ᠱᠥᠯᠬᠦᠭᠡ ᠡᠪᠡᠳᠴᠢᠨ
ᠨᠡᠶᠢᠲᠡᠯᠡᠭᠰᠡᠨ ᠴᠠᠭ᠄
2017/9/27
  ᠱᠥᠯᠬᠦᠭᠡ ᠡᠪᠠᠳᠴᠢᠨ ᠪᠤᠯ ᠰᠠᠯᠠᠭ᠎ᠠ ᠲᠤᠭᠤᠷᠠᠶᠢᠳᠠᠨ ︵ᠥᠭᠡᠷ᠂ ᠬᠤᠨᠢ᠂ ᠭᠠᠭ᠋ᠠᠢ ᠵᠠᠷᠭᠡ︶ ᠤ ᠨᠢᠭᠡ ᠲᠥᠷᠤᠯ  ᠤᠨ ᠬᠠᠯᠠᠭᠤᠷᠠᠬᠤ ᠴᠢᠨᠠᠷᠳᠠᠢ᠂ ᠬᠥᠷᠤᠯᠴᠠᠵᠤ ᠬᠠᠯᠳᠠᠪᠤᠷᠢᠯᠠᠳᠠᠭ ᠴᠤᠴᠢᠮᠠᠭ ᠬᠠᠯᠳᠠᠪᠤᠷᠢᠳᠤ ᠡᠪᠠᠳᠴᠢᠨ ᠪᠤᠯᠤᠨ᠎ᠠ᠃ ᠲᠠᠷᠬᠠᠬᠤ ᠬᠥᠴᠤᠨ ᠨᠢ ᠤᠨᠴᠤᠭᠤᠢ ᠴᠢᠩᠭ᠎ᠠ᠂ ᠡᠪᠠᠳᠴᠢᠨ ᠡᠬᠦᠰᠬᠦ ᠳᠤ ᠬᠥᠷᠪᠠᠯ ᠲᠠᠷᠤᠶᠢᠬᠠᠨ ᠡᠯ᠎ᠠ ᠭᠠᠵᠠᠷ ᠲᠤ ᠲᠠᠷᠬᠠᠵᠤ᠂ ᠶᠡᠭᠡ ᠭᠡᠪᠴᠢᠶ᠎ᠠ ᠪᠠᠷ ᠲᠠᠯᠭᠡᠷᠠᠳᠡᠭ᠃ ᠲᠠᠬᠦᠨ ᠤ ᠤᠨᠴᠠᠯᠢᠭ ᠨᠢ ᠠᠮᠠᠨ ᠤ ᠬᠥᠨᠳᠠᠢ ᠶᠢᠨ ᠰᠠᠯᠢᠰᠤᠳᠤ ᠪᠥᠷᠬᠦᠪᠴᠢ᠂ ᠲᠤᠭᠤᠷᠠᠢ ᠶᠢᠨ ᠭᠡᠰᠡᠭ ᠪᠠ ᠲᠠᠯᠠᠩ ᠤᠨ ᠠᠷᠠᠰᠤᠨ ᠲᠠᠭᠡᠷ᠎ᠠ ᠨᠢ ᠴᠥᠪᠤᠷᠢᠬᠦᠤ ᠭᠠᠷᠤᠨ᠎ᠠ᠃ ᠨᠠᠰᠤ ᠬᠥᠢᠴᠡᠭᠰᠠᠨ ᠮᠠᠯ ᠤᠨ ᠠᠷᠠᠴᠢᠯᠠᠭ᠎ᠠ ᠬᠠᠮᠢᠶᠠᠷᠤᠯᠳᠠ ᠨᠢ ᠰᠠᠶᠢᠨ ᠪᠤᠯᠪᠠᠯ ᠥᠬᠦᠬᠦ ᠨᠤᠷᠮ᠎ᠠ ᠨᠢ ᠲᠤᠤᠷ᠎ᠠ ᠪᠠᠶᠢᠵᠤ᠂ ᠲᠥᠯ ᠮᠠᠯ ᠤᠨ ᠥᠬᠦᠯᠳᠠ ᠶᠢᠨ ᠨᠤᠷᠮ᠎ᠠ ᠨᠢ ᠮᠠᠰᠢ ᠥᠨᠳᠤᠷ ᠪᠠᠶᠢᠳᠠᠭ᠃      ᠡᠪᠠᠳᠴᠢᠨ ᠡᠬᠦᠰᠭᠡᠭᠴᠢ᠄  ᠲᠤᠰ ᠡᠪᠠᠳᠴᠢᠨ ᠪᠤᠯ ᠱᠥᠯᠬᠦᠭᠡ ᠶᠢᠨ ᠸᠢᠷᠦ᠋ᠰ ᠠᠴᠠ ᠡᠬᠦᠰᠳᠡᠭ᠃ ᠸᠢᠷᠦ᠋ᠰ  ᠤᠨ ᠭᠠᠳᠠᠭᠠᠳᠤ ᠤᠷᠴᠢᠨ ᠢ ᠡᠰᠠᠷᠬᠦᠴᠠᠬᠦ ᠬᠥᠴᠤᠨ ᠨᠢ ᠮᠠᠰᠢ ᠴᠢᠩᠭ᠎ᠠ᠂ ᠬᠠᠭᠤᠷᠠᠢ ᠡᠯᠠᠰᠤᠨ ᠳᠤ 14 ᠡᠳᠤᠷ᠂ ᠥᠰᠤ ᠲᠠᠢ ᠠᠷᠠᠰᠤᠨ ᠳᠤ 4 ᠭᠠᠷᠠᠭ ᠠᠮᠢᠳᠤᠷᠠᠵᠤ᠂ ᠬᠥᠯᠳᠠᠭᠡᠬᠦ ᠳᠤ ᠭᠡᠳᠤᠨ ᠰᠷ᠎ᠠ ᠳᠤ ᠥᠬᠦᠳᠡᠭ ᠥᠭᠡᠢ᠃ ᠭᠡᠪᠠᠴᠤ ᠥᠨᠳᠤᠷ ᠬᠠᠯᠠᠭᠤᠨ ᠳᠤ ᠲᠠᠷᠤᠶᠢᠬᠠᠨ ᠤᠰᠠᠳᠳᠠᠭ᠃ ᠭᠡᠷᠪᠠ ᠥᠨᠢᠶᠠᠨ ᠰᠦ ᠶᠢ 65 ~70 ᠭᠷᠠᠳᠦ᠋ᠰ ᠪᠤᠯᠳᠠᠯ᠎ᠠ ᠬᠠᠯᠠᠭᠠᠪᠠᠯ ᠸᠢᠷᠦ᠋ᠰ ᠨᠢ ᠬᠠᠭᠠᠰ ᠴᠠᠭ ᠲᠤ ᠬᠤᠤᠷᠠᠳᠤ ᠬᠥᠴᠤᠨ ᠢᠶᠠᠨ ᠠᠯᠳᠠᠵᠤ᠂ 2% ᠶᠢᠨ ᠤᠰᠤᠮᠠᠭᠳᠤ ᠨᠠᠲᠷᠢ ᠶᠢᠨ ᠠᠭᠤᠰᠤᠮᠠᠯ ᠢᠶᠠᠷ ᠸᠢᠷᠦ᠋ᠰ ᠢ ᠲᠠᠷᠤᠢ ᠲᠥᠷᠭᠡᠨ ᠤᠰᠠᠳᠬᠠᠳᠠᠭ᠃      ᠬᠠᠯᠳᠠᠪᠤᠷᠢᠯᠠᠬᠤ᠄ ᠲᠤᠰ ᠡᠪᠠᠳᠴᠢᠨ ᠨᠢ ᠭᠤᠤᠯᠳᠠᠭᠤ ᠡᠪᠤᠯ ᠬᠠᠪᠤᠷ ᠲᠠᠯᠭᠡᠷᠠᠵᠤ᠂ ᠡᠪᠠᠳᠴᠢᠨ ᠲᠠᠢ ᠮᠠᠯ ᠤᠨ ᠴᠥᠪᠤᠷᠢᠬᠦᠤ ᠶᠢᠨ ᠰᠢᠩᠭᠡᠨ ᠪᠠ ᠴᠥᠪᠤᠷᠢᠬᠦᠤ ᠶᠢᠨ ᠬᠠᠯᠢᠰᠤ ᠨᠢ ᠬᠠᠮᠤᠭ ᠠᠶᠤᠯᠳᠠᠢ ᠬᠠᠯᠳᠠᠪᠤᠷᠢ ᠶᠢᠨ ᠰᠤᠷᠪᠤᠯᠵᠢ ᠪᠤᠯᠳᠠᠭ ᠮᠥᠷᠳᠠᠭᠡᠨ ᠡᠪᠠᠳᠴᠢᠨ ᠲᠠᠢ ᠮᠠᠯ ᠤᠨ ᠰᠢᠯᠤᠰᠤ᠂ ᠰᠦ᠂ ᠢᠯᠭᠠᠳᠠᠰᠤ ᠵᠠᠷᠭᠡ ᠨᠢ ᠬᠠᠯᠳᠠᠪᠤᠷᠢ ᠶᠢᠨ ᠭᠤᠤᠯ ᠰᠤᠷᠪᠤᠯᠵᠢ ᠪᠤᠯᠳᠠᠭ᠃ ᠡᠷᠠᠬᠦᠯ ᠮᠠᠯ ᠨᠢ ᠡᠪᠠᠳᠴᠢᠨ ᠲᠠᠢ ᠮᠠᠯ ᠲᠠᠢ ᠰᠢᠭᠤᠳ ᠬᠥᠷᠤᠯᠴᠠᠬᠦ ᠪᠤᠶᠤ ᠸᠢᠷᠦ᠋ᠰ ᠲᠤ ᠪᠤᠭᠢᠷᠳᠤᠭᠰᠠᠨ ᠡᠪᠠᠰᠤ ᠪᠤᠷᠳᠤᠭ᠎ᠠ ᠢᠳᠡᠭᠰᠠᠨ ᠠᠴᠠ ᠪᠤᠯᠵᠤ ᠰᠢᠩᠭᠡᠭᠡᠯᠳᠠ ᠶᠢᠨ ᠵᠠᠮ ᠪᠠ ᠭᠡᠮᠳᠤᠭ᠍ᠰᠠᠨ ᠠᠷᠠᠰᠤ ᠪᠠᠷ ᠲᠠᠮᠵᠢᠵᠤ ᠬᠠᠯᠳᠠᠪᠤᠷᠢᠯᠠᠳᠠᠭ᠃ ᠵᠠᠷᠢᠮ ᠳᠠᠭᠠᠨ ᠠᠮᠢᠰᠬᠤᠯ ᠤᠨ ᠵᠠᠮ ᠢᠶᠠᠷ ᠬᠠᠯᠳᠠᠪᠤᠷᠢᠯᠠᠳᠠᠭ᠃      ᠰᠢᠨᠵᠢ ᠴᠢᠨᠠᠷ᠄ ᠡᠪᠠᠳᠴᠢᠨ ᠡᠬᠦᠰᠪᠠᠯ ᠲᠠᠷᠤᠶᠢᠬᠠᠨ ᠪᠥᠬᠦ ᠰᠥᠷᠤᠭ᠌ ᠲᠤ ᠨᠠᠶᠢᠳᠠᠮ ᠢᠶᠠᠷ ᠲᠠᠯᠭᠡᠷᠠᠳᠡᠭ᠃ ᠡᠭᠢᠨ  ᠤ ᠬᠤᠭᠤᠴᠠᠭᠠᠨ ᠳᠤ ᠪᠠᠶ᠎ᠠ ᠶᠢᠨ ᠬᠠᠯᠠᠭᠤᠨ ᠨᠢ 40 ~ 41 ᠭᠷᠠᠳᠦ᠋ᠰ ᠪᠤᠯᠵᠤ᠂ ᠴᠤᠭ ᠰᠥᠯᠳᠠ ᠨᠢ ᠮᠠᠭᠤᠳᠠᠨ ᠲᠠᠵᠢᠭᠡᠯ ᠤᠨ ᠲᠤᠷᠠᠰᠢᠯ ᠨᠢ ᠪᠠᠭᠤᠷᠠᠵᠤ᠂ ᠭᠡᠯᠠᠨ ᠤ ᠭᠠᠳᠠᠷᠭᠤ᠂ ᠪᠤᠶᠢᠯᠨ᠂ ᠲᠤᠭᠤᠷᠠᠢ ᠶᠢᠨ ᠰᠠᠯᠠᠭ᠎ᠠ᠂ ᠬᠥᠬᠦᠨ ᠲᠤᠪᠴᠢ ᠶᠢᠨ ᠭᠡᠰᠡᠭ ᠲᠤ ᠤᠰᠤᠨ ᠴᠥᠪᠤᠷᠢᠬᠦᠤ ᠡᠬᠦᠰᠴᠤ᠂ ᠴᠥᠪᠤᠷᠢᠬᠦᠤ ᠨᠢ ᠤᠯᠠᠮ ᠤᠯᠠᠮ ᠢᠶᠠᠷ ᠲᠤᠮᠤᠷᠠᠬᠤ ᠪᠤᠶᠤ ᠬᠠᠷᠢᠯᠴᠠᠨ ᠨᠠᠶᠢᠯᠠᠨ ᠭᠡᠰᠡᠭᠷᠠᠵᠤ 1 ~ 2 ᠡᠳᠤᠷ ᠲᠤ ᠬᠠᠭᠠᠷᠠᠭᠠᠳ ᠤᠯᠠᠭᠠᠨ ᠥᠡᠭᠭᠡ ᠲᠠᠢ ᠨᠤᠶᠢᠳᠠᠨ ᠰᠢᠷᠬᠠᠯᠠᠭ᠎ᠠ ᠪᠤᠯᠪᠠᠯ ᠪᠠᠶ᠎ᠠ ᠶᠢᠨ ᠬᠠᠯᠠᠭᠤᠨ ᠨᠢ ᠲᠤᠷᠤᠭᠰᠢᠯᠠᠵᠤ᠂ ᠭᠡᠪ ᠤᠨ ᠪᠠᠶᠢᠳᠠᠯ ᠳᠤ ᠤᠷᠤᠳᠠᠭ᠃ ᠵᠠᠷᠢᠮ ᠥᠶ᠎ᠠ ᠳᠤ ᠥᠭᠡᠷ᠂ ᠭᠠᠭ᠋ᠠᠢ ᠶᠢᠨ ᠬᠠᠮᠠᠷ ᠤᠨ ᠲᠤᠯᠢ ᠲᠠᠭᠡᠷ᠎ᠠ ᠨᠢ ᠴᠥᠪᠤᠷᠢᠬᠦᠤ ᠭᠠᠷᠴᠤ ᠠᠮᠠᠨ ᠠᠴᠠ ᠨᠢ ᠨᠢᠯᠴᠠᠭᠠᠢ ᠬᠥᠭᠡᠰᠤᠷᠭᠡᠭ ᠰᠢᠯᠤᠰᠤ ᠭᠤᠭᠤᠵᠢᠨ ᠬᠥᠨᠳᠤᠷᠠᠪᠠᠯ ᠬᠠᠳᠠᠭᠤ ᠲᠤᠭᠤᠷᠠᠢ ᠨᠢ ᠮᠤᠯᠳᠤᠷᠠᠭᠠᠳ ᠲᠤᠭᠤᠯᠳᠠᠬᠤ ᠪᠤᠶᠤ ᠵᠤᠭᠰᠤᠵᠤ ᠲᠠᠶᠢᠯᠬᠦ ᠥᠭᠡᠢ ᠪᠤᠯᠳᠠᠭ᠃       ᠬᠤᠨᠢᠨ ᠳᠤ ᠭᠤᠤᠯᠳᠠᠭᠤ ᠲᠠᠷᠠᠬᠠᠢ ᠪᠤᠳᠠᠷᠬᠠᠢ ᠲᠠᠯᠭᠡᠷᠠᠵᠤ᠂ ᠭᠤᠤᠯ ᠰᠢᠨᠵᠢ ᠲᠠᠮᠳᠡᠭ ᠨᠢ ᠲᠤᠭᠤᠷᠠᠢ ᠶᠢᠨ ᠭᠡᠰᠡᠭ ᠲᠤ ᠢᠯᠠᠷᠠᠨ᠎ᠠ᠃ ᠲᠤᠭᠤᠯ᠂ ᠬᠤᠷᠠᠭ᠎ᠠ ᠪᠠ ᠲᠤᠷᠤᠢ ᠨᠢ ᠶᠠᠷᠤ ᠳᠡᠭᠡᠨ ᠵᠢᠷᠤᠭᠡᠨ ᠪᠤᠯᠴᠢᠩ ᠤᠨ ᠥᠷᠪᠢᠰᠤᠯ ᠪᠤᠯᠵᠤ ᠭᠡᠨᠠᠳᠳᠠ ᠪᠠᠷ ᠥᠬᠦᠳᠡᠭ᠃      ᠰᠢᠨᠵᠢᠯᠡᠭᠡ᠄ ᠭᠢᠵᠢᠭ ᠲᠠᠯᠭᠡᠷᠡᠭᠰᠠᠨ ᠪᠠᠶᠢᠳᠠᠯ᠂ ᠲᠠᠷᠬᠠᠬᠤ ᠬᠤᠷᠳᠤᠴᠨ ᠪᠠ ᠥᠪᠠᠷᠮᠢᠴᠨ ᠰᠢᠨᠵᠢ ᠲᠠᠮᠳᠡᠭ ᠢ ᠨᠢ ᠥᠨᠳᠤᠰᠤᠯᠠᠵᠤ ᠠᠩᠬ᠎ᠠ ᠠᠯᠬᠤᠮ ᠤᠨ ᠰᠢᠨᠵᠢᠯᠡᠭᠡ ᠭᠢᠨ᠎ᠠ᠃ ᠱᠥᠯᠬᠦᠭᠡ ᠶᠢᠨ ᠸᠢᠷᠦ᠋ᠰ ᠤᠨ ᠭᠡᠯᠪᠠᠷᠢ ᠶᠢ ᠰᠢᠯᠭᠠᠨ ᠲᠤᠭᠳᠠᠭᠠᠬᠤ ᠪᠠ ᠥᠭᠡᠷ᠂ ᠬᠤᠨᠢᠨ ᠤ ᠬᠠᠯᠳᠠᠪᠤᠷᠢᠳᠤ ᠠᠮᠠᠨ ᠤ ᠥᠷᠪᠢᠰᠤᠯ᠂ ᠭᠠᠭ᠋ᠠᠢ ᠶᠢᠨ ᠴᠥᠪᠤᠷᠢᠬᠦᠤ ᠡᠪᠠᠳᠴᠢᠨ ᠠᠴᠠ ᠢᠯᠭᠠᠬᠤ ᠶᠢᠨ ᠲᠥᠯᠤᠭᠡ ᠡᠪᠠᠳᠴᠢᠨ ᠤ ᠮᠠᠲ᠋ᠧᠷᠢᠶᠠᠯ ᠠᠪᠴᠤ ᠰᠢᠯᠭᠠᠨ ᠪᠠᠶᠢᠴᠠᠭᠠᠨ᠎ᠠ᠃        ᠡᠪᠠᠳᠴᠢᠨ ᠤ ᠮᠠᠲ᠋ᠧᠷᠢᠶᠠᠯ ᠠᠪᠬᠤ ᠠᠷᠭ᠎ᠠ᠄ ᠰᠢᠨ᠎ᠠ ᠬᠠᠭᠠᠷᠠᠭᠰᠠᠨ ᠥᠭᠡᠢ ᠴᠥᠪᠤᠷᠢᠬᠦᠤ ᠶᠢ ᠰᠤᠩᠭᠤᠵᠤ ᠤᠭᠢᠶᠠᠭᠰᠠᠨ ᠤ ᠲᠠᠷᠠᠭ᠎ᠠ ︵ᠠᠷᠢᠭᠤᠳᠬᠠᠬᠤ ᠡᠮ ᠢᠶᠠᠷ ᠤᠭᠢᠶᠠᠵᠤ ᠪᠤᠯᠬᠤ ᠥᠭᠡᠢ︶ ᠠᠷᠢᠭᠤᠳᠬᠠᠭᠰᠠᠨ ᠵᠠᠬᠦᠤ ᠪᠤᠶᠤ ᠬᠠᠶᠢᠴᠢ ᠪᠠᠷ ᠴᠥᠪᠤᠷᠢᠬᠦᠤ ᠶᠢᠨ ᠰᠢᠩᠭᠡᠨ ᠪᠤᠶᠤ ᠴᠥᠪᠤᠷᠢᠬᠦᠤ ᠶᠢᠨ ᠬᠠᠯᠢᠰᠤ ᠶᠢ ︵10g ᠠᠴᠠ ᠪᠠᠭ᠎ᠠ ᠪᠠᠶᠢᠵᠤ ᠪᠤᠯᠬᠤ ᠥᠭᠡᠢ︶ ᠠᠪᠴᠤ᠂ ᠹᠢᠽᠢᠤᠯᠤᠭᠢ ᠶᠢᠨ ᠲᠠᠪᠤᠰᠤᠨ ᠤ ᠠᠭᠤᠰᠤᠮᠠᠯ 100ml ᠰᠠᠪᠠᠯᠠᠭᠰᠠᠨ ᠰᠢᠯ ᠯᠤᠩᠬᠤᠨ ᠳᠤ ᠭᠢᠵᠤ ᠨᠢᠭᠳᠠ ᠪᠢᠳᠠᠬᠦᠮᠵᠢᠯᠠᠭᠡᠳ ᠱᠠᠪᠤᠤ ᠪᠤᠶᠤ ᠬᠥᠪᠤᠡᠭ ᠢᠶᠠᠷ ᠰᠠᠶᠢᠨ ᠪᠠᠭᠯᠠᠵᠤ᠂ ᠲᠤᠮᠤ ᠠᠮᠠᠰᠠᠷ  ᠲᠠᠢ ᠬᠠᠯᠠᠭᠤᠨ ᠰᠠᠪᠠᠨ ᠳᠤ ᠭᠢᠵᠤ᠂ ᠭᠠᠳᠠᠭᠤᠷ ᠨᠢ ᠮᠥᠰᠤ ᠵᠢᠭᠢᠷᠢᠭᠯᠡᠭᠡᠳ ᠲᠤᠰᠬᠠᠢ ᠬᠥᠮᠤᠨ ᠲᠤᠮᠢᠯᠠᠵᠤ᠂ ᠰᠢᠯᠭᠠᠨ ᠪᠠᠶᠢᠴᠠᠭᠠᠬᠤ ᠨᠢᠭᠡᠴᠨ ᠳᠤ ᠬᠥᠷᠭᠡᠨ᠎ᠠ᠃       ᠤᠷᠢᠳᠴᠢᠯᠠᠨ ᠰᠠᠷᠭᠡᠶᠢᠯᠠᠬᠦ᠄ 1. ᠱᠥᠯᠬᠦᠭᠡ ᠡᠪᠠᠳᠴᠢᠨ ᠤ ᠰᠡᠵᠢᠭ ᠲᠠᠢ ᠮᠠᠯ ᠢᠯᠠᠷᠠᠪᠠᠯ ᠲᠠᠷᠤᠶᠢᠬᠠᠨ ᠮᠠᠯ ᠠᠵᠤ ᠠᠬᠤᠢ ᠶᠢᠨ ᠬᠠᠮᠢᠶᠠᠷᠤᠯᠳᠠ ᠶᠢᠨ ᠭᠠᠵᠠᠷ ᠮᠠᠳᠡᠭᠳᠠᠵᠤ᠂ ᠲᠤᠳᠤᠯᠠᠭᠰᠠᠨ ᠤ ᠲᠠᠷᠠᠭ᠎ᠠ ᠬᠤᠰᠢᠭᠤ ᠰᠢᠶᠠᠨ ᠤ ᠵᠠᠰᠠᠭ ᠤᠨ ᠤᠷᠳᠤᠨ ᠠᠴᠠ ᠲᠤᠰᠠᠭᠠᠷᠯᠠᠬᠤ ᠵᠠᠷᠯᠠᠯ ᠨᠠᠶᠢᠳᠠᠯᠠᠵᠤ᠂ ᠭᠢᠵᠢᠭ ᠤᠨ ᠴᠡᠭ᠂ ᠭᠢᠵᠢᠭᠳᠦ ᠤᠷᠤᠨ ᠢ ᠴᠢᠩᠭ᠎ᠠ ᠬᠤᠷᠢᠵᠤ᠂ ︽ᠡᠷᠳᠠ᠂ ᠲᠥᠷᠭᠡᠨ᠂ ᠴᠢᠩᠭ᠎ᠠ᠂ ᠪᠠᠭ᠎ᠠ︾ ᠵᠠᠷᠴᠢᠮ ᠢ ᠪᠠᠷᠢᠮᠳᠠᠯᠠᠨ᠂ ᠭᠢᠵᠢᠭ ᠤᠨ ᠪᠠᠶᠢᠳᠠᠯ  ᠢ ᠤᠰᠠᠳᠬᠠᠨ᠎ᠠ᠃         2. ᠭᠢᠵᠢᠭᠳᠦ ᠤᠷᠤᠨ ᠪᠠ ᠰᠥᠷᠳᠠᠬᠦᠯᠭᠡᠳᠤ ᠤᠷᠤᠨ ᠤ ᠬᠠᠯᠳᠠᠮᠠᠳᠠᠭᠠᠢ ᠮᠠᠯ ᠳᠤ ᠱᠥᠯᠬᠦᠭᠡ ᠶᠢᠨ ᠸᠠᠺᠽᠢᠨ  ᠢᠶᠠᠷ ᠰᠠᠷᠭᠡᠶᠢᠯᠠᠬᠦ ᠲᠠᠷᠢᠯᠭ᠎ᠠ ᠭᠢᠨ᠎ᠠ᠃       3. ᠭᠢᠵᠢᠭᠳᠦ ᠤᠷᠤᠨ ᠤ ᠡᠪᠠᠳᠴᠢᠨ ᠲᠠᠢ ᠮᠠᠯ ᠪᠠ ᠡᠪᠠᠳᠴᠢᠨ ᠤ ᠰᠡᠵᠢᠭ ᠲᠠᠢ ᠮᠠᠯ ᠢ ᠲᠠᠷᠤᠶᠢᠬᠠᠨ ᠲᠤᠰᠠᠭᠠᠷᠯᠠᠵᠤ ᠠᠷᠠᠴᠢᠯᠠᠬᠤ ᠪᠠ ᠡᠮᠴᠢᠯᠠᠨ ᠵᠠᠰᠠᠨ᠎ᠠ᠃ ᠡᠮᠴᠢᠯᠠᠬᠦ ᠳᠡᠭᠡᠨ 10% ᠶᠢᠨ ᠹᠢᠽᠢᠤᠯᠤᠭᠢ ᠶᠢᠨ ᠲᠠᠪᠤᠰᠤᠨ ᠤ ᠠᠭᠤᠰᠤᠮᠠᠯ᠂ ᠼᠤᠤ ᠪᠤᠶᠤ 0.1% ᠶᠢᠨ ᠲᠠᠭᠡᠳᠤ ᠮᠠᠩᠭᠠᠨ ᠬᠥᠴᠢᠯ ᠤᠨ ᠺᠠᠯᠢ ᠶᠢᠨ ᠠᠭᠤᠰᠤᠮᠠᠯ  ᠢᠶᠠᠷ ᠠᠮᠠᠨ ᠬᠥᠨᠳᠠᠢ ᠪᠠ ᠲᠤᠭᠤᠷᠠᠢ ᠶᠢᠨ ᠭᠡᠰᠡᠭ ᠢ ᠤᠭᠢᠶᠠᠵᠤ᠂ ᠭᠡᠰᠡᠭ ᠪᠠᠶᠢᠷᠢᠨ ᠳᠤᠨᠢ ᠮᠧᠲ᠋ᠢᠯ ᠬᠥᠷᠠᠩ ᠪᠤᠶᠤ ᠢᠤᠳ᠋ᠳᠤ ᠭᠯᠢᠼᠧᠷᠢᠨ ᠲᠥᠷᠭᠢᠨ᠎ᠠ᠃      4.  ᠡᠪᠠᠳᠴᠢᠨ ᠲᠠᠢ ᠮᠠᠯ ᠳᠤ ᠪᠤᠭᠢᠷᠳᠤᠭᠰᠠᠨ ᠫᠸᠡᠭ ᠬᠤᠷᠤᠭ᠎ᠠ᠂ ᠪᠠᠭᠠᠵᠢ ᠭᠡᠷᠡᠭᠰᠠᠯ ᠵᠠᠷᠭᠡ ᠶᠢ 2% ᠤᠨ ᠤᠰᠤᠮᠠᠭᠳᠤ ᠨᠠᠲᠷᠢ ᠪᠠᠷ ᠠᠷᠢᠭᠤᠳᠬᠠᠵᠤ᠂ ᠥᠬᠦᠭᠰᠠᠨ ᠮᠠᠯ ᠤᠨ ᠥᠬᠦᠳᠠᠯ ᠢ ᠰᠢᠳᠠᠭᠠᠬᠤ ᠪᠤᠶᠤ ᠬᠥᠨ ᠪᠤᠯᠠᠨ᠎ᠠ᠃
 
ᠢᠷᠡᠯᠲᠡ᠄ ︽ᠮᠠᠯ ᠠᠵᠤ ᠠᠬᠤᠢ ᠶᠢᠨ ᠭᠡᠷᠡᠭᠯᠠᠭᠡᠨ ᠤ ᠮᠠᠷᠭᠡᠵᠢᠯ︾ ᠨᠤᠮ ᠠᠴᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09002379号