ᠣᠯᠠᠷᠢᠯ ᠲᠠᠢ ᠣᠷᠴᠢᠬᠤᠢ
ᠨᠡᠶᠢᠲᠡᠯᠡᠭᠰᠡᠨ ᠴᠠᠭ᠄
2019/11/13
                 ᠵᠤᠷᠢᠭᠰᠠᠶᠢᠬᠠᠨ          ᠪᠢᠰᠢᠯᠭᠠᠭᠴᠢ ᠥᠲᠦ ᠬᠤᠷᠣᠬᠠᠢ ᠶᠢᠨ ᠭᠦᠨ ᠣᠷᠳᠣᠨ᠎ᠠ ᠵᠠᠯᠠᠷᠠᠭᠴᠢ         ᠪᠢᠯᠢᠭ ᠤᠨ ᠨᠢᠳᠦᠲᠦ ᠭᠡᠮᠡᠬᠦ ᠡᠪᠦᠭᠡᠨ ᠬᠦᠷᠢ ᠪᠢᠳᠡ ᠬᠤᠶᠠᠷ         ᠪᠣᠲᠠᠷᠠᠵᠣ ᠪᠣᠢ ᠨᠢᠮᠭᠡᠨ ᠨᠠᠪᠴᠢᠨ ᠤ ᠡᠴᠦᠰ ᠤᠨ ᠠᠮᠢᠰᠬᠤᠭ᠎ᠠ ᠶᠢ ᠪᠦᠭᠡᠴᠡᠶᠢᠯᠡᠭᠰᠡᠭᠡᠷ         ᠪᠣᠴᠠᠵᠣ ᠭᠡᠯᠳᠦᠷᠢᠭᠡ ᠡᠨᠡ ᠨᠠᠮᠣᠷ ᠤᠨ ᠭᠤᠨᠢᠭ ᠪᠦᠬᠦᠨ ᠤ ᠲᠦᠯᠦᠭᠡ ᠡᠷᠢᠬᠡ ᠳᠤᠭᠠᠯᠠᠨᠠᠮ                  ᠢᠷᠠᠭᠤ ᠳᠠᠭᠤᠲᠣ ᠭᠤᠷᠭᠤᠤᠯᠳᠠᠢ ᠶᠢᠨ ᠵᠠᠰᠠᠭᠰᠠᠨ ᠠᠶᠠᠯᠭᠤᠲᠤ ᠮᠣᠳᠤᠨ᠎ᠠ ᠰᠠᠭᠠᠲᠠᠭᠴᠢ         ᠢᠷᠡᠭᠡᠳᠦᠢ ᠶᠢᠨ ᠰᠠᠶ᠎ᠠ ᠨᠠᠰᠤᠲᠠᠨ ᠭᠡᠮᠡᠭᠴᠢ ᠣᠭᠤᠯᠢ ᠪᠢᠳᠡ ᠬᠤᠶᠠᠷ         ᠢᠴᠡᠭᠡᠯᠡᠭᠰᠡᠨ ᠠᠮᠢᠲᠠᠨ ᠪᠦᠬᠦᠨ ᠤ ᠠᠮᠤᠷ ᠠᠮᠤᠭᠤᠯᠠᠩ ᠢ ᠳᠠᠭᠠᠳᠬᠠᠭᠰᠠᠭᠠᠷ         ᠡᠬᠢᠯᠡᠵᠦ ᠪᠣᠢ ᠡᠨᠡ ᠡᠪᠦᠯ ᠤᠨ ᠵᠤᠯᠠ ᠴᠠᠰᠣᠨ ᠤ ᠲᠤᠬᠠᠢ ᠰᠢᠯᠥᠭ ᠲᠡᠷᠡᠯᠡᠨᠡᠮ                  ᠬᠠᠬᠢᠷ ᠤᠨ ᠮᠦᠰᠦᠨ ᠳᠤ ᠣᠶᠠᠷᠠᠭᠰᠠᠨ ᠨᠢᠯ ᠨᠣᠭᠤᠭᠠᠨ ᠨᠠᠷᠠᠨ ᠢᠶᠠᠷ ᠦᠩᠭᠡᠷᠡᠭᠴᠢ         ᠬᠠᠮᠠᠬᠤᠤᠯ ᠤᠨ ᠪᠣᠷᠵᠢᠭᠢᠷ ᠦᠰᠦ ᠶᠢ ᠴᠢᠩᠭᠠᠭᠠᠵᠣ ᠳᠦᠷᠰᠦ ᠦᠭᠡᠶᠢᠳᠡᠬᠦ ᠰᠠᠯᠬᠢᠨ ᠪᠢᠳᠡ ᠬᠤᠶᠠᠷ         ᠬᠠᠮᠢᠭ᠎ᠠ ᠪᠦᠷ ᠠᠴᠠ ᠭᠦᠶᠦᠯᠳᠦᠬᠦ ᠠᠮᠢ ᠠᠮᠢᠵᠢᠷᠠᠯ ᠢ ᠰᠡᠷᠡᠭᠡᠭᠰᠡᠭᠡᠷ         ᠬᠤᠯᠠᠳᠴᠣ ᠪᠣᠢ ᠲᠡᠷᠡ ᠬᠠᠪᠤᠷ ᠤᠨ ᠲᠡᠭᠦᠰ ᠲᠡᠭᠦᠯᠳᠡᠷ ᠤᠨ ᠡᠮᠦᠨ᠎ᠡ ᠠᠴᠠ ᠬᠤᠨᠳᠠᠭ᠎ᠠ ᠲᠣᠯᠭᠠᠨᠠᠮ                  ᠰᠢᠮᠫᠣᠨᠢ ᠶᠢᠨ ᠮᠢᠩᠭᠠᠨ ᠬᠡᠬᠡᠰᠣᠲᠣ ᠳᠣᠯᠭᠢᠶᠠᠨ᠎ᠠ ᠬᠥᠯ ᠦᠭᠡᠢ ᠰᠣᠭᠲᠣᠭᠴᠢ         ᠰᠢᠷᠠᠲᠣᠯ ᠤᠨ ᠮᠠᠷᠭᠠᠰᠢ ᠦᠯᠡᠮᠵᠢ ᠣᠬᠠᠭᠠᠷᠠᠯ ᠨᠣᠮᠯᠠᠬᠤ ᠬᠠᠯᠠᠮᠴᠠᠭᠤ ᠰᠠᠷᠠ ᠪᠢᠳᠡ ᠬᠤᠶᠠᠷ         ᠰᠢᠨᠠᠯᠣᠯ ᠤᠨ ᠡᠪᠦᠷ ᠲᠤ ᠳᠣᠷᠠᠲᠠᠢ ᠬᠦᠷᠪᠡᠬᠦ ᠬᠦᠮᠦᠨ ᠲᠦᠷᠦᠯᠬᠢᠲᠡᠨ ᠢ ᠭᠠᠶᠢᠬᠠᠭᠰᠠᠭᠠᠷ         ᠰᠢᠨᠡᠳᠴᠦ᠂ ᠪᠠᠰᠠ ᠳᠠᠬᠢᠨ ᠬᠠᠭᠤᠴᠢᠷᠠᠵᠣ ᠪᠣᠢ ᠡᠨᠡ ᠴᠠᠭ ᠬᠤᠭᠤᠴᠠᠭᠠᠨ ᠤ ᠬᠤᠯᠴᠢᠭᠠᠷ ᠲᠤ ᠠᠷᠭ᠎ᠠ ᠦᠭᠡᠶᠢᠳᠡᠨᠡᠮ                  ᠦᠩᠭᠡᠷᠡᠭᠴᠢ ᠪᠦᠬᠦᠨ ᠤ ᠪᠠᠶᠠᠷ ᠭᠤᠨᠢᠭ ᠤᠨ ᠦᠷᠦᠳᠡᠰᠦ ᠪᠠᠷ ᠠᠮᠢᠳᠣᠷᠠᠯ ᠵᠦᠢᠴᠢᠯᠡᠭᠴᠢ         ᠦᠨᠡᠨ ᠤ ᠲᠦᠯᠦᠭᠡ ᠬᠤᠳᠠᠯ ᠲᠠᠢ ᠨᠦᠭᠦᠴᠡᠯᠳᠦᠵᠦ ᠪᠣᠯᠬᠤ ᠶᠢᠷᠲᠢᠨᠴᠦ ᠪᠢᠳᠡ ᠬᠤᠶᠠᠷ         ᠦᠬᠦᠯ ᠤᠨ ᠡᠮᠦᠨ᠎ᠡ ᠠᠴᠠ ᠨᠢᠳᠦ ᠪᠠᠨ ᠪᠣᠷᠣᠭᠤᠯᠠᠬᠤ ᠤᠭ ᠴᠢᠨᠠᠷ ᠢ ᠮᠡᠳᠡᠷᠡᠭᠰᠡᠭᠡᠷ         ᠣᠯᠠᠷᠢᠬᠤ ᠬᠤᠷᠸ᠎ᠠ ᠶᠢᠨ ᠳᠦᠷᠪᠡᠨ ᠤᠯᠠᠷᠢᠯ ᠲᠠᠢ ᠮᠦᠩᠬᠡ ᠪᠣᠰᠤ ᠪᠠᠷ ᠣᠷᠴᠢᠨᠠᠮ᠃  
ᠢᠷᠡᠯᠲᠡ᠄ ᠲᠤᠮᠳᠠᠳᠣ ᠣᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ