ᠴᠢᠰᠤᠨ ᠤ ᠦᠨᠳᠤᠷ ᠲᠠᠷᠤᠯᠳᠠ  ᠶᠢ ᠵᠤᠭᠢᠰᠲᠡᠢ ᠰᠡᠷᠬᠡᠶᠢᠯᠡᠨ ᠡᠵᠡᠮᠳᠡᠵᠦ ᠪᠤᠯᠤᠨ᠎ᠠ
  
2018/6/14
  5 ᠰᠠᠷ᠎ᠠ ᠶᠢᠨ 17 ᠪᠤᠯ ᠲᠦᠴᠢᠳ᠋ᠡᠬᠢ ᠲᠡᠯᠡᠬᠡᠢ ᠶᠢᠨ ᠴᠢᠰᠤᠨ ᠤ ᠦᠨᠳᠤᠷ ᠲᠠᠷᠤᠯᠳᠠ ᠶᠢᠨ ᠡᠳᠤᠷ᠂ ᠬᠦᠮᠦᠰ ᠲᠤ ᠴᠢᠰᠤᠨ ᠤ ᠦᠨᠳᠤᠷ ᠲᠠᠷᠤᠯᠳᠠ ᠵᠢᠴᠢ ᠬᠠᠮ ᠡᠪᠡᠳᠴᠢᠨ ᠤ ᠲᠤᠬᠠᠢ ᠲᠠᠨᠢᠯᠳᠠ ᠶᠢ ᠲᠡᠭᠡᠭ᠍ᠰᠢᠯᠡᠬᠦᠯᠬᠦ ᠶᠢᠨ ᠲᠦᠯᠦᠬᠡ᠂ ᠤᠶᠢᠷ᠎ᠠ ᠳᠤ ᠤᠯᠤᠰ ᠤᠨ ᠵᠢᠷᠤᠬᠡ ᠰᠤᠳᠠᠰᠤᠨ ᠤ ᠡᠪᠡᠳᠴᠢᠨ ᠤ ᠲᠦᠪ ᠤᠨ ᠬᠠᠮᠢᠶᠠᠳᠠᠢ ᠬᠠᠷᠢᠭᠤᠴᠠᠯᠭᠠᠳᠠᠨ ᠵᠢᠶᠠᠩ ᠯᠢ ᠰᠢᠨ ᠫᠷᠤᠹᠧᠰᠰᠤᠷ ᠴᠢᠰᠤᠨ ᠤ ᠦᠨᠳᠤᠷ ᠲᠠᠷᠤᠯᠳᠠ ᠶᠢᠨ ᠡᠪᠡᠳᠴᠢᠨ ᠤ ᠤᠳᠤᠬᠢ ᠪᠠᠶᠢᠳᠠᠯ᠂ ᠬᠤᠤᠷ ᠬᠦᠨᠦᠬᠡᠯ᠂ ᠰᠡᠷᠬᠡᠶᠢᠯᠡᠬᠦ᠂ ᠡᠮ ᠪᠡᠷ ᠵᠠᠰᠠᠬᠤ ᠪᠤᠷᠤᠭᠤ ᠤᠶᠢᠯᠠᠭᠠᠯᠳᠠ ᠵᠡᠷᠬᠡ ᠲᠠᠯ᠎ᠠ ᠪᠡᠷ ᠨᠠᠷᠢᠨ ᠲᠠᠶᠢᠯᠪᠤᠷᠢᠯᠠᠯᠳᠠ ᠬᠢᠭ᠍ᠰᠡᠨ ᠪᠠᠶᠢᠨ᠎ᠠ᠃

   ᠲᠡᠯᠡᠬᠡᠢ ᠶᠢᠨ ᠡᠷᠡᠬᠦᠯ ᠮᠡᠨᠳᠤ ᠶᠢᠨ ᠵᠤᠬᠢᠶᠠᠨ

ᠪᠠᠶᠢᠭᠤᠯᠤᠯᠳᠠ ᠶᠢᠨ ᠲᠤᠭ᠎ᠠ ᠪᠦᠷᠢᠳᠬᠡᠯ ᠢ ᠦᠨᠳᠤᠰᠦᠯᠡᠪᠡᠯ᠂

ᠵᠢᠯ ᠪᠦᠷᠢ ᠲᠡᠯᠡᠬᠡᠢ ᠳᠤ 1700 ᠲᠦᠮᠡᠨ ᠬᠦᠮᠦᠨ ᠵᠢᠷᠦᠬᠡ

ᠰᠤᠳᠠᠰᠤᠨ ᠤ ᠡᠪᠡᠳᠴᠢᠨ ᠢᠶᠡᠷ ᠨᠠᠰᠤ ᠪᠠᠷᠠᠵᠤ᠂ ᠨᠠᠰᠤ ᠪᠠᠷᠠᠵᠤ

ᠪᠠᠶᠢᠭ᠎ᠠ ᠬᠦᠮᠦᠨ ᠤ ᠶᠡᠷᠦᠩᠬᠡᠢ ᠲᠤᠭ᠎ᠠ ᠶᠢᠨ ᠭᠤᠷᠪᠠᠨ ᠤ

ᠨᠢᠬᠡ ᠶᠢ ᠡᠵᠡᠯᠡᠵᠤ ᠪᠠᠶᠢᠨ᠎ᠠ᠂ ᠬᠡᠳᠡᠯ᠎ᠡ ᠡᠳᠡᠬᠡᠷ ᠵᠢᠷᠦᠬᠡ

ᠰᠤᠳᠠᠰᠤᠨ ᠤ ᠡᠪᠡᠳᠴᠢᠨ ᠢᠶᠡᠷ ᠨᠠᠰᠤᠨ ᠪᠠᠷᠠᠭᠰᠠᠨ ᠬᠦᠮᠦᠰ ᠤᠨ

ᠲᠤᠳᠤᠷ᠎ᠠ 940 ᠲᠦᠮᠡ ᠨᠢ ᠴᠢᠰᠤᠨ ᠤ ᠦᠨᠳᠤᠷ ᠲᠠᠷᠤᠯᠳᠠ ᠶᠢᠨ ᠬᠠᠮ

ᠡᠪᠡᠳᠴᠢᠨ ᠶᠢᠡᠷ ᠡᠨᠳᠡᠵᠤ᠂ ᠠᠳᠠᠭ ᠲᠤ ᠪᠠᠨ 45% ᠨᠢ

ᠵᠢᠷᠦᠬᠡᠨ ᠤ ᠡᠪᠡᠳᠴᠢᠨ ᠪᠤᠯᠤᠨ 51% ᠨᠢ ᠲᠠᠷᠢᠬᠢᠨ ᠳᠤ ᠨᠢ

ᠴᠢᠰᠤ ᠬᠠᠷᠪᠤᠬᠤ ᠡᠪᠡᠳᠴᠢᠨ ᠡᠴᠡ ᠪᠤᠯᠵᠠᠢ᠂ ᠡᠳᠡᠬᠡᠷ

ᠡᠪᠡᠳᠴᠢᠨ ᠨᠢ ᠴᠦᠮ ᠴᠢᠰᠤᠨ ᠤ ᠦᠨᠳᠤᠷ ᠲᠠᠷᠤᠯᠳᠠ ᠡᠴᠡ

ᠪᠤᠯᠤᠭᠰᠠᠨ ᠶᠤᠮ᠃ ᠴᠢᠰᠤᠨ ᠤ ᠦᠨᠳᠤᠷ ᠲᠠᠷᠤᠯᠳᠠ ᠨᠢᠬᠡᠨᠳᠡ

ᠲᠡᠯᠡᠬᠡᠢ ᠶᠢᠨ ᠡᠪᠡᠳᠴᠢᠨ ᠤ ᠲᠠᠷᠤᠭᠠᠰᠤ ᠬᠠᠮᠤᠬ ᠤᠨ ᠬᠦᠨᠳᠦ

ᠡᠪᠡᠳᠴᠢᠨ ᠤ ᠨᠢᠬᠡ ᠪᠤᠯᠪᠠ᠃

   ᠤᠳᠤᠬᠠᠨ ᠳᠤ ᠮᠠᠨ ᠤ ᠤᠯᠤᠰ ᠤᠨ ᠴᠢᠰᠤᠨ ᠤ ᠦᠨᠳᠤᠷ ᠲᠠᠷᠤᠯᠳᠠ

ᠲᠠᠢ ᠡᠪᠡᠳᠴᠢᠳᠠᠡ 2.7 ᠳ᠋ᠦᠩᠰᠢᠭᠤᠷ ᠢ ᠲᠠᠪᠠᠪᠠ᠃ ᠴᠢᠰᠤᠨ ᠤ

ᠦᠨᠳᠤᠷ ᠲᠠᠷᠤᠯᠳᠠ ᠶᠢᠨ ᠡᠳ᠋ ᠤᠨ ᠵᠠᠰᠠᠭ ᠨᠢ ᠮᠠᠨ ᠤ ᠤᠯᠤᠰ ᠤᠨ

ᠡᠷᠡᠬᠦᠯ ᠬᠠᠮᠠᠭᠠᠯᠠᠯ ᠤᠨ ᠶᠡᠷᠦᠩᠬᠡᠢ ᠵᠠᠷᠤᠳᠠᠯ ᠤᠨ 6.6% ᠶ᠋ᠢ

ᠡᠵᠡᠯᠡᠵᠤ ᠪᠠᠶᠢᠨ᠎ᠠ᠃

   ᠴᠢᠰᠤᠨ ᠤ ᠦᠨᠳᠤᠷ ᠲᠠᠷᠤᠯᠳᠠ ᠪᠤᠯ ᠪᠠᠶᠢᠩᠭ᠋ᠤ ᠲᠤᠬᠢᠶᠠᠯᠳᠤᠬᠤ

ᠠᠷᠬᠠᠭ ᠡᠪᠡᠳᠴᠢᠨ ᠤ ᠨᠢᠬᠡ ᠲᠦᠷᠦᠯ᠂ ᠴᠢᠰᠤᠨ ᠤ ᠲᠠᠷᠤᠯᠳᠠ

ᠦᠨᠳᠤᠷ ᠪᠤᠯ ᠵᠠᠷᠢᠮ ᠳᠤ ᠪᠠᠨ ᠲᠤᠯᠤᠭᠠᠢ ᠡᠪᠡᠳᠬᠦ᠂ ᠲᠤᠯᠤᠭᠠᠢ

ᠡᠷᠬᠢᠬᠦ᠂ ᠴᠢᠨᠠᠭᠰᠢᠯᠠᠪᠠᠯ ᠶᠠᠮᠠᠷ ᠴᠤ ᠰᠢᠨᠵᠢ ᠲᠡᠮᠳᠡᠭ ᠦᠭᠡᠢ

ᠤᠴᠢᠷ ᠡᠴᠡ ᠴᠢᠰᠤᠨ ᠤ ᠦᠨᠳᠤᠷ ᠲᠠᠷᠤᠯᠳᠠ ᠶᠢ ᠲᠡᠮᠡᠢ

ᠬᠠᠮᠢᠶᠠᠷᠬᠤ ᠴᠤ ᠦᠭᠡᠢ ᠪᠠᠶᠢᠳᠠᠭ᠂ ᠬᠡᠳᠡᠯ᠎ᠡ ᠴᠢᠰᠤᠨ ᠤ

ᠦᠨᠳᠤᠷ ᠲᠠᠷᠤᠯᠳᠠ ᠶᠢᠨ ᠠᠶᠤᠮᠰᠢᠭ ᠨᠢ ᠬᠦᠮᠦᠨ ᠤ ᠪᠡᠶ᠎ᠡ ᠶᠢᠨ

ᠲᠠᠪᠤᠨ ᠴᠤᠯᠤ ᠶᠢ ᠬᠦᠨᠦᠭᠡᠳᠡᠭ᠂ ᠴᠢᠰᠤᠨ ᠤ ᠲᠠᠷᠤᠯᠳᠠ ᠤᠷᠳᠤ

ᠬᠤᠭᠤᠴᠠᠭ᠎ᠠ ᠦᠨᠳᠤᠷ ᠪᠤᠯ ᠵᠢᠷᠦᠬᠡᠨ ᠤ ᠡᠪᠡᠳᠴᠢᠨ᠂

ᠲᠠᠷᠢᠬᠢᠨ ᠳᠤ ᠴᠢᠰᠤ ᠬᠠᠷᠪᠤᠬᠤ᠂ ᠪᠦᠭᠡᠷ᠎ᠡ ᠶᠢᠨ ᠮᠠᠭᠤᠳᠠᠯ᠂

ᠨᠢᠳᠤᠨ ᠤ ᠡᠪᠡᠳᠴᠢᠨ ᠵᠡᠷᠬᠡ ᠶᠢ ᠡᠭᠦᠰᠭᠡᠵᠦ ᠠᠮᠢ ᠨᠠᠰᠤ ᠶᠢ

ᠬᠤᠷᠤᠭᠠᠵᠤ᠂ ᠠᠮᠢᠳᠤᠷᠠᠯ ᠤᠨ ᠴᠢᠨᠠᠷ ᠢ ᠨᠦᠯᠦᠬᠡᠯᠡᠳᠡᠭ᠃

   ᠴᠢᠰᠤᠨ ᠤ ᠦᠨᠳᠤᠷ ᠲᠠᠷᠤᠯᠳᠠ ᠶᠢᠨ ᠬᠤᠤᠷ ᠬᠦᠨᠤᠬᠡᠯ ᠨᠡᠯᠢᠶᠡᠳ

ᠬᠦᠨᠳᠤ᠂ ᠬᠡᠳᠡᠯ᠎ᠡ ᠲᠡᠬᠦᠨ ᠢ ᠰᠡᠷᠬᠡᠶᠢᠯᠡᠨ ᠡᠵᠡᠮᠳᠡᠵᠤ

ᠪᠤᠯᠤᠨ᠎ᠠ᠂ ᠤᠷᠢᠳᠠᠪᠡᠷ ᠰᠡᠷᠬᠡᠶᠢᠯᠡᠨ ᠲᠠᠷᠠᠭ᠎ᠠ ᠨᠢ

ᠡᠵᠡᠮᠳᠡᠨ᠎ᠡ᠃ ᠰᠡᠷᠬᠡᠶᠢᠯᠡᠬᠦ ᠪᠤᠯ ᠵᠠᠪᠠᠯ ᠡᠷᠳᠡᠬᠡᠨ

ᠪᠠᠶᠢᠴᠠᠭᠠᠯᠭᠠᠵᠤ᠂ ᠡᠷᠳᠡᠬᠡᠨ ᠡᠮᠴᠢᠯᠡᠬᠦᠯᠬᠦ ᠬᠡᠷᠡᠭᠲᠡᠢ᠂ 35

ᠨᠠᠰᠤᠨ ᠡᠴᠡ ᠰᠡᠬᠦᠯᠡᠷ ᠲᠤᠭᠳᠠᠭᠰᠠᠨ ᠬᠤᠭᠤᠴᠠᠭᠠᠨ ᠳᠤ

ᠴᠢᠰᠤᠨ ᠤ ᠲᠠᠷᠤᠯᠳᠠ ᠪᠠᠨ ᠬᠡᠮᠵᠢᠬᠦ ᠬᠡᠷᠡᠭᠲᠡᠢ᠃ ᠵᠠᠷᠢᠮ

ᠲᠠᠷᠭᠤᠨ᠂ ᠲᠠᠮᠢᠷᠳᠠᠬᠤ᠂ ᠤᠷᠳᠤ ᠬᠤᠭᠤᠴᠠᠭ᠎ᠠ ᠲᠠᠪᠤᠰᠤ ᠢᠯᠡᠬᠦᠦ

ᠢᠳᠡᠬᠦ᠂ ᠠᠷᠢᠬᠢ ᠲᠠᠮᠠᠬᠢ ᠤᠤᠭᠤᠬᠤ᠂ ᠠᠵᠢᠯ ᠤᠨ ᠲᠠᠷᠤᠭᠠᠰᠤ

ᠬᠦᠨᠳᠤ ᠪᠤᠶᠤ ᠪᠤᠬᠢᠮᠳᠠᠬᠤ᠂ ᠴᠢᠰᠤᠨ ᠤ ᠦᠨᠳᠤᠷ ᠲᠠᠷᠤᠯᠳᠠ ᠶᠢᠨ

ᠡᠪᠡᠳᠴᠢᠨ ᠤ ᠲᠡᠦᠬᠡ ᠲᠠᠢ ᠬᠡᠷ ᠪᠦᠯᠢ ᠶᠢᠨ ᠬᠦᠮᠦᠰ ᠴᠢᠰᠤᠨ ᠤ

ᠦᠨᠳᠤᠷ ᠲᠠᠷᠤᠯᠳᠠ ᠶᠢᠨ ᠡᠪᠡᠳᠴᠢᠨ ᠳᠤ ᠨᠡᠷᠪᠡᠭ᠍ᠳᠡᠬᠦ ᠠᠶᠤᠯ

ᠦᠨᠳᠤᠷ ᠪᠠᠶᠢᠬᠤ ᠪᠤᠯᠤᠮᠵᠢ ᠲᠠᠢ᠃

  ᠰᠢᠨᠬᠤᠸᠠ ᠨᠧᠲ