70 ᠵᠢᠯ ᠳᠤ᠂ ᠳᠤᠮᠳᠠᠳᠤ ᠤᠯᠤᠰ ᠤᠨ 7 ᠳ᠋ᠦᠩᠰᠢᠭᠤᠷ ᠭᠠᠷᠤᠶ ᠬᠥᠮᠦᠨ ᠶᠠᠳᠠᠭᠤ ᠠᠴᠠ ᠠᠩᠭᠢᠵᠢᠷᠠᠪᠠ
ᠨᠡᠶᠢᠲᠡᠯᠡᠭᠰᠡᠨ ᠴᠠᠭ᠄
2019/10/15
   ᠰᠢᠨᠬᠤᠸᠠ ᠬᠤᠷᠢᠶᠠᠨ ᠤ ᠪᠡᠭᠡᠵᠢᠩ ᠤᠨ 9 ᠰᠠᠷ᠎ᠠ ᠶᠢᠨ 16 ᠤ ᠴᠠᠬᠢᠯᠭᠠᠨ ᠮᠡᠳᠡᠭᠡ ︵ᠰᠤᠷᠪᠤᠯᠵᠢᠯᠠᠭᠴᠢ‌ᠾᠧᠦ ᠰᠢᠤᠸᠠᠢ ᠵᠢᠩ ᠶᠣᠣ ᠪᠢᠩ︶ ᠡᠨᠡ ᠪᠣᠯ ᠬᠥᠮᠦᠨ ᠲᠥᠷᠥᠯᠬᠢᠲᠡᠨ ᠤ ᠲᠡᠦᠬᠡᠨ ᠳᠡᠭᠡᠷᠡᠬᠢ ᠶᠠᠳᠠᠭᠤ ᠬᠦᠴᠢᠷᠳᠡᠯ ᠢ‌ᠡᠰᠡᠷᠭᠦᠴᠡᠬᠦ ᠬᠡᠪᠴᠢᠶ᠎ᠡ ᠪᠠᠷ ᠬᠠᠮᠤᠭ ᠤᠨ ᠶᠡᠭᠡ᠂ ᠬᠤᠷᠳᠤᠴᠠ ᠪᠠᠷ ᠬᠠᠮᠤᠭ ᠤᠨ ᠲᠦᠷᠭᠡᠨ ᠲᠡᠮᠡᠴᠡᠯ ᠪᠣᠯᠤᠨ᠎ᠠ —ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ 70 ᠵᠢᠯ ᠤᠨ ᠲᠤᠷᠰᠢ᠂ ᠬᠥᠳᠡᠭᠡ ᠲᠣᠰᠬᠤᠨ ᠤ 7 ᠳ᠋ᠦᠩᠰᠢᠭᠤᠷ‌ᠭᠠᠷᠤᠶ ᠶᠠᠳᠠᠭᠤ ᠬᠦᠴᠢᠷᠳᠡᠯᠲᠡᠶ ᠬᠥᠮᠦᠨ ᠠᠮᠠ ᠠᠮᠵᠢᠯᠲᠠ ᠲᠠᠢ ᠪᠠᠷ ᠶᠠᠳᠠᠭᠤ ᠠᠴᠠ ᠠᠩᠭᠢᠵᠢᠷᠠᠵᠤ᠂ ᠶᠠᠳᠠᠭᠤ‌‍ᠬᠦ᠋ᠴᠢᠷᠳᠡᠯᠲᠡᠶ ᠬᠥᠮᠦᠨ ᠠᠮᠠ 1.7 % ᠪᠣᠯᠲᠠᠯ᠎ᠠ ᠪᠠᠭᠤᠷᠠᠵᠠᠶ᠃ᠾᠧᠨᠠᠨ ᠮᠤᠵᠢ ᠶᠢᠨ ᠯᠦ ᠱᠢ ᠰᠢᠶᠠᠨ ᠤ 84 ᠨᠠᠰᠤᠲᠠᠶ ᠬᠤ᠋ ᠢᠤᠢ ᠯᠢᠶᠠᠩ ᠬᠡᠳᠦᠨ ᠠᠷᠪᠠᠨ ᠵᠢᠯ ‍ᠤᠨ‌ᠬᠠᠭᠤᠴᠢᠨ ᠪᠠᠶᠢᠰᠢᠩ ᠠᠴᠠ ᠪᠠᠨ ᠶᠠᠭᠤ ᠴᠤ ᠭᠡᠰᠡᠨ ᠠᠶᠠᠷᠯᠠᠵᠤ᠂ ᠪᠠᠯᠭᠠᠰᠤᠨ ᠤ ᠣᠨᠳᠣᠤ ᠭᠠᠵᠠᠷ ᠲᠤ ᠨᠡᠭᠦᠯᠭᠡᠨ‌‍ᠶᠠᠳᠠᠭᠤ ᠶᠢ ᠲᠡᠳᠬᠦᠵᠦ ᠲᠥᠪᠬᠢᠨᠡᠭᠦᠯᠬᠦ ᠲᠣᠭᠤᠷᠢᠭ ᠲᠤ ᠨᠡᠬᠦᠵᠦ ᠤᠴᠢᠯ᠎ᠠ᠃ ︽ᠪᠦᠬᠦ ᠤᠯᠤᠰ ᠤᠨ ︿ᠠᠷᠪᠠᠨ‌ᠭᠤᠷᠪᠠᠳᠤᠭᠠᠷ ᠲᠠᠪᠤᠨ ᠵᠢᠯ﹀ ᠤᠨ ᠣᠨᠳᠣᠤ ᠭᠠᠵᠠᠷ ᠲᠤ ᠨᠡᠭᠦᠯᠭᠡᠨ ᠶᠠᠳᠠᠭᠤ ᠶᠢ ᠲᠡᠳᠬᠦᠬᠦ ᠲᠥᠯᠥᠪᠵᠢᠭᠦᠯᠪᠡ︾ ᠵᠢ‌‍ᠬᠡᠷᠡᠭᠵᠢᠭᠦᠯᠦᠭᠰᠡᠨ ᠠᠴᠠ 2018 ᠣᠨ ᠤ ᠰᠡᠭᠦᠯᠴᠢ ᠪᠣᠯᠲᠠᠯ᠎ᠠ᠂ ᠪᠦᠬᠦ ᠤᠯᠤᠰ ᠤᠨ ᠬᠤ᠋ ᠨᠠᠰᠤᠲᠠᠨ ᠮᠡᠲᠦ ᠶᠢᠨ870 ᠲᠦᠮᠡᠨ ᠶᠠᠳᠠᠭᠤ ᠬᠦᠴᠢᠷᠳᠡᠯᠲᠡᠶ ᠬᠥᠮᠦᠨ ᠠᠮᠠ ᠰᠢᠨ᠎ᠡ ᠣᠷᠣᠨ ᠰᠠᠭᠤᠴᠠ ᠳᠤ ᠨᠡᠭᠦᠨ ᠣᠷᠣᠵᠤ᠂ 2019ᠣᠨ ᠤ ᠰᠡᠭᠦᠯᠴᠢ ᠪᠣᠯᠬᠤ ᠳᠤ᠂ ᠡᠨᠡᠬᠦ ᠲᠤᠭ᠎ᠠ 1000 ᠲᠦᠮᠡ ᠪᠣᠯᠲᠠᠯ᠎ᠠ ᠥᠷᠭᠡᠳᠬᠦ ᠪᠣᠯᠤᠨ᠎ᠠ᠃ᠨᠡᠭᠦᠯᠭᠡᠵᠦ ᠳᠡᠶᠢᠯᠬᠦ ᠪᠠᠷ ᠪᠠᠷᠠᠬᠤ ᠦᠭᠡᠢ ᠪᠠᠰᠠ ᠲᠣᠭᠲᠠᠪᠤᠷᠢᠵᠢᠭᠤᠯᠵᠤ ᠳᠡᠶᠢᠯᠬᠦ᠂ ᠬᠦᠭᠵᠢᠵᠦ ᠳᠡᠶᠢᠯᠬᠦ᠂ᠪᠠᠶᠠᠵᠢᠵᠤ ᠪᠣᠯᠬᠤ ᠬᠡᠷᠡᠭᠲᠡᠢ᠃ ᠬᠤ᠋ ᠨᠠᠰᠤᠲᠠᠨ ᠤ ᠬᠡᠦᠬᠡᠳ ᠨᠢ ᠰᠢᠶᠠᠨ ᠤ ᠲᠥᠪᠬᠢᠨᠡᠭᠦᠯᠬᠦ ᠣᠷᠣᠨ ᠤ ᠢᠵᠢ‌‍ᠪᠦ᠋ᠷᠢᠳᠦᠭᠦᠯᠦᠨ ᠪᠦᠲᠦᠭᠡᠨ ᠪᠠᠶᠢᠭᠤᠯᠤᠭᠰᠠᠨ ᠶᠠᠳᠠᠭᠤ ᠶᠢ ᠲᠡᠳᠬᠦᠬᠦ ᠦᠢᠯᠡᠳᠪᠦᠷᠢ ᠶᠢᠨ ᠳᠠᠰᠤᠭ ᠲᠤ ᠠᠵᠢᠯ ᠣᠯᠵᠠᠶ᠃ᠣᠳᠣᠬᠠᠨ ᠳᠤ᠂ ᠪᠦᠬᠦ ᠤᠯᠤᠰ ᠲᠤ ᠶᠠᠳᠠᠭᠤ ᠶᠢ ᠲᠡᠳᠬᠦᠬᠦ ᠡᠶᠢᠮᠦᠷᠬᠦ ᠤᠶᠢᠯᠡᠳᠪᠦᠷᠢ ᠶᠢᠨ ᠲᠠᠰᠤᠭ 3 ᠲᠦᠮᠡ ᠭᠠᠷᠤᠶ‌ᠭᠠᠷᠴᠤ᠂ 100 ᠲᠦᠮᠡ ᠰᠢᠬᠠᠮ ᠶᠠᠳᠠᠭᠤ ᠬᠦᠴᠢᠷᠳᠡᠯᠲᠡᠶ ᠬᠥᠮᠦᠨ ᠠᠮᠠ ᠳᠤ ᠠᠵᠢᠯ ᠣᠯᠭᠤᠪᠠ᠃ᠠᠵᠤ ᠦᠢᠯᠡᠰ ᠢ ᠬᠥᠭᠵᠢᠭᠦᠯᠬᠦ᠂ ᠣᠨᠳᠣᠤ ᠭᠠᠵᠠᠷ ᠲᠤ ᠨᠡᠭᠦᠯᠭᠡᠬᠦ᠂ ᠠᠮᠢ ᠠᠬᠤᠢ ᠶᠢᠨ ᠨᠥᠬᠦᠪᠥᠷᠢ ᠥᠭᠬᠦ ᠁ᠶᠠᠳᠠᠭᠤ ᠬᠦᠴᠢᠷᠳᠡᠯᠲᠡᠶ ᠡᠷᠦᠬᠡ ᠨᠢᠭᠡᠪᠦᠷᠢ ᠶᠢ ᠶᠠᠳᠠᠭᠤ ᠠᠴᠠ ᠠᠩᠭᠢᠵᠢᠷᠠᠭᠤᠯᠬᠤ ᠶᠢᠨ ᠠᠷᠤ ᠳᠤ᠂ ᠪᠦᠷ ᠨᠢᠭᠡ‌‍ᠰᠢᠰᠲ᠋ᠧᠮ ᠲᠠᠢ ᠢᠨᠵᠧᠨᠧᠷᠢᠩ᠂ ᠨᠢᠭᠡ ᠤᠳᠠᠭ᠎ᠠ ᠶᠢᠨ ᠲᠡᠮᠡᠴᠡᠬᠦ ᠴᠢᠬᠤᠯᠠᠲᠠᠶ ᠬᠠᠲᠠᠭᠤ ᠳᠠᠶᠢᠯᠠᠯᠳᠤᠭᠠᠨ ᠮᠦᠨ ᠰᠠᠨ᠃ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ ᠨᠠᠰᠢ᠂ ᠨᠠᠮ ᠤᠨ ᠲᠥᠪ ᠬᠤᠷᠢᠶ᠎ᠠ ᠤᠨᠢᠨ ᠳᠡᠭᠡᠷ᠎ᠡ ᠨᠢ ᠶᠠᠳᠠᠭᠤ ᠶᠢ ᠲᠡᠳᠬᠦᠬᠦ᠂ ᠤᠨᠢᠨ ᠳᠡᠭᠡᠷ᠎ᠡ ᠨᠢ ᠶᠠᠳᠠᠭᠤ ᠠᠴᠠ ᠠᠩᠭᠢᠵᠢᠷᠠᠭᠤᠯᠬᠤ ᠠᠷᠭ᠎ᠠ ᠪᠣᠳᠣᠯᠭ᠎ᠠ ᠶᠢ ᠬᠡᠷᠡᠭᠵᠢᠭᠦᠯᠵᠦ᠂ ᠪᠦᠬᠦ‌ᠤᠯᠤᠰ ᠤᠨ ᠡᠯ᠎ᠡ ᠭᠠᠵᠠᠷ ᠤᠨ ᠬᠢᠨ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠳᠠᠶᠢᠯᠠᠯᠳᠤᠭᠠᠨ ᠢ‌ᠡᠬᠢᠯᠡᠭᠦᠯᠵᠡᠶ᠃1650 ᠲᠦᠮᠡ᠂ 1232 ᠲᠦᠮᠡ᠂ 1442 ᠲᠦᠮᠡ᠂ 1240 ᠲᠦᠮᠡ᠂ 1289 ᠲᠦᠮᠡ᠂ 1386ᠲᠦᠮᠡ ᠁ 6 ᠵᠢᠯ ᠤᠨ ᠲᠤᠷᠰᠢ᠂ ᠪᠦᠬᠦ ᠤᠯᠤᠰ ᠲᠤ ᠨᠡᠶᠢᠲᠡ 8000 ᠲᠦᠮᠡᠨ ᠬᠥᠮᠦᠨ ᠢ ᠶᠠᠳᠠᠭᠤ ᠡᠴᠠ‌ᠠᠩᠭᠢᠵᠢᠷᠠᠭᠤᠯᠵᠠᠶ᠂ ᠡᠨᠡ ᠨᠢ ᠳᠤᠮᠳᠠᠴᠢ ᠪᠠᠷ ᠮᠢᠨᠦ᠋ᠲ ᠪᠦᠷᠢ 30 ᠰᠢᠬᠠᠮ ᠬᠥᠮᠦᠨ ᠶᠠᠳᠠᠭᠤ ᠡᠴᠠ‌ᠠᠩᠭᠢᠵᠢᠷᠠᠭᠰᠠᠨ ᠲᠠᠢ ᠲᠡᠩᠴᠡᠨ᠎ᠡ᠃ᠲᠡᠦᠬᠡ ᠶᠢᠨ ᠳᠠᠪᠠᠯᠲᠠ ᠶᠢᠨ ᠠᠷᠤ ᠳᠤ᠂ ᠳᠤᠮᠳᠠᠳᠤ ᠤᠯᠤᠰ ᠳᠡᠯᠡᠬᠡᠶ ᠶᠢᠨ ᠠᠵᠤ ᠠᠬᠤᠢ ᠶᠢᠨ ᠨᠡᠮᠡᠭᠳᠡᠯ ‍ᠤᠨ‌ᠨᠢᠭᠡᠳᠦᠭᠡᠷ ᠬᠥᠳᠡᠯᠭᠡᠭᠦᠷ ᠪᠣᠯᠪᠠ᠃ ᠳᠡᠯᠡᠬᠡᠶ ᠶᠢᠨ ᠪᠠᠩᠬᠢ ᠶᠢᠨ 2018 ᠣᠨ ᠳᠤ ᠨᠡᠶᠢᠲᠡᠯᠡᠭᠰᠡᠨ ᠮᠡᠳᠡᠭᠦᠯᠦᠯᠲᠡ ᠳᠤ᠂︽ᠳᠤᠮᠳᠠᠳᠤ ᠤᠯᠤᠰ ᠠᠵᠤ ᠠᠬᠤᠢ ᠶᠢᠨ ᠲᠦᠷᠭᠡᠨ ᠨᠡᠮᠡᠭᠳᠡᠯ ᠪᠠ ᠶᠠᠳᠠᠭᠤ ᠬᠦᠴᠢᠷᠳᠡᠯ ᠢ ᠪᠠᠭᠠᠰᠬᠠᠬᠤ ᠲᠠᠯ᠎ᠠ ᠪᠠᠷ︿ᠲᠡᠦᠬᠡᠨ ᠳᠤ ᠭᠠᠷᠤᠭ᠎ᠠ ᠦᠭᠡᠢ ᠠᠮᠵᠢᠯᠲᠠ﹀ ᠣᠯᠪᠠ︾ ᠭᠡᠪᠡ᠃ ᠬᠥᠮᠦᠨ ᠪᠦᠷᠢ ᠶᠢᠨ ᠡᠳᠦᠷ ᠪᠦᠷᠢ 1.9 ᠳ᠋ᠣᠯᠯᠠᠷ ‍ᠤᠨ‌ᠣᠯᠠᠨ ᠤᠯᠤᠰ ᠤᠨ ᠶᠠᠳᠠᠭᠤ ᠬᠦᠴᠢᠷᠳᠡᠯ ᠤᠨ ᠪᠠᠷᠢᠮᠵᠢᠶ᠎ᠠ ᠶᠣᠰᠣᠭᠠᠷ᠂ 1981 ᠣᠨ ᠤ ᠡᠴᠦᠰ ᠠᠴᠠ 2015ᠣᠨ ᠤ ᠡᠴᠦᠰ ᠪᠣᠯᠲᠠᠯ᠎ᠠ᠂ ᠳᠤᠮᠳᠠᠳᠤ ᠤᠯᠤᠰ ᠤᠨ ᠶᠠᠳᠠᠭᠤ ᠬᠦᠴᠢᠷᠳᠡᠯ ᠤᠨ ᠡᠭᠦᠰᠬᠦ ᠨᠣᠷᠮ᠎ᠠ ᠨᠡᠶᠢᠲᠡ 87.6ᠵᠠᠭᠤᠨ ᠤ ᠨᠢᠭᠡᠴᠢ ᠪᠠᠭᠤᠷᠠᠵᠤ᠂ ᠵᠢᠯ ᠪᠦᠷᠢ ᠳᠤᠮᠳᠠᠴᠢ ᠪᠠᠷ 2.6 ᠵᠠᠭᠤᠨ ᠤ ᠨᠢᠭᠡᠴᠢ ᠪᠠᠭᠤᠷᠠᠪᠠ︔ ᠠᠳᠠᠯᠢ‌ᠬᠤᠭᠤᠴᠠᠭᠠᠨ ᠤ ᠪᠦᠬᠦ ᠪᠥᠮᠪᠥᠷᠴᠡᠭ ᠤᠨ ᠶᠠᠳᠠᠭᠤ ᠬᠦᠴᠢᠷᠳᠡᠯ ᠤᠨ ᠨᠣᠷᠮ᠎ᠠ ᠨᠡᠶᠢᠲᠡ 32.2 ᠵᠠᠭᠤᠨ ᠤ ᠨᠢᠭᠡᠴᠢ‌‍ᠪᠠᠭᠤᠷᠠᠵᠤ᠂ ᠵᠢᠯ ᠳᠤᠮᠳᠠᠴᠢ ᠪᠠᠷ 0.9 ᠵᠠᠭᠤᠨ ᠤ ᠨᠢᠭᠡᠴᠢ ᠪᠠᠭᠤᠷᠠᠪᠠ᠃ ᠳᠤᠮᠳᠠᠳᠤ ᠤᠯᠤᠰ ᠪᠦᠬᠦ ᠪᠥᠮᠪᠥᠷᠴᠡᠭ ‍ᠤᠨ‌ᠬᠠᠮᠤᠭ ᠤᠨ ᠡᠷᠲᠡ ᠣᠯᠠᠨ ᠤᠯᠤᠰ ᠤᠨ ᠬᠤᠯᠪᠣᠭᠠᠲᠤ ᠪᠠᠶᠢᠭᠤᠯᠤᠯᠭ᠎ᠠ ᠶᠢᠨ ᠮᠢᠩᠭᠠᠨ ᠣᠨ ᠤ ᠬᠥᠭᠵᠢᠯᠲᠡ ᠵᠢᠨ‌ᠬᠠᠷᠠᠯᠲᠠ ᠳᠤᠮᠳᠠᠬᠢ ᠶᠠᠳᠠᠭᠤ ᠶᠢ ᠪᠠᠭᠠᠰᠬᠠᠬᠤ ᠬᠠᠷᠠᠯᠲᠠ ᠶᠢ ᠪᠡᠶᠡᠯᠡᠭᠦᠯᠦᠭᠰᠡᠨ ᠬᠥᠭᠵᠢᠵᠦ ᠪᠠᠶᠢᠭ᠎ᠠ ᠤᠯᠤᠰ ᠪᠣᠯᠪᠠ᠃ᠶᠠᠲᠠᠭᠤᠷᠠᠯ ᠳᠤ ᠤᠲᠠᠭᠠᠨ ᠭᠠᠴᠢᠬᠲᠠᠭᠰᠠᠳ ᠪᠠᠶᠠᠨ ᠴᠢᠨᠡᠭᠡᠯᠢᠭ ᠪᠤᠯᠬᠤ ᠶᠢ ᠬᠦᠰᠡᠨ ᠮᠦᠷᠦᠭᠡᠲᠦᠨ᠎ᠡ᠃ᠳᠠᠬᠢᠭᠠᠳ ᠨᠢᠭᠡ ᠵᠢᠯ ᠭᠠᠷᠤᠶ ᠶᠢᠨ ᠳᠠᠷᠠᠭ᠎ᠠ᠂ 2020 ᠣᠨ ᠪᠣᠯᠬᠤ ᠳᠤ᠂ ᠳᠤᠮᠳᠠᠳᠤ ᠶᠢᠨ ᠦᠨᠳᠦᠰᠦᠲᠡᠨ‌‍ᠲ᠋ᠦ᠋ᠢᠯ ᠤᠨ ᠶᠠᠳᠠᠭᠤ ᠬᠦᠴᠢᠷᠳᠡᠯ ᠠᠴᠠ ᠲᠦᠢᠯᠪᠤᠷᠢᠲᠠᠶ ᠠᠩᠭᠢᠵᠢᠷᠠᠵᠤ᠂ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ‌‍ᠪᠡᠶᠡᠯᠡᠭᠦᠯᠬᠦ ᠮᠢᠩᠭᠠᠨ ᠣᠨ ᠤ ᠬᠦᠰᠡᠯ ᠵᠡᠭᠦᠳᠦ ᠮᠠᠨ ᠤ ᠡᠨᠡ ᠦᠶ᠎ᠡ ᠶᠢᠨ ᠭᠠᠷ ᠳᠡᠭᠡᠷ᠎ᠡ ᠪᠡᠶᠡᠯᠡᠭᠳᠡᠬᠦ ᠪᠣᠯᠤᠨ᠎ᠠ᠃  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09002379号