ᠡᠮᠨᠡᠯᠭᠡ ᠳᠤ ᠬᠦᠷᠴᠦ ᠰᠢᠨᠵᠢᠯᠡᠨ ᠰᠢᠯᠭᠠᠯᠳᠠ ᠭᠢᠯᠭᠡᠬᠦ ᠠᠴᠠ ᠡᠮᠦᠨ᠎ᠡ ᠶᠠᠭᠤ ᠶᠢ  ᠠᠩᠬᠠᠷᠪᠠᠯ ᠵᠣᠬᠢᠬᠤ ᠪᠤᠢ ︖  ᠤᠶᠢᠯᠠᠭᠠᠵᠤ ᠦᠵᠡᠶ᠎ᠡ
ᠨᠡᠶᠢᠲᠡᠯᠡᠭᠰᠡᠨ ᠴᠠᠭ᠄
2019/11/14
                      ᠸᠠᠩ ᠱᠢ ᠶᠣᠣ                            ᠰᠢᠨᠵᠢᠯᠡᠨ ᠰᠢᠯᠭᠠᠯᠳᠠ ᠭᠢᠯᠭᠡᠬᠦ ᠠᠴᠠ ᠡᠮᠦᠨᠡᠬᠢ ᠪᠡᠯᠡᠳᠬᠡᠯ ᠠᠵᠢᠯ ᠢ ᠰᠠᠶᠢᠳᠤᠷ ᠬᠢᠬᠦ ᠡᠰᠡᠬᠦ ᠨᠢ ᠡᠮᠴᠢᠯᠡᠭᠡᠨ ᠤ ᠰᠢᠨᠵᠢᠯᠡᠨ ᠰᠢᠯᠠᠭᠠᠯᠳᠠ ᠶᠢᠨ ᠦᠷ᠎ᠡ ᠳ᠋ᠦᠩ ᠢ ᠨᠥᠯᠥᠭᠡᠯᠡᠬᠦ ᠴᠢᠬᠤᠯᠠ ᠡᠯᠧᠮᠧᠨ᠋ᠲ ᠪᠤᠯᠤᠨ᠎ᠠ᠃ ᠣᠯᠠᠩᠬᠢ ᠦᠶ᠎ᠡ ᠳᠤ  ᠪᠡᠯᠡᠳᠬᠡᠯ ᠠᠵᠢᠯ ᠢ ᠰᠠᠶᠢᠳᠤᠷ ᠬᠢᠭᠰᠡᠨ ᠦᠭᠡᠢ ᠠᠴᠠ ᠪᠣᠯᠵᠤ᠂ ᠰᠢᠨᠵᠢᠯᠡᠨ ᠰᠢᠯᠭᠠᠯᠳᠠ ᠶᠢᠨ ᠦᠷ᠎ᠡ ᠳ᠋ᠦᠩ ᠤᠨᠤᠪᠴᠢ ᠦᠭᠡᠢ ᠪᠤᠯᠵᠤ᠂ ᠡᠴᠦᠰ ᠲᠡᠭᠡᠨ ᠡᠮᠴᠢ ᠶᠢᠨ  ᠣᠨᠣᠰᠢᠯᠠᠯᠲᠠ ᠶᠢ ᠨᠥᠯᠥᠭᠡᠯᠡᠵᠦ᠂ ᠡᠪᠡᠳᠴᠢᠲᠡᠨ ᠤ ᠡᠪᠡᠳᠴᠢᠨ ᠢ ᠰᠠᠭᠠᠲᠠᠭᠠᠬᠤ ᠦᠵᠡᠭᠳᠡᠯ ᠭᠠᠷᠳᠠᠬ᠃ ᠡᠶᠢᠮᠦ ᠪᠠᠶᠢᠳᠠᠯ ᠭᠠᠷᠬᠤ ᠶᠢ ᠠᠯᠢ ᠴᠢᠳᠠᠬᠤ ᠪᠠᠷ ᠪᠤᠯᠭᠤᠮᠵᠢᠯᠠᠨ ᠰᠡᠷᠭᠡᠶᠢᠯᠡᠬᠦ ᠶᠢᠨ ᠲᠤᠰᠠᠳᠠ᠂  ᠳᠣᠷᠤᠬᠰᠢ  ᠪᠢᠳᠡ ᠬᠠᠮᠲᠤ ᠪᠠᠷ ᠡᠮᠨᠡᠯᠭᠡ ᠳᠤ ᠬᠦᠷᠴᠦ ᠰᠢᠨᠵᠢᠯᠡᠨ ᠰᠢᠯᠭᠠᠯᠳᠠ ᠠᠴᠠ ᠡᠮᠦᠨ᠎ᠡ ᠶᠠᠭᠤ ᠶᠢ ᠠᠩᠬᠠᠷᠪᠠᠯ ᠵᠤᠬᠢᠬᠤ ᠲᠤᠬᠠᠢ ᠣᠶᠢᠯᠠᠭᠠᠶ᠎ᠠ᠃             ᠪᠠᠭᠠᠰᠤᠨ ᠤ ᠡᠩ ᠤᠨ ᠰᠢᠯᠭᠠᠨ ᠪᠠᠶᠢᠴᠠᠭᠠᠯᠳᠠ ᠬᠢᠯᠬᠡᠬᠦ            ᠨᠢᠯᠬ᠎ᠠ ᠬᠡᠤᠬᠡᠳ ᠤᠨ ᠪᠠᠭᠠᠰᠤ ᠠᠯᠳᠠᠬᠤ ᠡᠪᠡᠳᠴᠢᠨ ᠪᠣᠯ ᠡᠮᠴᠢᠯᠡᠭᠡᠨ ᠤ ᠠᠵᠢᠯ ᠳᠤᠮᠳᠠ ᠦᠷᠭᠦᠯᠵᠢ ᠲᠣᠬᠢᠶᠠᠯᠳᠤᠳᠠᠭ ᠡᠪᠡᠳᠴᠢᠨ ᠪᠣᠯᠤᠨ᠋᠎ᠠ᠂ ᠡᠪᠡᠳᠴᠢᠨ ᠤ ᠰᠢᠯᠳᠠᠭᠠᠨ ᠢ ᠡᠷᠢᠬᠦ ᠶᠢᠨ ᠲᠦᠯᠦᠭᠡ ᠶᠡᠷᠦ ᠳᠡᠭᠡᠨ ᠡᠩ ᠤᠨ ᠰᠢᠯᠭᠠᠨ ᠪᠠᠶᠢᠴᠠᠭᠠᠯᠳᠠ ᠬᠢᠯᠭᠡᠬᠦ ᠴᠢᠬᠤᠯᠠᠳᠠᠢ ᠪᠠᠶᠢᠳᠠᠭ᠃ ᠡᠨᠡ ᠦᠶᠡᠰ ᠭᠡᠷ ᠤᠨ ᠬᠥᠮᠦᠰ ᠨᠢ ᠶᠡᠷᠦ ᠳᠡᠭᠡᠨ ᠬᠡᠦᠬᠡᠳ ᠤᠨ ᠪᠠᠭᠠᠰᠤ ᠲᠠᠢ ᠴᠠᠭᠠᠰᠤᠨ ᠲᠤᠳᠤᠷ ᠥᠮᠥᠳᠥ ᠶᠢ ᠨᠢ ᠡᠮᠴᠢ ᠳᠤ  ᠠᠪᠴᠢᠷᠠᠨ ᠥᠭᠴᠦ᠂ ᠡᠮᠴᠢ ᠪᠠᠷ ᠰᠢᠯᠭᠠᠨ  ᠪᠠᠶᠢᠴᠠᠭᠠᠯᠳᠠ ᠬᠢᠯᠭᠡᠳᠡᠭ᠂ ᠬᠡᠳᠡᠯ᠎ᠡ ᠬᠡᠦᠭᠡᠳ ᠤᠨ ᠡᠮᠦᠰᠦᠭᠰᠡᠨ ᠴᠠᠭᠠᠰᠤᠨ ᠥᠮᠥᠳᠥᠨ ᠳᠡᠭᠡᠷ᠎ᠡ ᠬᠡᠤᠬᠡᠳ ᠤᠨ ᠪᠠᠭᠠᠰᠤ ᠪᠠᠶᠢᠬᠤ ᠠᠴᠠ ᠭᠠᠳᠠᠨ᠎ᠠ᠂  ᠪᠠᠰᠠ ᠬᠡᠦᠭᠡᠳ ᠤᠨ ᠰᠢᠭᠡᠰᠦ ᠨᠠᠭᠠᠯᠳᠤᠵᠤ ᠪᠠᠶᠢᠳᠠᠭ᠂ ᠡᠨᠡ ᠨᠢ ᠰᠢᠯᠭᠠᠨ ᠪᠠᠶᠢᠴᠠᠭᠠᠯᠳᠠ ᠶᠢᠨ ᠦᠷ᠎ᠡ  ᠳ᠋ᠦᠩ ᠢ ᠨᠥᠯᠥᠭᠡᠯᠡᠵᠦ᠂ ᠬᠡᠤᠬᠡᠳ ᠤᠨ ᠡᠪᠡᠳᠴᠢᠨ ᠤ ᠵᠢᠩᠬᠢᠨᠢ ᠰᠢᠯᠲᠠᠭᠠᠨ ᠢ ᠨᠢ ᠡᠷᠢᠵᠦ ᠣᠯᠵᠤ  ᠴᠢᠳᠠᠬᠤ ᠦᠭᠡᠢ  ᠪᠣᠯᠭᠠᠵᠦ ᠮᠡᠳᠡᠨ᠎ᠡ᠃ ᠬᠡᠷᠪᠡ ᠣᠨᠣᠪᠴᠢᠲᠠᠶ ᠦᠷ᠎ᠡ ᠳ᠋ᠦᠩ ᠣᠯᠤᠶ᠎ᠠ ᠭᠡᠪᠡᠯ ᠭᠡᠷ ᠤᠨ ᠠᠬᠠᠮᠠᠳ ᠨᠢ ᠬᠠᠮᠤᠭ ᠰᠠᠶᠢᠨ ᠨᠢ ᠬᠡᠦᠭᠡᠳ ᠤᠨ ᠪᠠᠭᠠᠰᠤ ᠶᠢ ᠴᠡᠪᠡᠷ ᠰᠠᠪᠠᠨ ᠳᠤ ᠬᠢᠵᠦ ᠠᠪᠴᠢᠷᠠᠨ᠂  ᠴᠠᠭ  ᠲᠤᠬᠠᠶ ᠳᠤᠨᠢ  ᠡᠮᠴᠢ ᠳᠤ  ᠬᠦᠷᠭᠡᠨ ᠰᠢᠯᠭᠠᠨ ᠪᠠᠶᠢᠴᠠᠭᠠᠯᠭᠠᠬᠤ  ᠬᠡᠷᠡᠭᠳᠡᠢ᠃ ᠠᠩᠬᠠᠷᠤᠭᠤᠰᠢᠲᠠᠶ ᠨᠢ᠂ ᠬᠡᠦᠭᠡᠳ ᠤᠨ ᠪᠠᠭᠠᠰᠤ ᠶᠢ ᠡᠮᠨᠡᠯᠭᠡ ᠶᠢᠨ ᠬᠤᠷᠢᠶ᠎ᠠ ᠳᠤ ᠬᠦᠷᠭᠡᠵᠦ ᠪᠠᠶᠢᠴᠠᠭᠠᠯᠭᠠᠬᠤ  ᠴᠠᠭ ᠢ  ᠨᠢᠭᠡ ᠴᠠᠭ ᠠᠴᠠ ᠬᠡᠲᠦᠷᠡᠭᠦᠯᠵᠦ ᠪᠣᠯᠬᠤ ᠦᠭᠡᠢ᠂ ᠡᠰᠡ  ᠲᠡᠭᠡᠪᠡᠯ  ᠰᠢᠯᠭᠠᠨ  ᠪᠠᠶᠢᠴᠠᠭᠠᠯᠳᠠ ᠶᠢᠨ  ᠦᠷ᠎ᠡ  ᠳ᠋ᠦᠩ ᠢ  ᠨᠥᠯᠥᠭᠡᠯᠡᠬᠦ ᠪᠣᠯᠤᠨ᠎ᠠ᠃           ᠰᠢᠭᠡᠰᠦᠨ ᠤ ᠡᠩ ᠤᠨ ᠰᠢᠯᠭᠠᠨ ᠪᠠᠶᠢᠴᠠᠭᠠᠯᠳᠠ ᠬᠢᠯᠭᠡᠬᠦ            ᠰᠢᠭᠡᠰᠦ ᠶᠢ ᠦᠯᠡᠳᠡᠭᠡᠨ ᠠᠪᠬᠤ ᠦᠶ᠎ᠡ ᠳᠤ ᠣᠨᠴᠠᠭᠠᠶ ᠠᠩᠬᠠᠷᠬᠤ ᠬᠡᠷᠡᠭᠲᠡᠶ᠂ ᠡᠮᠡᠭᠳᠡᠶᠢᠴᠤᠳ ᠰᠠᠷ᠎ᠠ ᠶᠢᠨ ᠭᠭᠢᠷ   ᠤᠨ ᠬᠤᠭᠤᠴᠠᠭᠠᠨ ᠳᠠᠭᠠᠨ ᠰᠢᠭᠡᠰᠦᠨ ᠤ ᠰᠢᠯᠭᠠᠨ ᠪᠠᠢᠴᠠᠭᠠᠯᠳᠠ ᠬᠢᠯᠭᠡᠵᠦ ᠪᠤᠯᠬᠤ ᠦᠭᠡᠢ᠃ ᠡᠮᠴᠢ ᠳᠤ ᠦᠷᠭᠦᠯᠵᠢ ᠡᠶᠢᠮᠦ ᠪᠠᠶᠢᠳᠠᠯ ᠲᠣᠬᠢᠶᠠᠯᠳᠤᠳᠠᠭ ᠪᠠᠶᠢᠨ᠎ᠠ᠄ ᠡᠪᠡᠳᠴᠢᠲᠡᠨ ᠶᠠᠪᠤᠵᠤ ᠰᠠᠭᠤᠬᠤ ᠳᠤ ᠳᠥᠭᠦᠮ ᠦᠭᠡᠢ ᠬᠡᠳ ᠭᠡᠷ ᠲᠡᠭᠡᠨ ᠰᠢᠭᠡᠰᠦ ᠪᠠᠨ  ᠠᠪᠤᠭᠠᠳ ᠡᠮᠨᠡᠯᠭᠡ ᠶᠢᠨ ᠬᠤᠷᠢᠶ᠎ᠡ ᠳᠤ ᠬᠦᠷᠭᠡᠨ ᠪᠠᠶᠢᠴᠠᠭᠠᠯᠭᠠᠳᠠᠭ᠂ ᠬᠡᠳᠡᠯ᠎ᠡ  ᠡᠮᠨᠡᠯᠭᠡ ᠶᠢᠨ  ᠬᠤᠷᠢᠶ᠎ᠠ ᠶᠢᠨ ᠬᠢᠨ  ᠲᠡᠭᠦᠨ ᠤ  ᠰᠢᠭᠡᠰᠦ ᠶᠢ ᠬᠦᠯᠢᠶᠡᠨ ᠠᠪᠬᠤ ᠳᠤ ᠨᠢᠭᠡᠨᠲᠡ ᠬᠤᠶᠠᠷ  ᠴᠠᠭ  ᠥᠩᠭᠡᠷᠡᠭᠰᠡᠨ  ᠪᠠᠶᠢᠳᠠᠭ᠂  ᠡᠨᠡ  ᠦᠶ᠎ᠡ ᠳᠤ  ᠰᠢᠭᠡᠰᠦᠨ ᠳᠠᠬᠢ ᠬᠢᠮᠢ ᠶᠢᠨ ᠪᠤᠳᠠᠰ ᠲᠤ ᠪᠦᠷᠢᠮᠦᠰᠦᠨ ᠬᠤᠪᠢᠷᠠᠯᠲᠠ ᠭᠠᠷᠴᠤ᠂ ᠡᠰ ᠨᠢ  ᠴᠦ  ᠨᠢᠭᠡᠨᠲᠡ  ᠠᠭᠤᠰᠴᠦ᠂  ᠰᠢᠭᠡᠰᠦᠨ ᠤ  ᠡᠩ ᠤᠨ  ᠰᠢᠯᠭᠠᠨ ᠪᠠᠶᠢᠴᠠᠭᠠᠯᠲᠠ ᠶᠢᠨ ᠦᠷ᠎ᠡ ᠳ᠋ᠦᠩ ᠨᠢ ᠡᠪᠡᠳᠴᠢᠲᠡᠨ ᠤ  ᠲᠤᠬᠠᠶ ᠶᠢᠨ  ᠦᠶ᠎ᠡ ᠶᠢᠨ  ᠪᠡᠶ᠎ᠡ  ᠮᠠᠬᠠᠪᠣᠳ ᠤᠨ  ᠦᠨᠡᠨ  ᠪᠣᠳᠠᠲᠠᠶ ᠪᠠᠶᠢᠳᠠᠯ ᠢ ᠲᠤᠰᠬᠠᠵᠤ ᠲᠡᠶᠢᠯᠬᠦ ᠦᠭᠡᠢ ᠪᠤᠯᠳᠠᠭ᠃ ᠡᠶᠢᠮᠦ ᠠᠴᠠ ᠡᠮᠴᠢ ᠠᠴᠠ  ᠡᠪᠡᠳᠴᠢᠲᠡᠨ  ᠰᠢᠭᠡᠰᠦ ᠪᠠᠨ  ᠲᠤᠷᠰᠢᠯᠲᠠ ᠶᠢᠨ ᠳᠠᠰᠤᠭ ᠲᠤ ᠬᠦᠷᠭᠡᠬᠦ ᠳᠡᠭᠡᠨ ᠨᠢᠭᠡ ᠴᠠᠭ ᠠᠴᠠ ᠬᠡᠲᠦᠷᠡᠭᠦᠯᠵᠦ ᠪᠣᠯᠬᠤ ᠦᠭᠡᠢ᠂ ᠰᠢᠭᠡᠰᠦ ᠪᠠᠨ  ᠬᠠᠭᠠᠰ  ᠴᠠᠭ ᠤᠨ  ᠳᠣᠲᠣᠷ᠎ᠠ ᠬᠦᠷᠭᠡᠵᠦ ᠪᠠᠶᠢᠴᠠᠭᠠᠯᠭᠠᠪᠠᠯ ᠬᠠᠮᠤᠭ ᠰᠠᠶᠢᠨ ᠬᠡᠵᠦ ᠰᠠᠨᠠᠭᠤᠯᠵᠤ ᠪᠠᠶᠢᠨ᠎ᠠ᠃           ᠥᠯᠥᠨ ᠢᠶᠠᠷ ᠪᠠᠶᠢᠴᠠᠭᠠᠯᠳᠠ ᠬᠢᠯᠭᠡᠬᠦ              ᠥᠯᠥᠨ ᠢᠶᠠᠷ ᠪᠠᠶᠢᠴᠠᠭᠠᠯᠲᠠ ᠬᠢᠯᠭᠡᠬᠦ ᠶᠢ ᠱᠠᠭᠠᠷᠳᠠᠳᠠᠭ ᠤᠨ ᠤᠴᠢᠷ ᠨᠢ  ᠢᠳᠡᠭᠡᠨ  ᠤᠮᠳᠠᠭᠠᠨ  ᠵᠠᠷᠢᠮ  ᠪᠠᠶᠢᠴᠠᠭᠠᠨ ᠰᠢᠯᠭᠠᠬᠤ ᠵᠦᠢᠯ ᠢ ᠨᠥᠯᠥᠭᠡᠯᠡᠬᠦ ᠪᠤᠶᠤ ᠬᠠᠷᠰᠢ ᠰᠠᠭᠠᠳ ᠤᠴᠠᠷᠠᠭᠤᠯᠳᠠᠭ ᠠᠴᠠ ᠪᠤᠯᠵᠠᠢ᠂ ᠣᠳᠣᠬᠠᠨ ᠳᠤ ᠪᠢᠣᠬᠢᠮᠢ  ᠵᠡᠷᠭᠡ ᠶᠢᠨ ᠪᠠᠶᠢᠴᠠᠭᠠᠨ ᠰᠢᠯᠭᠠᠬᠤ ᠲᠥᠷᠥᠯ ᠵᠦᠢᠯ ᠢ ᠰᠢᠯᠭᠠᠨ ᠪᠠᠶᠢᠴᠠᠭᠠᠬᠤ ᠳᠤ ᠡᠯ᠎ᠡ ᠵᠦᠢᠯ ᠤᠨ ᠬᠢᠮᠢ ᠶᠢᠨ ᠠᠷᠭ᠎ᠠ᠂  ᠡᠯ᠎ᠡ  ᠵᠦᠢᠯ ᠤᠨ ᠪᠠᠭᠠᠵᠢ ᠬᠡᠷᠡᠭᠰᠡᠯ ᠢᠶᠠᠷ ᠪᠠᠶᠢᠴᠠᠭᠠᠨ ᠰᠢᠯᠭᠠᠬᠤ ᠦᠯᠢᠭᠡᠷ ᠬᠡᠪ ᠳᠣᠲᠣᠷᠠᠬᠢ ᠶᠠᠮᠠᠷ ᠨᠢᠭᠡᠨ  ᠪᠦᠷᠢᠯᠳᠦᠬᠦᠨ᠂  ᠠᠭᠤᠯᠤᠭᠳᠠᠴᠠ ᠶᠢ ᠳᠠᠮ ᠢᠶᠠᠷ ᠪᠠᠶᠢᠴᠠᠭᠠᠨ ᠰᠢᠯᠭᠠᠵᠤ ᠪᠠᠶᠢᠳᠠᠭ᠃ ᠥᠯᠥᠨ ᠢᠶᠠᠷ ᠪᠠᠶᠢᠴᠠᠭᠠᠯᠳᠠ ᠬᠢᠯᠭᠡᠬᠦ ᠶᠢ  ᠬᠠᠮᠤᠭ ᠤᠨ  ᠴᠢᠩᠭ᠎ᠠ  ᠱᠠᠭᠠᠷᠳᠠᠳᠠᠭ ᠲᠦᠷᠦᠯ ᠵᠦᠢᠯ ᠪᠤᠯ ᠦᠵᠦᠮ ᠤᠨ ᠰᠢᠬᠢᠷ ᠪᠠ ᠭᠯᠢᠼᠧᠷᠢᠨ ᠭᠤᠷᠪᠠᠴᠢ ᠡᠰᠲ᠋ᠧᠷ  ᠪᠤᠯᠤᠨ᠎ᠠ᠂  ᠶᠠᠮᠠᠷᠪᠠ  ᠨᠡᠭᠦᠷᠡᠰᠦ  ᠤᠰᠤᠨ ᠤ ᠨᠢᠭᠡᠳᠪᠦᠷᠢ ᠨᠢ ᠪᠦᠷ ᠴᠢᠰᠤᠨ ᠰᠢᠬᠢᠷ ᠢ ᠥᠨᠳᠥᠷᠵᠢᠬᠦᠯᠵᠦ᠂ ᠢᠳᠡᠭᠡᠨ  ᠤᠮᠳᠠᠭᠠᠨ ᠨᠢ  ᠭᠯᠢᠼᠧᠷᠢᠨ  ᠭᠤᠷᠪᠠᠴᠢ  ᠡᠰᠲ᠋ᠧᠷ ᠤᠨ ᠬᠡᠮᠵᠢᠯᠲᠡ ᠶᠢ ᠨᠥᠯᠥᠭᠡᠯᠡᠳᠡᠭ᠃ ᠡᠭᠡᠯᠢᠯᠡᠭᠡ ᠶᠢᠨ ᠲᠥᠷᠥᠯ ᠵᠦᠢᠯ ᠢ ᠰᠢᠯᠭᠠᠨ ᠪᠠᠶᠢᠴᠠᠭᠠᠬᠤ ᠳᠤ  ᠥᠯᠥᠨ ᠢᠶᠠᠷ  ᠪᠠᠶᠢᠴᠠᠭᠠᠯᠳᠠ ᠬᠢᠯᠭᠡᠬᠦ ᠶᠢ ᠴᠢᠩᠭ᠎ᠠ ᠱᠠᠭᠠᠷᠳᠠᠳᠠᠭ ᠦᠭᠡᠢ᠂ ᠭᠡᠪᠡᠴᠦ ᠢᠳᠡᠭᠡᠨ ᠤ  ᠳᠣᠲᠣᠷ᠎ᠠ  ᠠᠭᠤᠯᠤᠬᠳᠠᠵᠤ  ᠪᠠᠶᠢᠭ᠎ᠠ  ᠵᠠᠷᠢᠮ  ᠬᠤᠷᠮᠣᠨ ᠤ ᠪᠦᠷᠢᠯᠳᠦᠬᠦᠨ ᠨᠢ ᠦᠷᠡᠵᠢᠯ ᠤᠨ ᠬᠤᠷᠮᠣᠨ ᠤ ᠬᠡᠮᠵᠢᠯᠳᠡ ᠶᠢ ᠨᠥᠯᠥᠭᠡᠯᠡᠵᠦ ᠮᠡᠳᠡᠨ᠎ᠡ ᠃ ᠡᠭᠦᠨ ᠠᠴᠠ ᠭᠠᠳᠠᠨ᠎ᠠ᠂  ᠥᠯᠥᠨ ᠢᠶᠠᠷ ᠶᠠᠪᠤᠬᠤ ᠴᠠᠭ ᠢ ᠪᠠᠰᠠ ᠠᠩᠬᠠᠷᠬᠤ ᠬᠡᠷᠡᠭᠲᠡᠶ᠂ ᠣᠯᠠᠩᠬᠢ ᠬᠥᠮᠦᠰ ᠥᠯᠥᠨ ᠢᠶᠠᠷ ᠶᠠᠪᠤᠬᠤ ᠴᠠᠭ ᠨᠢ ᠬᠡᠳᠦᠶ ᠤᠷᠳᠤ ᠪᠣᠯ ᠲᠡᠳᠦᠶ ᠰᠠᠶᠢᠨ ᠭᠡᠵᠦ ᠦᠵᠡᠳᠡᠭ᠂ ᠦᠨᠡᠨᠳᠡᠭᠡᠨ ᠲᠡᠶᠢᠮᠦ ᠪᠢᠰᠢ ᠶᠤᠮ᠃  ᠶᠡᠷᠦ   ᠳᠡᠭᠡᠨ  8  ᠴᠠᠭ  ~  10  ᠴᠠᠭ  ᠥᠯᠥᠨ ᠢᠶᠠᠷ ᠶᠠᠪᠤᠬᠤ ᠶᠢ ᠱᠠᠭᠠᠷᠳᠠᠨ᠎ᠠ᠂ ᠥᠭᠡᠷ᠎ᠡ ᠪᠠᠷ ᠬᠡᠯᠡᠪᠡᠯ᠂ ᠬᠡᠷᠪᠡ ᠮᠠᠷᠭᠠᠰᠢ ᠴᠢᠰᠤ ᠪᠠᠨ ᠪᠠᠢᠴᠠᠭᠠᠯᠭᠠᠬᠤ  ᠭᠡᠪᠡᠯ᠂  ᠲᠤᠰ  ᠡᠳᠦᠷ ᠤᠨ ᠤᠷᠤᠢ ᠶᠢᠨ ᠨᠠᠢᠮᠠᠨ ᠴᠠᠭ ᠠᠴᠠ ᠬᠤᠶᠢᠰᠢ ᠶᠠᠭᠤᠮ᠎ᠠ ᠢᠳᠡᠵᠦ ᠪᠤᠯᠬᠤ ᠦᠭᠡᠢ᠂ ᠤᠰᠤ ᠤᠤᠭᠤᠵᠤ ᠪᠣᠯᠤᠨ᠎ᠠ᠂ ᠭᠡᠪᠡᠴᠦ ᠪᠤᠰᠤᠳ ᠤᠮᠳᠠᠭᠠᠨ ᠢ ᠤᠤᠭᠤᠵᠤ ᠪᠣᠯᠬᠤ ᠦᠭᠡᠢ᠃                      ᠲᠤᠰ ᠵᠤᠬᠢᠶᠠᠯ ᠳᠤ ᠨᠡᠶᠢᠰᠯᠡᠯ ᠤᠨ ᠡᠮᠨᠡᠯᠭᠡ ᠶᠢᠨ ᠶᠡᠭᠡ ᠰᠤᠷᠭᠠᠭᠤᠯᠢ ᠶᠢᠨ ᠬᠠᠷᠢᠶᠠᠲᠤ  ᠪᠡᠭᠡᠵᠢᠩ ᠤᠨ  ᠲᠦᠩ  ᠷᠧᠨ ᠡᠮᠨᠡᠯᠭᠡ ᠶᠢᠨ ᠬᠤᠷᠢᠶᠠᠨ ᠤ ᠰᠢᠯᠭᠠᠨ ᠪᠠᠶᠢᠴᠠᠭᠠᠯᠳᠠ ᠶᠢᠨ ᠰᠠᠯᠠᠭ᠎ᠠ ᠶᠢᠨ ᠳᠡᠳ᠋  ᠡᠷᠬᠢᠯᠡᠭᠴᠢ  ᠯᠢᠦ  ᠰᠢᠶᠠᠩ  ᠬᠤᠢ  ᠰᠢᠨᠵᠢᠯᠡᠬᠦ ᠤᠬᠠᠭᠠᠨᠴᠢ ᠴᠢᠨᠠᠷᠲᠠᠶ ᠬᠢᠨᠠᠯᠳᠡ ᠬᠢᠵᠦ ᠦᠭᠪᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号