ᠨᠢᠰᠭᠡᠯ ᠲᠡᠭᠡᠷ᠎ᠡ ᠭᠠᠷ ᠤᠳᠠᠰᠤ ᠴᠠᠭᠠᠵᠠᠯᠠᠬᠤ ᠵᠠᠷᠯᠢᠭ ᠢ ᠬᠥᠴᠤᠨ ᠦᠭᠡᠢ ᠪᠤᠯᠭᠠᠭᠰᠠᠨ ᠭᠡᠨ᠎ᠡ︖ ᠨᠢᠰᠭᠡᠯ ᠲᠡᠭᠡᠷ᠎ᠡ ᠭᠠᠷ ᠤᠳᠠᠰᠤ ᠬᠡᠷᠡᠭᠯᠡᠬᠦ ᠪᠤᠯᠲᠠᠯ᠎ᠠ ᠪᠠᠰᠠ ᠨᠡᠯᠢᠶᠡᠳ ᠴᠠᠭ ᠬᠡᠷᠡᠭᠰᠡᠨ᠎ᠠ
ᠨᠡᠶᠢᠲᠡᠯᠡᠭᠰᠡᠨ ᠴᠠᠭ᠄
2017/9/28
    ᠲᠦᠷᠤᠬᠦᠭᠡᠨ᠂《ᠲᠤᠮᠤ ᠬᠡᠯᠪᠡᠷᠢ   ᠶᠢᠨ  ᠨᠢᠰᠭᠡᠯ   ᠤᠨ  ᠤᠯᠠᠨ  ᠨᠡᠶᠢᠳᠡ   ᠶᠢᠨ  ᠠᠭᠠᠷ   ᠤᠨ  ᠲᠡᠭᠡᠭᠡᠪᠤᠷᠢ  ᠵᠢᠨ‌‍ᠲ᠋ᠠᠭᠡᠭᠡᠪᠤᠷᠢᠯᠡᠭᠴᠢ ᠶᠢᠨ ᠠᠵᠢᠯᠯᠠᠭᠠᠨ ᠤ ᠬᠢᠷᠢ ᠲᠡᠩᠴᠡᠬᠦ ᠶᠢ ᠬᠢᠨᠠᠨ  ᠲᠤᠬᠳᠠᠭᠠᠬᠤ  ᠲᠦᠷᠢᠮ ᠳᠤ  ᠲᠠᠪᠤᠳᠡᠬᠢ  ᠤᠳᠠᠭ᠎ᠠ‌ᠵᠠᠰᠠᠪᠤᠷᠢ ᠤᠷᠤᠭᠤᠯᠵᠠᠢ᠂ ᠡᠬᠦᠨ ᠢ 10 ᠰᠠᠷ᠎ᠠ ᠠᠴᠠ ᠡᠬᠢᠯᠡᠵᠤ ᠬᠡᠷᠡᠭᠵᠢᠬᠦᠯᠤᠨ᠎ᠠ᠃ ᠡᠬᠦᠨ  ᠳᠤ᠂ ᠵᠠᠰᠠᠪᠤᠷᠢ ᠤᠷᠤᠭᠤᠯᠤᠭᠰᠠᠨ‌‍ᠤ ᠲᠠᠷᠠᠭᠠᠬᠢ ᠰᠢᠨ᠎ᠠ ᠲᠤᠬᠳᠠᠭᠠᠯ ᠳᠤ ᠠᠭᠠᠷ ᠤᠨ ᠠᠶᠠᠯᠠᠯ ᠤᠨ ᠺᠤᠮᠫᠠᠨᠢ   ᠶᠢᠨ  ᠠᠶᠠᠨᠴᠢᠳ   ᠤᠨ  ᠨᠢᠰᠭᠡᠯ  ᠲᠡᠭᠡᠷ᠎ᠡ  ᠠᠪᠴᠤ ᠶᠠᠪᠤᠬᠤ ᠮᠠᠶ᠋ᠢᠭ ᠤᠨ ᠡᠯᠧᠺᠲᠷᠤᠨ ᠲᠦᠬᠦᠭᠡᠷᠤᠮᠵᠢ ᠬᠡᠷᠡᠭᠯᠡᠬᠦ ᠶᠢᠨ ᠨᠦᠯᠤᠭᠡ ᠶᠢ  ᠦᠨᠡᠯᠡᠨ  ᠵᠢᠱᠢᠬᠦ   ᠶᠢ  ᠵᠦᠪᠰᠢᠶᠡᠷᠡᠬᠦ  ᠵᠢᠨ‌ᠬᠠᠮᠳᠤ ᠵᠤᠬᠢᠴᠠᠩᠭᠤᠢ ᠬᠠᠮᠢᠶᠠᠷᠤᠯᠳᠠ ᠶᠢᠨ ᠲᠦᠷᠤ ᠶᠢᠨ ᠪᠤᠳᠤᠯᠭ᠎ᠠ ᠲᠤᠬᠳᠠᠭᠠᠬᠤ ᠲᠤᠬᠠᠢ ᠪᠤᠯ ᠬᠥᠮᠤᠰ   ᠤᠨ  ᠬᠠᠮᠤᠭ  ᠡᠴᠠ‌ᠠᠩᠬᠠᠷᠴᠤ ᠪᠠᠶᠢᠭ᠎ᠠ ᠠᠰᠠᠭᠤᠳᠠᠯ ᠪᠤᠯᠤᠨ᠎ᠠ᠃ ᠨᠢᠰᠭᠡᠯ ᠤᠨ ᠠᠶᠠᠯᠠᠯ ᠤᠨ ᠪᠦᠬᠦ ᠶᠠᠪᠤᠴᠠ ᠳᠤ ᠭᠠᠷ ᠤᠳᠡᠰᠤ  ᠨᠡᠭᠡᠭᠡᠵᠤ  ᠪᠤᠯᠬᠤ‌ᠦᠭᠡᠢ《ᠴᠠᠭᠠᠵᠠᠯᠠᠬᠤ ᠵᠠᠷᠯᠢᠭ》  ᠢ ᠡᠬᠦᠨ ᠠᠴᠠ ᠪᠤᠯᠵᠤ ᠬᠥᠴᠤᠨ ᠦᠭᠡᠢ ᠪᠤᠯᠭᠠᠨ᠎ᠠ ᠤᠤ︖           《ᠲᠤᠮᠳᠠᠳᠤ ᠤᠯᠤᠰ ᠤᠨ ᠰᠦᠯᠵᠢᠶᠡᠨ ᠤ ᠤᠴᠢᠷ ᠶᠠᠪᠤᠳᠠᠯ》 ᠤᠨ ᠰᠤᠷᠪᠤᠯᠵᠢᠯᠠᠭᠴᠢ ᠶᠢᠨ ᠦᠢᠯᠠᠭᠠᠭᠰᠠᠨ  ᠢᠶᠠᠷ᠂ᠡᠨᠡ ᠨᠢ 10 ᠰᠠᠷ᠎ᠠ ᠠᠴᠠ ᠡᠬᠢᠯᠡᠨ ᠨᠢᠰᠭᠡᠯ ᠲᠡᠭᠡᠷ᠎ᠡ ᠭᠠᠷ ᠤᠳᠡᠰᠤ ᠨᠡᠭᠡᠭᠡᠵᠤ ᠪᠤᠯᠤᠨ᠎ᠠ ᠬᠡᠰᠡᠨ ᠢ ᠬᠠᠷᠠᠭᠤᠯᠵᠤ ᠪᠠᠶᠢᠭ᠎ᠠ ᠪᠢᠰᠢ‌‍ᠶᠤᠮ᠂ ᠮᠦᠨ ᠴᠦ ᠨᠢᠰᠭᠡᠯ ᠲᠡᠭᠡᠷ᠎ᠡ ᠭᠠᠷ ᠤᠳᠡᠰᠤ ᠪᠠᠷ ᠤᠳᠡᠰᠤᠳᠡᠵᠤ ᠪᠤᠯᠤᠨ᠎ᠠ ᠬᠡᠰᠡᠨ ᠦᠭᠡ ᠪᠢᠰᠢ ᠶᠤᠮ᠂ ᠡᠯ᠎ᠡ ᠠᠭᠠᠷ ‍ᠤᠨ‌ᠠᠶᠠᠯᠠᠯ ᠤᠨ ᠺᠤᠮᠫᠠᠨᠢ ᠦᠨᠡᠯᠡᠨ ᠵᠢᠱᠢᠵᠤ ᠰᠢᠯᠭᠠᠨ ᠪᠠᠳᠤᠯᠠᠭᠰᠠᠨ ᠤ ᠲᠠᠷᠠᠭ᠎ᠠ ᠰᠠᠶ᠋ᠢ ᠬᠡᠷᠡᠭᠯᠡᠬᠦ ᠲᠤᠬᠳᠠᠭᠠᠯ  ᠭᠠᠷᠭᠠᠬᠤ  ᠪᠤᠯᠬᠤᠷ‌ᠨᠢᠰᠭᠡᠯ ᠲᠡᠭᠡᠷ᠎ᠡ ᠭᠠᠷ ᠤᠳᠠᠰᠤ ᠬᠡᠷᠡᠭᠯᠡᠬᠦ ᠪᠤᠯᠲᠠᠯ᠎ᠠ ᠪᠠᠰᠠ ᠨᠡᠯᠢᠶᠡᠳ ᠴᠠᠭ ᠬᠡᠷᠡᠭᠰᠡᠨ᠎ᠠ᠃             ᠲᠤᠰᠬᠠᠢ ᠮᠡᠷᠭᠡᠵᠢᠯᠳᠡᠨ᠄ ᠠᠶᠠᠨᠴᠢᠳ ᠭᠠᠷ ᠤᠳᠡᠰᠤ ᠬᠡᠷᠡᠭᠯᠡᠬᠦ  ᠲᠠᠯ᠎ᠠ   ᠪᠠᠷ   ᠬᠢ  ᠭᠤᠷᠪᠠᠨ  ᠶᠡᠭᠡ  ᠠᠳᠡᠬᠦᠷᠡᠯ   ᠢ ᠠᠩᠬᠠᠷᠬᠤ ᠴᠢᠬᠤᠯᠠᠳᠠᠢ     ᠠᠭᠠᠷ ᠤᠨ ᠠᠶᠠᠯᠠᠯ ᠤᠨ ᠬᠠᠮᠢᠶᠠᠷᠤᠯᠳᠠ ᠶᠢᠨ ᠰᠠᠯᠠᠭ᠎ᠠ ᠮᠦᠴᠢᠷ ᠭᠠᠷ ᠤᠳᠠᠰᠤ ᠬᠡᠷᠡᠭᠯᠡᠬᠦ   ᠶᠢ  ᠴᠠᠭᠠᠵᠠᠯᠠᠬᠤ  ᠵᠦᠢᠯ‌‍ᠪᠠᠳᠠᠭ ᠢ ᠬᠠᠰᠤᠭᠠᠳ ᠬᠡᠷᠡᠭᠯᠡᠬᠦ ᠶᠢ ᠵᠦᠪᠰᠢᠶᠡᠷᠡᠬᠦ ᠡᠰᠡᠬᠦ ᠪᠤᠳᠤᠯᠭ᠎ᠠ ᠲᠤᠬᠳᠠᠭᠠᠬᠤ ᠡᠷᠭᠡ ᠶᠢ ᠠᠭᠠᠷ ᠤᠨ ᠠᠶᠠᠯᠠᠯ ᠤᠨ ᠺᠤᠮᠫᠠᠨᠢ‌‍ᠳᠥ ᠲᠤᠰᠢᠶᠠᠨ ᠦᠭᠴᠠᠢ᠂ ᠬᠡᠪᠡᠴᠤ ᠴᠠᠭᠠᠵᠠᠯᠠᠬᠤ ᠵᠠᠷᠯᠢᠭ ᠢ ᠬᠥᠴᠤᠨ ᠦᠭᠡᠢ ᠪᠤᠯᠭᠠᠯ᠎ᠠ  ᠴᠤ  ᠬᠡᠰᠡᠨ  ᠠᠶᠠᠨᠴᠢᠳ  ᠡᠷᠭᠡᠪᠰᠢ‌ᠠᠭᠠᠷ ᠤᠨ ᠠᠶᠠᠯᠠᠯ ᠤᠨ ᠺᠤᠮᠫᠠᠨᠢ ᠶᠢᠨ ᠲᠤᠬᠳᠠᠭᠠᠭᠰᠠᠨ ᠬᠡᠪᠴᠢᠶᠠᠨ ᠳᠤ ᠭᠠᠷ ᠤᠳᠠᠰᠤ ᠶᠢ ᠵᠦᠢ ᠵᠤᠬᠢᠰᠳᠠᠢ ᠬᠡᠷᠡᠭᠯᠡᠬᠦ ᠬᠡᠷᠡᠭᠳᠠᠢ ᠶᠤᠮ᠃             ᠠᠷᠠᠳ ᠤᠨ ᠠᠭᠠᠷ ᠤᠨ ᠲᠡᠭᠡᠭᠡᠪᠤᠷᠢ ᠶᠢᠨ ᠲᠤᠰᠬᠠᠢ ᠮᠡᠷᠭᠡᠵᠢᠯᠳᠡᠨ ᠤ ᠦᠵᠡᠬᠦ ᠪᠠᠷ᠂ ᠤᠯᠤᠰ ᠤᠨ  ᠭᠠᠳᠠᠭᠠᠳᠤ  ᠵᠢᠨ‌ᠠᠭᠠᠷ ᠤᠨ ᠠᠶᠠᠯᠠᠯ ᠤᠨ ᠬᠠᠮᠢᠶᠠᠷᠤᠯᠳᠠ ᠶᠢᠨ ᠰᠠᠯᠠᠭ᠎ᠠ ᠮᠦᠴᠢᠷ ᠤᠨ ᠲᠤᠬᠳᠠᠭᠠᠯ   ᠢ  ᠯᠠᠪᠯᠠᠪᠠᠯ᠂  ᠭᠠᠷ  ᠤᠳᠠᠰᠤ  ᠬᠡᠷᠡᠭᠯᠡᠵᠤ ᠪᠤᠯᠤᠨ᠎ᠠ ᠬᠡᠳᠡᠭ ᠨᠢ ᠬᠡᠵᠢᠶ᠎ᠠ ᠬᠠᠮᠢᠭ᠎ᠠ ᠴᠤ ᠬᠡᠰᠡᠨ ᠲᠤᠷ᠎ᠠ ᠪᠠᠷ ᠢᠶᠠᠨ ᠬᠡᠷᠡᠭᠯᠡᠵᠤ ᠪᠤᠯᠤᠨ᠎ᠠ ᠬᠡᠰᠡᠨ ᠦᠭᠡ ᠪᠢᠰᠢ ᠶᠤᠮ᠂ ᠡᠬᠦᠨ‌‍ᠳᠥ ᠠᠶᠠᠨᠴᠢᠳ ᠭᠤᠷᠪᠠᠨ ᠶᠡᠭᠡ ᠠᠳᠡᠬᠦᠷᠡᠯ ᠢ ᠠᠩᠬᠠᠷᠬᠤ ᠴᠢᠬᠤᠯᠠᠳᠠᠢ᠄           ᠠᠳᠡᠬᠦᠷᠡᠯ ᠨᠢᠭᠡ᠄ ᠨᠢᠰᠤᠯᠳᠡ ᠶᠢᠨ ᠶᠠᠪᠤᠴᠠ ᠳᠤ ᠤᠳᠡᠰᠤᠳᠡᠵᠤ ᠪᠤᠯᠬᠤ᠃             ᠠᠪᠢᠶᠠᠨ ᠮᠡᠳᠡᠭᠡ ᠬᠤᠯᠪᠤᠭ᠎ᠠ ᠶᠢ ᠨᠢᠰᠭᠡᠯ ᠲᠡᠭᠡᠷ᠎ᠡ ᠬᠡᠷᠡᠭᠯᠡᠬᠦ   ᠶᠢ  ᠬᠢᠵᠠᠭᠠᠷᠯᠠᠳᠠᠭ᠂  ᠡᠸᠦ᠋ᠷᠤᠫᠠ  ᠠᠮᠧᠷᠢᠺᠠ  ᠵᠢᠴᠢ ᠤᠯᠤᠰ ᠤᠨ ᠲᠤᠳᠤᠭᠠᠳᠤ ᠶᠢᠨ ᠬᠤᠵᠢᠮ ᠤᠨ ᠲᠦᠷᠤ ᠶᠢᠨ ᠪᠤᠳᠤᠯᠭ᠎ᠠ ᠳᠤ ᠴᠦᠮ ᠨᠢᠰᠤᠯᠳᠡ   ᠶᠢᠨ  ᠵᠠᠬᠪᠤᠷ  ᠲᠤᠤᠷ᠎ᠠ  ᠭᠠᠷ‌ᠤᠳᠡᠰᠤᠨ ᠤ WIFI ᠬᠡᠷᠡᠭᠯᠡᠬᠦ ᠶᠢ ᠵᠦᠪᠰᠢᠶᠡᠷᠡᠬᠦ ᠪᠤᠯᠪᠠᠴᠤ ᠠᠪᠢᠶᠠᠨ ᠮᠡᠳᠡᠭᠡ ᠬᠤᠯᠪᠤᠭ᠎ᠠ  ᠶᠢᠨ ᠴᠢᠳᠠᠮᠵᠢ   ᠶᠢ  ᠴᠠᠭᠠᠵᠠᠯᠠᠵᠤ ᠪᠠᠶᠢᠳᠠᠭ᠃             ᠠᠳᠡᠬᠦᠷᠡᠯ ᠬᠤᠶᠠᠷ᠄ 10 ᠰᠠᠷ᠎ᠠ ᠠᠴᠠ ᠡᠬᠢᠯᠡᠨ ᠨᠢᠰᠤᠯᠳᠡ ᠶᠢᠨ ᠶᠠᠪᠤᠴᠠ ᠳᠤ ᠭᠠᠷ ᠤᠳᠠᠰᠤ ᠬᠡᠷᠡᠭᠯᠡᠵᠤ ᠪᠤᠯᠬᠤ᠃             ᠠᠭᠠᠷ   ᠤᠨ  ᠠᠶᠠᠯᠠᠯ   ᠤᠨ  ᠺᠤᠮᠫᠠᠨᠢ  ᠠᠯᠢ  ᠤᠯᠠᠨ  ᠦᠨᠡᠯᠡᠨ  ᠵᠢᠱᠢᠵᠤ  ᠰᠢᠯᠭᠠᠨ   ᠪᠠᠳᠤᠯᠠᠬᠤ  ᠠᠵᠢᠯ   ᠢ ᠶᠠᠪᠤᠬᠳᠠᠭᠤᠯᠤᠭᠰᠠᠨ ᠤ ᠲᠠᠷᠠᠭ᠎ᠠ ᠪᠠᠰᠠ ᠨᠢᠰᠭᠡᠯ ᠲᠡᠭᠡᠷ᠎ᠡ ᠭᠠᠷ ᠤᠳᠠᠰᠤ ᠬᠡᠷᠡᠭᠯᠡᠬᠦ ᠳᠤ  ᠴᠢᠭᠯᠡᠬᠦᠯᠤᠨ᠂  ᠠᠮᠤᠷ  ᠲᠦᠪᠰᠢᠨ   ᠤ ᠠᠩᠬᠠᠷᠤᠯ᠂ ᠨᠢᠰᠭᠡᠯ ᠤᠨ ᠦᠢᠯᠡᠴᠢᠯᠡᠭᠴᠢ ᠶᠢᠨ ᠪᠤᠯᠪᠠᠰᠤᠷᠠᠭᠤᠯᠤᠯ᠂ ᠠᠵᠢᠯ ᠤᠨ ᠴᠤᠪᠤᠷᠠᠯ   ᠢ  ᠰᠢᠯᠢᠳᠡᠭᠵᠢᠬᠦᠯᠬᠦ᠂  ᠬᠡᠪ   ᠤᠨ ᠪᠤᠰᠤ ᠪᠠᠶᠢᠳᠠᠯ ᠢ ᠰᠢᠢᠳᠪᠤᠷᠢᠯᠡᠬᠦ ᠪᠠ ᠲᠡᠭᠡᠭᠰᠢ ᠮᠡᠳᠡᠬᠦᠯᠬᠦ ᠵᠡᠷᠭᠡ ᠠᠯᠢ ᠤᠯᠠᠨ ᠪᠡᠯᠡᠳᠭᠡᠯ ᠠᠵᠢᠯ ᠤᠳ ᠢ  ᠬᠢᠬᠦ   ᠶᠢᠨ  ᠬᠠᠮᠳᠤ ᠠᠷᠠᠳ ᠤᠨ ᠠᠭᠠᠷ ᠤᠨ ᠲᠡᠭᠡᠭᠡᠪᠤᠷᠢ   ᠶᠢᠨ  ᠲᠤᠪᠴᠢᠶ᠎ᠠ   ᠶᠢᠨ  ᠬᠠᠮᠢᠶ᠎ᠠ  ᠪᠦᠬᠦᠢ  ᠴᠤᠪᠤᠷᠠᠯ   ᠢᠶᠠᠷ  ᠲᠡᠮᠵᠢᠭᠤᠯᠤᠨ  ᠲᠡᠭᠡᠭᠰᠢ ᠮᠡᠳᠡᠬᠦᠯᠤᠨ ᠲᠠᠩᠰᠠᠯᠠᠭᠤᠯᠬᠤ ᠴᠢᠬᠤᠯᠠᠳᠠᠢ ᠶᠤᠮ᠃ ᠦᠭᠡᠷ᠎ᠡ ᠪᠠᠷ ᠬᠡᠯᠡᠪᠡᠯ᠂ ᠠᠭᠠᠷ ᠤᠨ ᠠᠶᠠᠯᠠᠯ ᠤᠨ ᠺᠤᠮᠫᠠᠨᠢ ᠬᠠᠮᠢᠶ᠎ᠠ  ᠪᠦᠬᠦᠢ‌‍ᠴᠤᠪᠤᠷᠠᠯ ᠢ ᠦᠩᠭᠡᠷᠡᠭᠡᠬᠦ ᠠᠴᠠ ᠡᠮᠤᠨ᠎ᠠ᠂ ᠠᠶᠠᠨᠴᠢᠳ ᠨᠢᠰᠭᠡᠯ ᠲᠡᠭᠡᠷ᠎ᠡ ᠭᠠᠷ ᠤᠳᠠᠰᠤ ᠬᠡᠷᠡᠭᠯᠡᠵᠤ ᠪᠤᠯᠬᠤ ᠦᠭᠡᠢ ᠪᠠᠶᠢᠳᠠᠭ᠃            ᠠᠳᠡᠬᠦᠷᠡᠯ ᠭᠤᠷᠪᠠ᠄ ᠠᠭᠠᠷ ᠤᠨ ᠠᠶᠠᠯᠠᠯ ᠤᠨ ᠺᠤᠮᠫᠠᠨᠢ ᠭᠠᠷ ᠤᠳᠡᠰᠤ ᠬᠡᠷᠡᠭᠯᠡᠬᠦ ᠶᠢ ᠵᠦᠪᠰᠢᠶᠡᠷᠡᠭᠰᠡᠨ   ᠤ  ᠲᠠᠷᠠᠭ᠎ᠠ ᠨᠢᠰᠭᠡᠯ ᠤᠨ ᠲᠤᠭᠤᠶᠢᠯᠠᠩ ᠤᠨ ᠱᠠᠭᠠᠷᠳᠠᠯᠭ᠎ᠠ ᠶᠢ ᠦᠢᠰᠢᠶᠠᠭᠰᠠᠨ ᠤ ᠴᠢᠬᠤᠯᠠ ᠦᠭᠡᠢ ᠪᠤᠯᠬᠤ᠃            ᠬᠠᠮᠢᠶ᠎ᠠ ᠪᠦᠬᠦᠢ ᠬᠠᠤᠯᠢ ᠴᠠᠭᠠᠵᠠ ᠳᠤ ᠲᠤᠬᠳᠠᠭᠠᠭᠰᠠᠨ ᠢᠶᠠᠷ᠂ ᠨᠢᠰᠤᠯᠳᠡ ᠶᠢ ᠬᠠᠷᠰᠢᠯᠠᠭᠰᠠᠨ ᠰᠡᠵᠢᠭᠯᠡᠯᠳᠡᠢ ᠪᠠᠶᠢᠳᠠᠯ‌ᠢ ᠤᠯᠵᠤ ᠮᠡᠳᠡᠪᠡᠯ᠂ ᠨᠢᠰᠭᠡᠯ ᠤᠨ ᠲᠤᠭᠤᠶᠢᠯᠠᠩ ᠤᠨ ᠠᠵᠢᠯᠳᠠᠨ ᠠᠶ᠋ᠨᠨᠴᠢᠳ ᠤᠨ ᠭᠠᠷ ᠤᠳᠠᠰᠤ  ᠬᠡᠷᠡᠭᠯᠡᠬᠦ   ᠶᠢ  ᠴᠠᠭᠠᠵᠠᠯᠠᠬᠤ ᠡᠷᠭᠡ ᠲᠠᠢ᠂ ᠡᠶᠢᠮᠤ ᠠᠴᠠ ᠠᠶᠠᠨᠴᠢᠳ ᠡᠷᠭᠡᠪᠰᠢ ᠨᠢᠰᠭᠡᠯ ᠤᠨ ᠲᠤᠭᠤᠶᠢᠯᠠᠩ ᠤᠨ ᠠᠵᠢᠯᠳᠠᠨ   ᠤ  ᠱᠠᠭᠠᠷᠳᠠᠯᠭ᠎ᠠ   ᠶᠢ  ᠲᠠᠭᠠᠬᠤ ᠬᠡᠷᠡᠭᠳᠠᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09002379号