ᠥᠨᠢᠶᠠᠨ ᠤ ᠲᠠᠯᠠᠩ ᠤᠨ ᠭᠡᠮ ᠢ ᠰᠠᠷᠭᠡᠶᠢᠯᠠᠨ ᠵᠠᠰᠠᠬᠤ ᠠᠷᠭ᠎ᠠ
ᠨᠡᠶᠢᠲᠡᠯᠡᠭᠰᠡᠨ ᠴᠠᠭ᠄
2017-09-27
    ᠨᠢᠭᠡ᠂ ᠲᠠᠯᠠᠩ ᠤᠨ ᠥᠷᠪᠢᠰᠤᠯ ᠪᠤᠯ ᠹᠢᠽᠢᠺ ᠭᠢᠮᠢ ᠪᠠ ᠠᠮᠢᠳᠤ ᠪᠤᠳᠠᠰ ᠤᠨ ᠰᠤᠳᠤᠯᠤᠯ  ᠤᠨ ᠥᠢᠯᠠᠳᠤᠯ  ᠠᠴᠠ ᠡᠬᠦᠰᠳᠡᠭ ᠰᠥᠨ ᠤ ᠪᠤᠯᠴᠢᠷᠬᠠᠢ ᠶᠢᠨ ᠥᠷᠪᠢᠰᠤᠯ ᠭᠡᠮ ᠪᠤᠯᠬᠤ ᠪᠥᠭᠡᠳ ᠮᠢᠬᠠᠨ ᠥᠭᠡᠷ ᠪᠤᠶᠤ ᠬᠥᠯᠤᠰᠢᠨ ᠥᠭᠡᠷ ᠢ ᠪᠤᠳᠤᠪᠠᠯ ᠥᠨᠢᠶᠠᠨ ᠤ ᠭᠡᠮᠨᠠᠬᠦ ᠭᠡᠮᠵᠢᠶ᠎ᠠ ᠨᠢ ᠨᠠᠯᠢᠶᠠᠳ ᠥᠨᠳᠤᠷ ᠪᠠᠶᠢᠳᠠᠭ᠃ ᠭᠡᠮᠨᠡᠭᠰᠠᠨ ᠶᠠᠪᠤᠴᠨ ᠶᠢ ᠥᠨᠳᠤᠰᠤᠯᠠᠨ ᠪᠠᠰᠨ ᠲᠥᠷᠭᠡᠨ ᠴᠢᠨᠠᠷᠳᠠᠢ ᠪᠤᠶᠤ ᠤᠳᠠᠭᠠᠨ ᠴᠢᠨᠠᠷᠳᠠᠢ ᠲᠠᠯᠠᠩ ᠤᠨ ᠥᠷᠪᠢᠰᠤᠯ ᠭᠡᠵᠤ ᠬᠤᠪᠢᠶᠠᠳᠠᠭ ᠃         ᠲᠤᠰ ᠭᠡᠮ ᠢ ᠤᠷᠢᠳᠴᠢᠯᠠᠨ ᠰᠠᠷᠭᠡᠶᠢᠯᠠᠵᠤ ᠲᠠᠯᠠᠩ  ᠤᠨ ᠥᠷᠪᠢᠰᠤᠯ ᠪᠤᠯᠬᠤ ᠶᠢ ᠠᠩᠬᠠᠷᠤᠨ᠎ᠠ᠃        1. ᠰᠠᠭᠠᠬᠤ ᠠᠴᠠ ᠡᠮᠤᠨ᠎ᠠ᠂ ᠥᠨᠢᠶᠠᠨ ᠤ ᠲᠠᠯᠠᠩ ᠢ ᠪᠥᠯᠢᠶᠠᠨ ᠤᠰᠤ ᠪᠠᠷ ᠴᠠᠪᠠᠷᠯᠠᠨ ᠤᠭᠢᠶᠠᠵᠤ ᠠᠷᠴᠢᠬᠤ ᠪᠥᠭᠡᠳ ᠬᠠᠯᠠᠭᠤᠨ ᠤᠰᠤᠨ ᠤ ᠱᠠᠪᠰᠢᠯᠭ᠎ᠠ ᠭᠢᠵᠤ ᠢᠯᠢᠨ᠎ᠠ᠃        2. ᠥᠭᠡᠷ ᠤᠨ ᠬᠠᠰᠢᠶ᠎ᠠ᠂ ᠭᠡᠪᠳᠠᠷᠢ ᠶᠢ ᠴᠠᠪᠠᠷ ᠪᠠᠶᠢᠯᠭᠠᠵᠤ᠂ ᠲᠤᠭᠳᠠᠭᠰᠠᠨ ᠬᠤᠭᠤᠴᠠᠭ᠎ᠠ ᠲᠠᠢ ᠪᠠᠷ ᠠᠷᠢᠭᠤᠳᠬᠠᠨ ᠪᠠᠺᠲ᠋ᠧᠷᠢ ᠶᠢ ᠤᠰᠠᠳᠬᠠᠬᠤ ᠭᠡᠷᠡᠭᠳᠠᠢ᠃        3. ᠰᠠᠭᠠᠯᠢᠴᠢᠨ ᠤ ᠭᠠᠷ᠂ ᠰᠦ ᠰᠠᠭᠠᠬᠤ ᠮᠠᠰᠢᠨ ᠵᠠᠷᠭᠡ ᠶᠢ ᠡᠷᠭᠡᠪᠰᠢ ᠴᠠᠪᠠᠷᠯᠠᠨ ᠠᠷᠢᠭᠤᠳᠬᠠᠵᠤ᠂ ᠰᠦ ᠰᠠᠭᠠᠬᠤ ᠬᠥᠴᠤ ᠶᠢ ᠵᠢᠭᠳᠡ ᠪᠠᠶᠢᠯᠭᠠᠨ᠎ᠠ᠃      4. ᠵᠤᠭᠢᠰᠳᠠᠢ ᠥᠶ᠎ᠠ ᠳᠤ ᠥᠨᠢᠶᠠᠨ ᠤ ᠰᠠᠭᠠᠯᠢ ᠶᠢ ᠵᠤᠭᠰᠤᠭᠠᠵᠤ᠂ ᠰᠠᠭᠠᠯᠢ ᠵᠤᠭᠰᠤᠭᠰᠠᠨ ᠤ ᠲᠠᠷᠠᠭ᠎ᠠ ᠲᠠᠯᠠᠩ  ᠤᠨ ᠲᠠᠯᠠᠬᠦ ᠪᠠ ᠠᠪᠴᠢᠬᠤ ᠪᠠᠶᠢᠳᠠᠯ  ᠢ ᠠᠩᠬᠠᠷᠤᠨ᠎ᠠ᠃        5. ᠰᠠᠭᠠᠯᠢ ᠵᠤᠭᠰᠤᠭᠰᠠᠨ ᠤ ᠰᠠᠬᠦᠯᠴᠢ ᠶᠢᠨ ᠬᠤᠭᠤᠴᠠᠭ᠎ᠠ ᠪᠠ ᠲᠤᠭᠤᠯᠯᠠᠬᠤ ᠠᠴᠠ ᠡᠮᠤᠨ᠎ᠠ᠂ ᠤᠨᠴᠠᠭᠠᠶᠢᠯᠠᠨ ᠲᠠᠯᠠᠩ ᠨᠢ ᠢᠯᠠᠷᠭᠡᠢ ᠲᠤᠮᠤᠷᠠᠬᠤ ᠥᠶ᠎ᠠ ᠳᠤ ᠰᠢᠬᠦᠰᠦᠯᠢᠭ ᠪᠤᠷᠳᠤᠭ᠎ᠠ ᠪᠠ ᠨᠠᠷᠢᠯᠢᠭ ᠪᠤᠷᠳᠤᠭ᠎ᠠ ᠶᠢᠨ ᠲᠠᠵᠢᠭᠡᠬᠦ ᠭᠡᠮᠵᠢᠶ᠎ᠠ ᠶᠢ ᠪᠠᠭᠠᠰᠬᠠᠨ᠎ᠠ᠃         6. ᠵᠠᠷᠢᠮ ᠬᠠᠯᠳᠠᠪᠤᠷᠢᠳᠤ ᠭᠡᠮ ᠭᠢᠵᠢᠭ᠂ ᠬᠤᠳᠤᠭᠤᠳᠤ ᠭᠡᠳᠠᠰᠤᠨ ᠤ ᠭᠡᠮ ᠭᠢᠭᠡᠳ ᠮᠠᠰᠢᠨ ᠢᠶᠠᠷ ᠰᠠᠭᠠᠬᠤ ᠵᠠᠷᠭᠡ ᠶᠠᠪᠤᠴᠨ ᠳᠤ ᠲᠠᠯᠠᠩ  ᠤᠨ ᠥᠷᠪᠢᠰᠤᠯ ᠡᠬᠦᠰᠬᠦ ᠶᠢ ᠴᠢᠩᠭ᠎ᠠ ᠰᠠᠷᠭᠡᠶᠢᠯᠠᠬᠦ ᠭᠡᠷᠡᠭᠳᠠᠢ᠃ ᠡᠮᠨᠠᠨ ᠵᠠᠰᠠᠬᠤ ᠲᠠᠯ᠎ᠠ  ᠪᠠᠷ ᠡᠪᠠᠳᠴᠢᠨ ᠡᠬᠦᠰᠭᠡᠭᠴᠢ ᠶᠢ ᠠᠷᠢᠯᠭᠠᠵᠤ᠂ ᠭᠡᠮ ᠭᠢᠵᠢᠭ ᠡᠬᠦᠰᠴᠤ ᠲᠠᠯᠭᠡᠷᠠᠬᠦ ᠶᠢ ᠬᠤᠷᠢᠭᠯᠠᠨ᠂ ᠥᠷᠪᠢᠰᠤᠯ  ᠤᠨ ᠶᠠᠪᠤᠴᠨ ᠶᠢ ᠭᠢᠵᠠᠭᠠᠷᠯᠠᠵᠤ᠂ ᠪᠥᠬᠦ ᠪᠠᠶ᠎ᠠ ᠪᠢᠯᠳᠠᠷ ᠤᠨ ᠪᠠᠶᠢᠳᠠᠯ ᠢ ᠰᠠᠶᠢᠵᠢᠷᠠᠭᠤᠯᠬᠤ ᠭᠡᠷᠡᠭᠳᠠᠢ᠃        ︵1︶ ᠲᠠᠯᠠᠩ ᠤᠨ ᠲᠠᠷᠢᠯᠭ᠎ᠠ ᠭᠢᠬᠦ ᠠᠷᠭ᠎ᠠ᠄  ᠭᠡᠮᠨᠡᠭᠰᠠᠨ ᠲᠠᠯᠠᠩ  ᠤᠨ ᠰᠦ ᠶᠢ ᠰᠠᠭᠠᠭᠰᠠᠨ ᠤ ᠲᠠᠷᠠᠭ᠎ᠠ 50 — 100  ᠮᠢᠯᠯᠢᠯᠢᠲᠷ ᠤᠨ ᠹᠢᠽᠢᠤᠯᠤᠭᠢ ᠶᠢᠨ ᠲᠠᠪᠤᠰᠤᠳᠠᠢ ᠤᠰᠤ ᠪᠤᠶᠤ 0.25% ᠶᠢᠨ ᠲᠠᠪᠤᠰᠤᠨ ᠬᠥᠴᠢᠯ  ᠤᠨ ᠫᠷᠤᠺᠠᠶ᠋ᠢᠨ  ᠢ ᠴᠢᠩ ᠯᠢᠶᠠᠨ ᠮᠸᠢ ᠰᠤ᠋ ᠲᠠᠢ ᠲᠤᠰᠪᠤᠷᠢ 200 ᠲᠥᠮᠠᠨ ᠨᠢᠭᠡᠴᠢ ᠪᠠᠷ ᠬᠤᠯᠢᠵᠤ ᠲᠠᠮᠵᠢᠭᠤᠯᠤᠭᠴᠢ ᠴᠤᠷᠭᠤ ᠳᠤᠨᠢ ᠲᠠᠷᠢᠨ᠎ᠠ᠃ ᠬᠥᠬᠦᠨᠴᠢᠷ ᠭᠢᠭᠡᠳ ᠰᠥᠨ ᠤ ᠲᠠᠮᠵᠢᠭᠤᠯᠤᠭᠴᠢ ᠴᠤᠷᠭᠤ ᠶᠢ ᠨᠠᠷᠢᠨ ᠭᠢᠨᠠᠮᠠᠭᠠᠢ ᠠᠷᠢᠭᠤᠳᠬᠠᠪᠠᠯ ᠵᠤᠭᠢᠨ᠎ᠠ᠃ ᠡᠳᠤᠷ ᠲᠤ 1 ᠤᠳᠠᠭ᠎ᠠ ᠲᠠᠷᠢᠯᠭ᠎ᠠ ᠲᠠᠷᠢᠭᠰᠠᠨ ᠤ ᠲᠠᠷᠠᠭ᠎ᠠ ᠲᠠᠯᠠᠩ ᠢ ᠬᠥᠡᠭᠭᠡᠭᠡᠨ ᠢᠯᠢᠵᠤ ᠡᠮ ᠢ ᠨᠢ ᠲᠠᠷᠬᠠᠭᠠᠬᠤ ᠭᠡᠷᠡᠭᠳᠠᠢ᠃       ︵2︶ ᠲᠠᠯᠠᠩ ᠤᠨ ᠤᠭ ᠤᠨ ᠭᠡᠰᠡᠭ ᠢ ᠪᠢᠳᠠᠬᠦᠮᠵᠢᠯᠠᠨ ᠡᠮᠴᠢᠯᠠᠬᠦ ᠠᠷᠭ᠎ᠠ᠄ ᠪᠢᠳᠠᠬᠦᠮᠵᠢᠯᠠᠬᠦ ᠵᠠᠬᠦᠤ ᠶᠢ ᠲᠠᠯᠠᠩ  ᠤᠨ ᠭᠡᠰᠡᠭ ᠭᠢᠭᠡᠳ ᠭᠡᠪᠠᠯᠢ ᠶᠢᠨ ᠬᠠᠨ᠎ᠠ ᠶᠢᠨ ᠬᠤᠭᠤᠷᠤᠨᠳᠤ 8 — 10 ᠰᠠᠨᠲ᠋ᠢᠮᠧᠲᠷ ᠬᠥᠨ ᠬᠠᠳᠬᠤᠨ᠎ᠠ ᠃ ᠲᠠᠭᠡᠭᠡᠳ ᠴᠢᠩ ᠯᠢᠶᠠᠨ ᠮᠸᠢ ᠰᠤ᠋ ᠶᠢ ᠲᠤᠰᠪᠤᠷᠢ 200 ᠲᠥᠮᠠᠨ ᠨᠢᠭᠡᠴᠢ᠂ 0.25% — 0.5% ᠶᠢᠨ ᠲᠠᠪᠤᠰᠤᠨ ᠬᠥᠴᠢᠯ ᠤᠨ ᠫᠷᠤᠺᠠᠶ᠋ᠢᠨ ᠢ 150 — 200 ᠮᠢᠯᠯᠢᠯᠢᠲᠷ ᠢᠶᠠᠷ ᠡᠳᠤᠷ ᠠᠯᠤᠰᠯᠠᠭᠠᠳ ᠨᠢᠭᠡ ᠤᠳᠠᠭ᠎ᠠ ᠲᠠᠷᠢᠨ᠎ᠠ᠃         ︵3︶ ᠪᠠᠶ᠎ᠠ ᠶᠢᠨ ᠬᠠᠯᠠᠭᠤᠨ ᠲᠠᠭᠡᠭᠰᠢᠯᠠᠬᠦ ᠥᠶ᠎ᠠ ᠳᠤ᠂ ᠪᠤᠯᠴᠢᠩ ᠳᠤᠨᠢ ᠴᠢᠩ ᠯᠢᠶᠠᠨ ᠮᠸᠢ ᠰᠤ᠋ ᠪᠤᠶᠤ ᠺᠠᠨᠠᠮᠢᠰᠤ᠂ ᠰᠢᠨᠠᠮᠢᠰᠤ ᠵᠠᠷᠭᠡ ᠶᠢ ᠲᠠᠷᠢᠨ᠎ᠠ᠃       ︵4︶ ᠪᠠᠯᠴᠢᠷ ᠤᠨ ᠲᠠᠷᠢᠯᠭ᠎ᠠ ᠲᠠᠷᠢᠬᠤ ᠠᠷᠭ᠎ᠠ᠄  ᠲᠤᠤᠷᠠᠭᠢ ᠨᠠᠶᠢᠷᠠᠯᠭᠠᠳᠤ ᠵᠤᠷ ᠢᠶᠠᠷ ᠬᠤᠰᠭᠢᠨᠠᠭ ᠤᠨ ᠲᠠᠭᠡᠳᠤ ᠬᠤᠨᠭ᠍ᠬᠤᠷ ᠤᠨ ᠪᠠᠯᠴᠢᠷ ᠲᠤ ᠲᠠᠷᠢᠨ᠎ᠠ᠂ ᠡᠳᠤᠷ ᠲᠤ 1 ᠤᠳᠠᠭ᠎ᠠ ᠲᠠᠷᠢᠨ᠎ᠠ᠃ ᠴᠢᠩ ᠮᠸᠢ ᠰᠤ᠋ ᠶᠢ 320 ᠲᠥᠮᠠᠨ ᠨᠢᠭᠡᠴᠢ᠂ ᠯᠢᠶᠠᠨ ᠮᠸᠢ ᠰᠤ᠋ ᠶᠢ 200 ᠲᠥᠮᠠᠨ ᠨᠢᠭᠡᠴᠢ ︵ᠪᠤᠶᠤ ᠴᠢᠩ ᠳ᠋ᠠ ᠮᠸᠢ ᠰᠤ᠋ ᠶᠢ 80 ᠲᠥᠮᠠᠨ ᠨᠢᠭᠡᠴᠢ︶᠂ 10 ᠮᠢᠯᠯᠢᠯᠢᠲᠷ 2% ᠤᠨ ᠫᠷᠤᠺᠠᠶ᠋ᠢᠨ ᠢ 40 — 60 ᠮᠢᠯᠯᠢᠯᠢᠲᠷ ᠤᠨ ᠲᠠᠷᠢᠯᠭ᠎ᠠ ᠶᠢᠨ ᠤᠰᠤᠨ  ᠳᠤ ᠬᠤᠯᠢᠵᠤ ᠨᠢᠭᠡ ᠤᠳᠠᠭ᠎ᠠ ᠳᠤ ᠲᠠᠷᠢᠨ᠎ᠠ᠃        ︵5︶ ᠡᠪᠠᠰᠤᠨ ᠡᠮ᠂ ᠭᠤᠸ᠋ᠨ ᠶᠢᠨ ᠬᠠᠳᠠᠭᠠᠮᠠᠯ ᠤᠨ ᠰᠢᠪᠡᠭᠡ ᠲᠥᠷᠤᠬᠦᠤ ᠶᠢᠨ ᠱᠥᠯᠤ ᠪᠤᠶᠤ ᠥᠷᠪᠢᠰᠤᠯ ᠠᠷᠢᠯᠭᠠᠬᠤ ᠡᠮ ᠢ ᠪᠠᠭ᠎ᠠ ᠰᠠᠭ᠎ᠠ ᠬᠤᠯᠢᠨ ᠥᠭᠴᠤ ᠪᠤᠯᠤᠨ᠎ᠠ᠃        ᠬᠤᠶᠠᠷ᠂ ᠲᠠᠯᠠᠩ ᠤᠨ ᠤᠰᠤᠨ ᠬᠠᠪᠤᠳᠠᠷ᠄  ᠡᠨ᠋ᠨ ᠭᠡᠮ ᠭᠤᠤᠯᠳᠠᠭᠤ ᠤᠯᠠᠩᠭᠢ ᠥᠨᠢᠶᠠᠨ ᠤ ᠰᠠᠪᠠᠨ ᠳᠠᠬᠢ ᠴᠢᠰᠤ ᠨᠢ ᠶᠡᠭᠡ ᠭᠡᠮᠵᠢᠶ᠎ᠠ ᠪᠠᠷ ᠲᠠᠯᠠᠩ ᠳᠤᠨᠢ ᠬᠤᠷᠠᠬᠤ ᠪᠤᠶᠤ ᠡᠭᠢᠨ ᠤ ᠬᠤᠭᠤᠴᠠᠭᠠᠨ ︵ᠤᠨᠴᠠᠭᠠᠶᠢᠯᠠᠨ ᠥᠨᠳᠤᠷ ᠭᠠᠷᠤᠯᠳᠠ ᠲᠠᠢ ᠰᠠᠭᠠᠯᠢ ᠶᠢᠨ ᠥᠨᠢᠶ᠎ᠠ︶ ᠳᠤ ᠲᠠᠯᠠᠩ ᠤᠨ ᠨᠠᠮᠵᠢᠭᠤᠨ ᠰᠤᠳᠠᠯ ᠤᠨ ᠲᠠᠷᠤᠯᠳᠠ ᠠᠴᠠ ᠪᠤᠯᠵᠤ ᠭᠡᠮᠨᠠᠨ ᠡᠬᠦᠰᠳᠡᠭ ᠪᠠᠶᠢᠨ᠎ᠠ᠃ ᠡᠬᠦᠨ ᠳᠤ ᠲᠠᠯᠠᠩ  ᠤᠨ ᠠᠷᠠᠰᠤ ᠴᠢᠩᠭᠠᠷᠠᠵᠤ ᠤᠯᠠᠶᠢᠨ᠎ᠠ᠃ ᠲᠠᠷᠤᠵᠤ ᠥᠵᠠᠬᠦ ᠳᠤ ᠡᠪᠠᠳᠬᠦ ᠥᠭᠡᠢ ᠪᠥᠭᠡᠳ ᠬᠤᠷᠤᠭᠤᠨ ᠤ ᠤᠷᠤ ᠯᠨ ᠥᠯᠠᠳᠠᠨ᠎ᠠ᠃ ᠵᠠᠷᠢᠮ ᠨᠢ ᠲᠠᠮᠠᠢ ᠤᠳᠠᠯ ᠥᠭᠡᠢ ᠥᠪᠠᠰᠤᠪᠠᠨ ᠡᠳᠠᠭᠡᠷᠠᠴᠢᠭᠡᠳᠡᠭ᠂ ᠴᠥᠭᠡᠨ ᠭᠡᠳᠤ ᠨᠢ ᠪᠠᠰᠨ ᠰᠢᠷ᠎ᠠ ᠤᠰᠤᠨ ᠤ ᠴᠢᠨᠠᠷᠳᠠᠢ ᠲᠠᠯᠠᠩ  ᠤᠨ ᠥᠷᠪᠢᠰᠤᠯ ᠪᠤᠯᠬᠤ ᠪᠤᠶᠤ ᠲᠠᠯᠠᠩ  ᠤᠨ ᠠᠷᠠᠰᠤ ᠨᠢ ᠥᠬᠦᠴᠢᠭᠡᠳᠡᠭ᠃ ᠲᠠᠭᠡᠭᠡᠳ ᠰᠦ ᠱᠥᠬᠦᠷᠠᠬᠦᠯᠬᠦ ᠭᠡᠮᠵᠢᠶ᠎ᠠ ᠨᠢ ᠪᠠᠭᠠᠰᠤᠨ᠎ᠠ᠃        ᠰᠠᠷᠭᠡᠶᠢᠯᠠᠨ ᠵᠠᠰᠠᠬᠤ᠄ ᠲᠤᠭᠤᠯᠯᠠᠬᠤ ᠠᠴᠠ ᠨᠢᠭᠡ ᠰᠠᠷ᠎ᠠ ᠶᠢᠨ ᠡᠮᠤᠨ᠎ᠠ᠂ ᠠᠯᠢ ᠴᠢᠳᠠᠬᠤ ᠪᠠᠷ ᠪᠠᠭ᠎ᠠ ᠰᠠᠭ᠎ᠠ ᠨᠠᠷᠢᠯᠢᠭ ᠪᠤᠷᠳᠤᠭ᠎ᠠ ᠥᠭᠴᠤ᠂ ᠵᠤᠭᠢᠰᠳᠠᠢ ᠬᠥᠳᠠᠯᠭᠡᠭᠡᠨ ᠭᠢᠯᠭᠡᠬᠦ ᠭᠡᠷᠡᠭᠳᠠᠢ᠃ ᠤᠰᠤᠨ ᠬᠠᠪᠤᠳᠠᠷ ᠨᠢ ᠪᠠᠭ᠎ᠠ ᠪᠠᠶᠢᠬᠤ ᠥᠶᠠᠰ ᠬᠠᠯᠠᠭᠤᠨ ᠤᠰᠤᠨ ᠱᠠᠪᠰᠢᠯᠭ᠎ᠠ ᠶᠢ ᠡᠳᠤᠷ ᠲᠤ ᠭᠡᠳᠤ ᠤᠳᠠᠭ᠎ᠠ ᠭᠢᠵᠤ ᠪᠤᠯᠤᠨ᠎ᠠ᠃ ᠥᠨᠳᠤᠷ ᠭᠠᠷᠤᠯᠳᠠ  ᠲᠠᠢ ᠰᠠᠭᠠᠯᠢ ᠶᠢᠨ ᠥᠨᠢᠶᠠᠨ ᠳᠤ ᠡᠳᠤᠷ ᠪᠥᠷᠢ ᠶᠢᠨ ᠰᠠᠭᠠᠬᠤ ᠤᠳᠠᠭ᠎ᠠ ᠶᠢ ᠨᠠᠮᠡᠭᠳᠠᠬᠦᠯᠵᠤ᠂ ᠬᠥᠨᠳᠤᠷᠠᠬᠦ ᠥᠶᠠᠰ ᠡᠮ ᠥᠭᠴᠤ ᠡᠮᠨᠠᠵᠤ ᠪᠤᠯᠤᠨ᠎ᠠ᠃ ᠵᠢᠱᠢᠶᠠᠯᠠᠪᠠᠯ ᠲᠠᠪᠤᠰᠤᠨ  ᠤ ᠲᠥᠷᠤᠯ  ᠤᠨ ᠲᠤᠭᠤᠯᠤᠭᠤᠯᠬᠤ ᠡᠮ᠂ ᠰᠢᠭᠡᠰᠤ ᠰᠠᠶᠢᠵᠢᠷᠠᠭᠤᠯᠬᠤ ᠡᠮ ᠪᠤᠯᠤᠨ ᠵᠢᠷᠤᠭᠡ ᠲᠠᠮᠢᠷᠵᠢᠭᠤᠯᠬᠤ ᠡᠮ ᠵᠠᠷᠭᠡ ᠶᠢ ᠭᠡᠷᠡᠭᠯᠠᠵᠤ ᠪᠤᠯᠤᠨ᠎ᠠ᠃
 
ᠢᠷᠡᠯᠲᠡ᠄ ︽ᠤᠯᠠᠭᠠᠨ ᠬᠠᠳᠠ ᠶᠢᠨ ᠡᠳᠤᠷ  ᠤᠨ ᠰᠤᠨᠢᠨ︾ ᠠᠴᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号