ᠨᠢᠭᠡ ᠭᠠᠷᠠᠭ ᠲᠤ ᠬᠤᠶᠠᠷ ᠤᠳᠠᠭ᠎ᠠ ᠦᠳᠡ ᠳᠤ ᠤᠨᠳᠠᠪᠠᠯ ᠵᠢᠷᠦᠭᠡ ᠶᠢ  ᠬᠠᠮᠤᠬ ᠠᠴᠠ ᠰᠠᠶᠢᠨ ᠬᠠᠮᠠᠭᠠᠯᠠᠵᠤ ᠴᠢᠳᠠᠨ᠎ᠠ
ᠨᠡᠶᠢᠲᠡᠯᠡᠭᠰᠡᠨ ᠴᠠᠭ᠄
2019/11/22
   ᠨᠢᠭᠡ ᠦᠳᠡ ᠶᠢᠨ ᠡᠮᠦᠨ᠎ᠡ ᠶᠠᠭᠠᠷᠠᠯᠳᠠᠢ ᠪᠠᠷ ᠠᠵᠢᠯᠯᠠᠭᠠᠳ ᠬᠠᠮᠤᠭ ᠰᠠᠶᠢᠨ ᠨᠢ ᠨᠢᠭᠡ ᠤᠨᠲᠠᠵᠤ ᠠᠮᠠᠷᠠᠨ᠂ ᠪᠡᠶ᠎ᠡ ᠪᠠᠨ ᠴᠡᠨᠡᠭᠯᠡᠪᠡᠯ ᠵᠤᠬᠢᠯᠳᠠᠢ᠃  ᠰᠸᠢᠰ ᠤᠨ  ᠯᠣᠰᠠᠨ  ᠶᠡᠭᠡ  ᠰᠤᠷᠭᠠᠭᠤᠯᠢ ᠶᠢᠨ  ᠡᠮᠨᠡᠯᠭᠡ ᠶᠢᠨ  ᠬᠤᠷᠢᠶᠠᠨ ᠤ  ᠰᠤᠳᠤᠯᠭᠠᠲᠠᠳ ᠤᠨ ᠢᠯᠡᠷᠡᠭᠦᠯᠦᠭᠰᠡᠨ ᠢᠶᠠᠷ᠂ ᠭᠠᠷᠠᠭ ᠪᠦᠷᠢ 1 ~ 2 ᠤᠳᠠᠭ᠎ᠠ ᠤᠨᠲᠠᠪᠠᠯ ᠵᠢᠷᠦᠬᠡᠨ ᠡᠪᠡᠳᠴᠢᠨ ᠬᠥᠳᠡᠯᠬᠦ ᠪᠠ ᠰᠠ  ᠡᠪᠡᠳᠴᠢᠨ ᠳᠤ ᠨᠡᠷᠪᠡᠭᠳᠡᠬᠦ ᠲᠦᠭᠰᠢᠭᠦᠷᠢ ᠶᠢ ᠪᠠᠭᠤᠷᠠᠭᠤᠯᠤᠨ᠎ᠠ᠃              ᠰᠤᠳᠤᠯᠤᠭᠴᠢᠳ ᠰᠸᠢᠰ ᠤᠨ ᠯᠤᠰᠠᠨ ᠳᠤ  35  ~  72  ᠨᠠᠰᠤᠨ ᠤ  ᠬᠤᠭᠤᠷᠣᠨᠳᠣᠬᠢ  3462  ᠰᠠᠭᠤᠭᠠᠯᠢ ᠠᠷᠠᠳ ᠢ ᠰᠣᠩᠭᠤᠵᠦ᠂ ᠲᠡᠲᠡᠨ ᠳᠤ ᠠᠩᠬ᠎ᠠ ᠤᠳᠠᠭ᠎ᠠ ᠪᠡᠶ᠎ᠡ ᠶᠢᠨ ᠪᠠᠶᠢᠴᠠᠭᠠᠯᠲᠠ ᠬᠢᠵᠦ᠂ ᠲᠦᠷᠦᠭᠦᠤ ᠭᠠᠷᠠᠭ ᠤᠨ  ᠤᠨᠲᠠᠬᠰᠠᠨ ᠪᠠᠶᠢᠳᠠᠯ ᠪᠠ ᠦᠳᠡ ᠳᠤ ᠤᠨᠲᠠᠬᠰᠠᠨ ᠲᠤᠬᠠᠢ ᠵᠠᠭᠪᠤᠷ ᠮᠡᠳᠡᠭᠡ ᠵᠠᠩᠭᠢ ᠴᠤᠭᠯᠠᠭᠤᠯᠵᠤ᠂ ᠳᠠᠷᠠᠭ᠎ᠠ ᠨᠢ ᠲᠡᠲᠡᠨ ᠳᠤ 5  ᠵᠢᠯ ᠤᠨ ᠬᠤᠭᠤᠴᠠᠭ᠎ᠠ ᠲᠠᠢ ᠮᠦᠷᠳᠡᠨ ᠪᠠᠶᠢᠴᠠᠭᠠᠯᠳᠠ ᠬᠢᠵᠡᠶ᠃ 58% ᠶᠢᠨ  ᠣᠷᠣᠯᠴᠠᠭᠴᠢ ᠨᠢ  ᠲᠦᠷᠦᠭᠦᠤ  ᠭᠠᠷᠠᠭ ᠤᠨ  ᠦᠳᠡ ᠳᠤ ᠤᠨᠲᠠᠭᠰᠠᠨ ᠥᠬᠡᠶ ᠬᠡᠵᠦ᠂ 19% ᠶᠢᠨ ᠣᠷᠣᠯᠴᠠᠭᠴᠢ ᠨᠢ  ᠲᠦᠷᠦᠬᠦᠦ  ᠭᠠᠷᠠᠭ ᠤᠨ  ᠦᠳᠡ ᠳᠤ  1  ~  2  ᠤᠳᠠᠭ᠎ᠠ ᠤᠨᠲᠠᠪᠠ ᠬᠡᠵᠦ᠂ 12% ᠤᠨ ᠤᠷᠤᠯᠴᠠᠬᠴᠢ ᠨᠢ ᠲᠦᠷᠦᠬᠦᠦ ᠭᠠᠷᠠᠭ ᠤᠨ ᠦᠳᠡ ᠳᠤ 3 ~ 5 ᠤᠳᠠᠭ᠎ᠠ ᠤᠨᠲᠠᠪᠠ  ᠬᠡᠵᠦ᠂ 11% ᠶᠢᠨ  ᠣᠷᠣᠯᠴᠠᠭᠴᠢ ᠨᠢ  ᠲᠦᠷᠦᠬᠦᠦ  ᠭᠠᠷᠠᠭ ᠤᠨ  ᠦᠳᠡ ᠳᠤ  6  ~  7   ᠤᠳᠠᠭ᠎ᠠ   ᠤᠨᠲᠠᠪᠠ   ᠬᠡᠵᠡᠢ᠃ ᠰᠤᠳᠤᠯᠤᠭᠴᠢᠳ᠂ ᠦᠷᠭᠦᠯᠵᠢ ᠦᠳᠡ ᠳᠤ ᠤᠨᠲᠠᠳᠠᠭ ᠬᠥᠮᠦᠨ ︵ᠭᠠᠷᠠᠭ ᠪᠦᠷᠢ 3 ~  7  ᠤᠳᠠᠭ᠎ᠠ︶    ᠤ  ᠣᠯᠠᠩᠬᠢ   ᠨᠢ ᠲᠡᠳᠡᠭᠡᠷ ᠦᠳᠡ ᠳᠤ ᠤᠨᠲᠠᠳᠠᠭ ᠥᠬᠡᠶ ᠬᠥᠮᠦᠨ ᠠᠴᠠ ᠨᠠᠰᠤ ᠪᠠᠷ ᠶᠡᠭᠡ ᠪᠥᠭᠡᠳ ᠡᠷᠡᠭᠲᠡᠶ᠂ ᠲᠠᠮᠠᠬᠢ ᠲᠠᠲᠠᠳᠠᠭ᠂  ᠮᠠᠷᠢᠶᠠᠳᠠᠢ᠂ ᠣᠷᠣᠢ ᠤᠨᠲᠠᠳᠠᠭ ᠬᠥᠮᠦᠨ ᠪᠤᠯᠬᠤ ᠶᠢ  ᠤᠯᠵᠤ  ᠮᠡᠳᠡᠵᠡᠢ᠃  ᠮᠦᠷᠳᠡᠨ  ᠪᠠᠶᠢᠴᠠᠭᠠᠯᠳᠠ  ᠬᠢᠵᠦ  ᠪᠠᠶᠢᠬᠤ  ᠬᠤᠭᠤᠴᠠᠭᠠᠨ ᠳᠤ ᠦᠭᠦᠭᠦᠯᠭᠦ ᠴᠢᠨᠠᠷᠳᠠᠢ ᠪᠠ ᠦᠬᠦᠬᠦᠯᠬᠦ ᠪᠤᠰᠤ ᠴᠢᠨᠠᠷᠳᠠᠢ ᠵᠢᠷᠦᠭᠡ ᠴᠢᠰᠤᠨ  ᠰᠤᠳᠠᠯ   ᠤᠨ  ᠡᠪᠡᠳᠴᠢᠨ  155  ᠡᠭᠦᠰᠴᠡᠢ᠃ ᠵᠠᠳᠠᠯᠤᠯᠲᠠ ᠶᠢᠨ ᠳ᠋ᠦᠡᠭ ᠳᠤ ᠢᠯᠡᠷᠡᠬᠦᠯᠦᠭᠰᠡᠨ ᠢᠶᠠᠷ᠂ ᠦᠳᠡ ᠳᠤ ᠤᠨᠲᠠᠳᠠᠭ ᠥᠬᠡᠶ  ᠬᠥᠮᠦᠨ ᠲᠠᠢ  ᠠᠳᠠᠯᠢᠳᠬᠠᠪᠠᠯ᠂  ᠬᠠᠶᠠ ᠵᠠᠷᠢᠮ ᠳᠠᠭᠠᠨ ᠦᠳᠡ ᠳᠤ ᠤᠨᠲᠠᠳᠠᠭ ︵ᠭᠠᠷᠠᠭ ᠲᠤ 1 ~ 2 ᠤᠳᠠᠭ᠎ᠠ︶ ᠬᠥᠮᠦᠨ ᠤ ᠵᠢᠷᠦᠬᠡᠨ  ᠡᠪᠡᠳᠴᠢᠨ  ᠬᠦᠳᠡᠯᠬᠦ᠂  ᠰᠠ ᠡᠪᠡᠳᠴᠢᠨ᠂ ᠵᠢᠷᠦᠬᠡ ᠳᠣᠷᠦ᠋ᠢᠲᠠᠬᠤ ᠡᠪᠡᠳᠴᠢᠨ ᠳᠤ ᠨᠡᠷᠪᠡᠭᠳᠡᠬᠦ ᠲᠦᠭᠰᠢᠭᠦᠷᠢ  48% ᠠᠴᠠ  ᠳᠣᠤᠷ᠎ᠠ  ᠪᠠᠶᠢᠳᠠᠭ᠃  ᠡᠳᠦᠷ ᠲᠡᠩᠳᠡᠭᠦᠦ ᠮᠠᠩᠰᠢᠭᠤᠷᠠᠨ ᠤᠨᠳᠠᠬᠤ᠂ ᠭᠠᠩᠰᠠᠷᠠᠬᠤ ᠪᠠ ᠣᠷᠣᠢ ᠪᠦᠷᠢ ᠠᠳᠠᠭ ᠲᠠᠭᠠᠨ 6 ᠴᠠᠭ ᠤᠨᠲᠠᠬᠤ  ᠵᠡᠷᠭᠡ  ᠡᠯᠧᠮᠧᠨ᠋ᠲ ᠢ ᠪᠣᠳᠣᠯᠬᠢᠯᠠᠭᠰᠠᠨ ᠤ ᠳᠠᠷᠠᠭ᠎ᠠ ᠴᠦ ᠬᠡᠳ ᠡᠶᠢᠮᠦᠷᠬᠦ ᠬᠤᠯᠪᠣᠭᠳᠠᠯᠳᠤ ᠴᠢᠨᠠᠷ ᠨᠢ ᠮᠦᠨᠬᠦ ᠬᠤᠪᠢᠷᠠᠬᠰᠠᠨ ᠦᠭᠡᠢ᠂  ᠭᠠᠭᠴᠠᠬᠦ  ᠨᠠᠰᠤ ᠨᠡᠯᠢᠶᠡᠳ ᠠᠬᠢᠭᠰᠠᠨ ᠪᠤᠶᠤ ᠤᠨᠲᠠᠬᠤ ᠪᠠ  ᠠᠮᠢᠰᠬᠤᠯ  ᠲᠦᠷ  ᠵᠣᠭᠰᠣᠬᠤ  ᠬᠦᠨᠳᠦ  ᠬᠡᠴᠡᠭᠦᠦ  ᠶᠡᠷᠦᠩᠬᠡᠶᠢᠯᠡᠭᠰᠡᠨ  ᠭᠡᠮ ᠲᠠᠢ ᠬᠦᠮᠦᠰ ᠤᠨ ᠡᠨᠡᠬᠦ ᠬᠤᠯᠪᠣᠭᠳᠠᠯᠳᠤ ᠴᠢᠨᠠᠷ ᠨᠢ ᠨᠥᠯᠥᠭᠡᠯᠡᠭᠳᠡᠵᠦ ᠪᠤᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号