ᠪᠦᠳᠦᠭᠦᠨ ᠭᠡᠳᠡᠰᠦᠨ ᠦᠮᠡᠨ ᠢ ᠬᠤᠷᠤᠮᠬᠠᠨ ᠵᠠᠭᠤᠷ᠎ᠠ ᠲᠤᠳᠤᠯᠠᠵᠦ ᠴᠢᠳᠠᠬᠤ ᠪᠤᠯᠪᠠ
ᠨᠡᠶᠢᠲᠡᠯᠡᠭᠰᠡᠨ ᠴᠠᠭ᠄
2018-06-14
  ᠶᠠᠫᠤᠨ ᠤᠯᠤᠰ ᠲᠤ᠂ ᠪᠦᠳᠦᠭᠦᠨ ᠭᠡᠳᠡᠰᠦᠨ ᠦᠮᠡᠨ ᠢᠶᠡᠷ ᠦᠬᠦᠬᠦ ᠨᠤᠷᠮ᠎ᠠ ᠨᠢ ᠠᠭᠤᠰᠬᠢᠨ ᠦᠮᠡᠨ ᠶᠢᠡᠷ ᠦᠬᠦᠬᠦ ᠨᠤᠷᠮ᠎ᠠ ᠡᠴᠡ ᠯᠡ ᠲᠠᠳᠠᠭᠤ ᠪᠠᠶᠢᠳᠠᠬ᠃ ᠡᠪᠡᠳᠴᠢᠲᠡᠨ ᠳᠤ ᠠᠪᠴᠦ ᠬᠡᠯᠡᠪᠡᠯ ᠡᠪᠡᠳᠴᠢᠨ ᠢᠶᠡᠨ ᠡᠷᠲᠡ ᠢᠯᠡᠷᠡᠭᠦᠯᠵᠦ ᠡᠷᠲᠡ ᠵᠠᠰᠠᠬᠤ ᠨᠢ ᠬᠠᠮᠤᠬ ᠤᠨ ᠴᠢᠬᠤᠯᠠ ᠶᠤᠮ᠃ ᠤᠶᠢᠷ᠎ᠠ ᠶᠢᠨ ᠡᠳᠦᠷ᠂ ᠶᠠᠫᠤᠨ ᠤᠯᠤᠰ ᠬᠢᠮᠡᠯ ᠲᠠᠷᠢᠬᠢ ᠪᠡᠷ 1 ᠰᠧᠺᠦ᠋ᠨ᠋ᠲ  ᠵᠠᠷᠤᠴᠠᠭᠤᠯᠬᠤ ᠦᠭᠡᠢ ᠪᠡᠷ ᠪᠦᠳᠦᠬᠦᠨ ᠭᠡᠳᠡᠰᠦᠨ ᠤ ᠤᠷᠭᠤᠴᠠᠬ ᠲᠤ ᠦᠮᠡᠨ ᠡᠪᠡᠳᠴᠢᠨ ᠪᠠᠢᠢᠬᠤ ᠡᠰᠡᠭᠦ ᠵᠢ ᠲᠤᠳᠤᠯᠠᠵᠤ ᠴᠢᠳᠠᠯ᠎ᠠ ᠭᠡᠵᠦ ᠨᠡᠶᠢᠲᠡᠯᠡᠵᠡᠢ᠃    ᠶᠠᠫᠤᠨ ᠤ ᠶᠤᠺᠤᠬᠠᠮᠠ ᠬᠤᠲᠠ ᠶᠢᠨ ᠨᠢᠭᠡ ᠡᠮᠨᠡᠯᠭᠡ ᠶᠢᠨ ᠡᠮᠴᠢᠯᠡᠬᠦ ᠲᠠᠰᠤᠬ ᠲᠤ ᠡᠮᠴᠢ 500 ᠳᠠᠬᠢᠨ ᠲᠤᠮᠤᠷᠠᠭᠤᠯᠬᠤ ᠲᠤᠳᠤᠷ ᠡᠷᠬᠡᠲᠡᠨ ᠤ ᠳᠤᠷᠠᠨ ᠢ ᠡᠪᠡᠳᠴᠢᠲᠡᠨ ᠤ ᠭᠡᠳᠡᠰᠦ ᠬᠤᠳᠤᠭᠠᠨ ᠳᠤ ᠤᠷᠤᠭᠤᠯᠬᠤ ᠳᠤ᠂ ᠬᠢᠮᠡᠯ ᠲᠠᠷᠢᠬᠢ ᠶᠢᠨ ᠰᠢᠰᠲ᠋ᠧᠮ ᠨᠢ 0.3 ᠰᠧᠺᠦ᠋ᠨ᠋ᠲ ᠤᠨ ᠲᠤᠳᠤᠷ᠎ᠠ ᠡᠪᠡᠳᠴᠢᠲᠡᠨ ᠤ ᠪᠦᠳᠦᠭᠦᠨ ᠬᠡᠳᠡᠰᠦᠨ ᠤᠷᠭᠤᠴᠠᠬ ᠲᠤ ᠦᠮᠡᠨ ᠡᠪᠡᠳᠴᠢᠨ ᠲᠠᠢ ᠡᠰᠡᠭᠦ ᠵᠢ ᠲᠤᠳᠤᠯᠠᠬᠰᠠᠨ ᠢ ᠰᠤᠷᠪᠤᠯᠵᠢᠯᠠᠬᠴᠢ ᠤᠯᠵᠦ ᠬᠠᠷᠠᠯ᠎ᠠ᠃ ᠡᠮᠴᠢ ᠬᠢᠮᠡᠯ ᠲᠠᠷᠢᠬᠢᠨ ᠤ ᠰᠢᠰᠲ᠋ᠧᠮ ᠤᠨ ᠨᠤᠲᠠᠯᠠᠬᠤ ᠳ᠋ᠦᠩ ᠢᠶᠡᠷ ᠯᠠᠪᠯᠠᠯᠲᠠ ᠪᠤᠯᠭᠠᠨ ᠲᠡᠷᠡ ᠳᠠᠷᠤᠢ ᠮᠡᠰᠡ ᠵᠠᠰᠠᠯ ᠬᠢᠵᠦ ᠪᠤᠯᠤᠨ᠎ᠠ᠃ 《ᠦᠩᠭᠡᠷᠡᠭᠰᠡᠨ ᠳᠤ ᠨᠢᠭᠡ ᠭᠠᠷᠠᠬ ᠤᠨ ᠴᠠᠬ ᠬᠡᠷᠡᠭᠰᠡᠭᠡᠳ ᠰᠠᠶ᠊ᠢ ᠡᠪᠡᠳᠴᠢᠨ ᠢ ᠲᠤᠳᠤᠯᠠᠳᠠᠬ᠂ ᠤᠳᠤ ᠬᠤᠷᠤᠮᠬᠠᠨ ᠵᠠᠭᠤᠷ᠎ᠠ ᠲᠤᠳᠤᠯᠠᠵᠦ ᠴᠢᠳᠠᠬᠤ ᠪᠦᠭᠡᠳ ᠤᠬᠲᠤᠯᠵᠦ ᠬᠠᠶᠠᠬᠤ ᠡᠰᠡᠬᠦ ᠵᠢ ᠲᠤᠬᠲᠠᠭᠠᠵᠦ ᠴᠢᠳᠠᠬᠤ ᠪᠤᠯᠪᠡ᠂ ᠡᠨᠡ ᠢᠵᠢ ᠬᠢᠮᠡᠯ ᠲᠠᠷᠢᠬᠢ ᠶᠢᠨ ᠰᠢᠰᠲ᠋ᠧᠮ ᠡᠮᠴᠢᠯᠡᠭᠡᠨ ᠤ ᠤᠨᠤᠰᠢᠯᠠᠬᠤ ᠦᠷ᠎ᠡ ᠪᠦᠲᠦᠮᠵᠢ ᠵᠢ ᠶᠡᠬᠡᠪᠡᠷ ᠳᠡᠭᠡᠭᠰᠢᠯᠡᠭᠦᠯᠤᠯ᠎ᠡ》ᠭᠡᠵᠦ ᠶᠠᠫᠤᠨ ᠤᠯᠤᠰ ᠤᠨ ᠨᠢᠭᠡ ᠶᠡᠬᠡ ᠰᠤᠷᠭᠠᠭᠤᠯᠢ  ᠶᠢᠨ ᠫᠷᠤᠹᠧᠰᠰᠤᠷ ᠶᠠᠷᠢᠵᠦ ᠪᠠᠶᠢᠪᠠ᠃    ᠲᠠᠨᠢᠯᠴᠠᠭᠤᠯᠤᠬᠰᠠᠨ ᠢᠶᠡᠷ᠂ ᠡᠨᠡ ᠢᠵᠢ ᠬᠢᠮᠡᠯ ᠲᠠᠷᠢᠬᠢ ᠶᠢᠨ ᠰᠢᠰᠲ᠋ᠧᠮ ᠢ ᠰᠤᠳᠤᠯᠤᠨ ᠪᠦᠲᠦᠭᠡᠬᠦ ᠳᠤ 6 ᠲᠦᠮᠡ ᠭᠠᠷᠤᠢ ᠬᠠᠪᠤᠳᠠᠷ ᠤᠨ ᠡᠰ ᠤᠨ ᠵᠢᠷᠤᠬ ᠢ ᠬᠡᠷᠡᠭᠯᠡᠵᠦ ᠨᠢᠭᠡ ᠳ᠋ᠠᠶᠢᠲ᠋ᠠ ᠪᠠᠶᠢᠭᠤᠯᠵᠠᠢ᠃ ᠡᠳᠡᠭᠡᠷ ᠵᠢᠷᠤᠬ ᠨᠢ ᠶᠠᠫᠤᠨ ᠤ ᠲᠠᠪᠤᠨ ᠡᠮᠨᠡᠯᠭᠡ ᠶᠢᠨ ᠤᠨᠤᠰᠢᠯᠠᠬᠰᠠᠨ 3000 ᠭᠠᠷᠤᠢ ᠡᠪᠡᠳᠴᠢᠨ ᠤ ᠵᠢᠱᠢᠶ᠎ᠠ ᠪᠤᠯᠤᠨ᠎ᠠ᠃ ᠡᠨᠡᠬᠦ ᠰᠢᠰᠲ᠋ᠧᠮ ᠨᠢ ᠵᠢᠷᠤᠬ ᠲᠦᠷᠰᠦ ᠶᠢᠨ ᠬᠦᠮᠦᠷᠭᠡ ᠳᠡᠬᠢ ᠬᠠᠪᠤᠳᠠᠷ ᠤᠨ ᠵᠢᠷᠤᠬ ᠳᠤ ᠵᠠᠳᠠᠯᠤᠯᠲᠠ ᠬᠢᠬᠦ ᠪᠠ ᠭᠦᠨᠵᠡᠭᠡᠢ ᠰᠤᠳᠤᠯᠬᠤ ᠪᠡᠷ ᠳᠠᠮᠵᠢᠨ ᠦᠮᠡᠨ ᠡᠪᠡᠳᠴᠢᠨ ᠲᠡᠢ ᠡᠰᠡᠭᠦ ᠵᠢ ᠲᠤᠳᠤᠯᠠᠳᠠᠬ᠃ ᠡᠨᠡ ᠨᠢ ᠡᠮᠴᠢ ᠶᠢᠨ ᠤᠨᠤᠰᠢᠯᠠᠬᠤ ᠦᠷ᠎ᠡ ᠪᠦᠲᠦᠮᠵᠢ ᠵᠢ ᠳᠡᠭᠡᠭᠰᠢᠯᠡᠭᠦᠯᠦᠭᠰᠡᠨ ᠲᠡᠳᠦᠢ ᠦᠭᠡᠢ ᠤᠨᠤᠰᠢᠯᠠᠬᠤ ᠤᠨᠤᠪᠴᠢ ᠵᠢ ᠴᠤ ᠶᠡᠬᠡᠪᠡᠷ ᠳᠡᠭᠡᠭᠰᠢᠯᠡᠭᠦᠯᠵᠡᠢ᠃    ᠤᠶᠢᠯᠠᠭᠠᠬᠰᠠᠨ ᠢᠶᠡᠷ᠂ ᠡᠨᠡ ᠢᠵᠢ ᠬᠢᠮᠡᠯ ᠲᠠᠷᠢᠬᠢ ᠵᠢ ᠤᠳᠤᠬᠠᠨ ᠳᠤ ᠶᠠᠫᠤᠨ ᠤ ᠵᠢᠷᠭᠤᠭᠠᠨ ᠡᠮᠨᠡᠯᠭᠡ ᠳᠤ ᠡᠬᠢᠯᠡᠨ ᠲᠤᠷᠰᠢᠨ ᠬᠡᠷᠡᠭᠯᠡᠭᠰᠡᠨ ᠪᠠ 2018 ᠤᠨ ᠳᠤ ᠶᠠᠫᠤᠨ ᠤ ᠡᠮ ᠡᠮᠨᠡᠯᠭᠡ ᠶᠢᠨ ᠬᠢᠨᠠᠨ ᠬᠠᠮᠢᠶᠠᠷᠤᠯᠲᠠ ᠶᠢᠨ ᠬᠠᠮᠢᠶ᠎ᠠ ᠪᠦᠬᠦᠢ ᠰᠠᠯᠪᠤᠷᠢ ᠡᠴᠡ ᠵᠦᠪᠰᠢᠶᠡᠷᠡᠯ ᠤᠯᠭᠤᠬᠤ ᠪᠤᠯᠤᠮᠵᠢ ᠪᠤᠢ᠃
 
ᠢᠷᠡᠯᠲᠡ᠄ ᠲᠦᠪ ᠲᠧᠯᠸᠢᠰ ᠤᠨ ᠨᠧᠲ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号