| ᠤᠯᠠᠭᠠᠨᠪᠠᠶᠠᠷ | ᠬᠡᠦᠬᠡᠳ ᠤᠨ ᠠᠷᠢᠭᠤᠨ ᠰᠡᠳᠭᠢᠯ ᠰᠢᠭ᠂ ᠥᠭᠯᠢᠭᠡᠲᠦ ᠰᠡᠳᠭᠢᠯᠭᠡ ᠶᠢᠨ ᠭᠭᠢᠷ ᠦᠭᠡᠢ ᠴᠠᠶᠢᠯᠭᠠᠨ ᠤᠬᠠᠭ᠎ᠠ ᠰᠢᠭ᠋ ᠠᠩᠬ᠎ᠠ ᠡᠪᠦᠯ ᠤᠨ ᠴᠠᠰᠤ ᠠᠷᠤ ᠭᠠᠵᠠᠷ ᠤᠨ | ᠮᠢᠨᠢ ᠬᠥᠪᠴᠢ ᠬᠠᠩᠭᠠᠢ ᠬᠥᠲᠥᠯ ᠲᠣᠯᠣᠭᠠᠳ ᠢ ᠠᠶᠠᠷᠬᠠᠨ ᠨᠦᠮᠦᠷᠴᠦ᠂ ᠠᠯᠢᠶ᠎ᠠ ᠵᠢᠭᠠᠯ ᠤᠨ ᠲᠣᠷᠮᠤᠯᠵᠠᠬᠤ ᠰᠤᠷᠮᠤᠰᠤ ᠰᠢᠭ᠋᠂ ᠠᠩᠭᠢᠷ ᠰᠢᠪᠠᠭᠤᠨ ᠤ ᠵᠥᠭᠡᠯᠡᠨ | ᠥᠳᠦ ᠰᠢᠭ ᠴᠢᠪ ᠴᠢᠮᠡᠭᠡ ᠦᠭᠡᠢ᠂ ᠨᠠᠮ ᠵᠢᠮᠬᠡᠨ ᠯᠠᠪᠰᠠᠯᠠᠨ ᠪᠠᠭᠤᠬᠤ ᠳᠤ ᠠᠨᠢᠷ ᠦᠭᠡᠢ ᠶᠢᠨ ᠳᠣᠮᠳᠠᠬᠢ ᠬᠤᠯᠠ ᠶᠢᠨ ᠴᠡᠩᠬᠡᠷ ᠠᠪᠢᠶᠠᠳ ᠢ ᠴᠢᠩᠨᠠᠬᠤ ᠰᠢᠭ᠋ | ᠠᠭᠯᠠᠭ ᠬᠡᠭᠡᠷ᠎ᠡ ᠠᠭᠤᠵᠢᠭᠤ ᠠᠮᠢᠰᠬᠤᠵᠤ᠂ ᠠᠮᠢ ᠨᠠᠰᠤᠨ ᠤ ᠮᠥᠩᠬᠡ ᠶᠢᠨ ᠡᠨᠡ ᠬᠤᠷᠣᠮ ᠮᠥᠷᠦᠭᠡᠳᠦᠯ ᠤᠨ ᠭᠠᠭᠴᠠ ᠠᠭᠱᠠᠨ ᠢᠶᠠᠨ ᠠᠭᠠᠯᠢᠭᠦᠢ ᠴᠠᠭᠠᠨ | ᠳᠣᠭᠳᠤᠯᠤᠯ ᠢᠶᠠᠷ ᠠᠮᠢᠨᠴᠢᠷᠬᠠᠨᠠ᠃ | ᠭᠠᠯᠠᠭᠤᠳ ᠨᠢ ᠣᠳᠤᠭᠠᠳ ᠳᠦᠷᠯᠡᠶᠢᠭᠰᠡᠨ ᠨᠠᠭᠤᠷ ᠤᠨ ᠪᠤᠭᠤᠷᠤᠯ ᠮᠠᠨᠳᠠᠯ ᠢ ᠭᠠᠭᠴᠠ ᠬᠠᠷᠠᠬᠤ ᠳᠠᠭᠠᠨ ᠤᠶᠠᠷᠠᠵᠤ᠂ ᠭᠠᠵᠠᠷ ᠳᠡᠯᠡᠬᠡᠢ ᠶᠢᠨ ᠮᠥᠩᠬᠡ ᠶᠢᠨ | ᠲᠣᠭᠤᠷᠢᠭ ᠲᠠᠭᠠᠨ ᠡᠪᠦᠯ ᠵᠦᠭ ᠢᠶᠠᠨ ᠡᠷᠭᠢᠭᠰᠡᠨ ᠲᠡᠭᠷᠢ ᠥᠳᠦᠨ ᠴᠠᠭᠠᠨ ᠴᠠᠰᠤ ᠪᠠᠨ ᠬᠠᠶᠠᠯᠠᠵᠤ᠂ ᠥᠷᠥᠪᠳᠡᠭᠰᠡᠨ ᠰᠡᠳᠭᠢᠯ ᠤᠨ ᠥ ᠦᠭᠡᠢ ᠴᠠᠭᠠᠨ | ᠲᠠᠶᠢᠳᠬᠤᠷᠠᠭᠤᠯᠤᠯ ᠢᠶᠠᠨ ᠢᠯᠡᠭᠡᠭᠰᠡᠨ ᠴᠦ ᠶᠤᠮ ᠦᠦ︖ ᠢᠳᠡ ᠡᠪᠦᠯ ᠤᠨ ᠠᠩᠬᠠᠨ ᠤ ᠲᠤᠩᠬᠠᠭ ᠢᠶᠠᠨ ᠶᠢᠷᠲᠢᠨᠴᠦ ᠳᠤ ᠵᠠᠷᠯᠠᠵᠤ᠂ ᠢᠳᠡᠷ ᠶᠢᠰᠦ ᠶᠢᠨ | ᠲᠠᠩᠭᠠᠷᠢᠭᠲᠤ ᠬᠦᠢᠲᠡᠨ ᠢᠶᠠᠨ ᠬᠥᠲᠥᠯ ᠤᠨ ᠴᠠᠭᠠᠨ᠎ᠠ ᠬᠠᠰᠢᠵᠤ᠂ ᠢᠩᠭᠡᠨ ᠪᠤᠶᠢᠯᠠᠭ᠎ᠠ ᠰᠢᠭ᠋ ᠨᠠᠮᠤᠷ ᠤᠨ ᠤᠷᠲᠤᠬᠠᠨ ᠬᠤᠨᠤᠭ ᠤᠳ ᠲᠤ ᠬᠤᠷᠭᠤᠳᠠᠵᠤ ᠢᠰᠦᠭᠰᠡᠨ | ᠲᠠᠷᠠᠭ ᠤᠨ ᠬᠠᠮᠠᠷ ᠴᠢᠮᠴᠢᠬᠢᠨᠡᠭᠦᠯᠦᠭᠰᠡᠨ ᠰᠡᠩᠭᠢᠨᠡᠭᠡᠨ ᠳᠤ ᠠᠯᠵᠢᠶᠠᠵᠤ᠂ ᠴᠠᠭᠠᠨ ᠮᠥᠷ ᠲᠠᠢ ᠤᠯᠠᠷᠢᠯ ᠤᠨ ᠡᠯᠴᠢ ᠴᠠᠭᠠᠨ᠎ᠠ ᠪᠠᠨ ︽ᠬᠤᠷᠸ᠎ᠠ ᠮᠢᠨᠢ ᠪᠦᠯᠢᠶᠡᠬᠡᠨ ᠪᠠᠶᠢᠭ | ︾ ᠭᠡᠵᠦ ᠵᠥᠭᠡᠭᠰᠢᠭᠰᠡᠨ ᠴᠠᠢ ᠬᠤᠪᠣᠩ ᠳᠡᠭᠡᠷ᠎ᠡ ᠱᠤᠤᠭᠢᠬᠤ ᠰᠢᠭ᠋ ᠳᠤᠯᠠᠭᠠᠨ ᠴᠠᠰᠤ ᠪᠠᠷ ᠢᠶᠠᠨ ᠠᠷᠤ ᠭᠠᠵᠠᠷ ᠢ ᠮᠢᠨᠢ ᠪᠦᠦᠪᠠᠶᠢᠯᠡᠭᠡ ᠴᠦ ᠶᠤᠮ ᠦᠦ︖ | ᠢᠵᠡᠮᠠᠭᠲᠠᠭᠰᠠᠨ ᠥᠷᠦᠮ᠎ᠡ ᠰᠢᠭ ᠰᠢᠨᠡᠬᠡᠨ ᠴᠠᠰᠤ᠂ ᠢᠨᠢᠶᠡᠳᠦ ᠤᠬᠢᠯᠠᠯ ᠤᠨ ᠬᠤᠷᠸ᠎ᠠ ᠳᠤ ᠰᠠᠶ᠋ᠢᠬᠠᠨ ᠮᠡᠨᠳᠦᠯᠡᠭᠰᠡᠨ ᠬᠡᠦᠬᠡᠳ ᠤᠨ ᠵᠤᠯᠠᠢ ᠰᠢᠭ᠋ ᠬᠠᠪ | ᠬᠠᠯᠠᠭᠤᠬᠠᠨ ᠨᠡᠪ ᠨᠡᠮᠡᠭᠦᠬᠡᠨ᠃ ᠮᠣᠳᠤᠳ ᠤᠨ ᠮᠥᠴᠢᠷ ᠲᠤ ᠳᠡᠷᠪᠡᠵᠦ ᠦᠯᠡᠳᠡᠭᠰᠡᠨ ᠨᠠᠮᠤᠷ ᠤᠨ ᠰᠡᠭᠦᠯᠴᠢ ᠶᠢᠨ ᠨᠠᠪᠴᠢᠰ ᠰᠢᠭ᠋ ᠬᠥᠭᠡᠷᠦᠬᠦᠨ ᠪᠣᠷᠣ | ᠪᠣᠯᠵᠣᠮᠣᠷ ᠤᠳ ᠲᠡᠭᠳᠡᠨ ᠪᠠᠭᠤᠵᠤ᠂ ᠰᠢᠨᠡᠬᠡᠨ ᠴᠠᠰᠤᠨ ᠳᠡᠭᠡᠷ᠎ᠡ ᠠᠮᠢ ᠨᠠᠰᠤᠨ ᠤ ᠣᠷᠣ ᠮᠥᠷ ᠢᠶᠠᠨ ᠰᠠᠷᠠᠴᠢᠨᠠ᠃ ᠬᠡᠭᠡᠷ᠎ᠡ ᠲᠠᠯ᠎ᠠ ᠶᠢᠨ ᠪᠠᠷᠢᠯᠳᠤᠯᠭ᠎ᠠ ᠲᠠᠢ᠂ ᠬᠡᠨ | ᠴᠦ ᠠᠩᠵᠠᠭᠠᠷᠠᠵᠤ ᠦᠵᠡᠳᠡᠭ ᠦᠭᠡᠢ ᠭᠡᠨᠡᠨ ᠬᠤᠩᠭᠤᠷ ᠰᠡᠳᠭᠢᠯ ᠲᠠᠢ ᠬᠤᠷᠤᠭᠤᠨ ᠴᠢᠨᠡᠭᠡ ᠴᠣᠭᠴᠠ ᠲᠠᠢ ᠪᠣᠯᠵᠣᠮᠣᠷ ᠤᠳ ᠲᠤ ᠴᠠᠰᠤᠲᠤ ᠬᠡᠭᠡᠷ᠎ᠡ ᠮᠢᠨᠢ | ᠴᠥᠬᠦᠷᠡᠰᠢ ᠦᠭᠡᠢ ᠡᠷᠢᠯᠬᠢᠯᠡᠯ ᠤᠨ ᠬᠢᠨᠢ ᠠᠷᠢᠭᠤᠨ ᠴᠠᠭᠠᠨ ᠬᠠᠭᠤᠳᠠᠰᠤ ᠪᠢᠯᠢᠦ︖ ᠠᠯᠲᠠᠷᠠᠵᠤ ᠤᠨᠠᠭᠰᠠᠨ ᠲᠥᠮᠡ ᠪᠣᠮᠠᠨ ᠨᠠᠪᠴᠢ᠂ ᠠᠯᠲᠠᠨ ᠨᠠᠮᠤᠷ ᠤᠨ ᠦᠷ᠎ᠡ | ᠵᠢᠮᠢᠰ ᠪᠥᠪ ᠪᠥᠯᠢᠶᠡᠬᠡᠨ ᠴᠠᠰᠤᠨ ᠳᠣᠣᠷ᠎ᠠ ᠵᠡᠭᠦᠷᠮᠡᠭᠯᠡᠵᠦ᠂ ᠠᠬᠤᠢ ᠪᠠᠶᠢᠭᠠᠯᠢ ᠶᠢᠨ ᠵᠢᠮ᠎ᠡ ᠳᠤ ᠭᠤᠮᠤᠷᠬᠠᠯ ᠦᠭᠡᠢ᠂ ᠠᠯᠵᠠᠳᠠᠭ ᠦᠭᠡᠢ ᠠᠯᠠᠭ ᠳᠡᠯᠡᠬᠡᠢ ᠶᠢᠨ | ᠲᠠᠰᠤᠷᠠᠰᠢ ᠦᠭᠡᠢ ᠡᠭᠡᠯᠵᠢᠯᠡᠭᠡᠨ ᠳᠤ ᠳᠤᠪ ᠳᠤᠭᠤᠶᠢᠬᠠᠨ ᠥᠷᠡᠭᠳᠡᠯ ᠪᠣᠯᠤᠭᠰᠠᠨ ᠴᠦ ᠠᠮᠢ ᠨᠠᠰᠤᠨ ᠤ ᠲᠡᠵᠢᠭᠡᠯ ᠪᠣᠯᠵᠤ᠂ ᠠᠯᠠᠭᠠᠨ ᠳᠡᠭᠡᠷ᠎ᠡ ᠪᠠᠭᠤᠭᠰᠠᠨ | ᠮᠥᠩᠭᠡ ᠶᠢᠨ ᠤᠰᠤ ᠰᠢᠭ᠋ ᠠᠰᠤᠷᠢ ᠲᠡᠭᠷᠢ ᠶᠢᠨ ᠴᠠᠰᠤᠨ ᠴᠡᠴᠡᠭᠡᠰ ᠢ ᠡᠯᠢᠭᠡᠨ ᠳᠡᠭᠡᠷ᠎ᠡ ᠪᠠᠨ ᠲᠣᠰᠴᠢᠬᠠᠭᠠᠳ ᠬᠢᠵᠠᠭᠠᠯᠠᠰᠢ ᠦᠭᠡᠢ ᠵᠡᠭᠦᠳᠦ ᠲᠡᠮᠡᠦᠯᠤᠯ ᠳᠤ | ᠠᠭᠤᠰᠤᠨ᠎ᠠ᠃ | ᠰᠢᠨᠡᠬᠡᠨ ᠴᠠᠭᠠᠨ ᠴᠠᠰᠤ ᠰᠢᠯ ᠰᠢᠭ᠂ ᠪᠣᠯᠣᠷ ᠰᠢᠭ᠋᠂ ᠰᠦ ᠰᠢᠭ᠂ ᠵᠡᠭᠦᠳᠦ ᠰᠢᠭ ᠡᠬᠡ ᠭᠠᠵᠠᠷ ᠵᠦᠭ ᠢᠶᠠᠨ ᠬᠠᠶᠠᠯᠠᠨ᠎ᠠ᠃ ᠬᠡᠦᠬᠡᠳ ᠤᠳ ᠤᠨ ᠬᠦᠬᠡᠷᠦᠬᠦᠨ | ᠲᠣᠷᠭᠠᠮᠰᠤᠭ ᠠᠯᠠᠭᠠᠨ ᠳᠡᠭᠡᠷ᠎ᠡ᠂ ᠬᠡᠨᠵᠡ ᠨᠣᠭᠤᠭᠠᠨ ᠤ ᠨᠣᠮᠦ᠋ᠢᠬᠠᠨ ᠴᠡᠩᠬᠡᠷ ᠨᠠᠪᠴᠢᠨ ᠳᠡᠭᠡᠷ᠎ᠡ ᠬᠥᠳᠡᠭᠡ ᠶᠢᠨ ᠲᠤᠩᠭᠠᠯᠠᠭ ᠴᠡᠭᠡᠨ ᠠᠶᠠᠯᠭᠤ ᠪᠣᠯᠵᠤ᠂ ᠬᠡᠨ ᠤ | ᠴᠦ ᠰᠡᠳᠭᠢᠯ ᠢ ᠭᠡᠭᠡᠯᠵᠡᠭᠦᠯᠦᠮᠡ ᠤᠶᠠᠩᠭ᠎ᠠ ᠪᠣᠯᠵᠤ ᠪᠠᠭᠤᠨ᠎ᠠ᠃ ᠲᠤᠷᠳᠤᠭ ᠦᠭᠡᠢ ᠲᠤᠭᠤᠷᠠᠭ ᠦᠭᠡᠢ ᠬᠡᠦᠬᠡᠳ ᠤᠨ ᠴᠠᠭᠠᠪᠤᠷ ᠤᠬᠠᠭᠠᠨ ᠳᠤ ᠲᠣᠭᠠᠯᠠᠰᠢ ᠦᠭᠡᠢ | ᠣᠯᠠᠨ ᠬᠦᠰᠡᠯ ᠰᠣᠪᠢᠯ ᠤᠨ ᠬᠢᠨᠢ ᠳᠦᠷᠰᠦ ᠪᠣᠯᠤᠨ ᠱᠤᠭᠤᠭᠳᠠᠵᠤ᠂ ᠪᠤᠷᠬᠠᠨ ᠴᠠᠭᠠᠨ ᠰᠡᠳᠭᠢᠯ ᠤᠨ ᠬᠢᠨᠢ ᠰᠦᠨ ᠴᠠᠭᠠᠨ ᠳᠡᠯᠡᠬᠡᠢ ᠪᠣᠯᠵᠤ᠂ ᠪᠠᠭ᠋ᠠᠷᠳᠠᠰᠢ ᠦᠭᠡᠢ | ᠲᠡᠮᠡᠦᠯᠤᠯ ᠤᠨ ᠬᠢᠨᠢ ᠬᠢᠵᠠᠭᠠᠷ ᠦᠭᠡᠢ ᠠᠯᠤᠰ ᠵᠦᠭ ᠳᠡᠯᠡᠨ ᠳᠡᠯᠡᠨ᠎ᠡ ᠪᠢᠯᠡ᠃ ᠬᠥᠷᠦᠰᠦᠲᠦ ᠳᠡᠯᠡᠬᠡᠢ ᠶᠢᠨ ᠪᠤᠮᠠᠨ ᠦᠨᠳᠦᠰᠦ ᠬᠥᠬᠡᠷᠡᠬᠦ ᠬᠠᠪᠤᠷ ᠤᠨ ᠴᠡᠩᠬᠡᠷ | ᠠᠪᠢᠶᠠᠳ ᠢ ᠡᠭᠡᠰᠢᠭᠯᠡᠨ ᠵᠡᠭᠦᠳᠦᠯᠡᠵᠦ᠂ ᠬᠥᠭᠡᠷᠦᠬᠦᠨ ᠪᠣᠷᠣ ᠪᠣᠯᠵᠣᠮᠣᠷ ᠤᠨ ᠤᠷᠠᠨ ᠬᠤᠰᠢᠭᠤᠳ ᠤᠨ ᠵᠢᠷᠵᠢᠭᠢᠨᠡᠯ ᠢ ᠡᠰ ᠪᠥᠬᠦᠨ ᠢᠶᠠᠷ ᠢᠶᠠᠨ ᠮᠡᠳᠡᠷᠡᠵᠦ᠂ | ᠬᠡᠦᠬᠡᠳ ᠤᠨ ᠠᠯᠢᠶᠠᠬᠠᠨ ᠠᠭᠰᠤᠮᠨᠠᠯ᠂ ᠪᠣᠯᠵᠣᠮᠣᠷ ᠤᠨ ᠳᠡᠭᠵᠢᠨ ᠭᠡᠳᠡᠭᠡᠯᠡᠭᠡ᠂ ᠦᠷ᠎ᠡ ᠵᠢᠮᠢᠰ ᠤᠨ ᠠᠮᠲᠠᠲᠤ ᠵᠡᠭᠦᠳᠦ ᠡᠬᠡ ᠭᠠᠵᠠᠷ ᠢ ᠣᠷᠢ ᠬᠠᠶᠢᠷ᠎ᠠ ᠶᠢᠨ | ᠬᠠᠯᠭᠢᠶ᠎ᠠ ᠳᠤ ᠳᠤᠯᠠᠭᠠᠴᠡᠭᠤᠯᠤᠨᠠ᠃ | ᠰᠢᠨᠡᠬᠡᠨ ᠴᠠᠭᠠᠨ ᠴᠠᠰᠤ ᠮᠢᠨᠢ︕ ᠠᠲᠠᠷ ᠲᠠᠯ᠎ᠠ ᠶᠢᠨ ᠰᠢᠵᠢᠷ ᠮᠦᠩᠭᠦᠨ ᠡᠭᠡᠰᠢᠭ᠂ ᠠᠮᠢᠳᠤᠷᠠᠯᠭ᠎ᠠ ᠣᠨᠳᠤᠷᠤᠯᠭᠠ ᠶᠢᠨ ᠡᠩᠬᠡ ᠶᠢᠨ ᠰᠦᠨ ᠡᠩᠭᠡᠷ ᠶᠤᠮ ᠡ᠃ | ᠡᠬᠡ ᠪᠠᠨ ᠳᠠᠭᠠᠵᠤ ᠲᠠᠩᠭᠠᠷᠠᠵᠤ ᠭᠦᠶᠦᠭᠰᠡᠨ ᠤᠨᠠᠭ᠎ᠠ᠂ ᠶᠡᠭᠡ ᠪᠠᠶᠢᠭᠠᠯᠢ ᠶᠢᠨ ᠢᠶᠠᠨ ᠡᠯ᠎ᠡ ᠬᠠᠯᠠ ᠬᠠᠶᠢᠷ᠎ᠠ ᠬᠡᠰᠢᠭ ᠢ ᠴᠢᠮ᠎ᠠ ᠠᠴᠠ ᠤᠩᠰᠢᠵᠤ ᠡᠮᠵᠡᠭ ᠰᠢᠵᠠᠷᠠᠭᠤᠨ | ᠬᠥᠯᠦᠭ ᠪᠣᠯᠵᠤ ᠥᠨᠳᠦᠷᠯᠢᠭ ᠤᠨ ᠰᠠᠯᠬᠢ ᠶᠢ ᠰᠦᠷᠦᠨ ᠳᠠᠪᠬᠢᠬᠤ ᠰᠢᠨᠳᠠᠰᠤ᠂ ᠥᠩ ᠲᠠᠩᠰᠤᠭ ᠭᠠᠵᠠᠷ ᠤᠰᠤᠨ ᠤ ᠪᠠᠨ ᠡᠯᠢᠭᠡᠨ ᠳᠡᠭᠡᠷ᠎ᠡ ᠳᠣᠪᠬᠤ ᠠᠭᠰᠤᠮᠨᠠᠬᠤ | ᠪᠢᠷ᠎ᠠ ᠶᠢ ᠠᠳᠡ ᠠᠴᠠ ᠡᠬᠢᠯᠡᠵᠦ ᠰᠣᠷᠢᠬᠤ ᠶᠤᠮ ᠡ᠃ ᠪᠤᠭᠤᠷᠤᠯ ᠡᠵᠢ ᠶᠢᠨ ᠪᠣᠳᠤᠯ ᠤᠨ ᠬᠤᠨᠢᠶᠠᠰᠤᠨ ᠳᠤ ᠥᠲᠡᠯᠵᠦ ᠪᠤᠭᠤᠷᠦ᠋ᠢᠰᠢᠬᠤ ᠶᠢᠨ ᠳᠠᠯᠳᠠ ᠭᠤᠨᠢᠭ ᠢ | ᠠᠪᠴᠢᠷᠠᠭᠰᠠᠨ ᠴᠦ ᠪᠣᠶᠠᠨᠲᠤ ᠰᠡᠳᠭᠢᠯ ᠤᠨ ᠬᠢᠨᠢ ᠵᠠᠢ ᠶᠢ ᠲᠠᠯ᠎ᠠ ᠰᠢᠭ᠋ ᠲᠡᠨᠡᠶᠢᠯᠭᠡᠵᠦ᠂ ᠪᠣᠳᠠᠩᠲᠣ ᠬᠤᠷᠸ᠎ᠠ ᠳᠤ ᠠᠵᠠᠲᠠᠢ ᠠᠮᠢᠳᠤᠷᠠᠬᠤ ᠶᠢᠨ ᠢᠲᠡᠭᠡᠯ | ᠨᠠᠶᠢᠳᠠᠯᠭ᠎ᠠ ᠶᠢ ᠨᠢ ᠵᠤᠵᠠᠭᠠᠷᠠᠭᠤᠯᠵᠤ᠂ ᠦᠷ᠎ᠡ ᠲᠠᠢ ᠬᠥᠮᠦᠨ ᠦᠨᠳᠦᠰᠦ ᠲᠠᠢ ᠮᠣᠳᠤ ᠰᠢᠭ᠋ ᠬᠡᠮᠡᠨ ᠥᠷᠥ ᠵᠢᠷᠦᠬᠡ ᠶᠢ ᠨᠢ ᠤᠶᠠᠷᠠᠭᠠᠨ ᠳᠡᠪᠲᠦᠭᠡᠬᠦ ᠶᠤᠮ ᠡ᠂ ᠴᠠᠰᠤ | ᠃ | ᠰᠢᠨᠡᠬᠡᠨ ᠴᠠᠭᠠᠨ ᠴᠠᠰᠤ ᠶᠠᠭ ᠯᠠ ᠡᠬᠡ ᠳᠡᠯᠡᠬᠡᠢ ᠶᠢᠨ ᠮᠥᠩᠭᠦᠨ ᠬᠥᠰᠢᠭᠡ ᠰᠢᠭ ᠡᠩᠭᠡᠷ ᠡᠯᠢᠭᠡᠨ ᠳᠡᠭᠡᠷ᠎ᠡ ᠨᠢ ᠪᠠᠶᠢᠭ᠎ᠠ ᠶᠠᠭᠤ ᠪᠥᠬᠦᠨ ᠢ ᠣᠶᠢᠷᠠᠲᠤᠭᠤᠯᠤᠨ᠎ᠠ᠃ | ᠲᠡᠭᠡᠬᠦ ᠪᠠᠷ ᠬᠤᠷᠸ᠎ᠠ ᠳᠤ ᠴᠠᠶᠢᠯᠭᠠᠨ ᠰᠠᠨᠠᠭ᠎ᠠ ᠬᠥᠮᠦᠨ ᠬᠥᠮᠦᠨ ᠤ ᠪᠣᠳᠣᠯ ᠰᠡᠳᠭᠢᠯ ᠢ ᠬᠤᠯᠪᠤᠵᠤ᠂ ᠬᠥᠮᠦᠨ ᠬᠥᠮᠦᠨ ᠳᠡᠭᠡᠨ ᠢᠲᠡᠭᠡᠬᠦ ᠶᠢᠨ ᠣᠷᠣᠨ ᠵᠠᠢ ᠶᠢ | ᠣᠶᠢᠷᠠᠲᠤᠭᠤᠯᠵᠤ ᠪᠠᠶᠢᠭ᠎ᠠ᠃ ᠡᠬᠡ ᠳᠡᠯᠡᠬᠡᠢ ᠮᠢᠨᠢ ᠴᠢᠨᠳᠠᠭᠠᠨ ᠴᠠᠭᠠᠨ ᠴᠠᠰᠤ ᠪᠠᠨ ᠪᠠᠭᠤᠯᠭᠠᠨ ᠡᠯᠢᠭᠡᠨ ᠳᠡᠭᠡᠷ᠎ᠡ ᠨᠢ ᠣᠷᠣᠩᠨᠠᠵᠤ ᠪᠠᠶᠢᠭ᠎ᠠ ᠠᠭᠤᠯᠠ | ᠲᠣᠯᠤᠭᠠᠳ ᠢᠶᠠᠨ ᠣᠶᠢᠷᠠᠲᠤᠭᠤᠯᠤᠨ ᠮᠢᠨᠳᠠᠰᠤᠨ ᠴᠠᠭᠠᠨ ᠬᠥᠨᠵᠢᠯᠡ ᠳᠣᠲᠤᠷ᠎ᠠ ᠵᠣᠭᠤᠭᠲᠠᠭᠤᠯᠤᠨ ᠬᠥᠭᠡᠷᠦᠭᠦᠯᠵᠦ ᠪᠠᠶᠢᠳᠠᠭ ᠰᠠᠨ᠃ ᠡᠰᠡᠭᠦᠯ᠎ᠡ ᠲᠠᠯ᠎ᠠ | ᠬᠥᠨᠳᠡᠢ ᠶᠢᠨ ᠢᠶᠠᠨ ᠡᠮᠵᠡᠭ ᠭᠤᠮᠣᠷᠬᠠᠯ ᠢ ᠲᠠᠶᠢᠳᠬᠤᠷᠠᠭᠤᠯᠤᠨ᠂ ᠲᠠᠴᠢᠷᠳᠠᠯ ᠰᠢᠷᠬᠠᠲᠤᠯ ᠢ ᠨᠢ ᠠᠨᠠᠭᠠᠬᠤ ᠭᠡᠰᠡᠨ ᠪᠢᠯᠢᠦ︖ ᠬᠤᠮᠦ᠋ᠢᠵᠤ ᠳᠡᠶᠢᠯᠬᠦ ᠦᠭᠡᠢ | ᠪᠠᠶᠠᠯᠢᠭ ᠰᠠᠨᠠᠭ᠎ᠠ ᠠᠬᠤᠢ ᠰᠢᠭ᠋ ᠬᠤᠨ ᠴᠠᠭᠠᠨ ᠴᠠᠰᠤ ᠪᠣᠯ ᠬᠤᠯᠪᠣᠨ ᠪᠣᠳᠤᠭᠠᠳ ᠪᠠᠷᠠᠰᠢ ᠦᠭᠡᠢ ᠤᠷᠠᠨ ᠲᠠᠭᠠᠮᠠᠭ ᠶᠤᠮ ᠡ᠃ | ᠴᠠᠭᠠᠨ ᠮᠥᠷ ᠲᠠᠢ ᠶᠠᠪᠤᠬᠤ ᠴᠠᠶᠢᠯᠭᠠᠨ ᠰᠡᠳᠭᠢᠯ ᠤᠨ ᠮᠥᠩᠭᠦᠨ ᠲᠦᠰᠦᠷᠭᠡ ᠪᠣᠯ ᠴᠠᠰᠤ ᠶᠤᠮ᠃ ᠴᠢᠮᠠᠯᠠᠰᠢ ᠦᠭᠡᠢ ᠠᠮᠢᠳᠤᠷᠠᠯ ᠳᠠᠭᠠᠨ ᠬᠠᠶᠢᠷ᠎ᠠ ᠲᠠᠢ | ᠶᠠᠪᠤᠬᠤ ᠶᠢᠨ ᠰᠡᠳᠭᠢᠯᠭᠡ ᠪᠣᠯ ᠴᠠᠰᠤ ᠶᠤᠮ᠃ ᠴᠠᠰᠤ ᠲᠠᠢ ᠪᠣᠯ ᠤᠯᠠᠷᠢᠯ ᠤᠨ ᠥᠩᠭᠡ ᠲᠡᠩᠴᠡᠭᠦᠨ᠂ ᠴᠠᠶᠢᠯᠭᠠᠨ ᠵᠠᠩ ᠲᠠᠢ ᠪᠣᠯ ᠬᠥᠮᠦᠨ ᠤ ᠠᠮᠢᠳᠤᠷᠠᠯ | ᠥᠶᠦᠭᠬᠡᠨ᠃ ᠴᠠᠰᠤᠲᠤ ᠲᠠᠯ᠎ᠠ ᠶᠢᠨ ᠳᠣᠮᠳᠠᠭᠤᠷ ᠠᠭᠲᠠ ᠶᠢᠨ ᠨᠢᠷᠤᠭᠤᠨ ᠳᠡᠭᠡᠷ᠎ᠡ ᠠᠴᠠ ᠤᠷᠭ᠎ᠠ ᠶᠢᠨ ᠶᠣᠵᠣᠭᠤᠷ ᠢᠶᠠᠷ ᠠᠮᠢᠳᠤᠷᠠᠯ ᠭᠡᠵᠦ ᠲᠠᠲᠠᠯᠠᠵᠤ | ᠳᠠᠪᠬᠢᠭᠰᠠᠨ ᠠᠳᠤᠭᠤᠴᠢᠨ ᠡᠷ᠎ᠡ ᠶᠢ ᠤᠭᠲᠤᠵᠤ᠂ ᠴᠠᠩ ᠬᠦᠦᠷᠭᠡ ᠶᠢ ᠨᠢ ᠤᠶᠠᠰᠬᠠᠨ ᠴᠠᠢ ᠶᠢᠨ ᠳᠡᠭᠡᠵᠢ ᠪᠠᠨ ᠠᠶᠠᠭᠠᠯᠠᠭᠰᠠᠨ ᠪᠥᠰᠡᠭᠦᠢ︔ ᠴᠠᠭ ᠤᠨ | ᠰᠠᠭᠠᠯᠲᠠᠨ ᠳᠤ ᠴᠠᠭᠠᠨ ᠪᠤᠭᠤᠷᠤᠯ ᠪᠣᠯᠤᠭᠰᠠᠨ ᠴᠦ ᠴᠠᠰᠤᠲᠤ ᠬᠡᠭᠡᠷ᠎ᠡ ᠶᠢᠨ ᠲᠡᠷᠲᠡᠭᠡ ᠬᠢᠵᠠᠭᠠᠷ ᠵᠦᠭ ᠬᠦᠦ ᠪᠠᠨ ᠪᠠᠷᠠᠯᠠᠵᠤ ᠵᠣᠭᠰᠤᠭᠰᠠᠨ ᠡᠵᠢ᠂ ᠵᠠᠯᠠᠭᠤ ᠴᠦ | ᠶᠠᠪᠤᠯ᠎ᠠ ᠰᠠᠶᠢᠬᠠᠨ ᠴᠦ ᠶᠠᠪᠤᠭᠰᠠᠨ᠂ ᠵᠠᠵᠢᠨ ᠦᠰᠦ ᠨᠢ ᠴᠠᠶᠢᠭᠰᠠᠨ ᠴᠦ ᠵᠢᠭᠠᠯᠬᠠᠨ ᠭᠡᠵᠦ ᠬᠦᠦ ᠪᠠᠨ ᠪᠤᠳᠤᠳᠠᠭ ᠡᠵᠢ ᠶᠢᠨ ᠰᠡᠳᠭᠢᠯ ᠪᠣᠯ ᠴᠠᠰᠤ ᠰᠢᠭ᠋ ᠴᠠᠭᠠᠨ | ᠶᠤᠮ᠃ ᠬᠥᠮᠦᠨ ᠬᠥᠮᠦᠨ ᠤ ᠪᠠᠨ ᠰᠡᠳᠭᠢᠯ ᠳᠤ ᠬᠦᠷᠬᠦ ᠶᠢᠨ ᠬᠤᠷᠣᠮᠬᠠᠨ ᠵᠠᠢ᠂ ᠬᠦᠰᠡᠭᠰᠡᠨ ᠴᠠᠭ ᠲᠤ ᠨᠢ ᠲᠤᠰᠠ ᠪᠣᠯᠬᠤ ᠶᠢᠨ ᠠᠭᠱᠠᠨ᠂ ᠨᠦᠮᠦᠬᠡᠨ ᠳᠡᠪᠡᠯ ᠲᠠᠢ | ᠶᠠᠪᠤᠬᠤ ᠳᠤ ᠳᠠᠬᠤ ᠬᠦᠷᠭᠡᠭᠰᠡᠨ ᠰᠡᠳᠭᠢᠯ᠂ ᠬᠥᠪᠡᠭᠡ ᠦᠭᠡᠢ ᠠᠮᠢᠳᠤᠷᠠᠯ ᠳᠤ ᠲᠥᠭᠡᠷᠢᠵᠦ ᠲᠡᠨᠦᠵᠦ ᠶᠠᠪᠤᠬᠤ ᠳᠤ ᠥᠭᠭᠦᠭᠰᠡᠨ ᠨᠠᠷᠠ ᠰᠢᠭ᠋ ᠢᠲᠡᠭᠡᠯ ᠪᠣᠯ ᠴᠠᠰᠤ | ᠰᠢᠭ᠋ ᠴᠠᠭᠠᠨ ᠰᠡᠳᠭᠢᠯ ᠤᠨ ᠬᠢ ᠶᠤᠮ᠃ | ᠰᠢᠨᠡᠬᠡᠨ ᠴᠠᠰᠤ ᠨᠠᠷᠠᠨ ᠤ ᠮᠢᠩᠭ᠎ᠠ ᠮᠢᠩᠭᠠᠨ ᠰᠠᠴᠤᠷᠠᠭ ᠢ ᠭᠡᠯᠲᠡᠰ ᠪᠥᠷᠢ ᠳᠡᠭᠡᠨ ᠲᠡᠪᠡᠷᠢᠨ ᠠᠭᠤᠯᠠ ᠲᠣᠯᠤᠭᠠᠳ ᠤᠨ ᠢᠶᠠᠨ ᠲᠤᠭ᠎ᠠ ᠪᠠᠷ ᠨᠠᠷᠠᠨ ᠳᠠᠭᠠᠨ | ᠬᠠᠨᠢᠰᠠᠨ ᠡᠬᠡ ᠭᠠᠵᠠᠷ ᠢ ᠴᠢᠩᠭ᠎ᠠ ᠠᠴᠠ ᠴᠢᠩᠭ᠎ᠠ ᠪᠦᠪᠠᠶᠢᠯᠡᠨᠡ᠃ ᠲᠡᠷᠡ᠂ ᠨᠠᠷᠠᠨ ᠤ ᠪᠠᠨ ᠭᠡᠷᠡᠯ ᠲᠤᠶᠠᠭ᠎ᠠ ᠶᠢ ᠡᠬᠡ ᠭᠠᠵᠠᠷ ᠵᠦᠭ ᠢᠶᠠᠨ ᠶᠡᠭᠦᠯᠡᠨ ᠠᠮᠢᠵᠢᠷᠠᠯ | ᠨᠠᠪᠴᠢᠭᠡᠨᠡ᠃ ᠤᠷᠭᠤᠨ ᠲᠦᠯᠵᠢᠬᠦ ᠶᠢᠨ ᠠᠭᠤᠤ ᠶᠡᠭᠡ ᠤᠷ᠎ᠠ ᠤᠬᠠᠭᠠᠨ ᠰᠣᠶᠣᠷᠬᠠᠨ᠎ᠠ᠃ ᠠᠬᠤᠢ ᠪᠠᠶᠢᠭᠠᠯᠢ ᠪᠣᠶᠣ ᠬᠥᠮᠦᠨ ᠠᠮᠢᠲᠠᠨ᠂ ᠴᠠᠭ ᠤᠨ ᠬᠠᠯᠠᠭ᠎ᠠ | ᠪᠣᠶᠣ ᠠᠮᠢᠳᠤᠷᠠᠯ ᠤᠨ ᠰᠢᠨ᠎ᠡ ᠰᠡᠷᠡᠯ ᠰᠡᠷᠡᠭᠳᠡᠯ ᠪᠠ ᠳᠤᠭᠤᠯᠭᠠᠪᠤᠷᠢᠲᠠᠢ ᠠᠮᠢᠳᠤᠷᠠᠬᠤ ᠶᠢᠨ ᠬᠦᠴᠦᠨ ᠴᠢᠳᠠᠯ ᠢ ᠣᠯᠤᠭᠰᠠᠨ ᠰᠢᠭ᠋ ᠲᠡᠳᠡᠨ ᠤ ᠤᠯᠠ ᠮᠥᠷ᠂ | ᠬᠥᠳᠡᠯᠮᠦᠷᠢ ᠶᠢᠨ ᠵᠢᠷᠤᠭ ᠲᠥᠰᠥᠪ᠂ ᠬᠥᠯᠦᠰᠦᠨ ᠳᠤᠰᠤᠯ ᠤᠳ ᠣᠷᠤᠰᠢᠨ ᠠᠮᠢᠳᠤᠷᠠᠬᠤ ᠶᠢᠨ ᠰᠦᠷ ᠵᠢᠪᠬᠤᠭᠠᠲᠤ ᠳᠠᠶᠢᠴᠢᠨ ᠬᠦᠴᠦᠨ ᠢ ᠴᠠᠰᠤᠨ ᠳᠡᠭᠡᠷ᠎ᠡ ᠡᠰᠬᠡᠨ | ᠵᠢᠷᠤᠨ᠎ᠠ᠃ ᠰᠢᠨᠡᠬᠡᠨ ᠴᠠᠰᠤ᠂ ᠮᠢᠨᠦ ᠪᠠᠶᠢᠭᠠᠯᠢᠴᠢ ᠣᠢ ᠪᠣᠳᠤᠯ ᠤᠨ ᠮᠢᠨᠢ ᠲᠠᠯᠠᠰᠲᠤ᠃ ᠭᠠᠵᠠᠷ ᠲᠡᠭᠷᠢ ᠶᠢᠨ ᠵᠠᠢ ᠳᠤ ᠴᠢ ᠭᠠᠶᠢᠬᠠᠮᠰᠢᠭᠲᠤ ᠤᠷᠠᠨ ᠢᠶᠠᠷ ᠪᠥᠵᠢᠭᠯᠡᠨ᠂ | ᠡᠪᠬᠡᠭᠡᠳ ᠪᠠᠷᠠᠰᠢ ᠦᠭᠡᠢ ᠬᠤᠨᠢᠨ ᠴᠠᠭᠠᠨ ᠢᠰᠡᠭᠡᠢ ᠪᠠᠨ ᠵᠤᠯᠠᠨ ᠳᠡᠪᠢᠰᠴᠦ ᠴᠠᠭᠯᠠᠰᠢ ᠦᠭᠡᠢ ᠴᠠᠶᠢᠯᠭᠠᠨ ᠴᠠᠭᠠᠨ ᠥᠶᠦᠭᠬᠡᠨ ᠥᠭᠭᠢᠶᠡᠮᠦᠷ ᠤᠷᠢ ᠬᠠᠶᠢᠷ᠎ᠠ ᠪᠠᠷ | ᠬᠤᠷᠸ᠎ᠠ ᠳᠡᠯᠡᠬᠡᠢ ᠶᠢ ᠪᠠᠨ ᠴᠡᠪᠡᠷ ᠴᠣᠯᠭᠤᠢ᠂ ᠡᠷᠬᠢᠮᠰᠦᠭ ᠨᠠᠨᠳᠢᠨ ᠪᠣᠯᠭᠠᠵᠤ᠂ ᠠᠲᠠᠭ᠎ᠠ ᠵᠢᠲᠦᠭᠡ ᠬᠢᠭᠡᠳ ᠠᠳᠬᠠᠭ ᠮᠠᠭᠤᠬᠠᠢ ᠠᠭᠤᠷ ᠮᠠᠨᠠᠨ ᠰᠢᠭ᠋ ᠠᠷᠢᠯᠤᠭᠰᠠᠨ | ᠮᠡᠲᠦ ᠰᠠᠨᠠᠭᠳᠠᠨ᠎ᠠ᠃ | ᠶᠠᠭᠠᠷᠠᠨ ᠤᠯᠠᠶᠢᠵᠤ ᠮᠢᠨᠴᠦᠷᠡᠨ ᠣᠰᠣᠭᠤᠭᠰᠠᠨ ᠬᠡᠦᠬᠡᠳ ᠤᠨ ᠮᠢᠬᠠᠯᠢᠭ ᠵᠤᠵᠠᠭᠠᠨ ᠠᠯᠠᠭ᠎ᠠ ᠪᠠᠷ ᠢᠶᠠᠨ ᠰᠢᠨᠡᠬᠡᠨ ᠴᠠᠰᠤ ᠶᠢ ᠪᠠᠵᠠᠨ ᠪᠥᠭᠡᠮᠯᠡᠵᠦ᠂ ᠬᠤᠣᠰ | ᠠᠯᠠᠭᠠᠨ ᠳᠠᠭᠠᠨ ᠳᠡᠭᠡᠵᠢᠯᠡᠨ ᠡᠷᠭᠦᠬᠦ ᠨᠢ ᠡᠬᠢᠨ ᠬᠠᠪᠤᠷ ᠤᠨ ᠨᠣᠭᠤᠭᠠᠨ ᠤ ᠰᠦᠶᠦᠭᠡ ᠬᠤᠷ᠎ᠠ ᠶᠢᠨ ᠳᠤᠰᠤᠯ ᠢ ᠡᠮᠬᠦᠭᠰᠡᠨ ᠮᠡᠲᠦ ᠥᠬᠦᠭᠡᠷᠳᠦᠮᠡᠷ ᠰᠠᠶᠢᠬᠠᠨ ᠡ᠃ | | ᠡᠴᠡᠬᠦ ᠶᠢ ᠮᠡᠳᠡᠬᠦ ᠦᠭᠡᠢ ᠬᠥᠭᠡᠷᠦᠬᠦᠨ ᠪᠣᠷᠣ ᠪᠣᠯᠵᠣᠮᠣᠷ ᠤᠳ ᠴᠠᠪ ᠴᠠᠭᠠᠨ ᠨᠣᠤᠯᠤᠭᠤᠷ ᠢ ᠴᠢᠨᠢ ᠮᠠᠯᠲᠠᠨ ᠰᠠᠷᠮᠠᠵᠤ ᠦᠵᠦᠭᠦᠷ ᠦᠭᠡᠢ ᠶᠠᠭᠠᠷᠠᠯ ᠡᠷᠢᠯ ᠳᠡᠭᠡᠨ | ᠡᠭᠦᠷᠲᠦᠵᠦ᠂ ᠠᠮᠢᠵᠢᠷᠠᠯ ᠤᠨ ᠲᠣᠬᠠᠢ ᠵᠣᠭᠰᠤᠭ᠎ᠠ ᠵᠢᠯᠤᠭᠤ ᠦᠭᠡᠢ ᠱᠣᠯᠤᠭᠠᠨᠠᠬᠤ ᠨᠢ ᠶᠠᠭᠤᠲᠠᠢ ᠬᠠᠶᠢᠷᠠᠯᠠᠮᠠᠷ ᠪᠣᠢ︕ ᠰᠢᠨᠡᠬᠡᠨ ᠴᠠᠭᠠᠨ ᠴᠠᠰᠤ ᠮᠢᠨᠢ ᠡ᠃ | | | ᠢᠷᠡᠯᠲᠡ᠄ ᠲᠤᠮᠳᠠᠳᠣ ᠣᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ | ᠬᠠᠷᠢᠭᠤᠴᠠᠭᠰᠠᠨ ᠨᠠᠶᠢᠷᠠᠭᠤᠯᠣᠭᠴᠢ᠄ ᠢᠯᠠᠯᠳᠠ |