﹇ᠠᠶ᠎ᠠ ᠳᠠᠭᠤᠤ﹈  ᠲᠠᠯ᠎ᠠ  ᠶᠢᠨ ᠲᠡᠷᠲᠡᠭᠡ ᠮᠢᠨᠦ ᠭᠡᠷ ᠪᠠᠶᠢᠲᠠᠭ
ᠨᠡᠶᠢᠲᠡᠯᠡᠭᠰᠡᠨ ᠴᠠᠭ᠄
2019/11/14
    ᠪᠣᠣ ᠬᠤᠷᠴᠠ ᠬᠤᠶᠠᠷ ᠦᠬᠢᠨ ᠲᠠᠢ ᠪᠠᠨ    ᠭᠡᠷ ᠡᠷᠦᠬᠡ ᠪᠠᠨ ᠰᠠᠨᠠᠬᠤᠯᠠᠷ᠂ ᠲᠤᠲᠤᠷ᠎ᠠ ᠴᠢᠨᠢ ᠶᠠᠭᠤ  ᠪᠤᠲᠤᠭᠲᠠᠲᠠᠭ  ᠶᠤᠮ  ᠪᠤᠢ︖᠂  ᠬᠠᠯᠠᠭᠤᠨ  ᠳᠤᠯᠠᠭᠠᠨ᠂ ᠲᠠᠶᠢᠪᠤᠭᠤ ᠰᠠᠶᠢᠬᠠᠨ᠂ ᠡᠵᠢ ᠶᠢᠨ ᠮᠢᠨᠢ ᠴᠢᠨᠠᠭᠰᠠᠨ ᠠᠮᠲᠠᠲᠤ ᠴᠠᠢ ᠪᠤᠲᠤᠬᠲᠠᠨ᠎ᠠ︔ ᠬᠦᠲᠡᠭᠡ ᠨᠤᠲᠤᠭ  ᠢᠶᠠᠨ ᠭᠡᠬᠦᠯᠡᠷ᠂ ᠲᠤᠲᠤᠷ᠎ᠠ ᠴᠢᠨᠢ ᠶᠠᠭᠤ ᠪᠤᠲᠤᠭᠲᠠᠲᠠᠭ ᠶᠤᠮ ᠪᠤᠢ︖ ᠬᠥᠬᠡ ᠲᠩᠷᠢ᠂ ᠬᠦᠪᠦᠩ ᠡᠭᠦᠯᠡ᠂ ᠦᠬᠡᠷ ᠬᠤᠨᠢᠨ ᠰᠦᠷᠦᠭ ᠤᠳ ᠪᠤᠲᠤᠬᠲᠠᠨ᠎ᠠ᠃ ᠪᠣᠣ ᠬᠤᠷᠴᠠ ᠶᠢᠨ ᠭᠡᠷ ᠬᠤᠯᠠ ᠶᠢᠨ ᠲᠡᠷᠭᠡᠯ ᠬᠦᠲᠡᠭᠡ ᠳᠤ ᠪᠠᠶᠢᠳᠠᠭ᠂ ᠠᠶ᠎ᠠ ᠲᠠᠭᠤᠤ ᠶᠢ ᠴᠢᠩᠨᠠᠭᠠᠳ ᠬᠦᠷᠪᠡᠯ ᠲᠡᠭᠦᠨ ᠤ ᠭᠡᠷ ᠢ ᠬᠠᠶᠢᠭᠠᠳ ᠤᠯᠤᠨ᠎ᠠ᠂ ᠷᠠᠰᠢᠶᠠᠨ ᠪᠤᠯᠠᠭ᠂ ᠭᠠᠨᠵᠤᠤᠷ ᠰᠦᠮ᠎ᠡ᠂ ᠪᠠᠰᠠ ᠲᠡᠭᠦᠨ ᠤ  ᠰᠡᠳᠬᠢᠯ ᠤᠨ  ᠭᠦᠨ ᠢ  ᠬᠤᠨᠣᠭᠰᠢᠭᠰᠠᠨ ᠪᠠᠷᠭᠤ ᠶᠢᠨ ᠲᠠᠯ᠎ᠠ ᠁              ᠴᠡᠪᠡᠷ ᠪᠣᠷᠣᠭᠵᠢᠭᠤᠨ ᠬᠡᠤᠬᠡᠳ ᠤᠨ ᠳᠠᠭᠤᠨ᠂ ᠳᠥᠭᠦᠮ ᠰᠢᠭᠤᠳ ᠵᠢᠷᠤᠭᠯᠠᠯ᠂ ᠤᠷᠤᠰᠤᠮ᠎ᠠ ᠰᠠᠶᠢᠬᠠᠨ ᠬᠥᠭ ᠠᠶᠠᠰ ᠪᠣᠯ ᠬᠠᠮᠤᠭ ᠤᠨ ᠭᠦᠨ ᠵᠤᠵᠠᠭᠠᠨ ᠬᠠᠶᠢᠷ᠎ᠠ ᠰᠡᠳᠬᠢᠯᠭᠡ ᠶᠢᠨ ᠤᠶᠠᠩᠭᠠᠯᠠᠯ᠂ ᠬᠠᠮᠤᠭ ᠤᠨ ᠴᠡᠪᠡᠷ ᠲᠤᠩᠭᠠᠯᠠᠭ ᠤᠰᠤ ᠨᠤᠲᠤᠭ ᠤᠨ ᠮᠦᠷᠦᠭᠡᠳᠦᠯ ᠪᠢᠯᠡ᠃ ᠪᠣᠣ ᠬᠤᠷᠴᠠ ᠨᠤᠲᠤᠭ ᠠᠴᠠ ᠪᠠᠨ ᠰᠠᠯᠤᠭᠠᠳ ᠣᠯᠠᠨ ᠵᠢᠯ  ᠪᠣᠯᠵᠤ᠂ ᠬᠠᠯᠠᠭᠤᠨ ᠴᠢᠰᠤᠨ ᠳᠤ ᠪᠠᠨ ᠤᠷᠤᠰᠤᠭᠰᠠᠨ ᠬᠠᠶᠢᠷ᠎ᠠ ᠶᠢᠨ ᠳᠡᠭᠡᠳᠦ ᠰᠡᠳᠬᠢᠯ ᠢᠶᠠᠨ ᠬᠡᠤᠬᠡᠳ ᠤᠳ ᠲᠠᠢ ᠪᠠᠨ ᠬᠠᠮᠲᠤ ᠪᠠᠷ ᠳᠠᠭᠤᠯᠠᠭᠰᠠᠨ ᠭᠤᠶᠢᠳᠠ ᠰᠠᠶᠢᠬᠠᠨ ᠬᠥᠭ ᠠᠶᠠᠰ ᠢᠶᠠᠷ ᠢᠶᠠᠨ ᠳᠠᠮᠵᠢᠭᠤᠯᠤᠨ ᠠᠭᠤᠵᠢᠷᠠᠲᠠᠯ᠎ᠠ ᠢᠯᠡᠳᠬᠡᠯ᠎ᠡ ᠃              ︽ᠲᠠᠯ᠎ᠠ ᠭᠦᠨ ᠳᠠᠬᠢ ᠮᠢᠨᠦ ᠭᠡᠷ︾ ᠭᠡᠬᠦ ᠳᠠᠭᠤᠤ ᠨᠢ ᠲᠠᠯ᠎ᠠ ᠨᠤᠲᠤᠭ ᠤᠨ ᠳᠠᠭᠤᠤ ᠳᠤ ᠬᠡᠷᠡᠭᠯᠡᠵᠦ ᠵᠠᠩᠰᠢᠭᠰᠠᠨ ᠵᠣᠬᠢᠶᠠᠨ ᠪᠦᠲᠦᠭᠡᠬᠦ ᠠᠷᠭ᠎ᠠ ᠶᠢ ᠡᠪᠳᠡᠵᠦ᠂ ᠠᠶ᠎ᠠ  ᠨᠠᠶᠢᠷᠠᠭᠤᠯᠬᠤ ᠳᠠᠭᠠᠨ ᠤᠯᠠᠮᠵᠢᠯᠠᠯᠲᠤ ᠬᠥᠭᠵᠢᠮᠳᠡᠭᠦᠷ ᠮᠣᠷᠢᠨ ᠬᠤᠭᠤᠷ ᠬᠡᠷᠡᠭᠯᠡᠭᠰᠡᠨ ᠪᠣᠯᠪᠠᠴᠤ ᠡᠷᠡᠤ ᠬᠤᠭᠤᠷ ᠰᠢᠭ᠋ ᠳᠡᠭᠵᠢᠨ ᠴᠣᠪᠤᠭᠤᠯᠢᠭ ᠠᠶᠠᠰ ᠬᠦᠭᠵᠢᠮᠳᠡᠵᠦ᠂  ᠤᠷᠺᠤᠰᠲᠷᠠ ᠶᠢᠨ  ᠬᠥᠭᠵᠢᠮ᠂ ᠡᠯᠧᠺᠲᠷᠣᠨ ᠬᠥᠭᠵᠢᠮ ᠲᠠᠢ ᠠᠭᠤᠰᠤᠯᠴᠠᠵᠤ᠂ ᠪᠦᠬᠦ᠋ᠢᠯᠡ ᠳᠠᠭᠤᠤ ᠨᠢ ᠴᠢᠬᠢᠨ ᠳᠤ ᠠᠶᠠᠲᠠᠶ ᠰᠡᠳᠬᠢᠯ ᠰᠡᠷᠭᠦᠭᠡᠮ᠎ᠡ ᠪᠣᠯᠵᠠᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09002379号