ᠲᠤᠮᠳᠠᠳᠤ ᠪᠠᠭ᠎ᠠ ᠰᠤᠷᠭᠠᠭᠤᠯᠢ ᠶᠢᠨ | ᠨᠤᠮ ᠤᠨ ᠰᠠᠩ ᠤᠨ ᠭᠠᠷᠠᠭ ᠲᠤ ᠨᠡᠬᠡᠬᠡᠯᠳᠡ | ᠬᠢᠬᠦ ᠴᠠᠭ ᠨᠢ ᠶᠤᠰᠤᠨ ᠳᠤ ᠪᠠᠨ 40 | ᠴᠠᠭ ᠡᠴᠡ ᠴᠦᠬᠡᠨ ᠪᠠᠶᠢᠵᠤ ᠪᠤᠯᠬᠤ ᠦᠭᠡᠢ᠂ | ᠵᠢᠯ ᠪᠦᠷᠢ ᠰᠤᠷᠤᠭᠴᠢ ᠨᠢᠬᠡᠪᠦᠷᠢ ᠶᠢᠨ | ᠪᠠᠷᠢᠮᠵᠢᠶ᠎ᠠ ᠪᠡᠷ ᠨᠢᠬᠡ ᠨᠤᠮ ᠨᠡᠮᠡᠵᠤ | ᠰᠢᠨᠡᠴᠢᠯᠡᠬᠦ ᠬᠡᠷᠡᠭᠲᠡᠢ ᠬᠡᠵᠤ ᠰᠤᠷᠭᠠᠨ | ᠬᠦᠮᠦᠵᠢᠯ ᠤᠨ ᠶᠠᠮᠤᠨ ᠤᠶᠢᠷ᠎ᠠ ᠳᠤ | ᠮᠡᠳᠡᠭᠳᠡᠯ ᠲᠠᠷᠬᠠᠭᠠᠵᠤ᠂ ᠲᠤᠮᠳᠠᠳᠤ ᠪᠠᠭ᠎ᠠ | ᠰᠤᠷᠭᠠᠭᠤᠯᠢ ᠶᠢᠨ ᠨᠤᠮ ᠤᠨ ᠰᠠᠩ ᠤᠨ | ᠬᠠᠮᠢᠶᠠᠷᠤᠯᠳᠠ ᠳᠤ ᠲᠦᠷᠢᠮ ᠲᠤᠭᠳᠠᠭᠠᠯ | ᠲᠤᠬᠳᠠᠭᠠᠪᠠ᠃ | ᠮᠡᠳᠡᠭᠳᠡᠯ ᠳᠤ᠂ ᠨᠤᠮ ᠤᠨ ᠰᠠᠩ ᠵᠢᠬᠡᠯᠡᠨ | ᠤᠩᠰᠢᠭᠤᠯᠬᠤ ᠪᠡᠷ ᠭᠤᠤᠯᠯᠠᠨ᠂ | ᠠᠶᠤᠯᠬᠦᠢ ᠶᠢᠨ ᠤᠷᠢᠳᠠᠯ ᠲᠤᠤᠷ᠎ᠠ ᠨᠤᠮ ᠤᠨ | ᠰᠠᠩ ᠤᠨ ᠬᠤᠩᠬᠢᠯ᠂ ᠬᠢᠴᠢᠶᠡᠯ ᠤᠨ ᠬᠡᠷ | ᠵᠡᠷᠬᠡ ᠤᠷᠤᠨ ᠵᠠᠢ ᠶᠢ ᠠᠰᠢᠭᠯᠠᠨ ᠵᠢᠬᠡᠯᠡᠨ | ᠤᠩᠰᠢᠭᠤᠯᠬᠤ ᠵᠡᠷᠬᠡ ᠰᠢᠨ᠎ᠡ ᠠᠷᠭ᠎ᠠ ᠶᠢ | ᠬᠡᠷᠡᠭᠯᠡᠨ᠎ᠡ᠃ ᠰᠤᠷᠭᠠᠯᠳᠠ ᠶᠢᠨ | ᠬᠤᠭᠤᠴᠠᠭᠠᠨ ᠳᠤ ᠨᠤᠮ ᠤᠨ ᠰᠠᠩ ᠭᠠᠷᠠᠭ ᠲᠤ | ᠨᠡᠬᠡᠬᠡᠯᠳᠡ ᠬᠢᠬᠦ ᠴᠠᠭ ᠨᠢ 40 ᠴᠠᠭ ᠡᠴᠡ | ᠴᠦᠬᠡᠨ ᠪᠠᠶᠢᠵᠤ ᠪᠤᠯᠬᠤ ᠦᠭᠡᠢ᠃ | ᠬᠢᠴᠢᠶᠡᠯ ᠦᠭᠡᠢ ᠴᠠᠭ᠂ ᠬᠠᠤᠯᠢ ᠪᠡᠷ | ᠲᠤᠭᠳᠠᠭᠰᠠᠨ ᠠᠮᠠᠷᠠᠯᠳᠠ ᠪᠤᠯᠤᠨ ᠡᠪᠤᠯ | ᠵᠤᠨ ᠤ ᠠᠮᠠᠷᠠᠯᠳᠠ ᠶᠢᠨ ᠬᠤᠭᠤᠴᠠᠭᠠᠨ ᠳᠤ | ᠪᠦᠲᠦᠮᠵᠢᠲᠡᠢ ᠨᠡᠬᠡᠬᠡᠯᠳᠡ ᠬᠢᠨ᠎ᠡ᠃ | ᠨᠤᠮ ᠤᠨ ᠰᠠᠩ 《ᠲᠤᠮᠳᠠᠳᠤ ᠪᠠᠭ᠎ᠠ | ᠰᠤᠷᠭᠠᠭᠤᠯᠢ ᠶᠢᠨ ᠨᠤᠮ ᠤᠨ ᠰᠠᠩ ᠤᠨ | ᠬᠠᠳᠠᠭᠠᠯᠠᠬᠤ ᠨᠤᠮ ᠤᠨ ᠲᠦᠷᠦᠯ ᠤᠨ | ᠬᠠᠷᠢᠴᠠᠯ ᠤᠨ ᠬᠦᠰᠦᠨᠤᠭ᠍ᠳᠤ》 ᠪᠤᠯᠤᠨ | ᠰᠤᠷᠭᠠᠨ ᠬᠦᠮᠦᠵᠢᠯ ᠤᠨ ᠶᠠᠮᠤᠨ ᠡᠴᠡ | ᠵᠢᠯᠤᠭᠤᠳᠤᠨ ᠨᠠᠶᠢᠷᠠᠭᠤᠯᠤᠭᠰᠠᠨ《ᠤᠯᠤᠰ | ᠲᠠᠶᠠᠭᠠᠷ ᠤᠨ ᠲᠤᠮᠳᠠᠳᠤ ᠪᠠᠭ᠎ᠠ | ᠰᠤᠷᠭᠠᠭᠤᠯᠢ ᠶᠢᠨ ᠨᠤᠮ ᠤᠨ ᠰᠠᠩ ᠤᠨ | ᠲᠠᠨᠢᠯᠴᠠᠭᠤᠯᠤᠭᠰᠠᠨ ᠨᠤᠮ ᠤᠨ ᠨᠡᠷ᠎ᠡ》ᠪᠡᠷ | ᠬᠠᠳᠠᠭᠠᠯᠠᠬᠤ ᠨᠤᠮ ᠤᠨ ᠭᠤᠤᠯ ᠦᠨᠳᠤᠰᠦᠯᠡᠯ | ᠪᠤᠯᠭᠠᠵᠤ᠂ ᠴᠠᠭᠠᠰᠤᠨ ᠬᠡᠪᠯᠡᠯ ᠤᠨ ᠨᠤᠮ | ᠰᠡᠳᠬᠦᠯ ᠢ ᠵᠦᠢ ᠵᠤᠬᠢᠰᠲᠠᠢ | ᠲᠤᠬᠢᠷᠠᠭᠤᠯᠤᠨ᠎ᠠ᠃ ᠲᠤᠮᠳᠠᠳᠤ ᠪᠠᠭ᠎ᠠ | ᠰᠤᠷᠭᠠᠭᠤᠯᠢ ᠶᠢᠨ ᠨᠤᠮ ᠤᠨ ᠰᠠᠩ ᠳᠤ | ᠬᠠᠳᠠᠭᠠᠯᠠᠬᠤ ᠨᠤᠮ ᠤᠨ ᠬᠡᠮᠵᠢᠶᠠᠨ ᠤ | ᠱᠠᠭᠠᠷᠳᠠᠯᠭ᠎ᠠ ᠨᠢ ᠪᠠᠭ᠎ᠠ | ᠰᠤᠷᠭᠠᠭᠤᠯᠢ ᠪᠡᠷ ᠵᠢᠱᠢᠶᠡᠯᠡᠪᠡᠯ᠂ | ᠬᠠᠳᠠᠭᠠᠯᠠᠬᠤ ᠨᠤᠮ ᠤᠨ ᠬᠡᠮᠵᠢᠶ᠎ᠡ ᠨᠢ | ᠰᠤᠷᠤᠭᠴᠢ ᠪᠦᠷᠢ ᠳᠤ 25 ᠲᠡᠪᠳᠡᠷ᠂ ᠰᠡᠳᠬᠦᠯ 60 | ᠲᠦᠷᠦᠯ᠂ ᠯᠠᠪᠯᠠᠯᠳᠠ ᠶᠢᠨ ᠨᠤᠮ ᠪᠤᠯᠤᠨ | ᠰᠤᠷᠭᠠᠯᠳᠠ ᠳᠤ ᠯᠠᠪᠯᠠᠬᠤ ᠨᠤᠮ ᠨᠡᠶᠢᠳᠡ 120 | ᠲᠦᠷᠦᠯ ᠪᠠᠶᠢᠬᠤ ᠬᠡᠷᠡᠭᠲᠡᠢ᠃ (ᠵᠢᠷᠤᠭ ᠢ | ᠨᠧᠲ ᠡᠴᠡ ) | |