᠨ ᠦᠬᠦᠯᠡᠪᠦᠷᠢ ᠶᠢᠨ ᠳᠤᠳᠤᠷᠠᠬᠢ ᠳᠤᠳᠠᠵᠦ ᠪᠠᠶᠢᠭᠰᠠᠨ ᠨᠢ ᠲᠡᠶᠢᠨ ᠢᠯᠭᠠᠯ ᠤᠨ ᠳᠠᠭᠠᠪᠤᠷᠢ ᠬᠤᠪᠢᠯᠤᠨ ᠳᠡᠬᠦᠨ  ‍ᠤ‌ᠠᠷᠴᠠᠭ᠎ᠠ ᠦᠭᠡᠢ ᠠᠰᠠᠭᠤᠯᠳᠠ ᠠᠴᠠ ᠳᠤᠳᠠᠭᠠᠭᠰᠠᠨ ᠪᠢᠯᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09002379号