ᠴᠢᠰᠤᠨ ᠤ ᠦᠨᠳᠤᠷ ᠲᠠᠷᠤᠯᠳᠠ  ᠶᠢ ᠵᠤᠭᠢᠰᠲᠡᠢ ᠰᠡᠷᠬᠡᠶᠢᠯᠡᠨ ᠡᠵᠡᠮᠳᠡᠵᠦ ᠪᠤᠯᠤᠨ᠎ᠠ
ᠨᠡᠶᠢᠲᠡᠯᠡᠭᠰᠡᠨ ᠴᠠᠭ᠄
2018-06-14
  5 ᠰᠠᠷ᠎ᠠ ᠶᠢᠨ 17 ᠪᠤᠯ ᠲᠦᠴᠢᠳ᠋ᠡᠬᠢ ᠲᠡᠯᠡᠬᠡᠢ ᠶᠢᠨ ᠴᠢᠰᠤᠨ ᠤ ᠦᠨᠳᠤᠷ ᠲᠠᠷᠤᠯᠳᠠ ᠶᠢᠨ ᠡᠳᠤᠷ᠂ ᠬᠦᠮᠦᠰ ᠲᠤ ᠴᠢᠰᠤᠨ ᠤ ᠦᠨᠳᠤᠷ ᠲᠠᠷᠤᠯᠳᠠ ᠵᠢᠴᠢ ᠬᠠᠮ ᠡᠪᠡᠳᠴᠢᠨ ᠤ ᠲᠤᠬᠠᠢ ᠲᠠᠨᠢᠯᠳᠠ ᠶᠢ ᠲᠡᠭᠡᠭ᠍ᠰᠢᠯᠡᠬᠦᠯᠬᠦ ᠶᠢᠨ ᠲᠦᠯᠦᠬᠡ᠂ ᠤᠶᠢᠷ᠎ᠠ ᠳᠤ ᠤᠯᠤᠰ ᠤᠨ ᠵᠢᠷᠤᠬᠡ ᠰᠤᠳᠠᠰᠤᠨ ᠤ ᠡᠪᠡᠳᠴᠢᠨ ᠤ ᠲᠦᠪ ᠤᠨ ᠬᠠᠮᠢᠶᠠᠳᠠᠢ ᠬᠠᠷᠢᠭᠤᠴᠠᠯᠭᠠᠳᠠᠨ ᠵᠢᠶᠠᠩ ᠯᠢ ᠰᠢᠨ ᠫᠷᠤᠹᠧᠰᠰᠤᠷ ᠴᠢᠰᠤᠨ ᠤ ᠦᠨᠳᠤᠷ ᠲᠠᠷᠤᠯᠳᠠ ᠶᠢᠨ ᠡᠪᠡᠳᠴᠢᠨ ᠤ ᠤᠳᠤᠬᠢ ᠪᠠᠶᠢᠳᠠᠯ᠂ ᠬᠤᠤᠷ ᠬᠦᠨᠦᠬᠡᠯ᠂ ᠰᠡᠷᠬᠡᠶᠢᠯᠡᠬᠦ᠂ ᠡᠮ ᠪᠡᠷ ᠵᠠᠰᠠᠬᠤ ᠪᠤᠷᠤᠭᠤ ᠤᠶᠢᠯᠠᠭᠠᠯᠳᠠ ᠵᠡᠷᠬᠡ ᠲᠠᠯ᠎ᠠ ᠪᠡᠷ ᠨᠠᠷᠢᠨ ᠲᠠᠶᠢᠯᠪᠤᠷᠢᠯᠠᠯᠳᠠ ᠬᠢᠭ᠍ᠰᠡᠨ ᠪᠠᠶᠢᠨ᠎ᠠ᠃

   ᠲᠡᠯᠡᠬᠡᠢ ᠶᠢᠨ ᠡᠷᠡᠬᠦᠯ ᠮᠡᠨᠳᠤ ᠶᠢᠨ

ᠵᠤᠬᠢᠶᠠᠨ ᠪᠠᠶᠢᠭᠤᠯᠤᠯᠳᠠ ᠶᠢᠨ ᠲᠤᠭ᠎ᠠ

ᠪᠦᠷᠢᠳᠬᠡᠯ ᠢ ᠦᠨᠳᠤᠰᠦᠯᠡᠪᠡᠯ᠂ ᠵᠢᠯ ᠪᠦᠷᠢ

ᠲᠡᠯᠡᠬᠡᠢ ᠳᠤ 1700 ᠲᠦᠮᠡᠨ ᠬᠦᠮᠦᠨ ᠵᠢᠷᠦᠬᠡ

ᠰᠤᠳᠠᠰᠤᠨ ᠤ ᠡᠪᠡᠳᠴᠢᠨ ᠢᠶᠡᠷ ᠨᠠᠰᠤ

ᠪᠠᠷᠠᠵᠤ᠂ ᠨᠠᠰᠤ ᠪᠠᠷᠠᠵᠤ ᠪᠠᠶᠢᠭ᠎ᠠ

ᠬᠦᠮᠦᠨ ᠤ ᠶᠡᠷᠦᠩᠬᠡᠢ ᠲᠤᠭ᠎ᠠ ᠶᠢᠨ

ᠭᠤᠷᠪᠠᠨ ᠤ ᠨᠢᠬᠡ ᠶᠢ ᠡᠵᠡᠯᠡᠵᠤ ᠪᠠᠶᠢᠨ᠎ᠠ᠂

ᠬᠡᠳᠡᠯ᠎ᠡ ᠡᠳᠡᠬᠡᠷ ᠵᠢᠷᠦᠬᠡ ᠰᠤᠳᠠᠰᠤᠨ ᠤ

ᠡᠪᠡᠳᠴᠢᠨ ᠢᠶᠡᠷ ᠨᠠᠰᠤᠨ ᠪᠠᠷᠠᠭᠰᠠᠨ

ᠬᠦᠮᠦᠰ ᠤᠨ ᠲᠤᠳᠤᠷ᠎ᠠ 940 ᠲᠦᠮᠡ ᠨᠢ

ᠴᠢᠰᠤᠨ ᠤ ᠦᠨᠳᠤᠷ ᠲᠠᠷᠤᠯᠳᠠ ᠶᠢᠨ ᠬᠠᠮ

ᠡᠪᠡᠳᠴᠢᠨ ᠶᠢᠡᠷ ᠡᠨᠳᠡᠵᠤ᠂ ᠠᠳᠠᠭ ᠲᠤ ᠪᠠᠨ

45% ᠨᠢ ᠵᠢᠷᠦᠬᠡᠨ ᠤ ᠡᠪᠡᠳᠴᠢᠨ ᠪᠤᠯᠤᠨ

51% ᠨᠢ ᠲᠠᠷᠢᠬᠢᠨ ᠳᠤ ᠨᠢ ᠴᠢᠰᠤ ᠬᠠᠷᠪᠤᠬᠤ

ᠡᠪᠡᠳᠴᠢᠨ ᠡᠴᠡ ᠪᠤᠯᠵᠠᠢ᠂ ᠡᠳᠡᠬᠡᠷ

ᠡᠪᠡᠳᠴᠢᠨ ᠨᠢ ᠴᠦᠮ ᠴᠢᠰᠤᠨ ᠤ ᠦᠨᠳᠤᠷ

ᠲᠠᠷᠤᠯᠳᠠ ᠡᠴᠡ ᠪᠤᠯᠤᠭᠰᠠᠨ ᠶᠤᠮ᠃ ᠴᠢᠰᠤᠨ ᠤ

ᠦᠨᠳᠤᠷ ᠲᠠᠷᠤᠯᠳᠠ ᠨᠢᠬᠡᠨᠳᠡ ᠲᠡᠯᠡᠬᠡᠢ ᠶᠢᠨ

ᠡᠪᠡᠳᠴᠢᠨ ᠤ ᠲᠠᠷᠤᠭᠠᠰᠤ ᠬᠠᠮᠤᠬ ᠤᠨ

ᠬᠦᠨᠳᠦ ᠡᠪᠡᠳᠴᠢᠨ ᠤ ᠨᠢᠬᠡ ᠪᠤᠯᠪᠠ᠃

   ᠤᠳᠤᠬᠠᠨ ᠳᠤ ᠮᠠᠨ ᠤ ᠤᠯᠤᠰ ᠤᠨ ᠴᠢᠰᠤᠨ ᠤ

ᠦᠨᠳᠤᠷ ᠲᠠᠷᠤᠯᠳᠠ ᠲᠠᠢ ᠡᠪᠡᠳᠴᠢᠳᠠᠡ 2.7

ᠳ᠋ᠦᠩᠰᠢᠭᠤᠷ ᠢ ᠲᠠᠪᠠᠪᠠ᠃ ᠴᠢᠰᠤᠨ ᠤ ᠦᠨᠳᠤᠷ

ᠲᠠᠷᠤᠯᠳᠠ ᠶᠢᠨ ᠡᠳ᠋ ᠤᠨ ᠵᠠᠰᠠᠭ ᠨᠢ ᠮᠠᠨ ᠤ

ᠤᠯᠤᠰ ᠤᠨ ᠡᠷᠡᠬᠦᠯ ᠬᠠᠮᠠᠭᠠᠯᠠᠯ ᠤᠨ

ᠶᠡᠷᠦᠩᠬᠡᠢ ᠵᠠᠷᠤᠳᠠᠯ ᠤᠨ 6.6% ᠶ᠋ᠢ

ᠡᠵᠡᠯᠡᠵᠤ ᠪᠠᠶᠢᠨ᠎ᠠ᠃

   ᠴᠢᠰᠤᠨ ᠤ ᠦᠨᠳᠤᠷ ᠲᠠᠷᠤᠯᠳᠠ ᠪᠤᠯ

ᠪᠠᠶᠢᠩᠭ᠋ᠤ ᠲᠤᠬᠢᠶᠠᠯᠳᠤᠬᠤ ᠠᠷᠬᠠᠭ

ᠡᠪᠡᠳᠴᠢᠨ ᠤ ᠨᠢᠬᠡ ᠲᠦᠷᠦᠯ᠂ ᠴᠢᠰᠤᠨ ᠤ

ᠲᠠᠷᠤᠯᠳᠠ ᠦᠨᠳᠤᠷ ᠪᠤᠯ ᠵᠠᠷᠢᠮ ᠳᠤ ᠪᠠᠨ

ᠲᠤᠯᠤᠭᠠᠢ ᠡᠪᠡᠳᠬᠦ᠂ ᠲᠤᠯᠤᠭᠠᠢ ᠡᠷᠬᠢᠬᠦ᠂

ᠴᠢᠨᠠᠭᠰᠢᠯᠠᠪᠠᠯ ᠶᠠᠮᠠᠷ ᠴᠤ ᠰᠢᠨᠵᠢ

ᠲᠡᠮᠳᠡᠭ ᠦᠭᠡᠢ ᠤᠴᠢᠷ ᠡᠴᠡ ᠴᠢᠰᠤᠨ ᠤ ᠦᠨᠳᠤᠷ

ᠲᠠᠷᠤᠯᠳᠠ ᠶᠢ ᠲᠡᠮᠡᠢ ᠬᠠᠮᠢᠶᠠᠷᠬᠤ ᠴᠤ

ᠦᠭᠡᠢ ᠪᠠᠶᠢᠳᠠᠭ᠂ ᠬᠡᠳᠡᠯ᠎ᠡ ᠴᠢᠰᠤᠨ ᠤ

ᠦᠨᠳᠤᠷ ᠲᠠᠷᠤᠯᠳᠠ ᠶᠢᠨ ᠠᠶᠤᠮᠰᠢᠭ ᠨᠢ

ᠬᠦᠮᠦᠨ ᠤ ᠪᠡᠶ᠎ᠡ ᠶᠢᠨ ᠲᠠᠪᠤᠨ ᠴᠤᠯᠤ ᠶᠢ

ᠬᠦᠨᠦᠭᠡᠳᠡᠭ᠂ ᠴᠢᠰᠤᠨ ᠤ ᠲᠠᠷᠤᠯᠳᠠ ᠤᠷᠳᠤ

ᠬᠤᠭᠤᠴᠠᠭ᠎ᠠ ᠦᠨᠳᠤᠷ ᠪᠤᠯ ᠵᠢᠷᠦᠬᠡᠨ ᠤ

ᠡᠪᠡᠳᠴᠢᠨ᠂ ᠲᠠᠷᠢᠬᠢᠨ ᠳᠤ ᠴᠢᠰᠤ ᠬᠠᠷᠪᠤᠬᠤ᠂

ᠪᠦᠭᠡᠷ᠎ᠡ ᠶᠢᠨ ᠮᠠᠭᠤᠳᠠᠯ᠂ ᠨᠢᠳᠤᠨ ᠤ

ᠡᠪᠡᠳᠴᠢᠨ ᠵᠡᠷᠬᠡ ᠶᠢ ᠡᠭᠦᠰᠭᠡᠵᠦ ᠠᠮᠢ

ᠨᠠᠰᠤ ᠶᠢ ᠬᠤᠷᠤᠭᠠᠵᠤ᠂ ᠠᠮᠢᠳᠤᠷᠠᠯ ᠤᠨ

ᠴᠢᠨᠠᠷ ᠢ ᠨᠦᠯᠦᠬᠡᠯᠡᠳᠡᠭ᠃

   ᠴᠢᠰᠤᠨ ᠤ ᠦᠨᠳᠤᠷ ᠲᠠᠷᠤᠯᠳᠠ ᠶᠢᠨ ᠬᠤᠤᠷ

ᠬᠦᠨᠤᠬᠡᠯ ᠨᠡᠯᠢᠶᠡᠳ ᠬᠦᠨᠳᠤ᠂ ᠬᠡᠳᠡᠯ᠎ᠡ

ᠲᠡᠬᠦᠨ ᠢ ᠰᠡᠷᠬᠡᠶᠢᠯᠡᠨ ᠡᠵᠡᠮᠳᠡᠵᠤ

ᠪᠤᠯᠤᠨ᠎ᠠ᠂ ᠤᠷᠢᠳᠠᠪᠡᠷ ᠰᠡᠷᠬᠡᠶᠢᠯᠡᠨ

ᠲᠠᠷᠠᠭ᠎ᠠ ᠨᠢ ᠡᠵᠡᠮᠳᠡᠨ᠎ᠡ᠃

ᠰᠡᠷᠬᠡᠶᠢᠯᠡᠬᠦ ᠪᠤᠯ ᠵᠠᠪᠠᠯ ᠡᠷᠳᠡᠬᠡᠨ

ᠪᠠᠶᠢᠴᠠᠭᠠᠯᠭᠠᠵᠤ᠂ ᠡᠷᠳᠡᠬᠡᠨ

ᠡᠮᠴᠢᠯᠡᠬᠦᠯᠬᠦ ᠬᠡᠷᠡᠭᠲᠡᠢ᠂ 35 ᠨᠠᠰᠤᠨ ᠡᠴᠡ

ᠰᠡᠬᠦᠯᠡᠷ ᠲᠤᠭᠳᠠᠭᠰᠠᠨ ᠬᠤᠭᠤᠴᠠᠭᠠᠨ ᠳᠤ

ᠴᠢᠰᠤᠨ ᠤ ᠲᠠᠷᠤᠯᠳᠠ ᠪᠠᠨ ᠬᠡᠮᠵᠢᠬᠦ

ᠬᠡᠷᠡᠭᠲᠡᠢ᠃ ᠵᠠᠷᠢᠮ ᠲᠠᠷᠭᠤᠨ᠂

ᠲᠠᠮᠢᠷᠳᠠᠬᠤ᠂ ᠤᠷᠳᠤ ᠬᠤᠭᠤᠴᠠᠭ᠎ᠠ ᠲᠠᠪᠤᠰᠤ

ᠢᠯᠡᠬᠦᠦ ᠢᠳᠡᠬᠦ᠂ ᠠᠷᠢᠬᠢ ᠲᠠᠮᠠᠬᠢ ᠤᠤᠭᠤᠬᠤ᠂

ᠠᠵᠢᠯ ᠤᠨ ᠲᠠᠷᠤᠭᠠᠰᠤ ᠬᠦᠨᠳᠤ ᠪᠤᠶᠤ

ᠪᠤᠬᠢᠮᠳᠠᠬᠤ᠂ ᠴᠢᠰᠤᠨ ᠤ ᠦᠨᠳᠤᠷ

ᠲᠠᠷᠤᠯᠳᠠ ᠶᠢᠨ ᠡᠪᠡᠳᠴᠢᠨ ᠤ ᠲᠡᠦᠬᠡ ᠲᠠᠢ

ᠬᠡᠷ ᠪᠦᠯᠢ ᠶᠢᠨ ᠬᠦᠮᠦᠰ ᠴᠢᠰᠤᠨ ᠤ ᠦᠨᠳᠤᠷ

ᠲᠠᠷᠤᠯᠳᠠ ᠶᠢᠨ ᠡᠪᠡᠳᠴᠢᠨ ᠳᠤ

ᠨᠡᠷᠪᠡᠭ᠍ᠳᠡᠬᠦ ᠠᠶᠤᠯ ᠦᠨᠳᠤᠷ ᠪᠠᠶᠢᠬᠤ

ᠪᠤᠯᠤᠮᠵᠢ ᠲᠠᠢ᠃

 
ᠢᠷᠡᠯᠲᠡ᠄ ᠰᠢᠨᠬᠤᠸᠠ ᠨᠧᠲ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号