| | ᠭᠠᠷ ᠤᠳᠠᠰᠤ ᠨᠢ ᠬᠦᠮᠦᠰ ᠤᠨ | ᠠᠮᠢᠳᠤᠷᠠᠯ ᠳᠤ ᠮᠠᠰᠢ ᠤᠯᠠᠨ ᠲᠦᠬᠦᠮ | ᠨᠦᠬᠦᠴᠡᠯ ᠠᠪᠴᠢᠷᠠᠭᠰᠠᠨ ᠪᠤᠯᠪᠠᠴᠤ ᠬᠤᠤᠷ | ᠬᠦᠨᠦᠭᠡᠯ ᠨᠢ ᠴᠤ ᠪᠠᠭ᠎ᠠ ᠪᠤᠰᠤ᠃ | ᠤᠢᠢᠷ᠎ᠠ ᠳᠤ᠂ ᠠᠩᠭ᠍ᠯᠢ ᠶᠢᠨ ᠨᠢᠶᠦ᠋ᠺᠢᠨ | ᠶᠡᠭᠡ ᠰᠤᠷᠭᠠᠭᠤᠯᠢ ᠶᠢᠨ ᠮᠡᠳᠡᠷᠡᠯ ᠤᠨ | ᠲᠠᠰᠤᠭ ᠤᠨ ᠰᠤᠳᠤᠯᠭᠠᠳᠠᠳ ᠤᠨ | ᠰᠡᠷᠡᠮᠵᠢᠯᠡᠬᠦᠯᠦᠭᠰᠡᠨ ᠢᠶᠠᠷ᠂ ᠭᠠᠷ | ᠤᠳᠠᠰᠤ ᠦᠷᠬᠦᠯᠵᠢ ᠨᠠᠭᠠᠳᠪᠠᠯ ᠬᠦᠮᠦᠨ ᠤ | ᠳᠠᠷᠢᠬᠢ ᠬᠦᠳᠡᠯᠬᠦ ᠨᠢ ᠤᠳᠠᠭᠠᠯᠢᠭ | ᠪᠤᠯᠤᠨ᠎ᠠ᠃ | | ᠳᠤᠰᠬᠠᠢ ᠮᠡᠷᠭᠡᠵᠢᠯᠳᠡᠳ ᠤᠨ | ᠦᠵᠡᠬᠦ ᠪᠠᠷ᠂ ᠲᠡᠭᠡᠳᠦ ᠲᠧᠭᠨᠤᠯᠤᠬᠢ ᠶᠢᠨ | ᠪᠦᠳᠦᠬᠡᠭ᠍ᠳᠡᠬᠦᠨ ᠢ ᠦᠷᠭᠡᠨ ᠢᠶᠠᠷ | ᠠᠰᠢᠭᠯᠠᠬᠤ ᠶᠢ ᠳᠠᠭᠠᠯᠳᠤᠨ᠂ ᠤᠳᠤ | ᠦᠶ᠎ᠡ ᠶᠢᠨ ᠬᠢᠨ ᠤᠯᠠᠮ ᠠᠴᠠ ᠤᠯᠠᠮ | ᠳᠤᠰᠠᠭᠠᠷ ᠶᠢᠡᠨ ᠠᠰᠠᠭᠤᠳᠠᠯ | ᠰᠢᠢᠳᠪᠦᠷᠢᠯᠡᠬᠦ ᠪᠠ ᠮᠡᠳᠡᠯᠭᠡ | ᠬᠤᠷᠠᠮᠳᠤᠭᠤᠯᠬᠤ ᠭᠡᠷᠡᠭ ᠦᠭᠡᠢ ᠪᠤᠯᠤᠭᠰᠠᠨ᠂ | ᠭᠠᠷ ᠤᠳᠠᠰᠤ ᠶᠡᠭᠡᠩᠭᠡᠢ ᠶᠢ ᠨᠢ ᠬᠠᠮᠵᠢᠭᠠᠳ | ᠰᠢᠢᠳᠪᠦᠷᠢᠯᠡᠴᠢᠭᠡᠨᠡ᠃ ᠶᠠᠬ | ᠡᠶᠢᠮᠦ ᠠᠴᠠ᠂ ᠶᠡᠭᠡ ᠳᠠᠷᠢᠬᠢᠨ ᠤ | ᠴᠢᠳᠠᠪᠬᠢ《ᠭᠡᠷᠡᠭᠯᠡᠪᠡᠯ ᠬᠦᠭ᠍ᠵᠢᠵᠦ | ᠭᠡᠷᠡᠭᠯᠡᠬᠦ ᠦᠭᠡᠢ ᠪᠤᠯ | ᠮᠠᠭᠤᠳᠠᠳᠠᠭ》ᠵᠠᠷᠴᠢᠮ ᠢᠶᠠᠷ ᠴᠡᠭᠡᠵᠢᠯᠡᠬᠦ | ᠴᠢᠳᠠᠪᠤᠷᠢ ᠵᠡᠷᠭᠡ ᠴᠢᠳᠠᠪᠬᠢ ᠴᠦᠮ | ᠮᠠᠭᠤᠳᠠᠬᠤ ᠶᠤᠮ᠃ | ᠮᠡᠷᠭᠡᠵᠢᠯ ᠳᠤ ᠲᠦᠰᠢᠭᠯᠡᠨ ᠰᠤᠷᠠᠭ | ᠵᠠᠩᠬᠢ ᠤᠯᠬᠤ ᠨᠢ ᠦᠵᠡᠬᠦ ᠳᠤ ᠬᠤᠬᠢᠷᠠᠯ | ᠪᠤᠯᠬᠤ ᠦᠭᠡᠢ ᠪᠤᠯᠪᠠᠴᠤ ᠦᠨᠡᠨᠳᠡᠭᠡᠨ | ᠬᠦᠮᠦᠰ ᠤᠨ ᠡᠳᠦᠷ ᠳᠤᠳᠤᠮ ᠤᠨ | ᠪᠤᠳᠤᠯᠢᠶᠠᠨᠳᠠᠢ ᠠᠰᠠᠭᠤᠳᠠᠯ ᠤᠨ ᠳᠤᠬᠠᠢ | ᠤᠢᠢᠯᠠᠭᠠᠯᠳᠠ ᠳᠠᠨᠢᠬᠤᠢ ᠶᠢ ᠬᠦᠨᠳᠦ | ᠨᠤᠴᠢᠳᠠᠢ ᠨᠦᠯᠦᠭᠡᠯᠡᠵᠦ ᠪᠠᠶᠢᠳᠠᠭ ᠭᠡᠵᠦ | ᠳᠤᠰᠬᠠᠢ ᠮᠡᠷᠭᠡᠵᠢᠯᠳᠡᠳ ᠵᠢᠭᠠᠵᠤ | ᠭᠠᠷᠭᠠᠵᠠᠢ᠃ | | | | |