ᠡᠸ᠋ᠨᠩᠬᠢ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠣᠯᠣᠰ ᠤᠨ ᠦᠮᠴᠢᠯᠡᠯᠲᠦ ᠭᠠᠵᠠᠷ ᠰᠢᠷᠣᠢ ᠳᠡᠭᠡᠷᠡᠬᠢ ᠬᠡᠷ ᠪᠠᠶᠢᠰᠢᠩ ᠢ ᠲᠠᠲᠠᠪᠣᠷᠢᠯᠠᠨ ᠠᠪᠬᠤ ᠬᠤᠭᠤᠴᠠᠭ᠎ᠠ ᠶᠢ ᠣᠷᠳᠣᠳᠬᠠᠬᠤ ᠲᠣᠬᠠᠢ ᠵᠠᠷᠯᠠᠯ
ᠨᠡᠶᠢᠲᠡᠯᠡᠭᠰᠡᠨ ᠴᠠᠭ᠄
2018/9/11
                                                          ᠡᠸ᠋ᠨᠩᠬᠢ ᠵᠠᠰᠠᠭ ᠦᠰᠦᠭᠲᠦ ﹇2018﹈ 46 ᠳ᠋ᠣᠭᠠᠷ ᠲᠣᠭᠠᠳᠣ           ᠲᠣᠰ ᠪᠠᠶᠢᠭᠤᠯᠣᠯᠭ᠎ᠠ 2017 ᠤ 3 ᠰᠠᠷ᠎ᠠ ᠶᠢᠨ 20 ᠤ ᠡᠳᠦᠷ ︽ᠣᠯᠣᠰ ᠤᠨ ᠦᠮᠴᠢᠯᠡᠯᠲᠦ ᠭᠠᠵᠠᠷ ᠰᠢᠷᠣᠢ ᠳᠡᠭᠡᠷᠡᠬᠢ ᠭᠡᠷ ᠪᠠᠶᠢᠰᠢᠩ ᠢ ᠲᠠᠲᠠᠪᠣᠷᠢᠯᠠᠨ ᠠᠪᠬᠤ ᠲᠣᠭᠲᠠᠭᠠᠯ︾ ︵ ᠡᠸ᠋ᠨᠩᠬᠢ ᠵᠠᠰᠠᠭ ᠦᠰᠦᠭᠲᠦ ﹇2017﹈ 24 ᠳ᠋ᠣᠭᠡᠷ ᠲᠣᠭᠠᠳᠣ︶ ᠢ ᠬᠠᠣᠯᠢ ᠶᠣᠰᠣᠭᠠᠷ ᠲᠤᠭᠳᠠᠭᠠᠪᠠ᠂ ᠵᠡᠬᠦᠨᠰᠢ ᠬᠤᠢ ᠭᠤᠣᠯ ᠵᠠᠮ ᠳᠤ ᠬᠦᠷᠬᠦ᠂ ᠡᠮᠦᠨᠡᠰᠢ ᠡᠳ᠋ ᠤᠨ ᠵᠠᠰᠠᠭ ᠠᠷᠠᠯᠵᠢᠶᠠᠨ ᠤ ᠵᠡᠬᠡᠯᠢ ᠳᠤ ᠬᠦᠷᠬᠦ᠂ ᠪᠠᠷᠠᠭᠤᠨᠰᠢ ᠨᠠᠨ ᠰᠢᠩ ᠵᠠᠮ ᠳᠤ ᠬᠦᠷᠴᠦ᠂ ᠬᠤᠶᠢᠰᠢ ᠪᠠᠶᠠᠨᠳᠠᠯ᠎ᠠ ᠵᠡᠬᠡᠯᠢ ᠳᠤ ᠬᠦᠷᠬᠦ ᠬᠡᠰᠡᠭ︔ ᠵᠡᠬᠦᠨᠰᠢ ᠬᠤᠢ ᠭᠤᠣᠯ ᠵᠠᠮ ᠬᠦᠷᠬᠦ᠂ ᠡᠮᠦᠨᠡᠰᠢ ᠡᠾᠸᠦᠸᠧ ᠰᠢᠩ ᠵᠡᠭᠡᠯᠢ ᠬᠦᠷᠬᠦ᠂ ᠪᠠᠷᠠᠭᠤᠨᠰᠢ ᠨᠠᠨ ᠰᠢᠩ ᠵᠠᠮ ᠬᠦᠷᠬᠦ᠂ ᠬᠤᠶᠢᠰᠢ ᠬᠤᠩ ᠴᠢ ᠵᠡᠬᠡᠯᠢ ᠬᠦᠷᠬᠦ︔ ᠵᠡᠬᠦᠨᠰᠢ ᠢᠮᠢᠨ ᠵᠠᠮ ᠬᠦᠷᠬᠦ᠂ ᠡᠮᠦᠨᠡᠰᠢ ᠬᠤᠩ ᠴᠢ ᠵᠡᠬᠡᠯᠢ ᠬᠦᠷᠬᠦ︔ ᠪᠠᠷᠠᠭᠤᠨᠰᠢ ᠬᠤᠢ ᠭᠤᠣᠯ ᠵᠠᠮ ᠬᠦᠷᠬᠦ᠂ ᠬᠤᠶᠢᠰᠢ ᠡᠳ᠋ ᠤᠨ ᠵᠠᠰᠠᠭ ᠠᠷᠠᠯᠵᠢᠶ᠋ᠴᠨ ᠤ ᠵᠡᠬᠡᠯᠢ ᠬᠦᠷᠬᠦ ᠬᠡᠰᠡᠭ︔ ᠵᠡᠬᠦᠨᠰᠢ ᠢᠮᠢᠨ ᠵᠠᠮ ᠬᠦᠷᠬᠦ᠂ ᠡᠮᠦᠨᠡᠰᠢ ᠰᠧᠪᠵᠢᠬᠡᠨ ᠵᠡᠬᠡᠯᠢ ᠬᠦᠷᠬᠦ᠂ ᠪᠠᠷᠠᠭᠤᠨᠰᠢ ᠬᠤᠢ ᠭᠤᠣᠯ ᠵᠠᠮ ᠬᠦᠷᠬᠦ᠂ ᠬᠤᠶᠢᠰᠢ ᠰᠣᠯᠣᠨ ᠵᠡᠬᠡᠯᠢ ︵2015 ᠣᠨ ᠤ ᠡᠮᠦᠨᠡᠰᠢ ᠭᠠᠷᠬᠤ ᠵᠠᠮ ᠳᠠᠭᠠᠤ ᠬᠢ 26 ᠡᠷᠦᠬᠡ ᠶᠢ ᠪᠠᠭᠳᠠᠭᠠᠬᠤ ᠦᠭᠡᠢ︶ ᠬᠦᠷᠬᠦ ᠬᠡᠰᠡᠭ ᠤᠨ ᠬᠡᠷ ᠪᠠᠶᠢᠰᠢᠩ ᠢ ᠲᠠᠲᠠᠪᠣᠷᠢᠯᠠᠨ ᠠᠪᠣᠨ᠎ᠠ᠂ ᠲᠠᠲᠠᠪᠣᠷᠢᠯᠠᠨ ᠠᠪᠬᠤ ᠬᠤᠭᠤᠴᠠᠭ᠎ᠠ ᠨᠢ 2017 ᠣᠨ ᠤ 10 ᠰᠠᠷ᠎ᠠ ᠶᠢᠨ 31 ᠤ ᠡᠳᠦᠷ ᠬᠦᠷᠳᠡᠯ᠎ᠡ᠃ ᠲᠠᠲᠠᠪᠣᠷᠢᠯᠠᠨ ᠠᠪᠬᠤ ᠠᠵᠢᠯ ᠤᠨ ᠠᠬᠢᠴᠠ ᠶᠢᠨ ᠪᠠᠶᠢᠳᠠᠯ ᠢ ᠦᠨᠳᠦᠰᠦᠯᠡᠨ᠂ ︽ᠣᠯᠣᠰ ᠤᠨ ᠦᠮᠴᠢᠯᠡᠯᠲᠦ ᠭᠠᠵᠠᠷ ᠰᠢᠷᠣᠢ ᠳᠡᠭᠡᠷᠡᠬᠢ ᠬᠡᠷ ᠪᠠᠶᠢᠰᠢᠩ ᠢ ᠲᠠᠲᠠᠪᠣᠷᠢᠯᠠᠨ ᠠᠪᠬᠤ ᠬᠢᠬᠡᠳ ᠲᠦᠯᠦᠪᠦᠷᠢ ᠦᠭᠬᠦ ᠳᠦᠷᠢᠮ︾ ︵ᠲᠦᠷᠦ ᠶᠢᠨ ᠶᠠᠪᠣᠳᠠᠯ ᠤᠨ ᠬᠤᠷᠢᠶᠠᠨ ᠤ ᠵᠠᠷᠯᠢᠭ 590 ᠳ᠋ᠣᠭᠡᠷ ᠲᠣᠭᠠᠳᠣ︶ ᠤᠨ ᠲᠣᠭᠲᠠᠭᠠᠯ ᠶᠣᠰᠣᠭᠠᠷ᠂ ᠡᠳᠦᠭᠡ ᠲᠠᠲᠠᠪᠣᠷᠢᠯᠠᠨ ᠠᠪᠬᠤ ᠬᠤᠭᠤᠴᠠᠭ᠎ᠠ ᠶᠢ 2019 ᠣᠨ ᠤ 12 ᠰᠠᠷ᠎ᠠ ᠶᠢᠨ 31 ᠤ ᠡᠳᠦᠷ ᠬᠦᠷᠳᠡᠯ᠎ᠡ ᠣᠷᠳᠣᠳᠬᠠᠬᠤ ᠪᠠᠷ ᠲᠣᠭᠲᠠᠪᠠ᠃ ᠪᠣᠰᠣᠳ ᠬᠡᠷᠡᠭ ᠣᠴᠢᠷ ᠢ ︽ᠣᠯᠣᠰ ᠤᠨ ᠦᠮᠴᠢᠯᠡᠯᠲᠦ ᠭᠠᠵᠠᠷ ᠰᠢᠷᠣᠢ ᠳᠡᠭᠡᠷᠡᠬᠢ ᠬᠡᠷ ᠪᠠᠶᠢᠰᠢᠩ ᠢ ᠲᠠᠲᠠᠪᠣᠷᠢᠯᠠᠨ ᠠᠪᠬᠤ ᠲᠣᠭᠲᠠᠭᠠᠯ ᠤᠨ ᠲᠣᠬᠠᠢ ᠠᠯᠪᠠᠨ ᠵᠠᠷ︾ ︵ᠡᠸ᠋ᠨᠩᠬᠢ ᠵᠠᠰᠠᠭ ᠦᠰᠦᠭᠲᠦ ﹇2017﹈ 25 ᠳ᠋ᠣᠭᠠᠷ ᠲᠣᠭᠠᠲᠣ︶ ᠲᠤ ᠨᠠᠷᠢᠯᠢᠭ ᠦᠵᠡᠭᠡᠷᠡᠢ᠃                                                                                                                                        2018 ᠣᠨ ᠤ 5 ᠰᠠᠷ᠎ᠠ ᠶᠢᠨ 30 ᠤ ᠡᠳᠦᠷ     ︵ ᠰᠠᠨᠠᠭᠠᠴᠢᠯᠠᠭ᠎ᠠ ᠲᠠᠢ ᠪᠠᠷ ᠢᠯᠡ ᠪᠣᠯᠭᠠᠬᠤ︶
 
ᠢᠷᠡᠯᠲᠡ᠄ ᠡᠸ᠋ᠨᠩᠬᠢ ᠬᠤᠰᠢᠭᠤᠨ ᠤ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09002379号