ᠥᠪᠦᠷ ᠮᠣᠩᠭᠤᠯ ᠤᠨ ᠠᠩᠬᠠᠳᠠᠭᠴᠢ ᠰᠢᠨ᠎ᠡ ᠡᠮ ᠵᠠᠬ᠎ᠠ ᠳᠡᠯᠭᠡᠭᠦᠷ ᠲᠤ ᠭᠠᠷᠬᠤ ᠵᠦᠪᠰᠢᠶᠡᠷᠡᠯ ᠣᠯᠪᠠ
ᠨᠡᠶᠢᠲᠡᠯᠡᠭᠰᠡᠨ ᠴᠠᠭ᠄
2018/6/5
     ᠣᠶᠢᠷ᠎ᠠ ᠶᠢᠨ ᠡᠳᠦᠷ᠂ ᠥᠪᠦᠷ ᠮᠣᠩᠭᠤᠯ ᠤᠨ ᠪᠠᠢ ᠢ ᠨᠡᠷᠡᠮᠵᠢᠲᠤ ᠡᠮ ᠦᠢᠯᠡᠳᠪᠦᠷᠢᠯᠡᠬᠦ ᠬᠤᠪᠢ ᠨᠡᠶᠢᠯᠡᠭᠦᠯᠦᠭᠰᠡᠨ ᠬᠢᠵᠠᠭᠠᠷᠲᠣ ᠺᠣᠮᠫᠠᠨᠢ ᠶᠢᠨ ᠰᠣᠳᠣᠯᠣᠨ ᠨᠡᠭᠡᠭᠡᠭᠰᠡᠨ ᠬᠡᠥᠬᠡᠳ ᠤᠨ ᠣᠯᠠᠨ ᠲᠥᠷᠦᠯ ᠤᠨ ᠸᠢᠲ᠋ᠠᠮᠢᠨ ᠨᠥᠬᠦᠪᠦᠷᠢᠯᠡᠬᠦ ᠬᠠᠳᠬᠤᠬᠤ ᠰᠢᠩᠭᠡᠨ ︵13︶ ᠣᠯᠣᠰ ᠤᠨ ᠢᠳᠡᠭᠡᠨ ᠤ ᠵᠦᠢᠯ ᠡᠮ ᠤᠨ ᠵᠦᠢᠯ ᠤᠨ ᠬᠢᠨᠠᠨ ᠬᠠᠮᠢᠶᠠᠷᠣᠯᠲᠠ ᠶᠢᠨ ᠶᠡᠷᠥᠩᠬᠡᠢ ᠲᠣᠪᠴᠢᠶ᠎ᠠ ᠵᠢᠨ‌‍ᠰᠢᠨ᠎ᠡ ᠡᠮ ᠤᠨ ᠵᠦᠪᠰᠢᠶᠡᠷᠡᠯ ᠤᠨ ᠦᠨᠡᠮᠯᠡᠯ ᠢ ᠣᠯᠪᠠ᠃            ᠲᠣᠰ ᠡᠮ ᠤᠨ ᠪᠦᠲᠦᠭᠡᠭᠳᠡᠬᠦᠨ ᠪᠣᠯ 2018 ᠣᠨ ᠤ ᠣᠯᠣᠰ ᠠᠴᠠ ᠵᠦᠪᠰᠢᠶᠡᠷᠡᠭᠰᠡᠨ ᠨᠢᠭᠡᠳᠦᠭᠡᠷ ᠰᠢᠨ᠎ᠡ ᠡᠮ᠂ ᠮᠦᠨ ᠴᠦ ᠣᠯᠣᠰ ᠤᠨ ᠡᠮ ᠤᠨ ᠵᠦᠢᠯ ᠤᠨ ᠬᠢᠨᠠᠨ ᠬᠠᠮᠢᠶᠠᠷᠣᠯᠲᠠ᠂ ᠰᠢᠨ᠎ᠡ   ᠶᠢ ᠡᠭᠦᠳᠬᠦ ᠶᠢ ᠵᠣᠷᠢᠭᠵᠢᠭᠤᠯᠬᠤ ᠵᠡᠷᠭᠡ ᠶᠡᠷᠥᠩᠬᠡᠶᠢᠯᠡᠭᠰᠡᠨ ᠠᠷᠭ᠎ᠠ ᠶᠢ ᠭᠠᠷᠭᠠᠭᠰᠠᠨ ᠠᠴᠠ ᠨᠠᠰᠢᠬᠢ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠷᠢᠳᠴᠢᠯᠠᠨ ᠬᠢᠨᠠᠨ ᠦᠨᠡᠯᠡᠭᠰᠡᠨ ᠪᠦᠭᠡᠳ ᠰᠢᠨ᠎ᠡ ᠡᠮ ᠤᠨ ᠦᠨᠡᠮᠯᠡᠯ ᠤᠯᠤᠬᠰᠠᠨ ᠨᠢᠭᠡᠳᠦᠭᠡᠷ ᠲᠦᠷᠦᠯ ᠵᠦᠢᠯ᠂ ᠮᠦᠨ ᠴᠦ ᠬᠡᠥᠬᠡᠳ ᠤᠨ ᠬᠡᠷᠡᠭᠰᠡᠬᠦ ᠪᠦᠬᠦᠶᠢᠯᠡ ᠸᠢᠲ᠋ᠠᠮᠢᠨ ᠢ ᠨᠥᠬᠦᠪᠦᠷᠢᠯᠡᠬᠦ ᠨᠠᠮᠵᠢᠭᠤᠨ ᠰᠣᠳᠠᠯ ᠤᠨ ᠣᠯᠣᠰ ᠤᠨ ᠳᠣᠲᠣᠭᠠᠳᠣ   ᠶᠢᠨ ᠠᠩᠬᠠᠳᠠᠭᠴᠢ ᠡᠮ ᠨᠠᠶᠢᠷᠠᠯᠭ᠎ᠠ ᠪᠤᠯᠤᠨ᠎ᠠ᠃            ᠥᠪᠦᠷ ᠮᠣᠩᠭᠤᠯ ᠤᠨ ᠪᠠᠢ ᠢ ᠨᠡᠷᠡᠮᠵᠢᠲᠤ ᠡᠮ ᠦᠢᠯᠡᠳᠬᠦ ᠬᠤᠪᠢ ᠣᠷᠣᠭᠤᠯᠣᠭᠰᠠᠨ ᠬᠢᠵᠠᠭᠠᠷᠲᠣ ᠺᠣᠮᠫᠠᠨᠢ  ᠪᠣᠯ ᠥᠪᠡᠷᠲᠡᠭᠡᠨ ᠵᠠᠰᠠᠬᠤ ᠣᠷᠣᠨ ᠤ ᠪᠠᠺᠲ᠋ᠧᠷᠢ ᠦᠭᠡᠢ ᠡᠮ ᠦᠢᠯᠡᠳᠪᠦᠷᠢᠯᠡᠬᠦ ᠬᠠᠮᠤᠭ ᠤᠨ ᠲᠣᠮᠣ ᠠᠵᠣ  ᠠᠬᠤᠶᠢᠯᠠᠯ  ᠪᠤᠯᠤᠨ᠎ᠠ᠂ ᠥᠪᠦᠷ ᠮᠣᠩᠭᠤᠯ ᠤᠨ ᠪᠠᠺᠲ᠋ᠧᠷᠢ ᠦᠭᠡᠢ ᠡᠮ ᠤᠨ ᠵᠦᠢᠯ ᠰᠣᠳᠣᠯᠣᠨ ᠦᠢᠯᠡᠳᠬᠦ ᠲᠦᠪ ᠢ ᠪᠠᠶᠢᠭᠤᠯᠤᠭᠠᠳ᠂  ᠣᠳᠣᠬᠠᠨ ᠳᠤ ᠬᠢᠨᠠᠨ ᠵᠦᠪᠰᠢᠶᠡᠷᠡᠬᠦᠯᠬᠦ ᠪᠠᠷ ᠤᠯᠤᠰ ᠲᠤ ᠮᠡᠲᠡᠭᠦᠯᠦᠭᠡᠳ ᠪᠠᠶᠢᠬᠤ ᠡᠮ ᠤᠨ ᠵᠦᠢᠯ 31 ᠪᠣᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号