ᠠᠭᠤᠷ ᠠᠮᠢᠰᠬᠤᠯ ᠬᠡᠨᠡᠳᠳᠡ ᠬᠦᠢᠳᠡᠷᠡᠯ᠎ᠡ᠂ ᠲᠠᠨ ᠳᠤ ᠬᠡᠷᠬᠢᠨ  ᠬᠠᠯᠳᠠᠪᠤᠷᠢᠳᠦ ᠲᠠᠭᠰᠢᠭᠤᠷ ᠢ ᠰᠡᠷᠭᠡᠶᠢᠯᠡᠬᠦ ᠶᠢ ᠵᠢᠭᠠᠵᠤ ᠥᠭᠬᠦᠶ᠎ᠡ
ᠨᠡᠶᠢᠲᠡᠯᠡᠭᠰᠡᠨ ᠴᠠᠭ᠄
2019/11/21
                      ᠵᠢᠢ ᠱᠢ ᠢᠦᠢ                  ᠡᠪᠦᠯ ᠣᠷᠣᠭᠰᠠᠨ ᠤ ᠳᠠᠷᠠᠭ᠎ᠠ᠂ ᠠᠭᠤᠷ ᠠᠮᠢᠰᠬᠤᠯ ᠬᠤᠪᠢᠷᠠᠯᠳᠠ ᠶᠡᠬᠡᠳᠡᠢ ᠪᠠᠶᠢᠳᠠᠭ ᠠᠴᠠ ᠬᠠᠯᠳᠠᠪᠤᠷᠢᠳᠦ ᠲᠠᠭᠰᠢᠭᠤᠷ ᠪᠠᠶᠢᠨ ᠳᠠᠬᠢᠨ ᠡᠭᠦᠰᠳᠡᠭ᠃ ᠲᠡᠭᠡᠪᠡᠯ ᠪᠢᠳᠡ ᠲᠠᠬᠰᠢᠭᠤᠷ ᠢ ᠬᠡᠷᠬᠢᠨ ᠰᠡᠷᠭᠡᠶᠢᠯᠡᠬᠦ ᠪᠤᠢ︖ ᠡᠩ ᠤᠨ ᠬᠢᠮᠤᠷᠠᠭ᠎ᠠ ᠲᠠᠭᠰᠢᠭᠤᠷ  ᠪᠠ ᠬᠠᠯᠳᠠᠪᠤᠷᠢᠳᠦ  ᠲᠠᠭᠰᠢᠭᠤᠷ ᠤᠨ  ᠰᠢᠨᠵᠢ  ᠪᠠᠶᠢᠳᠠᠯ   ᠨᠢ  ᠶᠠᠮᠠᠷ  ᠢᠯᠭᠠᠭ᠎ᠠ ᠲᠠᠢ  ᠪᠠᠶᠢᠳᠠᠭ  ᠪᠤᠢ︖  ᠥᠨᠥᠳᠥᠷ   ᠪᠢᠳᠡ ᠬᠠᠮᠲᠤ ᠪᠠᠷ ᠢᠶᠠᠨ ᠤᠶᠢᠯᠠᠭᠠᠵᠤ ᠦᠵᠡᠶ᠎ᠡ᠃               ᠬᠠᠯᠳᠠᠪᠤᠷᠢᠲᠤ ᠲᠠᠭᠰᠢᠭᠤᠷ ᠢ ᠰᠡᠷᠭᠡᠶᠢᠯᠡᠬᠦ ᠳᠤ ︽ᠨᠢᠭᠡ ᠳᠤ ᠲᠠᠷᠢᠯᠭ᠎ᠠ ᠬᠢᠬᠦ ᠬᠤᠶᠠᠷ ᠲᠤ  ᠨᠡᠪᠲᠡᠷᠡᠭᠦᠯᠬᠦ  ᠭᠤᠷᠪᠠ ᠳᠤ ᠴᠢᠩᠭᠠᠳᠬᠠᠬᠤ  ᠳᠥᠷᠪᠡ ᠳᠤ  ᠴᠡᠪᠡᠷᠯᠡᠬᠦ  ᠲᠠᠪᠤ ᠳᠤ  ᠰᠡᠷᠭᠡᠶᠢᠯᠡᠬᠦ  ᠵᠢᠷᠭᠤᠭ᠎ᠠ ᠳᠤ  ᠭᠠᠷ ᠢᠶᠠᠨ  ᠤᠬᠢᠶᠠᠬᠤ︾ ᠶᠢ  ᠠᠩᠬᠠᠷᠬᠤ ᠬᠡᠷᠡᠭᠲᠡᠶ᠃ ︽ᠨᠢᠭᠡ ᠳᠤ  ᠲᠠᠷᠢᠯᠭ᠎ᠠ  ᠬᠢᠬᠦ︾  ᠭᠡᠳᠡᠭ ᠨᠢ  ᠳᠠᠷᠤᠶ  ᠵᠢᠯ  ᠪᠦᠷᠢ  ᠬᠠᠯᠳᠠᠪᠤᠷᠢᠲᠤ  ᠲᠠᠭᠰᠢᠭᠤᠷ ᠤᠨ  ᠸᠠᠺᠼᠢᠨ ᠲᠠᠷᠢᠭᠤᠯᠬᠤ ᠶᠢ ᠬᠡᠯᠡᠵᠦ ᠪᠤᠢ᠃ ᠬᠠᠯᠳᠠᠪᠤᠷᠢᠳᠦ ᠲᠠᠭᠰᠢᠭᠤᠷ ᠤᠨ ᠸᠢᠷᠦ᠋ᠰ ᠤᠨ ᠬᠠᠮᠤᠭ ᠤᠨ  ᠶᠡᠭᠡ  ᠣᠨᠴᠠᠯᠢᠭ  ᠪᠣᠯ  ᠠᠮᠠᠷᠬᠠᠨ ᠤᠨᠳᠤᠤᠰᠢᠨ ᠬᠤᠪᠢᠷᠠᠵᠤ  ᠪᠠᠶᠢᠳᠠᠭ᠂  ᠬᠠᠯᠳᠠᠪᠤᠷᠢᠳᠦ  ᠲᠠᠭᠰᠢᠭᠤᠷ ᠤᠨ  ᠸᠠᠺᠼᠢᠨ ᠢ  ᠵᠢᠯ  ᠪᠦᠷᠢ  ᠲᠠᠷᠢᠭᠤᠯᠬᠤ  ᠬᠡᠷᠡᠭᠲᠡᠶ᠂ ᠬᠠᠯᠳᠠᠪᠤᠷᠢᠳᠦ ᠲᠠᠭᠰᠢᠭᠤᠷ ᠤᠨ ᠸᠠᠺᠼᠢᠨ ᠢ ᠲᠠᠷᠢᠭᠤᠯᠤᠬᠰᠠᠨ ᠤ ᠳᠠᠷᠠᠭ᠎ᠠ  ᠬᠥᠮᠦᠨ ᠤ  ᠪᠡᠶ᠎ᠡ ᠶᠢ  70% ᠠᠴᠠ  ᠳᠡᠭᠡᠭᠰᠢ ᠪᠠᠷ ᠬᠠᠮᠠᠭᠠᠯᠠᠵᠤ᠂ ᠬᠠᠯᠳᠠᠪᠤᠷᠢᠳᠦ ᠲᠠᠭᠰᠢᠭᠤᠷ ᠬᠠᠯᠳᠠᠪᠤᠷᠢᠯᠠᠵᠤ ᠳᠡᠯᠭᠡᠷᠡᠬᠦ ᠶᠢ ᠪᠦᠲᠦᠮᠵᠢᠲᠡᠶ ᠬᠤᠷᠢᠭᠯᠠᠵᠤ ᠴᠢᠳᠠᠨ᠎ᠠ᠃ ︽ᠬᠤᠶᠠᠷ ᠲᠤ ᠨᠡᠪᠲᠡᠷᠡᠬᠦᠯᠬᠦ︾ ᠭᠡᠳᠡᠭ ᠨᠢ ᠳᠠᠷᠤᠶ ᠭᠡᠷ ᠳᠣᠲᠣᠷ᠎ᠠ ᠪᠠᠨ ᠠᠭᠠᠷ ᠨᠡᠪᠳᠡᠷᠡᠬᠦᠯᠬᠦ ᠶᠢ ᠪᠠᠲᠤᠯᠠᠵᠤ᠂ ᠠᠭᠠᠷ ᠨᠡᠪᠲᠡᠷᠡᠬᠦ ᠪᠠᠷ ᠠᠨᠠᠶ ᠪᠤᠶᠤ ᠬᠦᠮᠦᠰ  ᠴᠢᠬᠢᠯᠳᠦᠨ  ᠰᠢᠬᠠᠯᠴᠠᠬᠰᠠᠨ  ᠭᠠᠵᠠᠷ ᠲᠤ  ᠤᠴᠢᠬᠤ ᠠᠴᠠ  ᠵᠠᠶᠢᠯᠠᠰᠬᠢᠬᠦ ᠶᠢ   ᠬᠡᠯᠡᠵᠦ  ᠪᠤᠢ︔  ︽ᠭᠤᠷᠪᠠ ᠳᠤ ᠴᠢᠩᠭᠠᠳᠬᠠᠬᠤ︾  ᠭᠡᠳᠡᠭ ᠨᠢ  ᠢᠳᠡᠭᠡᠨ  ᠤᠮᠳᠠᠭᠠᠨ ᠢᠶᠠᠨ  ᠲᠡᠩᠴᠡᠭᠦᠯᠬᠦ ᠶᠢ  ᠠᠩᠬᠠᠷᠴᠤ᠂  ᠤᠰᠤ  ᠢᠯᠡᠭᠦᠤ  ᠤᠤᠭᠤᠵᠤ᠂ ᠲᠤᠬᠳᠠᠬᠰᠠᠨ ᠴᠠᠭ ᠲᠤ ᠬᠥᠳᠡᠯᠭᠡᠭᠡᠨ ᠬᠢᠵᠦ᠂ ᠰᠠᠶᠢᠳᠤᠷ ᠠᠮᠠᠷᠠᠵᠤ᠂ ᠪᠡᠶ᠎ᠡ  ᠮᠠᠬᠠᠪᠣᠳ ᠤᠨ   ᠢᠶᠠᠨ  ᠡᠪᠡᠳᠴᠢᠨ ᠢ  ᠡᠰᠡᠷᠭᠦᠴᠡᠬᠦ ᠬᠦᠴᠦᠨ ᠢ ᠴᠢᠩᠭᠠᠳᠬᠠᠬᠤ ᠶᠢ ᠬᠡᠯᠡᠵᠦ ᠪᠤᠢ᠃ ︽ᠳᠥᠷᠪᠡ ᠳᠤ ᠴᠡᠪᠡᠷᠯᠡᠬᠦ︾ ᠭᠡᠳᠡᠭ ᠨᠢ ᠨᠢᠭᠤᠷ ᠴᠢᠷᠠᠶ ᠪᠠ  ᠠᠮᠠ  ᠬᠠᠮᠠᠷ ᠢᠶᠠᠨ ᠤᠬᠢᠶᠠᠨ ᠴᠡᠪᠡᠷᠯᠡᠵᠦ᠂ ᠠᠷᠢᠭᠤᠨ ᠴᠡᠪᠡᠷ ᠪᠠᠶᠢᠯᠭᠠᠵᠤ᠂ ᠲᠠᠬᠰᠢᠭᠤᠷ ᠬᠠᠯᠳᠠᠪᠤᠷᠢᠯᠠᠬᠤ ᠲᠤᠬᠢᠶᠠᠯ ᠢ ᠪᠠᠭᠠᠰᠬᠠᠬᠤ ᠶᠢ ᠬᠡᠯᠡᠵᠦ ᠪᠤᠢ ︔ ︽ᠲᠠᠪᠤ ᠳᠤ ᠰᠡᠷᠭᠡᠶᠢᠯᠡᠬᠦ︾ ᠭᠡᠳᠡᠭ ᠨᠢ  ᠬᠠᠯᠳᠠᠪᠤᠷᠢᠲᠤ  ᠲᠠᠭᠰᠢᠭᠤᠷ  ᠳᠡᠯᠭᠡᠷᠡᠬᠦ  ᠤᠯᠠᠷᠢᠯ ᠳᠤ᠂  ᠬᠥᠮᠦᠨ  ᠣᠯᠠᠨᠳᠠᠢ  ᠤᠯᠠᠨ ᠨᠡᠶᠢᠲᠡ ᠶᠢᠨ ᠭᠠᠵᠠᠷ ᠲᠤ ᠣᠴᠢᠬᠤ ᠠᠴᠠ ᠵᠠᠶᠢᠯᠠᠰᠬᠢᠵᠦ᠂ ᠴᠢᠬᠤᠯᠠᠳᠠᠢ ᠦᠶ᠎ᠡ ᠳᠤ ᠠᠮᠠᠪᠴᠢ ᠵᠡᠭᠦᠬᠦ ᠶᠢᠨ ᠬᠠᠮᠳᠤ  ᠠᠮᠠᠪᠴᠢ ᠪᠠᠨ ᠪᠠᠶᠢᠡᠭᠭᠤ ᠰᠣᠯᠢᠬᠤ ᠶᠢ ᠬᠡᠯᠡᠵᠦ ᠪᠤᠢ︔ ︽ᠵᠢᠷᠭᠤᠭ᠎ᠠ ᠳᠤ ᠭᠠᠷ ᠢᠶᠠᠨ  ᠤᠬᠢᠶᠠᠬᠤ︾᠂  ᠭᠠᠷ ᠢᠶᠠᠨ  ᠤᠬᠢᠶᠠᠬᠤ  ᠪᠣᠯ  ᠸᠢᠷᠦ᠋ᠰ ᠬᠠᠯᠳᠠᠪᠤᠷᠢᠯᠠᠬᠤ ᠶᠢ ᠰᠡᠷᠭᠡᠶᠢᠯᠡᠬᠦ ᠲᠦᠢᠯ ᠤᠨ ᠴᠢᠬᠤᠯᠠ ᠠᠷᠭ᠎ᠠ ᠪᠣᠯᠤᠨ᠎ᠠ᠃                ᠲᠡᠭᠡᠪᠡᠯ᠂ ᠪᠢᠳᠡ ᠡᠳᠦᠷ ᠲᠤᠲᠤᠮ ᠤᠨ ᠠᠮᠢᠳᠤᠷᠠᠯ ᠤᠨ ᠳᠤᠮᠳᠠ ᠡᠩ ᠤᠨ ᠬᠢᠮᠤᠷᠠᠭ᠎ᠠ ᠲᠠᠭᠰᠢᠭᠤᠷ ᠪᠠ  ᠬᠠᠯᠳᠠᠪᠤᠷᠢᠳᠦ ᠲᠠᠭᠰᠢᠭᠤᠷ ᠢ ᠬᠡᠷᠬᠢᠨ ᠢᠯᠭᠠᠪᠠᠯ ᠵᠣᠬᠢᠬᠤ ᠪᠣᠢ︖ ᠡᠩ ᠤᠨ ᠬᠢᠮᠤᠷᠠᠭ᠎ᠠ ᠲᠠᠬᠰᠢᠭᠤᠷ ᠪᠠ ᠬᠠᠯᠳᠠᠪᠤᠷᠢᠳᠦ  ᠲᠠᠭᠰᠢᠭᠤᠷ ᠨᠢ  ᠪᠦᠷ ᠬᠠᠮᠠᠷ ᠪᠥᠭᠯᠡᠷᠡᠬᠦ᠂ ᠬᠠᠨᠢᠶᠠᠬᠤ᠂ ᠬᠤᠭᠤᠯᠠᠶ ᠡᠪᠡᠳᠬᠦ᠂ ᠬᠠᠯᠠᠭᠤᠷᠠᠬᠤ ᠵᠡᠷᠭᠡ ᠰᠢᠨᠵᠢ ᠪᠠᠶᠢᠳᠠᠯ ᠲᠠᠢ ᠪᠠᠶᠢᠳᠠᠭ᠂ ᠡᠩ ᠤᠨ ᠬᠢᠮᠤᠷᠠᠭ᠎ᠠ ᠲᠠᠬᠰᠢᠭᠤᠷ ᠤᠨ  ᠰᠢᠨᠵᠢ  ᠪᠠᠶᠢᠳᠠᠯ   ᠨᠢ  ᠶᠡᠷᠦᠳᠡᠭᠡᠨ  ᠬᠠᠮᠠᠷ  ᠬᠤᠭᠤᠯᠠᠶ ᠶᠢᠨ  ᠬᠡᠰᠡᠭ ᠲᠤ   ᠲᠥᠪᠯᠡᠷᠡᠵᠦ᠂   ᠨᠢᠭᠤᠭᠳᠠᠮᠠᠯ ᠬᠤᠭᠤᠴᠠᠭ᠎ᠠ ᠨᠢ ᠨᠡᠯᠢᠶᠡᠳ ᠣᠬᠤᠷ᠂ ᠡᠪᠡᠳᠴᠢᠯᠡᠬᠦ ᠨᠢ ᠲᠦᠷᠭᠡᠨ  ᠪᠢᠰᠢ  ᠪᠠᠶᠢᠳᠠᠭ᠃  ᠶᠡᠷᠦᠨᠢ  ᠬᠠᠯᠠᠭᠤᠷᠠᠬᠤ  ᠪᠤᠶᠤ  ᠪᠦᠬᠦ ᠪᠡᠶ᠎ᠡ ᠳᠤ ᠡᠪᠡᠳᠴᠢᠨ ᠤ ᠰᠢᠨᠵᠢ  ᠢᠯᠡᠷᠡᠳᠡᠭ  ᠦᠭᠡᠢ  ᠪᠤᠶᠤ  ᠡᠰᠡᠬᠦᠯ᠎ᠡ  ᠵᠥᠪᠬᠡᠨ  ᠪᠠᠭ᠎ᠠ  ᠬᠠᠯᠠᠭᠤᠷᠠᠬᠤ  ᠪᠤᠶᠤ  ᠲᠣᠯᠣᠭᠠᠶ ᠡᠪᠡᠳᠳᠡᠭ︔ ᠬᠡᠳᠡᠯ᠎ᠡ ᠬᠠᠯᠳᠠᠪᠤᠷᠢᠳᠦ ᠲᠠᠬᠰᠢᠭᠤᠷ ᠤᠨ ᠨᠢᠭᠤᠭᠳᠠᠮᠠᠯ ᠬᠤᠭᠤᠴᠠᠭ᠎ᠠ ᠨᠢ ᠬᠠᠷᠢᠨ 1  ~  3  ᠡᠳᠦᠷ  ᠪᠠᠶᠢᠵᠤ᠂ ᠡᠪᠡᠳᠴᠢᠯᠡᠬᠦ ᠨᠢ ᠲᠦᠷᠭᠡᠨ᠂ ᠪᠦᠬᠦ  ᠪᠡᠶ᠎ᠡ ᠳᠤ  ᠢᠯᠡᠷᠡᠬᠦ  ᠡᠪᠡᠳᠴᠢᠨ ᠤ  ᠰᠢᠨᠵᠢ  ᠪᠠᠶᠢᠳᠠᠯ  ᠨᠡᠯᠢᠶᠡᠳ  ᠬᠦᠨᠳᠦ  ᠪᠠᠶᠢᠳᠠᠭ᠂ ᠵᠢᠱᠢᠶᠡᠯᠡᠪᠡᠯ ᠲᠣᠯᠣᠭᠠᠶ ᠡᠪᠡᠳᠬᠦ᠂ ᠪᠦᠬᠦ ᠪᠡᠶ᠎ᠡ ᠱᠠᠷᠬᠢᠷᠠᠵᠤ  ᠡᠪᠡᠳᠬᠦ᠂  ᠲᠠᠮᠢᠷᠳᠠᠨ  ᠰᠤᠯᠠᠷᠠᠬᠤ  ᠵᠡᠷᠭᠡ  ᠢᠯᠡᠷᠡᠯ  ᠭᠠᠷᠳᠠᠭ᠃ ᠬᠠᠯᠳᠠᠪᠤᠷᠢᠳᠦ ᠲᠠᠭᠰᠢᠭᠤᠷ ᠲᠤ ᠲᠠᠪᠬᠤᠴᠠᠬᠰᠠᠨ ᠡᠪᠡᠳᠴᠢᠨ᠂ ᠵᠢᠱᠢᠶᠡᠯᠡᠪᠡᠯ ᠠᠭᠤᠰᠬᠢᠨ ᠦᠷᠪᠢᠰᠦᠯ᠂  ᠸᠢᠷᠦ᠋ᠰ ᠤᠨ  ᠴᠢᠨᠠᠷᠲᠠᠶ ᠵᠢᠷᠦᠭᠡᠨ ᠤ  ᠪᠤᠯᠴᠢᠩ ᠤᠨ  ᠦᠷᠪᠢᠰᠦᠯ  ᠵᠡᠷᠭᠡ  ᠡᠪᠡᠳᠴᠢᠨ  ᠳᠠᠪᠬᠤᠴᠠᠵᠤ  ᠮᠡᠳᠡᠨ᠎ᠡ᠂  ᠡᠨᠡ ᠨᠢ  ᠡᠩ ᠤᠨ   ᠬᠢᠮᠤᠷᠠᠭ᠎ᠠ ᠲᠠᠭᠰᠢᠭᠤᠷ ᠠᠴᠠ ᠬᠤᠯᠠ ᠢᠯᠡᠭᠦᠤ ︽ᠠᠶᠤᠯᠲᠠᠶ︾ ᠪᠠᠶᠢᠳᠠᠭ᠃               ᠬᠠᠯᠳᠠᠪᠤᠷᠢᠳᠦ ᠲᠠᠭᠰᠢᠭᠤᠷ ᠲᠤ  ᠨᠡᠷᠪᠡᠭᠳᠡᠪᠡᠯ  ᠶᠠᠭᠠᠬᠢᠵᠦ  ᠡᠮᠨᠡᠬᠦᠯᠦᠨ  ᠵᠠᠰᠠᠭᠤᠯᠬᠤ  ᠪᠤᠢ︖  ᠳᠠᠷᠤᠢ  ᠲᠦᠷᠭᠡᠨ ᠡᠮᠨᠡᠯᠭᠡ ᠳᠤ ᠬᠦᠷᠴᠦ ᠡᠮᠨᠡᠭᠦᠯᠬᠦ ᠨᠢ ᠲᠡᠷᠢᠭᠦᠨ ᠰᠣᠩᠭᠤᠯᠲᠠ ᠪᠣᠯᠬᠤ ᠪᠥᠭᠡᠳ ᠡᠮᠴᠢ ᠶᠢᠨ  ᠵᠠᠬᠢᠶ᠎ᠠ ᠪᠠᠷ  ᠡᠮᠨᠡᠭᠦᠯᠬᠦ  ᠬᠡᠷᠡᠭᠳᠡᠢ᠃ ᠡᠭᠦᠨ ᠠᠴᠠ ᠭᠠᠳᠠᠨ᠎ᠠ᠂ ᠡᠳᠦᠷ ᠲᠤᠲᠤᠮ ᠤᠨ ᠠᠮᠢᠳᠤᠷᠠᠯ ᠳᠤᠮᠳᠠ ᠪᠠᠨ ᠪᠢᠳᠡ ᠪᠠᠰᠠ ᠬᠡᠳᠦᠨ ᠵᠦᠢᠯ ᠢ ᠠᠩᠬᠠᠷᠬᠤ  ᠬᠡᠷᠡᠭᠲᠡᠶ᠃ ᠡᠩ ᠲᠡᠷᠢᠭᠦᠨ ᠳᠤ ᠬᠠᠯᠳᠠᠪᠤᠷᠢᠲᠤ ᠲᠠᠭᠰᠢᠭᠤᠷ ᠲᠤ  ᠨᠡᠷᠪᠡᠭᠳᠡᠭᠰᠡᠳ  ᠰᠠᠶᠢᠳᠤᠷ  ᠠᠮᠠᠷᠠᠬᠤ  ᠬᠡᠷᠡᠭᠲᠡᠶ᠂  ᠬᠡᠲᠦᠷᠬᠡᠶ  ᠶᠠᠳᠠᠷᠠᠵᠤ ᠵᠦᠳᠡᠷᠡᠵᠦ ᠪᠣᠯᠬᠤ ᠦᠭᠡᠢ᠂ ᠪᠡᠶ᠎ᠡ ᠪᠠᠨ ᠰᠠᠶᠢᠨ ᠰᠠᠶᠢᠬᠠᠨ ᠣᠷᠴᠢᠨ  ᠲᠣᠭᠤᠷᠢᠨ ᠳᠤ  ᠠᠮᠠᠷᠠᠭᠤᠯᠬᠤ  ᠬᠡᠷᠡᠭᠲᠡᠶ᠃  ᠳᠠᠷᠠᠭ᠎ᠠ ᠨᠢ ᠤᠰᠤ ᠢᠯᠡᠭᠦᠤ ᠤᠤᠭᠤᠬᠤ ᠬᠡᠷᠡᠭᠲᠡᠶ᠂ ᠬᠡᠲᠦᠷᠬᠡᠶ ᠲᠣᠰᠣᠯᠢᠭ ᠪᠤᠶᠤ ᠰᠢᠩᠭᠡᠭᠡᠬᠦ ᠳᠤ ᠬᠢᠯᠪᠠᠷ ᠪᠤᠰᠤ ᠢᠳᠡᠭᠡᠨ ᠢ ᠢᠳᠡᠵᠦ  ᠪᠣᠯᠬᠤ ᠦᠭᠡᠢ᠂ ᠰᠢᠩᠭᠡᠨ ᠪᠤᠶᠤ ᠬᠠᠭᠠᠰ ᠰᠢᠩᠭᠡᠨ ᠢᠳᠡᠭᠡᠨ ᠢᠯᠡᠭᠦᠤ ᠢᠳᠡᠵᠦ᠂ ᠸᠢᠲ᠋ᠠᠮᠢᠨ C ᠢᠯᠡᠭᠦᠤ  ᠨᠥᠬᠦᠪᠥᠷᠢᠯᠡᠵᠦ  ᠪᠣᠯᠤᠨ᠎ᠠ᠃ ᠬᠠᠮᠤᠭ ᠰᠡᠭᠦᠯ ᠳᠤ᠂  ᠭᠡᠷ  ᠥᠷᠥᠭᠡᠨ ᠳᠡᠭᠡᠨ  ᠠᠭᠠᠷ  ᠨᠡᠪᠲᠡᠷᠡᠭᠦᠯᠬᠦ ᠶᠢ  ᠠᠩᠬᠠᠷᠬᠤ  ᠬᠡᠷᠡᠭᠲᠡᠶ᠂  ᠢᠩᠭᠢᠪᠡᠯ  ᠬᠠᠯᠳᠠᠪᠤᠷᠢᠳᠦ ᠲᠠᠭᠰᠢᠭᠤᠷ ᠲᠤ ᠨᠡᠷᠪᠡᠭᠳᠡᠭᠰᠡᠳ ᠤᠨ ᠡᠷᠡᠭᠦᠯᠵᠢᠬᠦ ᠬᠤᠷᠳᠤᠴᠠ ᠶᠢ  ᠲᠦᠷᠭᠡᠳᠬᠡᠬᠦ ᠪᠠᠷ  ᠪᠠᠷᠠᠬᠤ  ᠦᠭᠡᠢ᠂  ᠪᠤᠰᠤᠳ  ᠡᠷᠡᠭᠦᠯ ᠬᠥᠮᠦᠨ ᠳᠤ ᠪᠠᠰᠠ ᠵᠣᠬᠢᠬᠤ ᠬᠡᠮᠵᠢᠶᠡᠨ ᠤ ᠤᠷᠢᠳᠴᠢᠯᠠᠨ ᠰᠡᠷᠭᠡᠶᠢᠯᠡᠬᠦ ᠦᠢᠯᠡᠳᠦᠯ ᠦᠵᠡᠭᠦᠯᠵᠦ  ᠴᠢᠳᠠᠨ᠎ᠠ᠃  ᠬᠡᠷᠪᠡ  ᠭᠡᠷ ᠲᠤ ᠴᠢᠨᠢ ᠬᠠᠯᠳᠠᠪᠤᠷᠢᠲᠤ ᠲᠠᠭᠰᠢᠭᠤᠷ ᠲᠤ ᠨᠡᠷᠪᠡᠭᠳᠡᠭᠰᠡᠨ ᠬᠥᠮᠦᠨ ᠪᠠᠶᠢᠪᠠᠯ᠂ ᠬᠠᠯᠳᠠᠪᠤᠷᠢᠳᠦ ᠲᠠᠬᠰᠢᠭᠤᠷ ᠲᠤ ᠨᠡᠷᠪᠡᠭᠳᠡᠭᠰᠡᠨ  ᠦᠭᠡᠢ ᠬᠥᠮᠦᠨ ᠨᠢ ᠭᠠᠷ ᠢᠶᠠᠨ  ᠦᠷᠬᠦᠯᠵᠢ  ᠰᠠᠶᠢᠲᠤᠷ  ᠤᠬᠢᠶᠠᠵᠤ  ᠢᠯᠡᠭᠦᠬᠡᠨ  ᠠᠷᠢᠭᠤᠳᠬᠠᠵᠤ᠂  ᠬᠠᠯᠳᠠᠪᠤᠷᠢᠳᠦ  ᠲᠠᠬᠰᠢᠭᠤᠷ ᠲᠤ ᠨᠡᠷᠪᠡᠭᠳᠡᠭᠰᠡᠨ ᠬᠥᠮᠦᠨ ᠤ ᠬᠡᠷᠡᠭᠯᠡᠭᠰᠡᠨ ᠴᠠᠭᠠᠰᠤ ᠶᠢ ᠬᠢᠴᠢᠶᠡᠨ  ᠴᠡᠪᠡᠷᠯᠡᠵᠦ᠂  ᠲᠡᠳᠡᠨ ᠤ  ᠨᠢᠰᠦ  ᠰᠢᠯᠦᠰᠦ ᠪᠠᠨ  ᠵᠦᠯᠭᠦᠭᠰᠡᠨ ᠴᠠᠭᠠᠰᠤ ᠶᠢ ᠰᠦᠯᠢᠶᠣᠣ ᠤᠭᠤᠲᠠ ᠬᠢᠵᠦ ᠪᠢᠲᠡᠭᠦᠮᠵᠢᠯᠡᠬᠡᠳ ᠰᠠᠶ᠋ᠢ ᠬᠠᠶᠠᠬᠤ ᠬᠡᠷᠡᠭᠳᠡᠢ᠃  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号