ᠦᠨᠳᠡᠭᠡ 《 ᠪᠦᠷᠢᠨ ᠰᠢᠮ᠎ᠡ ᠲᠡᠵᠢᠭᠡᠯᠳᠦ ᠢᠳᠡᠭᠡᠨ 》 ᠭᠡᠰᠡᠨ | ᠰᠠᠶᠢᠬᠠᠨ ᠴᠤᠯᠠ ᠲᠠᠢ᠃ ᠬᠠᠮᠤᠬ ᠤᠨ ᠰᠢᠨ᠎ᠡ ᠰᠤᠳᠤᠯᠭᠠᠨ ᠳᠤ | ᠢᠯᠡᠷᠡᠬᠦᠯᠦᠭᠰᠡᠨ ᠢᠶᠠᠷ᠂ ᠭᠡᠤᠭᠡᠳ ᠡᠳᠦᠷ ᠪᠦᠷᠢ ᠨᠢᠭᠡ | ᠦᠨᠳᠡᠭᠡ ᠢᠳᠡᠪᠡᠯ ᠪᠤᠶᠢᠵᠢᠯᠳᠠ ᠤᠳᠠᠭᠠᠰᠢᠷᠠᠬᠤ ᠠᠴᠠ | ᠵᠠᠶᠢᠯᠠᠰᠬᠢᠵᠤ ᠪᠤᠯᠤᠨ᠎ᠠ᠃ | 2015 ᠤᠨ ᠠᠴᠠ ᠡᠬᠢᠯᠡᠨ᠂ ᠠᠮᠧᠷᠢᠺᠠ ᠶᠢᠨ ᠸᠠᠰᠢᠩᠲ᠋ᠤᠨ ᠶᠡᠭᠡ | ᠰᠤᠷᠭᠠᠭᠤᠯᠢ ᠶᠢᠨ ᠰᠤᠳᠤᠯᠭᠠᠳᠠᠳ 6-9 ᠰᠠᠷ᠎ᠠ ᠲᠠᠢ ᠨᠢᠷᠠᠢ | ᠭᠡᠤᠭᠡᠳ ᠢ ᠳᠤᠷ᠎ᠠ ᠶᠢᠨ ᠬᠤᠶᠠᠷ ᠪᠠᠭ ᠬᠤᠪᠢᠶᠠᠨ ᠰᠢᠮ᠎ᠡ | ᠲᠡᠵᠢᠭᠡᠯ ᠤᠨ ᠳᠤᠷᠰᠢᠯᠳᠠ ᠬᠢᠪᠠ᠃ ᠨᠢᠭᠡ ᠪᠠᠭ ᠤᠨ ᠬᠢᠨᠢ | ᠭᠡᠤᠭᠡᠳ ᠤᠳ ᠲᠤ ᠡᠳᠦᠷ ᠪᠦᠷᠢ ᠨᠢᠭᠡ ᠦᠨᠳᠡᠭᠡ ᠢᠳᠡᠬᠦᠯᠬᠦ ᠶᠢᠨ | ᠬᠠᠮᠳᠤ ᠰᠢᠮ᠎ᠡ ᠲᠡᠵᠢᠭᠡᠯ ᠤᠨ ᠳᠤᠰᠬᠠᠢ ᠮᠡᠷᠭᠡᠵᠢᠯᠳᠡᠨ ᠤ | ᠳᠠᠨᠢᠯᠴᠠᠭᠤᠯᠤᠭᠰᠠᠨ ᠡᠷᠡᠬᠦᠯ ᠢᠳᠡᠭᠡᠨ ᠢᠳᠡᠭᠦᠯᠵᠡᠢ᠂ | ᠨᠦᠬᠦᠭᠡ ᠨᠢᠭᠡ ᠪᠠᠭ ᠤᠨ ᠬᠢᠨ ᠳᠤ ᠦᠨᠳᠡᠭᠡ ᠢᠳᠡᠬᠦᠯᠦᠭᠰᠡᠨ | ᠦᠭᠡᠢ᠃ ᠬᠠᠷᠢᠴᠠᠭᠤᠯᠤᠯ ᠤᠨ ᠳ᠋ᠦᠩ ᠳᠤ᠂ ᠡᠳᠦᠷ ᠪᠦᠷᠢ ᠨᠢᠭᠡ | ᠦᠨᠳᠡᠭᠡ ᠢᠳᠡᠭᠰᠡᠨ ᠭᠡᠤᠭᠡᠳ ᠤᠨ ᠪᠤᠶᠢᠵᠢᠯᠳᠠ ᠨᠢ | ᠤᠳᠠᠭᠠᠰᠢᠷᠠᠬᠤ ᠲᠦᠭᠰᠢᠬᠦᠷᠢ 47% ᠪᠠᠷ ᠪᠠᠭᠤᠷᠠᠭᠰᠠᠨ | ᠮᠦᠷᠲᠡᠭᠡᠨ ᠳᠠᠬᠢᠶᠠᠨ ᠦᠨᠳᠡᠭᠡ ᠨᠠᠯᠢᠶᠠᠳ ᠠᠷᠪᠢᠨ ᠢᠳᠡᠭᠰᠡᠨ | ᠭᠡᠤᠭᠡᠳ ᠤᠨ ᠰᠢᠬᠢᠷᠯᠢᠭ᠌ ᠢᠳᠡᠭᠡᠨ ᠰᠢᠩᠭᠡᠭᠡᠬᠦ ᠨᠢ ᠴᠤ | ᠪᠠᠭᠠᠰᠤᠭᠰᠠᠨ ᠪᠠᠶᠢᠪᠠ᠃ | |