ᠬᠡᠷ ᠤᠨ ᠬᠦᠮᠤᠵᠢᠯ ᠤᠨ ᠲᠠᠪᠤᠨ ᠤᠬᠠᠮᠰᠠᠷ
ᠨᠡᠶᠢᠲᠡᠯᠡᠭᠰᠡᠨ ᠴᠠᠭ᠄
2018-06-05
     ᠬᠡᠤᠬᠡᠳ ᠤᠨ ᠡᠷᠡᠭᠦᠯ ᠦᠰᠦᠨ ᠪᠤᠶᠢᠵᠢᠯᠲᠡ ᠨᠢ ᠭᠡᠷ ᠤᠨ ᠬᠦᠮᠦᠵᠢᠯ᠂ ᠰᠤᠷᠭᠠᠭᠤᠯᠢ ᠶᠢᠨ ᠬᠦᠮᠦᠵᠢᠯ᠂ ᠨᠡᠶᠢᠭᠡᠮ ᠤᠨ ᠬᠦᠮᠦᠵᠢᠯ ᠤᠨ ᠠᠯᠢᠨ ᠠᠴᠠ ᠴᠤ ᠰᠠᠯᠵᠦ ᠪᠤᠯᠤᠰᠢ ᠦᠭᠡᠢ ᠪᠠᠶᠢᠳᠠᠭ᠃ ᠨᠡᠩ ᠤᠨᠴᠠᠭᠠᠢᠢᠯᠠᠨ ᠭᠡᠷ ᠪᠦᠯᠢ ᠶᠢᠨ ᠬᠦᠮᠦᠵᠢᠯ ᠪᠤᠯ ᠶᠡᠷᠦᠨᠢ ᠬᠠᠮᠤᠭ ᠠᠴᠠ ᠢᠯᠡᠭᠦᠦ ᠤᠮᠳᠤᠭᠠᠢᠢᠯᠠᠵᠦ ᠪᠤᠯᠤᠰᠢ ᠦᠭᠡᠢ ᠠᠩᠬᠠᠨ ᠤ ᠬᠦᠮᠦᠵᠢᠯ ᠪᠤᠯᠬᠤ ᠶᠤᠮ᠃ ᠭᠡᠷ ᠪᠦᠯᠢ ᠶᠢᠨ ᠬᠦᠮᠦᠵᠢᠯ ᠭᠡᠵᠦ ᠲᠤᠷᠠᠳᠬᠤ ᠠᠴᠠ ᠬᠡᠤᠬᠡᠳ ᠢᠶᠠᠨ ᠲᠠᠨᠢᠬᠤ᠂ ᠬᠡᠤᠬᠡᠳ ᠢᠶᠠᠨ ᠬᠠᠶᠢᠷᠠᠯᠠᠬᠤ᠂ ᠬᠡᠤᠬᠡᠳ ᠢᠶᠠᠨ ᠬᠦᠨᠳᠦᠳᠭᠡᠬᠦ᠂ ᠬᠡᠤᠬᠡᠳ ᠢᠶᠠᠨ ᠢᠳᠡᠭᠡᠬᠦ᠂ ᠬᠡᠤᠬᠡᠳ ᠢᠶᠠᠨ ᠪᠠᠭ᠋ᠠᠷᠬᠠᠬᠤ ᠨᠢ ᠲᠤᠩ ᠴᠢᠬᠤᠯᠠ ᠪᠠᠶᠢᠳᠠᠭ ᠢ ᠭᠡᠷ ᠤᠨ ᠠᠬᠠᠮᠠᠳ ᠠᠩᠬᠠᠷᠤᠯ ᠳᠠᠭᠠᠨ ᠠᠪᠬᠤ ᠴᠢᠬᠤᠯᠠᠲᠠᠢ ᠶᠤᠮ᠃              ᠨᠢᠭᠡ᠂ ᠲᠡᠯᠡᠭᠡᠢ ᠲᠡᠭᠡᠷ᠎ᠡ ︽ᠮᠠᠭᠤ ᠬᠡᠤᠬᠡᠳ︾ ᠭᠡᠵᠦ ᠪᠠᠶᠢᠳᠠᠭ ᠦᠭᠡᠢ ᠰᠢᠦ︕ ᠰᠢᠯᠢᠳᠡᠭ ᠭᠡᠷ ᠤᠨ ᠠᠬᠠᠮᠠᠳ ᠤᠨ ᠨᠢᠳᠦᠨ ᠳᠤ ᠶᠠᠷᠦᠨᠢ ᠠᠳᠠᠭ ᠮᠠᠭᠤ ᠬᠡᠤᠬᠡᠳ ᠭᠡᠵᠦ ᠪᠠᠶᠢᠳᠠᠭ ᠦᠭᠡᠢ ᠶᠤᠮ᠂ ᠤᠴᠢᠷ ᠨᠢ ︽ᠰᠠᠶᠢᠨ ᠬᠡᠤᠭᠡᠳ︾ ᠪᠤᠯᠭᠠᠨ ᠬᠦᠮᠦᠵᠢᠭᠦᠯᠬᠦ ᠶᠠᠪᠤᠴᠠ ᠳᠤ ᠲᠤᠮᠤᠴᠤᠤᠯ ᠵᠦᠪᠬᠡᠨ ᠬᠡᠤᠬᠡᠳ ᠢ ᠤᠢᠢᠯᠠᠭᠠᠵᠦ᠂ ᠵᠤᠷᠢᠭᠵᠢᠭᠤᠯᠵᠦ᠂ ᠪᠠᠭ᠋ᠠᠷᠬᠠᠨ ᠬᠠᠶᠢᠷᠠᠯᠠᠬᠤ ᠯᠡ ᠶᠤᠰᠤᠲᠠᠢ ᠶᠤᠮ᠃ ᠲᠤᠮᠤᠴᠤᠤᠯ ᠤᠨ ᠵᠤᠷᠢᠭᠵᠢᠭᠤᠯᠤᠯ ᠬᠡᠳᠦᠢ ᠠᠷᠪᠢᠨ ᠪᠤᠯ ᠬᠡᠤᠬᠡᠳ ᠤᠨ ᠢᠳᠡᠭᠡᠯ ᠲᠡᠳᠦᠢ ᠨᠡᠮᠡᠭᠳᠡᠳᠡᠭ᠃ ᠡᠴᠢᠭᠡ ᠡᠭᠡ ᠶᠢᠨ ᠲᠠᠭᠤᠷᠢᠶᠠᠯ ᠤᠨ ᠬᠦᠴᠦᠨ ᠪᠠ ᠵᠤᠷᠢᠭᠵᠢᠭᠤᠯᠤᠯ ᠤᠨ ᠬᠦᠴᠦᠨ ᠤ ᠠᠤᠭ᠎ᠠ ᠴᠢᠳᠠᠯ ᠢ ᠲᠦᠰᠦᠭᠡᠯᠡᠬᠦ ᠶᠢᠨ ᠠᠷᠭ᠎ᠠ ᠦᠭᠡᠢ ᠪᠠᠶᠢᠳᠠᠭ ᠶᠤᠮ᠃              ᠬᠤᠶᠠᠷ᠂ ᠬᠡᠤᠬᠡᠳ ᠢᠶᠠᠨ ᠬᠠᠶᠢᠷᠠᠯᠠᠬᠤ ᠶᠢᠨ ᠤᠷᠢᠳᠠᠯ ᠨᠢ ᠬᠡᠤᠬᠡᠳ ᠢᠶᠠᠨ ᠤᠢᠢᠯᠠᠭᠠᠬᠤ ᠳᠤ ᠪᠤᠢ᠃ ︽ᠬᠡᠤᠬᠡᠳ ᠤᠨ 10 ᠨᠠᠰᠤᠨ ᠠᠴᠠ ᠡᠮᠦᠨᠡᠬᠢ ᠦᠶ᠎ᠡ ᠪᠤᠯ ᠡᠴᠢᠭᠡ ᠡᠭᠡ ᠪᠠᠨ ᠰᠢᠲᠦᠨ ᠪᠢᠰᠢᠷᠡᠬᠦ ᠱᠠᠲᠦ᠂  20 ᠨᠠᠰᠤᠨ ᠠᠴᠠ ᠡᠮᠦᠨ᠎ᠡ ᠪᠤᠯ ᠡᠴᠢᠭᠡ ᠡᠭᠡ ᠪᠠᠨ ᠬᠦᠡᠭᠭᠡᠪᠴᠢᠯᠡᠬᠦ ᠱᠠᠲᠦ᠂ 30 ᠨᠠᠰᠤᠨ ᠠᠴᠠ ᠡᠮᠦᠨ᠎ᠡ ᠪᠤᠯ ᠡᠴᠢᠭᠡ ᠡᠭᠡ ᠪᠠᠨ ᠤᠢᠢᠯᠠᠭᠠᠬᠤ ᠱᠠᠲᠦ᠂  40 ᠨᠠᠰᠦ ᠪᠤᠯ ᠡᠴᠢᠭᠡ ᠡᠭᠡ ᠪᠠᠨ ᠬᠦᠨ ᠬᠠᠶᠢᠷᠠᠯᠠᠬᠤ ᠦᠶ᠎ᠡ᠂ 50 ᠨᠠᠰᠦ ᠪᠤᠯ ᠰᠠᠶ᠋ᠢ ᠦᠪᠡᠷ ᠤᠨ ᠡᠴᠢᠭᠡ ᠡᠭᠡ ᠪᠠᠨ ᠵᠢᠩᠭᠢᠨᠢ ᠪᠠᠷ ᠤᠢᠢᠯᠠᠭᠠᠬᠤ ᠦᠶ᠎ᠡ᠂ 60 ᠨᠠᠰᠦ ᠪᠤᠯ ᠡᠴᠢᠭᠡ ᠡᠭᠡ ᠪᠠᠨ ᠠᠰᠠᠷᠠᠵᠦ ᠡᠨᠡᠷᠢᠬᠦ ᠪᠤᠶᠤ ᠲᠤᠷᠠᠳᠬᠠᠨ ᠮᠦᠷᠦᠭᠡᠳᠬᠦ ᠴᠠᠭ ᠦᠶ᠎ᠡ ᠪᠤᠯᠤᠨ᠎ᠠ︾ ᠭᠡᠵᠦ ᠰᠤᠳᠤᠯᠭᠠᠲᠠᠳ ᠦᠵᠡᠵᠦ ᠪᠤᠢ ᠃ ᠡᠶᠢᠮᠦ ᠠᠴᠠ 10 — 20  ᠨᠠᠰᠤᠨ ᠤ ᠱᠠᠲᠦ ᠪᠤᠯ ᠡᠴᠢᠭᠡ ᠡᠭᠡ ᠪᠠ ᠬᠡᠤᠬᠡᠳ ᠤᠨ ᠬᠤᠭᠤᠷᠤᠨᠳᠦᠬᠢ ᠵᠦᠷᠢᠴᠡᠯ ᠮᠦᠷᠭᠦᠯᠳᠦᠭᠡᠨ ᠬᠤᠷᠴᠠᠳᠬᠤ ᠦᠶ᠎ᠡ ᠪᠤᠯᠤᠨ᠎ᠠ᠃ ᠡᠭᠦᠨ ᠤ ᠬᠠᠮᠤᠭ ᠤᠨ ᠴᠢᠬᠤᠯᠠ ᠰᠡᠳᠬᠢᠴᠡ ᠶᠢᠨ ᠢᠯᠡᠷᠡᠯ ᠨᠢ᠂ ᠬᠡᠤᠬᠡᠳ ᠤᠨ ᠦᠪᠡᠷ ᠪᠢ ᠶᠢᠨ ᠤᠬᠠᠮᠰᠠᠷ ᠬᠠᠮᠤᠭ ᠤᠨ ᠴᠢᠩᠭ᠎ᠠ ᠪᠠᠶᠢᠳᠠᠭ᠃  ᠡᠨᠡ ᠦᠶ᠎ᠡ ᠳᠤ ᠬᠡᠤᠬᠡᠳ ᠶᠡᠷᠦᠨᠢ ᠲᠤᠰᠠᠭᠠᠷᠯᠠᠬᠤ ᠶᠢ ᠬᠦᠰᠡᠪᠡᠴᠦ ᠠᠷᠭ᠎ᠠ ᠶᠠᠳᠠᠵᠦ᠂ ᠴᠢᠩᠭ᠎ᠠ ᠰᠢᠯᠢᠯᠲᠡ ᠶᠢᠨ ᠬᠠᠷᠠᠴᠠ ᠪᠠᠷ  ᠡᠴᠢᠭᠡ ᠡᠭᠡ ᠪᠠ ᠨᠡᠶᠢᠭᠡᠮ ᠢ ᠰᠢᠨᠵᠢᠳᠡᠭ᠂ ᠢᠡᠭᠭᠢᠭᠡᠳ ᠮᠦᠷᠭᠦᠯᠳᠦᠭᠡᠨ ᠡᠭᠦᠰᠳᠡᠭ᠃ ᠡᠨᠡᠬᠦ ᠮᠦᠷᠭᠦᠯᠳᠦᠭᠡᠨ ᠨᠢ ᠦᠨᠡᠨᠳᠡᠭᠡᠨ ᠬᠤᠶᠠᠷ ᠦᠶ᠎ᠠ ᠶᠢᠨ ᠬᠦᠮᠦᠨ ᠤ ᠰᠡᠳᠬᠢᠴᠡ ᠶᠢᠨ ᠬᠦᠭᠵᠢᠯᠲᠡ ᠶᠢᠨ ᠬᠢᠷᠢ ᠲᠦᠪᠰᠢᠨ ᠤ ᠢᠯᠭᠠᠭ᠎ᠠ ᠪᠤᠶᠤ ᠮᠡᠳᠡᠯᠭᠡ ᠶᠢᠨ ᠦᠨᠳᠦᠷᠴᠡ᠂ ᠠᠮᠢᠳᠤᠷᠠᠯ ᠤᠨ ᠲᠤᠷᠰᠢᠯᠭ᠎ᠠ ᠵᠢᠴᠢ ᠰᠢᠨ᠎ᠡ ᠮᠡᠳᠡᠯᠭᠡ ᠲᠠᠢ ᠵᠤᠬᠢᠴᠠᠯᠳᠤᠭᠰᠠᠨ ᠴᠢᠳᠠᠪᠤᠷᠢ ᠶᠢᠨ ᠢᠯᠭᠠᠭ᠎ᠠ ᠠᠴᠠ ᠪᠤᠯᠤᠭᠰᠠᠨ ᠶᠤᠮ᠃               ᠭᠤᠷᠪᠠ᠂ ᠬᠡᠤᠬᠡᠳ ᠢ ᠬᠦᠨᠳᠦᠳᠭᠡᠬᠦ ᠬᠡᠷᠡᠭᠲᠡᠢ᠃ ᠤᠯᠠᠨ ᠤᠯᠤᠰ ᠤᠨ ᠬᠤᠯᠪᠤᠭᠠᠲᠦ ᠪᠠᠶᠢᠭᠤᠯᠤᠯᠭ᠎ᠠ ᠶᠢᠨ ᠨᠡᠶᠢᠲᠡᠯᠡᠭᠰᠡᠨ ︽ᠬᠡᠤᠬᠡᠳ ᠤᠨ ᠡᠷᠭᠡ ᠶᠢᠨ  ᠨᠡᠶᠢᠲᠡ ᠶᠢᠨ ᠭᠡᠷ᠎ᠡ︾ ᠳᠤ  ︽ᠬᠡᠤᠬᠡᠳ ᠤᠨ ᠤᠷᠤᠰᠢᠨ ᠠᠮᠢᠳᠤᠷᠠᠬᠤ ᠡᠷᠭᠡ᠂ ᠬᠦᠭᠵᠢᠬᠦ ᠡᠷᠭᠡ᠂ ᠬᠠᠮᠠᠭᠠᠯᠠᠭᠳᠠᠬᠤ ᠡᠷᠭᠡ᠂ ᠭᠡᠷ ᠪᠦᠯᠢ ᠶᠢᠨ ᠭᠡᠷᠡᠭ ᠲᠤ ᠤᠷᠤᠯᠴᠠᠬᠤ ᠡᠷᠭᠡ᠂ ᠨᠡᠶᠢᠭᠡᠮ ᠤᠨ ᠠᠮᠢᠳᠤᠷᠠᠯ ᠤᠨ ᠡᠷᠭᠡ ᠶᠢ ᠬᠦᠨᠳᠦᠳᠭᠡᠬᠦ ᠭᠡᠷᠡᠭᠲᠡᠢ︾ ᠭᠡᠵᠦ ᠵᠢᠭᠠᠵᠦ ᠭᠠᠷᠭᠠᠵᠠᠢ᠃ ᠭᠡᠬᠦ ᠳᠤ ᠵᠠᠷᠢᠮ ᠭᠡᠷ ᠤᠨ ᠠᠬᠠᠮᠠᠳ᠄  ︽ᠡᠶᠢᠮᠦ  ᠪᠠᠭ᠎ᠠ ᠬᠡᠤᠬᠡᠳ ᠶᠠᠮᠠᠷ ᠠᠷᠪᠢᠨ ᠡᠷᠭᠡ ᠲᠠᠢ ᠶᠤᠮ ᠪᠤᠢ︖ ᠡᠨᠡ ᠤᠯᠠᠨ ᠡᠷᠭᠡ ᠶᠢ ᠤᠯᠭᠤᠪᠠᠯ ᠲᠡᠳᠡᠨᠤᠰ ᠢ ᠬᠠᠮᠢᠶᠠᠷᠴᠦ  ᠲᠡᠶᠢᠯᠬᠦ  ᠶᠤᠮ ᠤᠤ︖︾ ᠭᠡᠵᠦ ᠤᠨᠳᠤᠭᠤᠴᠠᠳᠠᠭ᠃ ᠦᠨᠡᠨᠳᠡᠭᠡᠨ ᠡᠴᠢᠭᠡ ᠡᠭᠡ ᠬᠡᠤᠬᠡᠳ ᠤᠨ ᠢᠶᠠᠨ ᠡᠷᠭᠡ ᠠᠰᠢᠭ ᠢ ᠬᠦᠨᠳᠦᠳᠭᠡᠵᠦ᠂ ᠲᠡᠷᠡᠴᠢᠯᠡᠨ ᠬᠡᠤᠬᠡᠳ ᠲᠡᠭᠡᠨ ᠦᠪᠡᠷ ᠤᠨ ᠡᠷᠭᠡ ᠠᠰᠢᠭ ᠢᠶᠠᠨ ᠭᠡᠷᠬᠢᠨ ᠨᠠᠨᠳᠢᠩᠨᠠᠬᠤ ᠶᠢ ᠵᠢᠭᠠᠵᠦ ᠵᠢᠯᠤᠭᠤᠳᠬᠤ ᠦᠶ᠎ᠡ ᠳᠤ ᠰᠠᠶ᠋ᠢ ᠵᠢᠩᠬᠢᠨᠢ ᠰᠤᠷᠭᠠᠨ ᠬᠦᠮᠦᠵᠢᠯ ᠡᠬᠢᠯᠡᠳᠡᠭ᠃              ᠲᠦᠷᠪᠡ᠂ ᠲᠠ ᠬᠡᠤᠬᠡᠳ ᠢᠶᠠᠨ ᠵᠠᠪᠠᠯ ᠢᠳᠡᠭᠡᠭᠡᠷᠡᠢ᠃ ᠢᠳᠡᠭᠡᠯ ᠬᠦᠷᠳᠡᠭᠰᠡᠡ ᠬᠡᠤᠬᠡᠳ ᠰᠠᠶ᠋ᠢ ᠵᠤᠷᠢᠭ ᠲᠠᠢ ᠪᠠᠶᠢᠳᠠᠭ᠃ ᠲᠡᠭᠡᠬᠦ ᠪᠠᠷ ᠬᠡᠤᠬᠡᠳ ᠲᠤ ᠵᠠᠪᠠᠯ ᠰᠤᠷᠬᠤ ᠶᠢᠨ ᠢᠳᠡᠭᠡᠯ ᠬᠠᠶᠢᠷᠠᠯᠠᠵᠦ᠂ ᠬᠡᠤᠬᠡᠳ ᠲᠡᠭᠡᠨ ᠦᠪᠡᠷ ᠤᠨ ᠴᠢᠳᠠᠪᠤᠷᠢ ᠪᠠᠷ ᠢᠶᠠᠨ ᠬᠦᠰᠡᠵᠦ ᠰᠠᠨᠠᠭᠰᠠᠨ ᠵᠤᠷᠢᠯᠭ᠎ᠠ ᠳᠠᠭᠠᠨ ᠬᠦᠷᠬᠦ ᠶᠢ ᠵᠤᠷᠢᠭᠵᠢᠭᠤᠯᠤᠭᠠᠷᠠᠢ᠃              ᠲᠠᠪᠤ᠂ ᠪᠠᠭ᠋ᠠᠷᠬᠠᠬᠤ ᠨᠢ ᠠᠮᠵᠢᠯᠲᠠ ᠳᠤ  ᠬᠦᠷᠭᠡᠳᠡᠭ᠃ ᠪᠠᠭ᠋ᠠᠷᠬᠠᠬᠤ ᠰᠤᠷᠭᠠᠨ ᠬᠦᠮᠦᠵᠢᠯ ᠤᠨ ᠰᠠᠶᠢᠨ ᠲᠠᠯ᠎ᠠ ᠶᠢ ᠮᠡᠳᠡᠷᠡᠵᠦ᠂ ᠬᠡᠤᠬᠡᠳ ᠤᠨ ᠬᠤᠭᠤᠷᠤᠨᠳᠦ ᠵᠦᠷᠢᠶ᠎ᠡ ᠲᠠᠢ ᠪᠠᠶᠢᠳᠠᠭ ᠢ ᠤᠢᠢᠯᠠᠭᠠᠵᠦ᠂ ᠬᠡᠤᠬᠡᠳ ᠤᠨ ᠲᠠᠪᠠᠭᠤᠯᠢᠭ ᠲᠠᠯ᠎ᠠ ᠶᠢ ᠰᠦᠪᠡᠭᠴᠢᠯᠡᠵᠦ᠂ ᠬᠡᠤᠬᠡᠳ ᠦᠴᠦᠭᠡᠨ ᠲᠠᠪᠰᠢᠯᠲᠠ ᠲᠠᠢ ᠪᠠᠶᠢᠭᠰᠠᠨ ᠴᠤ ᠲᠡᠭᠦᠨ ᠢᠶᠠᠷ ᠨᠢ ᠪᠠᠭ᠋ᠠᠷᠬᠠᠵᠦ ᠶᠠᠪᠤᠪᠠᠯ ᠵᠤᠬᠢᠨ᠎ᠠ᠃  
 
ᠢᠷᠡᠯᠲᠡ᠄ ᠲᠤᠮᠳᠠᠳᠣ ᠣᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号