ᠠᠷᠠᠳ ᠤᠨ ᠰᠡᠳᠬᠢᠯ ᠳᠤ ᠲᠡᠯᠭᠡᠷᠡᠭᠰᠡᠨ ᠤᠷᠠᠯᠢᠭ ᠤᠨ ᠬᠤᠷᠴᠠ ᠤᠯᠠᠭᠠᠨ ᠴᠡᠴᠡᠭ — ᠡᠸᠡᠩᠬᠢ  ᠦᠨᠳᠦᠰᠦᠳᠡᠨ ᠤ ᠦᠪᠡᠷᠳᠡᠭᠡᠨ ᠵᠠᠰᠠᠬᠤ ᠬᠤᠰᠢᠭᠤᠨ ᠤ ᠤᠯᠠᠭᠠᠨᠮᠦ᠋ᠴᠢᠷ ᠤᠨ ᠲᠤᠬᠠᠢ ᠰᠤᠷᠪᠤᠯᠵᠢᠯᠠᠭ᠎ᠠ
ᠨᠡᠶᠢᠲᠡᠯᠡᠭᠰᠡᠨ ᠴᠠᠭ᠄
2019/2/14
           ᠵᠣᠬᠢᠶᠠᠭᠴᠢ᠄  ᠨᠠᠷᠠᠨᠲᠤᠶᠠᠭ᠎ᠠ       ᠮᠠᠯᠴᠢᠨ ᠠᠶᠢᠯ ᠠᠴᠠ ᠰᠢᠭᠤᠢᠢᠳᠤ ᠤᠷᠤᠨ᠂ ᠤᠢᠢᠯᠡᠳᠪᠦᠷᠢ ᠠᠭᠤᠷᠬᠠᠢ ᠠᠴᠠ ᠬᠢᠯᠢ ᠶᠢᠨ ᠱᠤᠭᠤᠮ ᠬᠦᠷᠲᠡᠯ᠎ᠡ  ᠡᠸᠡᠩᠬᠢ ᠶᠢᠨ ᠲᠡᠨᠢᠭᠡᠷ ᠠᠭᠤᠳᠠᠮ ᠲᠡᠯ᠎ᠡ ᠨᠤᠳᠤᠭ᠂ ᠨᠡᠯᠦᠭᠡᠷ ᠶᠡᠭᠡ ᠤᠢ ᠬᠦᠪᠴᠢ ᠳᠤ ︽ᠲᠠᠯ᠎ᠠ ᠨᠤᠳᠤᠭ ᠤᠨ  ᠤᠳᠬ᠎ᠠ ᠤᠷᠠᠯᠢᠭ ᠤᠨ ᠬᠦᠩᠭᠡᠨ ᠮᠤᠷᠢᠳᠦ ᠴᠡᠷᠢᠭ︾ ᠤᠨ ᠤᠯᠠ ᠮᠦᠷ ᠦᠯᠡᠳᠡᠵᠦ᠂ ᠠᠯᠳᠠᠷ ᠨᠡᠷ᠎ᠡ ᠲᠠᠭᠤᠷᠢᠰᠤᠨ᠎ᠠ ᠃ ᠲᠡᠳᠡ ᠪᠤᠯ ᠨᠠᠮ ᠵᠠᠰᠠᠭ ᠤᠨ ᠬᠠᠶᠢᠷ᠎ᠠ ᠬᠠᠯᠠᠮᠵᠢ ᠶᠢ ᠰᠤᠶᠤᠯ ᠤᠷᠠᠯᠢᠭ ᠤᠨ ᠭᠡᠯᠪᠡᠷᠢ ᠪᠠᠷ ᠮᠠᠯᠴᠢᠨ ᠲᠦᠮᠡᠨ ᠳᠡᠭᠡᠨ  ᠬᠦᠷᠭᠡᠨ᠂ ᠤᠳᠬ᠎ᠠ ᠤᠷᠠᠯᠢᠭ ᠤ ᠹᠷᠤᠨᠲ ᠲᠡᠭᠡᠷ᠎ᠡ ᠦᠢᠯᠡᠰ ᠵᠢᠳᠭᠦᠯ ᠤᠨ ᠦᠭᠭᠢᠶᠡᠮᠦᠷ ᠬᠠᠨᠳᠢᠪ ᠲᠠᠢ ᠶᠠᠪᠤᠭ᠎ᠠ  ᠡᠸᠡᠩᠬᠢ ᠦᠨᠳᠦᠰᠦᠳᠡᠨ ᠤ ᠦᠪᠡᠷᠳᠡᠭᠡᠨ ᠵᠠᠰᠠᠬᠤ ᠬᠤᠰᠢᠭᠤᠨ ᠤ ᠤᠯᠠᠭᠠᠨᠮᠦ᠋ᠴᠢᠷ ᠤᠨ ᠬᠢᠳ ᠪᠤᠯᠤᠨ᠎ᠠ᠃             ᠡᠸᠡᠩᠬᠢ ᠬᠤᠰᠢᠭᠤᠨ ᠤ ᠤᠯᠠᠭᠠᠨᠮᠦ᠋ᠴᠢᠷ 1962 ᠤᠨ ᠳᠤ ᠪᠠᠶᠢᠭᠤᠯᠤᠭᠳᠠᠵᠦ᠂ ᠮᠠᠨ ᠤ ᠤᠯᠤᠰ ᠤᠨ  ᠴᠤᠷ ᠤᠨ ᠭᠠᠭᠴᠠ ᠡᠸᠡᠩᠬᠢ ᠦᠨᠳᠦᠰᠦᠳᠡᠨ ᠤ ᠰᠤᠶᠤᠯ ᠢ ᠤᠯᠠᠮᠵᠢᠯᠠᠨ ᠬᠦᠭᠵᠢᠭᠦᠯᠵᠦ ᠶᠠᠪᠤᠭ᠎ᠠ ᠲᠤᠰᠬᠠᠢᠢᠵᠢᠭᠰᠠᠨ  ᠤᠷᠠᠯᠢᠭ ᠤᠨ ᠪᠦᠯᠬᠦᠮ ᠪᠤᠯᠬᠤ ᠶᠤᠮ᠃ ᠤᠳᠤᠬᠠᠨ ᠳᠤ ᠲᠤᠰ ᠤᠯᠠᠭᠠᠨᠮᠦ᠋ᠴᠢᠷ ᠲᠤ 68 ᠲᠤᠭᠯᠠᠭᠴᠢ ᠲᠠᠢ ᠪᠠᠶᠢᠵᠦ ᠂ ᠮᠤᠩᠭᠤᠯ᠂ ᠬᠢᠳᠡᠳ᠂ ᠡᠸᠡᠩᠬᠢ᠂ ᠲᠠᠭᠤᠷ᠂ ᠬᠤᠲᠤᠩ ᠵᠡᠷᠭᠡ ᠲᠠᠪᠤᠨ ᠦᠨᠳᠦᠰᠦᠳᠡᠨ ᠢᠶᠠᠷ ᠪᠦᠷᠢᠯᠳᠦᠵᠦ᠂  ᠤᠯᠤᠰ ᠤᠨ ᠨᠢᠭᠡᠳᠦᠭᠡᠷ ᠲᠡᠰ ᠤᠨ ᠲᠤᠭᠯᠠᠭᠴᠢ 3᠂ ᠤᠯᠤᠰ ᠤᠨ ᠬᠤᠶᠠᠳᠤᠭᠠᠷ ᠲᠡᠰ ᠤᠨ ᠲᠤᠭᠯᠠᠭᠴᠢ 7᠂  ᠤᠯᠤᠰ ᠤᠨ ᠭᠤᠷᠪᠠᠳᠤᠭᠠᠷ ᠲᠡᠰ ᠤᠨ ᠲᠤᠭᠯᠠᠭᠴᠢ 19 ᠪᠠᠶᠢᠵᠦ᠂ ᠤᠷᠢᠳ ᠬᠤᠵᠢᠳ ᠳᠧᠲ᠋ᠠᠢ᠂ ᠲᠤᠶᠠᠭ᠎ᠠ᠂  ᠰᠧᠷᠡᠩ᠂ ᠨᠠᠷᠠᠨᠴᠡᠴᠡᠭ᠂ ᠵᠢᠶᠠ ᠭᠦᠸᠧ ᠵᠦ ᠵᠡᠷᠭᠡ ᠰᠤᠳᠤᠨ ᠰᠢᠯᠢᠳᠡᠭ ᠤᠷᠠᠯᠢᠭᠴᠢᠨ ᠴᠤᠯᠭᠤᠷᠠᠨ ᠭᠠᠷᠤᠭᠰᠠᠨ  ᠪᠠᠶᠢᠨ᠎ᠠ᠃ ᠡᠸᠡᠩᠬᠢ ᠬᠤᠰᠢᠭᠤᠨ ᠤ ᠤᠯᠠᠭᠠᠨᠮᠦ᠋ᠴᠢᠷ ᠪᠠᠶᠢᠭᠤᠯᠤᠭᠳᠠᠭᠰᠠᠨ 56 ᠵᠢᠯ ᠤᠨ ᠲᠤᠷᠰᠢᠳᠠ ᠦᠵᠡᠯ  ᠤᠬᠠᠮᠰᠠᠷ ᠢᠶᠠᠨ ᠰᠢᠨ᠎ᠡ ᠴᠠᠭ ᠦᠶ᠎ᠡ ᠶᠢᠨ ᠰᠢᠨ᠎ᠡ ᠱᠠᠭᠠᠷᠳᠠᠯᠭ᠎ᠠ ᠲᠠᠢ ᠵᠤᠬᠢᠴᠠᠭᠤᠯᠵᠦ᠂ ︽ᠨᠢᠭᠡ ᠳᠤ ᠮᠡᠷᠭᠡᠰᠢᠵᠦ᠂  ᠤᠯᠠᠨ ᠳᠤ ᠴᠠᠭᠠᠷᠠᠭᠰᠠᠨ︾ ᠰᠤᠳᠤᠨ ᠤᠷᠠᠯᠢᠭᠴᠢᠳ ᠢ ᠬᠦᠮᠦᠵᠢᠭᠦᠯᠦᠨ ᠪᠤᠶᠢᠵᠢᠭᠤᠯᠵᠦ᠂ ᠤᠭ ᠰᠠᠨᠠᠭ᠎ᠠ ᠪᠠᠨ ᠦᠯᠦ  ᠮᠠᠷᠳᠠᠨ ᠦᠨᠳᠦᠰᠦᠨ ᠱᠠᠳᠤᠨ ᠳᠤ ᠭᠦᠨᠵᠡᠭᠡᠶᠢᠷᠡᠵᠦ᠂ ᠦᠪᠡᠷᠮᠢᠴᠡ ᠰᠤᠶᠤᠯ ᠤᠷᠠᠯᠢᠭ ᠢᠶᠠᠷ ᠢᠶᠠᠨ ᠮᠠᠯᠴᠢᠨ  ᠲᠦᠮᠡᠨ ᠤ ᠪᠠᠨ ᠬᠠᠷᠠᠭ᠎ᠠ ᠰᠤᠨᠤᠷ ᠢ ᠮᠢᠯᠢᠶᠠᠵᠦ᠂ ᠨᠠᠮ ᠤᠨ ᠦᠨᠳᠦᠰᠦᠳᠡᠨ ᠤ ᠲᠦᠷᠦ ᠶᠢᠨ ᠪᠤᠳᠤᠯᠭ᠎ᠠ᠂  ᠲᠠᠪᠰᠢᠩᠭᠤᠢ ᠰᠤᠶᠤᠯ ᠤᠷᠠᠯᠢᠭ ᠢ ᠬᠦᠮᠦᠨ ᠠᠷᠠᠳ ᠲᠠᠭᠠᠨ ᠲᠠᠮᠵᠢᠭᠤᠯᠤᠭᠰᠠᠭᠠᠷ ᠢᠷᠡᠪᠡ᠃            ᠬᠠᠭᠠᠰ ᠵᠠᠭᠤᠨ ᠤ ᠲᠤᠷᠰᠢ ᠡᠨᠡ ᠬᠦ ᠰᠠᠯᠠᠭ᠎ᠠ ᠤᠳᠬ᠎ᠠ ᠤᠷᠠᠯᠢᠭ ᠤᠨ ᠬᠦᠡᠭᠭᠡᠨ ᠮᠤᠷᠢᠳᠤ ᠴᠡᠷᠢᠭ ︽ ᠠᠷᠠᠳ ᠲᠦᠮᠡᠨ ᠳᠤ ᠤᠢᠢᠯᠡᠴᠢᠯᠡᠬᠦ᠂ ᠨᠡᠶᠢᠭᠡᠮ ᠳᠤ ᠤᠢᠢᠯᠡᠴᠢᠯᠡᠬᠦ︾ ᠪᠠᠷ ᠲᠡᠷᠢᠭᠦᠨ ᠴᠢᠬᠤᠯᠠ ᠡᠭᠦᠷᠭᠡ ᠪᠠᠨ  ᠪᠤᠯᠭᠠᠬᠤ ᠶᠢᠨ ᠬᠠᠮᠳᠤ ᠴᠠᠭᠠᠨ ᠰᠠᠷ᠎ᠠ ᠶᠢᠨ ᠦᠳᠡᠰᠢᠯᠡᠭᠡ᠂ ᠤᠯᠠᠨ ᠲᠦᠮᠡᠨᠴᠢ ᠴᠤᠭᠯᠠᠭᠠᠨ᠂ ᠨᠠᠶᠢᠷ ᠨᠠᠭᠠᠳᠤᠮ ᠳᠤ  ᠤᠷᠠᠯᠢᠭ ᠤᠨ ᠭᠡᠰᠢᠭ ᠲᠡᠭᠡᠵᠢ ᠪᠠᠨ ᠡᠷᠬᠦᠵᠦ᠂ ᠬᠦᠮᠦᠨ ᠠᠷᠠᠳ ᠢᠶᠠᠨ ᠪᠠᠶᠠᠰᠬᠠᠨ ᠲᠦᠷᠦ ᠲᠦᠮᠡᠨ ᠳᠡᠭᠡᠨ  ᠦᠢᠯᠡᠴᠢᠯᠡᠵᠦ ᠶᠠᠪᠤᠨ᠎ᠠ᠃ ᠤᠢᠢᠷ᠎ᠠ ᠶᠢᠨ ᠬᠤᠶᠠᠷ ᠵᠢᠯ ᠳᠤ ᠨᠡᠶᠢᠲᠡ 200 ᠭᠠᠷᠤᠢ ᠲᠠᠯᠠᠪᠤᠷ ᠲᠤᠭᠯᠠᠯᠳᠠ  ᠭᠠᠷᠭᠠᠭᠰᠠᠨ ᠲᠤᠰ ᠤᠯᠠᠭᠠᠨᠮᠦ᠋ᠴᠢᠷ ᠨᠢ ᠡᠨᠡ ᠵᠢᠯ ᠤᠨ 11 ᠰᠠᠷ᠎ᠡ ᠠᠴᠠ ᠡᠬᠢᠯᠡᠨ ᠦᠪᠡᠷᠳᠡᠭᠡᠨ ᠵᠠᠰᠠᠬᠤ ᠤᠷᠤᠨ ᠤ  ︽ᠤᠯᠠᠭᠠᠨᠮᠦ᠋ᠴᠢᠷ ᠤᠨ ᠵᠤᠷᠢᠭ ᠰᠠᠨᠠᠭ᠎ᠠ ᠶᠢ ᠪᠠᠳᠠᠷᠠᠭᠤᠯᠤᠨ ᠠᠷᠠᠳ ᠲᠦᠮᠡᠨ ᠤ ᠲᠤᠮᠳᠠ ᠬᠦᠨᠵᠡᠭᠡᠶᠢᠷᠡᠬᠦ︾  ᠤᠷᠢᠶᠠᠯᠠᠭ᠎ᠠ ᠪᠠᠷ ︽ᠤᠯᠠᠭᠠᠨᠮᠦ᠋ᠴᠢᠷ +︾ ᠶᠡᠷᠦᠩᠭᠡᠶᠢᠯᠡᠭᠰᠡᠨ ᠤᠢᠢᠯᠡᠴᠢᠯᠡᠭᠡᠨ ᠤ ᠬᠡᠯᠪᠡᠷᠢ ᠪᠠᠷ ᠮᠠᠯᠴᠢᠨ ᠲᠦᠮᠡᠨ ᠤ  ᠲᠤᠮᠳᠠ ᠭᠦᠨᠵᠡᠭᠡᠶᠢᠷᠡᠵᠦ᠂ ᠲᠦᠷᠦ ᠶᠢᠨ ᠪᠤᠳᠤᠯᠭ᠎ᠠ ᠶᠢᠨ ᠲᠠᠶᠢᠯᠦᠮᠵᠢ᠂ ᠡᠮ ᠡᠮᠨᠡᠯᠭᠡ ᠶᠢᠨ ᠤᠢᠢᠯᠡᠴᠢᠯᠡᠭᠡ᠂ ᠬᠠᠤᠯᠢ  ᠲᠦᠷᠢᠮ ᠤᠨ ᠤᠬᠠᠭᠤᠯᠭ᠎ᠠ᠂ ᠰᠢᠨᠵᠢᠯᠡᠭᠡ ᠮᠡᠷᠭᠡᠵᠢᠯ ᠤᠨ ᠵᠢᠯᠤᠭᠤᠳᠤᠯᠭ᠎ᠠ ᠵᠡᠷᠭᠡ ᠠᠷᠠᠳ ᠲᠤ ᠠᠰᠢᠭ ᠬᠦᠷᠳᠡᠭᠡᠬᠦ  ᠠᠵᠢᠯᠯᠠᠭ᠎ᠠ ᠶᠢ ᠦᠷᠨᠢᠬᠦᠯᠦᠨ ᠶᠠᠪᠤᠭᠳᠠᠭᠤᠯᠵᠦ ᠪᠤᠢ᠃               ᠠᠯᠳᠠᠷ ᠢᠶᠠᠨ ᠮᠠᠨᠳᠤᠭᠤᠯᠵᠦ ᠠᠮᠵᠢᠯᠳᠠ ᠪᠠᠨ ᠪᠢᠴᠢᠭᠯᠡᠨᠡᠮ           ᠡᠸᠡᠩᠬᠢ ᠬᠤᠰᠢᠭᠤᠨ ᠤ ᠤᠯᠠᠭᠠᠨᠮᠦ᠋ᠴᠢᠷ ᠦᠨᠳᠦᠰᠦᠳᠡᠨ ᠤ ᠤᠯᠠᠮᠵᠢᠯᠠᠯᠳᠤ ᠰᠤᠶᠤᠯ᠂ ᠠᠷᠠᠳ ᠤᠨ  ᠲᠤᠮᠳᠠᠬᠢ ᠤᠷᠠᠯᠢᠭ ᠤᠨ ᠤᠬᠢ ᠱᠦᠯᠳᠤ ᠶᠢ ᠰᠢᠩᠭᠡᠭᠡᠨ ᠠᠪᠴᠤ᠂ ᠤᠷᠠᠯᠢᠭᠴᠢ ᠴᠢᠨᠠᠷ᠂ ᠴᠠᠭ ᠦᠶᠡᠴᠢ ᠴᠢᠨᠠᠷ᠂  ᠰᠤᠨᠢᠷᠬᠠᠯᠳᠤ ᠴᠢᠨᠠᠷ᠂ ᠦᠨᠳᠦᠰᠦᠳᠡᠨ ᠤ ᠴᠢᠨᠠᠷ ᠢ ᠲᠤᠪᠤᠶᠢᠯᠭᠠᠭᠰᠠᠨ ᠲᠤᠷᠪᠢᠯᠢᠭ ᠪᠦᠳᠦᠭᠡᠯ ᠢᠶᠠᠷ ᠢᠶᠠᠨ ᠤᠯᠤᠰ  ᠤᠷᠤᠨ ᠤ ᠨᠠᠶᠢᠷ ᠮᠦᠷᠦ᠋ᠢᠴᠡᠭᠡᠨ ᠳᠤ ᠬᠢᠯᠠᠷᠠᠨ᠂ ᠡᠸᠡᠩᠬᠢ ᠦᠨᠳᠦᠰᠦᠳᠡᠨ ᠤ ᠰᠤᠶᠤᠯ ᠤᠨ ᠨᠡᠷ᠎ᠡ ᠶᠢᠨ  ᠬᠠᠭᠤᠳᠠᠰᠤ ᠶᠢ ᠱᠤᠭᠤᠵᠦ᠂ ᠤᠳᠬ᠎ᠠ ᠤᠷᠠᠯᠢᠭ ᠤᠨ ᠬᠡᠷᠡᠯᠳᠤ ᠬᠦᠰᠢᠶ᠎ᠡ ᠲᠡᠭᠡᠷ᠎ᠡ ᠲᠠᠶᠢᠴᠢᠨ ᠠᠮᠵᠢᠯᠳᠠ ᠪᠠᠨ  ᠪᠢᠴᠢᠭᠯᠡᠭᠰᠡᠭᠡᠷ ᠢᠷᠡᠪᠡ᠃           ᠡᠨᠡ ᠬᠦ ᠤᠯᠠᠭᠠᠨᠮᠦ᠋ᠴᠢᠷ ᠨᠢ ᠤᠷᠢᠳ ᠬᠤᠵᠢᠳ ᠤᠯᠤᠰ ᠤᠨ ᠰᠤᠶᠤᠯ ᠤᠨ ᠶᠠᠮᠤᠨ ᠤ ︽ᠪᠦᠬᠦ ᠤᠯᠤᠰ ᠤᠨ  ᠬᠦᠳᠡᠭᠡ ᠲᠤᠰᠬᠤᠨ ᠤ ᠤᠳᠬ᠎ᠠ ᠤᠷᠠᠯᠢᠭ ᠤᠨ ᠲᠡᠷᠢᠬᠦᠨ ᠤ ᠨᠢᠭᠡᠴᠢ︾᠂ ᠦᠪᠦᠷ ᠮᠤᠩᠭᠤᠯ ᠤᠨ ᠰᠤᠶᠤᠯ ᠤᠨ  ᠲᠢᠩᠬᠢᠮ ᠤᠨ ︽ᠪᠦᠬᠦ ᠤᠷᠤᠨ ᠤ ᠮᠠᠯᠵᠢᠬᠤ ᠲᠠᠷᠢᠶᠠᠯᠠᠬᠤ ᠤᠷᠤᠨ ᠤ ᠤᠳᠬ᠎ᠠ ᠤᠷᠠᠯᠢᠭ ᠤᠨ ᠲᠡᠷᠢᠬᠦᠨ ᠤ ᠨᠢᠭᠡᠴᠢ︾᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠤᠬᠠᠭᠤᠯᠬᠤ ᠬᠡᠯᠳᠡᠰ᠂ ᠦᠪᠦᠷ ᠮᠤᠩᠭᠤᠯ ᠤᠨ  ᠰᠤᠶᠤᠯ ᠤᠨ ᠲᠢᠩᠬᠢᠮ ᠤᠨ ︽ᠠᠷᠪᠠᠨ ᠰᠤᠳᠤᠨ ᠤᠯᠠᠭᠠᠨᠮᠦ᠋ᠴᠢᠷ︾ ᠢᠶᠠᠷ ᠦᠨᠡᠯᠡᠭᠳᠡᠪᠡ᠃ 2008 ᠤᠨ ᠳᠤ ︽ ᠠᠩᠬᠠᠳᠤᠭᠠᠷ ᠬᠤᠭᠤᠴᠠᠭᠠᠨ ᠤ ᠲᠤᠮᠳᠠᠳᠤ ᠤᠯᠤᠰ ᠤᠨ ᠤᠮᠠᠷᠠᠳᠤ ᠶᠢᠨ ᠴᠦᠭᠡᠨ ᠲᠤᠭᠠᠳᠤ ᠦᠨᠳᠦᠰᠦᠳᠡᠨ ᠤ  ᠬᠤᠪᠴᠠᠰᠤ ᠵᠠᠰᠠᠯ ᠤᠨ ᠤᠷᠤᠯᠳᠤᠭᠠᠨ︾ ᠤ ᠨᠢᠭᠡᠳᠦᠭᠡᠷ ᠲᠡᠰ ᠤᠨ ᠱᠠᠩᠨᠠᠯ ᠢ ᠭᠠᠷᠳᠠᠵᠦ᠂ 2005 — 2017  ᠤᠨ ᠬᠦᠷᠳᠡᠯ᠎ᠡ ᠭᠤᠷᠪᠠᠳᠤᠭᠠᠷ ᠬᠤᠭᠤᠴᠠᠭ᠎ᠠ ᠠᠴᠠ ᠲᠤᠯᠤᠳᠤᠭᠠᠷ ᠬᠤᠭᠤᠴᠠᠭᠠᠨ ᠤ ᠦᠪᠡᠷᠳᠡᠭᠡᠨ ᠵᠠᠰᠠᠬᠤ ᠤᠷᠤᠨ ᠤ  ᠤᠯᠠᠭᠠᠨᠮᠦ᠋ᠴᠢᠷ ᠤᠨ ᠤᠷᠠᠯᠢᠭ ᠤᠨ ᠨᠠᠶᠢᠷ ᠤᠨ ᠠᠯᠳᠠᠠ ᠮᠧᠳᠠᠯ᠂ ᠮᠦᠡᠭᠭᠦᠨ ᠮᠧᠳᠠᠯ᠂ ᠪᠦᠯᠬᠦᠮ ᠨᠢᠭᠡᠴᠢ ᠶᠢᠨ  ᠱᠠᠩᠨᠠᠯ ᠤᠳ ᠢ ᠭᠠᠷᠳᠠᠭᠰᠠᠨ ᠪᠠᠶᠢᠨ᠎ᠠ᠃           ᠤᠨᠴᠠᠭᠠᠢᠢᠯᠠᠨ ᠲᠠᠭᠤᠯᠠᠯᠳᠤ ᠵᠦᠴᠦᠭᠡ ︽ᠰᠤᠯᠤᠩᠭᠠᠨ ᠵᠠᠮ︾ ᠨᠢ ᠶᠢᠰᠦᠳᠦᠭᠡᠷ ᠬᠤᠭᠤᠴᠠᠭᠠᠨ ᠤ ︽ᠲᠠᠯ᠎ᠠ  ᠨᠤᠳᠤᠭ ᠤᠨ ᠰᠤᠶᠤᠯ ᠤᠨ ᠨᠠᠶᠢᠷ︾ ᠤᠨ ᠵᠦᠴᠦᠭᠡ ᠶᠢᠨ ᠲᠦᠷᠦᠯ ᠤᠨ ᠰᠢᠯᠢᠳᠡᠭ ᠱᠠᠩᠨᠠᠯ᠂ 2013 ᠤᠨ ᠤ  ᠬᠦᠯᠦᠨ ᠪᠤᠶᠢᠷ ᠬᠤᠳᠠ ᠶᠢᠨ ᠨᠠᠢᠮᠠᠳᠤᠭᠠᠷ ᠬᠤᠭᠤᠴᠠᠭᠠᠨ ᠤ ᠤᠳᠬ᠎ᠠ ᠵᠤᠬᠢᠶᠠᠯ ᠤᠷᠠᠯᠢᠭ ᠤᠨ ᠪᠦᠳᠦᠭᠡᠯ ᠤᠨ  ᠵᠠᠰᠠᠭ ᠤᠨ ᠤᠷᠳᠤᠨ ᠤ ᠱᠠᠩᠨᠠᠯ᠂ 2014 ᠤᠨ ᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ 12  ᠳ᠋ᠤᠭᠠᠷ ᠬᠤᠭᠤᠴᠠᠭᠠᠨ ᠤ ᠤᠶᠤᠨ ᠤ ᠪᠤᠯᠪᠠᠰᠤᠨ ᠤ ᠪᠦᠳᠦᠭᠡᠨ ᠪᠠᠶᠢᠭᠤᠯᠤᠯᠳᠠ ᠵᠢᠨ᠋ ︽ᠲᠠᠪᠤᠨ ᠨᠢᠭᠡ ᠶᠢᠨ  ᠢᠨᠵᠧᠨᠧᠷᠢᠩ︾ ︵ᠵᠦᠴᠦᠭᠡ ᠶᠢᠨ ᠲᠦᠷᠦᠯ︶ ᠤᠨ ᠰᠢᠯᠢᠳᠡᠭ ᠪᠦᠳᠦᠭᠡᠯ ᠤᠨ ᠱᠠᠩᠨᠠᠯ ᠵᠡᠷᠭᠡ ᠢᠷᠠᠭᠤ  ᠠᠯᠳᠠᠷ ᠤᠳ ᠢ ᠬᠦᠷᠳᠡᠵᠦ᠂ 2013 ᠤᠨ ᠳᠤ ᠬᠦᠯᠦᠨ ᠪᠤᠶᠢᠷ ᠬᠤᠳᠠ ᠶᠢᠨ ᠵᠤᠭᠠᠴᠠᠯ ᠤᠨ ᠪᠦᠳᠦᠭᠡᠭᠳᠡᠬᠦᠨ ᠤ  ᠲᠠᠨᠢᠯᠴᠠᠭᠤᠯᠭ᠎ᠠ ᠶᠢᠨ ᠬᠤᠷᠠᠯ ᠤᠨ ᠰᠢᠯᠢᠳᠡᠭ ᠪᠦᠳᠦᠭᠡᠯ ᠢᠶᠠᠷ ᠰᠤᠩᠭᠤᠭᠳᠠᠵᠦ᠂ ᠬᠤᠳᠠ ᠶᠢᠨ ᠵᠠᠰᠠᠭ ᠤᠨ  ᠤᠷᠳᠤᠨ ᠤ ᠶᠤᠰᠤᠯᠠᠯ ᠤᠨ ᠲᠠᠩᠬᠢᠮ ᠳᠤ 26 ᠲᠠᠯᠠᠪᠤᠷ ᠲᠤᠭᠯᠠᠯᠳᠠ ᠭᠠᠷᠭᠠᠨ᠂ ᠨᠡᠶᠢᠭᠡᠮ ᠪᠠ ᠠᠵᠤ ᠠᠬᠤᠢ ᠶᠢᠨ  ᠦᠷ᠎ᠡ ᠠᠰᠢᠭ ᠢ ᠵᠡᠷᠭᠡ ᠪᠠᠷ ᠡᠬᠦᠳᠴᠤ᠂ ᠰᠢᠨᠬᠤᠸᠠ ᠬᠤᠷᠢᠶ᠎ᠠ᠂ ︽ᠭᠤᠸᠠᠩᠮᠢᠩ ᠡᠳᠦᠷ ᠤᠨ ᠰᠤᠨᠢᠨ︾᠂ ︽ ᠲᠤᠮᠳᠠᠳᠤ ᠤᠯᠤᠰ ᠰᠦᠯᠵᠢᠶ᠎ᠡ︾ ᠵᠡᠷᠭᠡ ᠮᠡᠳᠡᠭᠡ ᠵᠠᠭᠤᠴᠢᠯᠠᠭᠤᠷ ᠤᠨ ᠬᠢᠨ ᠲᠤᠬᠠᠢ ᠶᠢᠨ ᠲᠠᠯᠠᠪᠤᠷ ᠤᠨ ᠦᠪᠡᠳᠡᠭᠰᠢ  ᠪᠠᠶᠢᠳᠠᠯ ᠢ ᠮᠡᠳᠡᠭᠡᠯᠡᠭᠰᠡᠨ ᠪᠠᠶᠢᠨ᠎ᠠ᠃           ᠡᠸᠡᠩᠬᠢ ᠬᠤᠰᠢᠭᠤᠨ ᠤ ᠤᠯᠠᠭᠠᠨᠮᠦ᠋ᠴᠢᠷ ᠨᠢ ᠰᠤᠶᠤᠯ ᠤᠨ ᠰᠤᠯᠢᠯᠴᠠᠭᠠᠨ ᠤ ᠠᠵᠢᠯ ᠢ ᠢᠳᠡᠪᠬᠢᠳᠡᠢ  ᠦᠷᠨᠢᠬᠦᠯᠵᠦ᠂ ᠦᠪᠡᠷᠮᠢᠴᠡ ᠰᠤᠶᠤᠯ ᠤᠨ ︽ᠭᠠᠷᠴᠤ ᠶᠠᠪᠤᠵᠦ︾ ᠭᠠᠳᠠᠭᠰᠢ ᠤᠬᠠᠭᠤᠯᠬᠤ ᠠᠵᠢᠯ ᠢ ᠲᠦᠯᠦᠪᠯᠡᠭᠡ ᠲᠠᠢ᠂ ᠠᠯᠬᠤᠮ ᠲᠠᠷᠠᠭ᠎ᠠ ᠲᠠᠢ ᠪᠠᠷ ᠶᠠᠪᠤᠭᠳᠠᠭᠤᠯᠬᠤ ᠶᠢᠨ ᠬᠠᠮᠳᠤ ᠲᠤᠭᠤᠷᠢᠨ ᠰᠤᠷᠤᠯᠴᠠᠵᠦ᠂ ᠵᠤᠬᠢᠶᠠᠨ  ᠪᠦᠳᠦᠭᠡᠯᠭᠡ ᠶᠢᠨ ᠬᠢᠷᠢ ᠲᠦᠪᠰᠢᠨ ᠢᠶᠠᠨ ᠲᠡᠭᠡᠭᠰᠢᠯᠡᠬᠦᠯᠵᠦ ᠪᠠᠶᠢᠨ᠎ᠠ᠃ ᠲᠤᠰ ᠤᠯᠠᠭᠠᠨᠮᠦ᠋ᠴᠢᠷ ᠨᠢ ᠪᠠᠰᠠ 2000  ᠤᠨ ᠤ 7 ᠰᠠᠷ᠎ᠠ ᠳᠤ ᠤᠯᠤᠰ ᠤᠨ ᠰᠤᠶᠤᠯ ᠤᠨ ᠶᠠᠮᠤᠨ᠂ ᠦᠪᠡᠷᠳᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ  ᠲᠤᠮᠢᠯᠠᠯᠳᠠ ᠪᠠᠷ ᠶᠠᠫᠤᠨ ᠤ ︽PMF︾ ᠤᠯᠠᠨ ᠤᠯᠤᠰ ᠤᠨ ᠤᠷᠠᠯᠢᠭ ᠤᠨ ᠨᠠᠶᠢᠷ᠂ ᠤᠷᠤᠰ ᠤᠨ ᠤᠯᠠᠭᠠᠬᠤᠢᠳᠡ  ᠬᠤᠳᠠ ᠶᠢᠨ ᠰᠤᠶᠤᠯ ᠤᠨ ᠰᠤᠯᠢᠯᠴᠠᠭᠠᠨ ᠤ ᠠᠵᠢᠯᠯᠠᠭ᠎ᠠ᠂ ᠮᠤᠩᠭᠤᠯ ᠤᠯᠤᠰ ᠤᠨ ᠰᠤᠶᠤᠯ ᠤᠨ ᠰᠤᠯᠢᠯᠴᠠᠭᠠᠨ ᠤ  ᠠᠵᠢᠯᠯᠠᠭ᠎ᠠ ᠳᠤ ᠤᠷᠤᠯᠴᠠᠪᠠ᠃ 2011 ᠤᠨ ᠳᠤ ᠲᠠᠶᠢᠪᠸᠢ ᠬᠤᠳᠠ ᠶᠢᠨ ᠴᠦᠭᠡᠨ ᠲᠤᠭᠠᠳᠤ ᠦᠨᠳᠦᠰᠦᠳᠡᠨ ᠤ  ᠬᠤᠶᠠᠷ ᠡᠷᠬᠢ ᠶᠢᠨ ᠰᠤᠶᠤᠯ ᠤᠨ ᠰᠤᠯᠢᠯᠴᠠᠭᠠᠨ ᠤ ᠠᠬᠢᠭᠤᠯᠬᠤ ᠬᠤᠷᠠᠯ ᠤᠨ ᠤᠷᠢᠯᠭ᠎ᠠ ᠪᠠᠷ ᠲᠠᠶᠢᠸᠠᠨ ᠤ ᠤᠯᠠᠨ  ᠭᠠᠵᠠᠷ ᠢᠶᠠᠷ ᠶᠠᠪᠤᠵᠦ 10 ᠡᠳᠤᠷ ᠤᠨ ᠬᠤᠭᠤᠴᠠᠭ᠎ᠠ ᠲᠠᠢ ᠲᠤᠭᠯᠠᠯᠳᠠ ᠭᠠᠷᠭᠠᠪᠠ᠃ ᠡᠬᠦᠨ ᠠᠴᠠ ᠭᠠᠳᠠᠨ᠎ᠠ  ᠪᠡᠭᠡᠵᠢᠩ᠂ ᠱᠠᠩᠬᠠᠢ᠂ ᠭᠤᠸᠠᠩᠳᠦ᠋ᠡᠭ᠂ ᠱᠧᠨᠵᠧᠨ᠂ ᠲᠢᠶᠠᠨᠵᠢᠨ᠂ ᠲᠠᠶᠢᠶᠤᠸᠠᠨ ᠵᠡᠷᠭᠡ ᠬᠤᠳᠠᠳ ᠢᠶᠠᠷ ᠲᠤᠭᠤᠷᠢᠨ  ᠲᠤᠭᠯᠠᠯᠳᠠ ᠭᠠᠷᠭᠠᠵᠦ ᠦᠨᠳᠦᠰᠦᠳᠡᠨ ᠤ ᠤᠨᠴᠠᠯᠢᠭ ᠪᠦᠬᠦᠢ ᠰᠤᠶᠤᠯ ᠤᠷᠠᠯᠢᠭ ᠢᠶᠠᠨ ᠤᠯᠤᠰ ᠤᠨ ᠲᠤᠳᠤᠭᠠᠳᠤ  ᠭᠠᠳᠠᠭᠠᠳᠤ ᠳᠤ ᠲᠠᠨᠢᠭᠤᠯᠤᠨ ᠤᠬᠠᠭᠤᠯᠵᠦ ᠶᠠᠪᠤᠵᠠᠢ᠃             ᠢᠷᠠᠭᠤ ᠠᠯᠳᠠᠷ᠂ ᠠᠮᠵᠢᠯᠳᠠ ᠪᠦᠳᠦᠮᠵᠢ ᠨᠢ ᠦᠶ᠎ᠡ ᠦᠶ᠎ᠡ ᠶᠢᠨ ᠤᠯᠠᠭᠠᠠᠮᠦ᠋ᠴᠢᠷᠴᠦᠳ ᠤᠨ ᠠᠷᠢᠭᠤᠨ  ᠬᠦᠳᠡᠯᠮᠦᠷᠢ᠂ ᠪᠦᠳᠦᠭᠡᠯᠴᠢ ᠤᠷᠤᠯᠳᠤᠯᠭ᠎ᠠ᠂ ᠬᠠᠷᠠᠮ ᠦᠭᠡᠢ ᠵᠢᠳᠬᠦᠯ ᠠᠴᠠ ᠰᠠᠯᠵᠦ ᠴᠢᠳᠠᠬᠤ ᠦᠭᠡᠢ᠂ ᠲᠡᠳᠡ  ᠤᠯᠠᠭᠠᠨᠮᠦ᠋ᠴᠢᠷ ᠤᠨ ᠤᠢᠢᠯᠡᠰ ᠢ ᠦᠪᠡᠷ ᠤᠨ ᠢᠶᠠᠨ ᠬᠤᠪᠢ ᠵᠠᠶᠠᠭ᠎ᠠ ᠲᠠᠢ ᠪᠠᠨ ᠬᠤᠯᠪᠤᠵᠦ᠂ ᠡᠷᠡᠰ ᠬᠠᠳᠠᠭᠤ  ᠲᠡᠮᠡᠴᠡᠨ ᠤᠢᠢᠯᠡᠰ ᠪᠦᠳᠦᠭᠡᠬᠦ ᠵᠤᠷᠢᠭ ᠢ ᠡᠪᠦᠷᠯᠡᠨ᠂ ᠤᠷᠠᠯᠢᠭ ᠤᠨ ᠰᠢᠨ᠎ᠡ ᠠᠶᠠᠨ ᠵᠦᠭ ᠢᠶᠠᠨ ᠠᠯᠬᠤᠭ᠎ᠠ  ᠢᠳᠡᠷᠡᠬᠦᠨ ᠤᠷᠤᠭᠰᠢᠯᠠᠨ᠎ᠠ᠃               ᠬᠠᠳᠠᠭᠤ ᠪᠡᠷᠭᠡ ᠤᠷᠴᠢᠨ ᠳᠤ ᠲᠠᠪᠳᠠᠭᠳᠠᠭᠰᠠᠨ ᠬᠠᠳᠠᠨ ᠪᠠᠳᠤ ᠵᠤᠷᠢᠭ           ᠰᠠᠷᠠᠨ ᠨᠠᠰᠤᠳᠠᠨ ᠪᠤᠯ ᠡᠸᠡᠩᠬᠢ ᠬᠤᠰᠢᠭᠤᠨ ᠤ ᠤᠯᠠᠭᠠᠨᠮᠦ᠋ᠴᠢᠷ ᠤᠨ ᠠᠵᠢᠯ ᠠᠴᠠ ᠪᠠᠨ ᠠᠮᠠᠷᠠᠭᠰᠠᠨ  ᠠᠬᠠᠮᠠᠳ ᠤᠷᠠᠯᠢᠭᠴᠢᠨ᠂ ᠡᠸᠡᠩᠬᠢ ᠦᠨᠳᠦᠰᠦᠳᠡᠨ ᠤ ‍ᠦᠪᠡᠷᠳᠡᠭᠡᠨ ᠵᠠᠰᠠᠬᠤ ᠬᠤᠰᠢᠭᠤᠨ ᠤ ᠲᠡᠰ ᠤᠨ ᠪᠤᠳᠠᠰ ᠤᠨ  ᠪᠤᠰᠤ ᠰᠤᠶᠤᠯ ᠤᠨ ᠦᠪ ᠶᠢᠨ ᠲᠦᠷᠦᠯ ᠤᠨ ︽ᠮᠤᠩᠭᠤᠯ ᠦᠨᠳᠦᠰᠦᠳᠡᠨ ᠤ ᠤᠷᠳᠤ ᠶᠢᠨ ᠲᠠᠭᠤᠤ︾ ᠶᠢᠨ  ᠵᠠᠯᠭᠠᠮᠵᠢᠯᠠᠭᠴᠢ ᠪᠤᠯᠤᠨ᠎ᠠ᠃ 1974 ᠤᠨ ᠳᠤ᠂ ᠲᠡᠷᠡ ᠡᠸᠡᠩᠬᠢ ᠬᠤᠰᠢᠭᠤᠨ ᠤ ᠤᠯᠠᠭᠠᠨᠮᠦ᠋ᠴᠢᠷ ᠲᠤ ᠠᠵᠢᠯ ᠤᠨ  ᠭᠠᠷᠤᠭ᠎ᠠ ᠪᠠᠨ ᠠᠪᠬᠤ ᠦᠶ᠎ᠡ ᠳᠤ ᠨᠡᠶᠢᠭᠡᠮ ᠤᠨ ᠨᠦᠭᠦᠴᠡᠯ ᠨᠡᠯᠢᠶᠡᠳ ᠬᠤᠴᠤᠷᠤᠩᠭᠤᠢ ᠪᠠᠶᠢᠵᠦ᠂ ᠲᠡᠳᠡᠭᠡᠷ ᠬᠠᠳᠠᠭᠤ  ᠪᠡᠷᠭᠡ ᠤᠨ ᠴᠠᠭ ᠤᠳ ᠲᠤ ᠤᠷᠳᠤ ᠬᠤᠭᠤᠴᠠᠭ᠎ᠠ ᠪᠠᠷ ᠬᠦᠳᠡᠭᠡ ᠪᠠᠭᠤᠵᠦ ᠲᠤᠭᠯᠠᠯᠳᠠ ᠭᠠᠷᠭᠠᠵᠦ᠂ ᠮᠠᠯᠴᠢᠨ  ᠠᠶᠢᠯ ᠤᠨ ᠬᠠᠷ᠎ᠠ ᠪᠤᠷᠤ ᠠᠵᠢᠯ ᠳᠤ ᠬᠠᠮᠵᠢᠯᠴᠠᠨ ᠬᠢᠬᠦ ᠳᠡᠭᠡᠨ ᠲᠡᠬᠦᠨ ᠳᠤ ᠬᠦᠴᠢᠷ ᠤᠨ ᠡᠮᠦᠨ᠎ᠡ ᠨᠢᠷᠦᠭᠤ ᠪᠦᠬᠦ᠋ᠢᠬᠦ  ᠦᠭᠡᠢ ᠬᠠᠳᠠᠨ ᠪᠠᠳᠤ ᠵᠤᠷᠢᠭ ᠰᠠᠨᠠᠭ᠎ᠠ ᠲᠠᠪᠳᠠᠭᠳᠠᠭᠰᠠᠨ ᠪᠠᠶᠢᠯ᠎ᠠ᠃           ︽ᠵᠤᠨ ᠬᠦᠳᠡᠭᠡ ᠪᠠᠭᠤᠬᠤ ᠳᠠᠭᠠᠨ ᠭᠤᠷᠪᠠ ᠬᠦᠯᠯᠡᠭᠰᠡᠨ ᠮᠤᠷᠢᠨ ᠲᠡᠷᠭᠡᠨ ᠲᠡᠭᠡᠷ᠎ᠡ ᠪᠠᠨ ᠤᠷᠤ ᠲᠡᠪᠢᠰᠭᠡᠷ᠂  ᠬᠤᠪᠴᠠᠰᠤ ᠬᠤᠨᠠᠷ᠂ ᠠᠮᠤ ᠬᠦᠨᠡᠰᠦ᠂ ᠵᠠᠷᠤᠳᠠᠯ ᠪᠠᠷᠢᠳᠠᠯ ᠵᠡᠷᠭᠡ ᠪᠠᠨ ᠪᠦᠷᠢᠨ ᠠᠴᠢᠶᠠᠯᠠᠭᠤᠨ᠂ ᠰᠠᠷ᠎ᠠ ᠢᠯᠡᠬᠦᠤ ᠶᠢᠨ  ᠬᠤᠭᠤᠴᠠᠭ᠎ᠠ ᠪᠠᠷ ᠦᠨᠳᠦᠰᠦᠨ ᠱᠠᠳᠤ ᠢᠶᠠᠷ ᠬᠦᠨᠵᠡᠭᠡᠶᠢᠷᠡᠨ ᠲᠤᠭᠯᠠᠯᠳᠠ ᠭᠠᠷᠭᠠᠳᠠᠭ᠃ ᠨᠠᠮᠤᠷ᠂ ᠡᠪᠤᠯ ᠤᠨ  ᠴᠠᠭ ᠲᠤ ᠪᠤᠯ ᠭᠤᠷᠪᠠᠨ ᠰᠠᠷ᠎ᠠ ᠶᠢᠨ ᠬᠤᠭᠤᠴᠠᠭ᠎ᠠ ᠪᠠᠷ ᠬᠦᠳᠡᠭᠡ ᠪᠠᠭᠤᠵᠦ᠂ ᠮᠠᠯᠴᠢᠳ ᠤᠨ ᠪᠤᠷᠳᠤᠭ᠎ᠠ ᠬᠠᠳᠤᠬᠤ᠂  ᠬᠡᠷ ᠬᠤᠷᠤᠭ᠎ᠠ ᠴᠡᠪᠡᠷᠯᠡᠬᠦ᠂ ᠬᠤᠭᠤᠯᠠ ᠪᠤᠳᠠᠭ᠎ᠠ ᠬᠢᠬᠦ ᠳᠤᠨᠢ ᠬᠠᠮᠵᠢᠵᠦ ᠦᠭᠳᠡᠭ᠃ ᠤᠷᠤᠢ ᠪᠦᠷᠦᠢ ᠪᠠᠷ ᠲᠤᠭᠰᠢᠨ  ᠪᠤᠷᠤᠭᠠᠨ ᠳᠤ ᠵᠠᠮ ᠬᠦᠭᠡᠭᠡᠵᠦ ᠶᠠᠪᠤᠬᠤ ᠳᠠᠭᠠᠨ ᠮᠤᠷᠢᠨ ᠲᠡᠷᠭᠡ ᠰᠢᠪᠠᠷᠳᠠᠵᠦ᠂ ᠦᠯᠦᠰᠴᠤ ᠤᠮᠳᠠᠭᠠᠰᠴᠤ  ᠮᠤᠬᠤᠷᠳᠠᠵᠦ ᠪᠠᠶᠢᠭᠰᠠᠨ ᠦᠡᠭᠭᠡᠷᠡᠯᠳᠡ ᠴᠤ ᠪᠤᠢ᠂ ᠭᠡᠪᠡᠴᠤ ᠬᠠᠮᠤᠭ ᠤᠨ ᠬᠦᠴᠢᠷ ᠲᠠᠢ ᠦᠶ᠎ᠠ ᠳᠤ ᠭᠡᠰᠡᠨ ᠴᠤ  ᠮᠠᠯᠴᠢᠨ ᠲᠦᠮᠡᠨ ᠢᠶᠠᠨ ᠤᠷᠠᠯᠢᠭ ᠢᠶᠠᠷ ᠲᠤᠬᠤᠨᠢᠭᠤᠯᠬᠤ ᠭᠡᠰᠡᠨ ᠪᠤᠳᠤᠯ ᠢᠶᠠᠷ ᠡᠳᠡᠭᠡᠷ ᠬᠦᠴᠢᠷ ᠪᠡᠷᠭᠡᠰᠢᠶᠡᠯ ᠢ ᠠᠵᠢᠭ  ᠴᠤ ᠦᠭᠡᠢ ᠲᠤᠭᠤᠯᠳᠠᠭ ᠪᠠᠶᠢᠭᠰᠠᠨ︾ ᠭᠡᠵᠦ ᠰᠠᠷᠠᠨ ᠨᠠᠰᠤᠳᠠᠨ ᠡᠷᠬᠢᠴᠡᠬᠦᠯᠦᠨ ᠶᠠᠷᠢᠨ᠎ᠠ᠃ ᠲᠡᠭᠡᠷ᠎ᠡ ᠵᠠᠭᠤᠨ ᠤ  ᠲᠠᠯᠠ ᠨᠠᠶᠠᠭᠠᠳ ᠤᠨ ᠳᠤ ᠮᠠᠯᠴᠢᠳ ᠤᠲᠤᠷ ᠨᠡᠭᠦᠳᠡᠯ ᠢᠶᠠᠷ ᠶᠠᠪᠤᠳᠠᠭ᠂ ᠵᠠᠷᠢᠮ ‍ᠦ᠋ᠡᠰ ᠲᠤᠭᠯᠠᠭᠴᠢᠳ ᠬᠦᠳᠡᠭᠡ  ᠪᠠᠭᠤᠬᠤ ᠵᠠᠮ ᠳᠠᠭᠠᠨ ᠭᠠᠭᠴᠠᠬᠠᠨ ᠬᠦᠮᠦᠨ ᠲᠠᠢ ᠲᠠᠭᠠᠷᠠᠯᠳᠤᠳᠠᠭ᠂ ᠮᠠᠯᠴᠢᠳ ᠲᠡᠳᠡᠨ ᠢ ᠬᠠᠷᠠᠭᠰᠠᠭᠠᠷ ︽ᠮᠠᠨ ᠤ ᠤᠯᠠᠭᠠᠨᠮᠦ᠋ᠴᠢᠷ ᠢᠷᠡᠯ᠎ᠡ︾ ᠭᠡᠵᠦ ᠭᠦᠭᠰᠡᠨ ᠪᠠᠶᠠᠷᠯᠠᠭᠠᠳ ᠲᠤᠭᠯᠠᠯᠳᠠ ᠬᠦᠰᠡᠳᠡᠭ ᠲᠤᠯᠠ ᠲᠡᠳᠡ ᠨᠢᠭᠡᠯᠡ ᠬᠦᠮᠦᠨ  ᠪᠠᠶᠢᠭᠰᠠᠨ ᠴᠤ ᠲᠤᠭᠯᠠᠯᠳᠠ ᠭᠠᠷᠭᠠᠵᠦ ᠦᠭᠳᠡᠭ ᠬᠡᠨ᠎ᠡ᠃ ᠠᠬᠠᠮᠠᠳ ᠲᠤᠭᠯᠠᠭᠴᠢᠳ ᠤᠨ ᠤᠷᠢ ᠵᠠᠯᠠᠭᠤ ᠨᠠᠰᠤᠨ ᠤ  ᠬᠢᠨᠢ ᠬᠠᠮᠤᠭ ᠤᠨ ᠰᠠᠶᠢᠬᠠᠨ ᠲᠤᠷᠠᠳᠬᠠᠯ ᠤᠳ ᠶᠠᠭ ᠯᠡ ᠵᠢᠷᠤᠭ ᠲᠦᠷᠰᠤ ᠮᠡᠳᠦ ᠰᠤᠷᠪᠤᠯᠵᠢᠯᠠᠭᠴᠢ ᠶᠢᠨ  ᠲᠠᠷᠢᠬᠢᠨ ᠳᠤ ᠰᠤᠯᠪᠢᠴᠠᠨ ᠢᠯᠡᠷᠡᠵᠦ᠂ ᠤᠳᠬ᠎ᠠ ᠤᠷᠠᠯᠢᠭ ᠢᠶᠠᠨ ᠲᠡᠭᠡᠳᠦᠯᠡᠵᠦ ᠶᠠᠪᠤᠳᠠᠭ ᠵᠤᠷᠢᠭ ᠰᠠᠨᠠᠭᠠᠨ ᠳᠤᠨᠢ  ᠦᠪᠡᠷ ᠤᠨ ᠡᠷᠭᠡ ᠦᠭᠡᠢ ᠪᠢᠰᠢᠷᠡᠯ ᠲᠦᠷᠦᠯ᠎ᠡ᠃           ᠮᠠᠯᠴᠢᠨ ᠲᠦᠮᠡᠨ ᠲᠠᠢ ᠪᠠᠨ ᠳᠡᠲᠡ ᠢᠳᠡᠭᠡᠯ ᠰᠡᠳᠬᠢᠯ ᠤᠨ ᠬᠤᠯᠪᠤᠭ᠎ᠠ ᠲᠠᠢ ᠤᠯᠠᠭᠠᠨᠮᠦ᠋ᠴᠢᠷ ᠤᠨ ᠲᠤᠭᠯᠠᠭᠴᠢᠳ ᠦᠨᠳᠦᠰᠦᠨ ᠱᠠᠳᠤᠨ ᠳᠤ ᠬᠦᠨᠵᠡᠭᠡᠶᠢᠷᠡᠵᠦ ᠶᠠᠪᠤᠬᠤ ᠳᠠᠭᠠᠨ ᠬᠦᠳᠡᠭᠡ  ᠨᠤᠲᠤᠭ ᠲᠠᠢ ᠪᠠᠨ ᠵᠢᠷᠦᠭᠡᠨ ᠤ ᠬᠤᠯᠪᠤᠭ᠎ᠠ ᠲᠠᠢ᠂ ᠬᠦᠮᠦᠨ ᠠᠷᠠᠳ ᠲᠠᠢ ᠪᠠᠨ ᠬᠠᠶᠢᠷ᠎ᠠ ᠶᠢᠨ ᠠᠷᠭᠠᠮᠵᠢᠶ᠎ᠠ ᠲᠠᠢ  ᠪᠤᠯᠤᠭᠰᠠᠨ ᠪᠢᠯᠡ᠃ ᠬᠦᠳᠡᠭᠡ ᠪᠠᠭᠤᠵᠦ ᠲᠤᠭᠯᠠᠯᠳᠠ ᠭᠠᠷᠭᠠᠬᠤ ᠭᠡᠪᠡᠯ ᠦᠪᠡᠷ ᠤᠨ ᠡᠷᠭᠡ ᠦᠭᠡᠢ ᠬᠦᠭᠰᠡᠵᠦ  ᠪᠠᠶᠠᠷᠯᠠᠳᠠᠭ ᠤᠨ ᠨᠢᠭᠡᠨ ᠪᠤᠯ ᠤᠯᠠᠨᠳᠡᠯᠭᠡᠷ ᠪᠤᠯᠤᠨ᠎ᠠ᠂ ᠲᠡᠷᠡ ᠪᠤᠯ ᠡᠸᠡᠩᠬᠢ ᠶᠢᠨ ᠲᠦᠮᠡᠨ ᠳᠡᠭᠡᠨ ᠲᠠᠭᠠᠯᠠᠭᠳᠠᠭᠰᠠᠨ  ᠲᠠᠭᠤᠷ ᠦᠨᠳᠦᠰᠦᠳᠡᠨ ᠤ ᠡᠮᠡᠭᠳᠡᠢ ᠲᠠᠭᠤᠴᠢᠨ᠂ ᠤᠯᠤᠰ ᠤᠨ ᠨᠢᠭᠡᠳᠦᠭᠡᠷ ᠲᠡᠰ ᠤᠨ ᠲᠤᠭᠯᠠᠭᠴᠢ ᠶᠤᠮ᠃ 1987 ᠤᠨ ᠳᠤ ᠡᠸᠡᠩᠬᠢ ᠬᠤᠰᠢᠭᠤᠨ ᠤ ᠤᠯᠠᠭᠠᠨᠮᠦ᠋ᠴᠢᠷ ᠲᠤ ᠠᠵᠢᠯ ᠤᠨ ᠭᠠᠷᠤᠭ᠎ᠠ ᠪᠠᠨ ᠠᠪᠤᠭᠰᠠᠨ ᠴᠠᠭ ᠠᠴᠠ ᠮᠠᠯᠴᠢᠨ  ᠲᠦᠮᠡᠨ ᠢᠶᠠᠨ ᠬᠠᠶᠢᠷᠠᠯᠠᠵᠦ ᠬᠦᠨᠳᠦᠳᠭᠡᠵᠦ ᠶᠠᠪᠤᠳᠠᠭ᠃ ᠲᠡᠷᠡ ᠮᠠᠯᠴᠢᠳ ᠤᠨ ᠢᠶᠠᠨ ᠪᠠᠭ᠋ᠠᠳᠤᠯ ᠪᠢᠯᠬᠠᠭᠰᠠᠨ  ᠴᠢᠷᠠᠢ ᠶᠢ ᠬᠠᠷᠠᠪᠠᠯ ᠶᠠᠳᠠᠷᠠᠵᠦ ᠵᠦᠳᠡᠷᠡᠬᠦ ᠪᠠᠨ ᠮᠠᠷᠳᠠᠵᠦ ᠤᠷᠮ᠎ᠠ ᠰᠡᠳᠬᠢᠯ ᠨᠢ ᠰᠡᠷᠬᠦᠳᠡᠭ᠃           ︽ᠮᠠᠯᠴᠢᠳ ᠤᠨ ᠭᠡᠷ ᠲᠤ ᠬᠤᠨᠤᠵᠦ᠂ ᠴᠤᠭ ᠬᠤᠭᠤᠯᠠᠯᠠᠵᠦ᠂ ᠬᠠᠮᠳᠤ ᠠᠵᠢᠯ ᠬᠢᠵᠦ ᠶᠠᠪᠤᠬᠤ ᠳᠠᠭᠠᠨ  ᠲᠡᠳᠡᠨᠤᠰ ᠲᠠᠢ ᠪᠠᠨ ᠬᠦᠨ ᠵᠤᠵᠠᠭᠠᠨ ᠰᠡᠳᠬᠢᠯᠭᠡ ᠲᠠᠢ ᠪᠤᠯᠤᠭᠰᠠᠨ᠂ ᠲᠠᠭᠤᠤ ᠶᠢ ᠮᠢᠨᠢ ᠰᠤᠨᠤᠰᠴᠤ ᠦᠡᠭᠭᠡᠷᠡᠭᠰᠡᠨ  ᠵᠠᠷᠢᠮ ᠮᠠᠯᠴᠢᠨ ᠬᠤᠷᠢᠨ ᠬᠡᠳᠦᠨ ᠵᠢᠯ ᠦᠡᠭᠭᠡᠷᠡᠭᠰᠡᠨ ᠪᠠᠶᠢᠳᠠᠯ᠎ᠠ ᠮᠢᠨᠤ ᠨᠡᠷ᠎ᠡ ᠶᠢ ᠵᠦᠪ ᠲᠠᠭᠤᠳᠠᠵᠦ ᠴᠢᠳᠠᠨ᠎ᠠ︾  ᠭᠡᠵᠦ ᠲᠡᠷᠡ ᠤᠮᠤᠭᠰᠢᠨ ᠶᠠᠷᠢᠨ᠎ᠠ᠃ ᠨᠢᠭᠡᠨ ᠤᠳᠠᠭ᠎ᠠ ᠤᠯᠠᠨᠳᠡᠯᠭᠡᠷ ᠭᠡᠰᠢᠬᠦᠳ ᠲᠠᠢ ᠪᠠᠨ ᠪᠠᠶᠠᠨᠴᠠᠭᠠᠨ ᠰᠤᠮᠤ ᠪᠠᠷ  ᠲᠤᠭᠯᠠᠯᠳᠠ ᠭᠠᠷᠭᠠᠵᠦ ᠶᠠᠪᠤᠬᠤ ᠳᠠᠭᠠᠨ ᠨᠢᠭᠡᠨ 90 ᠲᠦᠬᠦᠭᠰᠡᠨ ᠨᠠᠰᠤᠳᠠᠢ ᠡᠵᠢ ︽ᠤᠯᠠᠭᠠᠨᠮᠦ᠋ᠴᠢᠷ ᠮᠠᠨᠢ ᠢᠷᠡᠯ᠎ᠡ᠂  ᠲᠤᠭᠯᠠᠯᠳᠠ ᠦᠵᠡᠬᠦ ᠶᠤᠮᠰᠠᠨ︾ ᠭᠡᠰᠡᠨ ᠬᠦᠰᠡᠯ ᠲᠠᠢ ᠪᠤᠯᠪᠠᠴᠤ ᠬᠦᠳᠡᠯᠦᠯ ᠪᠠᠷᠢᠯ ᠨᠢ ᠲᠦᠬᠦᠮ ᠦᠭᠡᠢ ᠠᠴᠠ ᠲᠤᠭᠯᠠᠯᠳᠠ ᠶᠢ ᠢᠷᠡᠵᠦ ᠰᠤᠨᠢᠷᠬᠠᠵᠦ ᠲᠡᠶᠢᠯᠦᠭᠰᠡᠨ ᠦᠭᠡᠢ ᠭᠡᠳᠡᠭ ᠢ ᠰᠤᠨᠤᠰᠤᠭᠰᠠᠨ ᠲᠤᠭᠯᠠᠭᠴᠢᠳ ᠲᠤᠰᠬᠠᠢᠢᠯᠠᠨ  ᠨᠠᠰᠤᠳᠠᠨ ᠤ ᠭᠡᠷ ᠲᠤ ᠬᠦᠷᠴᠦ ᠲᠤᠭᠯᠠᠯᠳᠠ ᠭᠠᠷᠭᠠᠵᠦ ᠦᠭᠭᠦᠭᠰᠡᠨ ᠪᠠᠶᠢᠨ᠎ᠠ᠃ ᠨᠠᠰᠤᠳᠠᠨ ᠤ ᠪᠠᠶᠠᠷᠯᠠᠵᠦ  ᠲᠠᠯᠠᠷᠬᠠᠬᠰᠠᠨ ᠪᠤᠷᠤᠭᠵᠢᠭᠤᠨ ᠶᠠᠷᠢᠶ᠎ᠠ᠂ ᠲᠤᠯᠠᠭᠠᠬᠠᠨ ᠬᠠᠷᠠᠴᠠ ᠲᠡᠬᠦᠨ ᠤ ᠰᠡᠳᠬᠢᠯ ᠳᠤ ᠬᠦᠨ ᠰᠠᠭᠤᠭᠳᠠᠵᠦ᠂  ᠤᠳᠤ ᠡᠷᠬᠢᠴᠡᠬᠦᠯᠬᠦ ᠳᠤ ᠮᠦᠨ ᠬᠤᠭᠤᠯᠠᠢ ᠨᠢ ᠵᠠᠩᠭᠢᠷᠠᠨ᠎ᠠ᠃             ᠲᠤᠬᠠᠢ ᠶᠢᠨ ᠦᠶ᠎ᠡ ᠳᠤ ᠬᠦᠳᠡᠭᠡ ᠠᠶᠢᠯ ᠳᠤ ᠴᠠᠭᠢᠯᠭᠠᠨ ᠨᠡᠪᠲᠡᠷᠡᠭᠡᠳᠤᠢ᠂ ᠰᠤᠮᠤ ᠪᠠᠯᠭᠠᠰᠤᠨ ᠤ  ᠰᠤᠶᠤᠯ ᠤᠨ ᠦᠷᠳᠡᠭᠡᠨ ᠳᠤ ᠴᠤ ᠲᠤᠯᠠᠭᠠᠯᠠᠭ᠎ᠠ ᠶᠢᠨ ᠲᠦᠭᠦᠭᠡᠷᠤᠮᠵᠢ ᠦᠭᠡᠢ᠂ ᠮᠠᠯᠴᠢᠳ ᠤᠨ ᠵᠤᠭ᠎ᠠ ᠴᠡᠩᠭᠡᠯ ᠤᠨ  ᠠᠵᠢᠯᠯᠠᠭ᠎ᠠ ᠲᠤᠩ ᠴᠦᠭᠡᠨ᠂ ᠲᠡᠶᠢᠮᠦ ᠠᠴᠠ ᠤᠯᠠᠭᠠᠨᠮᠦ᠋ᠴᠢᠷ ᠬᠠᠮᠢᠭ᠎ᠠ ᠤᠴᠢᠪᠠᠯ ᠲᠡᠨᠳᠡ ᠪᠦᠭᠡᠮ ᠪᠠᠶᠠᠷ ᠪᠤᠯᠵᠦ᠂  ᠲᠤᠭᠯᠠᠯᠳᠠ ᠰᠤᠨᠢᠷᠬᠠᠨ᠂ ᠪᠦᠵᠢᠭᠯᠡᠨ ᠲᠠᠡᠼᠯᠠᠵᠤ ᠨᠠᠶᠢᠷᠯᠠᠯᠳᠤᠨ ᠬᠦᠭᠵᠢᠯᠳᠤᠳᠡᠭ᠃ ᠡᠪᠤᠯ ᠤᠨ ᠭᠤᠤᠯ  ᠬᠦᠢᠳᠡᠨ ᠳᠤ ᠲᠤᠭᠯᠠᠭᠴᠢᠳ ᠬᠦᠳᠡᠭᠡ ᠪᠠᠭᠤᠵᠦ᠂ ᠨᠢᠮᠭᠡᠭᠡᠨ ᠪᠦᠵᠢᠭ ᠤᠨ ᠬᠤᠪᠴᠠᠰᠤ ᠢᠶᠠᠷ ᠪᠦᠵᠢᠭᠯᠡᠳᠡᠭ ᠠᠴᠠ  ᠬᠢᠮᠤᠷᠠᠭ᠎ᠠ ᠲᠠᠭᠰᠢᠭᠤᠷ ᠳᠤ ᠵᠦᠡᠭᠳᠡᠭᠡᠨ ᠨᠡᠷᠪᠡᠭᠳᠡᠳᠡᠭ᠂ ᠡᠬᠦᠨ ᠢ ᠮᠠᠯᠴᠢᠳ ᠬᠠᠷᠠᠭᠠᠳ ᠶᠡᠭᠡ ᠦᠷᠦᠪᠳᠦᠵᠦ ︽ ᠬᠦᠪᠤᠡᠭ ᠲᠡᠪᠡᠯ ᠲᠠᠢ ᠪᠠᠨ ᠪᠦᠵᠢᠭᠯᠡᠭᠡᠷᠡᠢ︾ ᠭᠡᠵᠦ ᠵᠠᠬᠢᠳᠠᠭ ᠴᠤ ᠲᠤᠭᠯᠠᠭᠴᠢᠳ ︽ᠪᠢᠳᠡ ᠬᠦᠢᠳᠡᠨ ᠠᠴᠠ  ᠪᠡᠷᠭᠡᠰᠢᠶᠡᠳᠡᠭ ᠦᠭᠡᠢ︾ ᠭᠡᠳ ᠲᠡᠰᠤᠭᠡᠳ ᠭᠠᠷᠳᠠᠭ᠃ ᠲᠤᠬᠠᠢᠢᠯᠠᠭᠰᠠᠨ ᠠᠵᠢᠯ ᠳᠠᠭᠠᠨ ᠬᠠᠷᠢᠭᠤᠴᠠᠬᠤ᠂ ᠤᠯᠠᠨ  ᠲᠦᠮᠡᠨ ᠳᠡᠭᠡᠨ ᠬᠠᠷᠢᠭᠤᠴᠠᠬᠤ ᠤᠪᠤᠷ ᠤᠯᠠᠭᠠᠨᠮᠦ᠋ᠴᠢᠷ ᠤᠨ ᠭᠡᠰᠢᠭᠦᠳ ᠢ ᠲᠡᠰᠪᠦᠷᠢ ᠲᠡᠪᠴᠢᠶᠡᠷᠢ ᠲᠠᠢ ᠪᠤᠯᠭᠠᠵᠦ᠂  ᠠᠵᠢᠯ ᠤᠨ ᠬᠠᠪᠤ ᠴᠡᠩᠭᠡᠯ ᠢᠶᠠᠷ ᠬᠦᠴᠢᠷ ᠪᠡᠷᠭᠡᠰᠢᠶᠡᠯ ᠢ ᠦᠯᠳᠡᠨ᠂ ᠶᠠᠮᠠᠷᠪᠠ ᠨᠦᠭᠦᠴᠡᠯ ᠲᠤᠤᠷ᠎ᠠ ᠴᠤ  ᠮᠠᠯᠴᠢᠳ ᠲᠠᠭᠠᠨ ᠬᠠᠮᠤᠭ ᠤᠨ ᠰᠠᠶᠢᠬᠠᠨ ᠤᠷᠠᠯᠢᠭ ᠤᠨ ᠲᠠᠭᠠᠰᠢᠶᠠᠯ ᠤᠯᠭᠤᠬᠤ ᠶᠢ ᠵᠤᠷᠢᠳᠠᠭ ᠪᠠᠶᠢᠨ᠎ᠠ᠃  ᠶᠠᠭ ᠡᠳᠡᠭᠡᠷ ᠠᠷᠠᠳ ᠤᠯᠠᠨ ᠤ ᠪᠠᠨ ᠰᠡᠳᠬᠢᠯ ᠢ ᠲᠤᠯᠠᠭᠠᠴᠠᠭᠤᠯᠤᠭᠰᠠᠨ ᠲᠤᠭᠯᠠᠯᠳᠠ ᠨᠢ ᠤᠯᠠᠨ ᠲᠦᠮᠡᠨ ᠳᠡᠭᠡᠨ  ᠦᠯᠡᠮᠵᠢ ᠤᠯᠠᠨ ᠪᠠᠶᠠᠷ ᠪᠠᠶᠠᠰᠤᠯ᠂ ᠬᠠᠯᠠᠭᠤᠨ ᠲᠤᠯᠠᠭᠠᠨ ᠢ ᠠᠪᠴᠢᠷᠠᠭᠰᠠᠨ ᠠᠴᠠ ᠡᠸᠡᠩᠭᠢ ᠬᠤᠰᠢᠭᠤᠨ ᠤ  ᠤᠯᠠᠭᠠᠨᠮᠦ᠋ᠴᠢᠷ ᠮᠠᠨᠢ ᠮᠠᠯᠴᠢᠨ ᠲᠦᠮᠡᠨ ᠲᠠᠢ ᠪᠠᠨ ᠰᠦ ᠤᠰᠤ ᠰᠢᠭ᠋ ᠠᠭᠤᠰᠤᠯᠴᠠᠵᠦ᠂ ᠬᠦᠷᠦᠭᠰᠡᠨ ᠭᠠᠵᠠᠷ  ᠪᠦᠬᠦᠨ ᠳᠡᠭᠡᠨ ᠬᠠᠯᠠᠭᠤᠨ ᠬᠦᠷᠢᠶᠡᠯᠡᠯ ᠤᠯᠳᠠᠭ ᠠᠵᠢ᠃               ᠰᠡᠳᠬᠢᠯ ᠨᠢᠭᠳᠠᠷᠠᠨ ᠵᠤᠷᠢᠭ ᠡᠷᠴᠢᠯᠡᠭᠰᠡᠨ ᠬᠠᠮᠳᠤ ᠨᠡᠶᠢᠲᠡ           ︽ᠲᠤᠤᠭᠠᠷᠪᠠᠯ ᠲᠠᠭᠤᠨ ᠨᠢᠭᠡᠳᠡᠢ᠂ ᠲᠤᠭᠳᠤᠷᠠᠪᠠᠯ ᠭᠦᠴᠦᠨ ᠨᠢᠭᠡᠳᠡᠢ︾ ᠭᠡᠳᠡᠭ ᠢᠶᠠᠷ᠂ ᠬᠠᠮᠳᠤ  ᠨᠢᠭᠡᠴᠢ ᠶᠢᠨ ᠨᠢᠭᠳᠠᠷᠠᠯ ᠤᠨ ᠬᠦᠴᠦᠨ ᠬᠢᠵᠠᠭᠠᠯᠠᠰᠢ ᠦᠭᠡᠢ ᠪᠠᠶᠢᠳᠠᠭ᠃ ᠡᠸᠡᠩᠬᠢ ᠬᠤᠰᠢᠭᠤᠨ ᠤ  ᠤᠯᠠᠭᠠᠨᠮᠦ᠋ᠴᠢᠷ ᠤᠨ ᠭᠡᠰᠢᠭᠦᠳ ᠬᠤᠭᠤᠷᠤᠨᠳᠤ ᠪᠠᠨ ᠬᠠᠪᠰᠤᠷᠤᠯᠴᠠᠨ ᠬᠠᠯᠠᠮᠵᠢᠯᠠᠵᠦ᠂ ᠬᠦᠴᠢᠷ ᠪᠠᠶᠢᠪᠠᠯ ᠬᠠᠮᠳᠤ ᠪᠠᠷ  ᠲᠤᠭᠤᠯᠬᠤ ᠤᠯᠠᠮᠵᠢᠯᠠᠯ ᠲᠠᠢ ᠠᠴᠠ ᠦᠭᠡ ᠬᠡᠯᠡ᠂ ᠵᠠᠩ ᠵᠠᠩᠰᠢᠯ ᠦᠭᠡᠷ᠎ᠡ ᠪᠠᠶᠢᠳᠠᠭ ᠴᠤ ᠨᠢᠭᠡ ᠭᠡᠷ ᠤᠨ ᠬᠦᠮᠦᠰ  ᠮᠡᠳᠤ ᠰᠡᠳᠬᠢᠯ ᠨᠢᠭᠡᠳᠡᠢ ᠶᠠᠪᠤᠳᠠᠭ᠃            ᠬᠤᠷᠴᠢᠨ ᠨᠤᠳᠤᠭ ᠲᠠᠢ ᠡᠷᠳᠡᠮᠳᠤ ᠪᠤᠯ 1984 ᠤᠨ ᠳᠤ ᠲᠦᠷᠦᠭᠰᠡᠨ ᠵᠠᠯᠠᠭᠤ ᠪᠦᠵᠢᠭᠴᠢᠨ᠂ ᠲᠡᠷᠡ  2001 ᠤᠨ ᠳᠤ ᠡᠸᠡᠩᠬᠢ ᠬᠤᠰᠢᠭᠤᠨ ᠤ ᠤᠯᠠᠭᠠᠨᠮᠦ᠋ᠴᠢᠷ ᠲᠤ ᠢᠷᠡᠬᠦ ᠳᠤ ᠡᠸᠡᠩᠬᠢ᠂ ᠲᠠᠭᠤᠷ ᠭᠡᠯᠡ ᠤᠭᠲᠤᠬᠠᠨ  ᠴᠤ ᠤᠢᠢᠯᠠᠭᠠᠬᠤ ᠦᠭᠡᠢ ᠪᠠᠶᠢᠯ᠎ᠠ᠂ ᠬᠦᠮᠦᠨ ᠤ ᠭᠠᠵᠠᠷ᠂ ᠬᠦᠨᠳᠡᠯᠡᠨ ᠤ ᠨᠤᠳᠤᠭ ᠲᠤ ᠶᠠᠭᠠᠬᠢᠳᠠᠭ ᠪᠢᠯᠡ ᠬᠡᠮᠡᠨ  ᠪᠡᠶ᠎ᠡ ᠳᠡᠭᠡᠨ ᠶᠡᠭᠡ ᠲᠠᠷᠤᠭᠠᠰᠤ ᠦᠭᠳᠡᠭ ᠪᠠᠶᠢᠭᠰᠠᠨ᠂ ᠲᠡᠷᠡ ᠦᠶᠡᠰ ᠤᠯᠠᠭᠠᠨᠮᠦ᠋ᠴᠢᠷ ᠤᠨ ᠠᠬ᠎ᠠ ᠡᠭᠡᠴᠢ ᠨᠠᠷ ᠨᠢ  ᠲᠡᠭᠦᠨ ᠢ ᠦᠪᠡᠷ ᠤᠨ ᠲᠡᠭᠦᠤ ᠪᠠᠨ ᠰᠢᠭ ᠪᠤᠳᠤᠵᠦ᠂ ᠠᠵᠢᠯ ᠠᠮᠢᠳᠤᠷᠠᠯ ᠳᠤᠨᠢ ᠶᠡᠭᠡᠭᠡᠨ ᠲᠡᠮᠵᠢᠯᠭᠡ  ᠦᠵᠡᠬᠦᠯᠦᠭᠰᠡᠨ ᠠᠴᠠ ᠡᠷᠳᠡᠮᠳᠤ ᠤᠳᠠᠯ ᠦᠭᠡᠢ ᠠᠳᠡᠬᠢ ᠵᠠᠩ ᠵᠠᠩᠰᠢᠯ᠂ ᠰᠤᠶᠤᠯ ᠢᠷᠭᠡᠨᠰᠢᠯ ᠳᠤ ᠲᠠᠳᠴᠤ᠂  ᠬᠠᠮᠳᠤ ᠨᠡᠶᠢᠳᠡ ᠶᠢᠨ ᠢᠶᠠᠨ ᠲᠦᠯᠦᠭᠡ ᠵᠢᠳᠬᠦᠨ ᠴᠢᠷᠮᠠᠶᠢᠳᠠᠭ ᠤᠨ ᠨᠢᠭᠡ ᠨᠢ ᠪᠤᠯᠤᠭᠰᠠᠨ ᠪᠢᠯᠡ᠃ ᠠᠩᠬ᠎ᠠ  ᠢᠷᠡᠬᠦ ᠳᠤ ᠦᠭᠡ ᠬᠡᠯᠡ ᠨᠡᠪᠳᠡᠷᠡᠯᠴᠡᠬᠦ ᠦᠭᠡᠢ ᠵᠤᠪᠠᠵᠦ ᠪᠤᠬᠢᠨᠢᠳᠤᠵᠦ ᠪᠠᠶᠢᠭᠰᠠᠨ ᠡᠷᠳᠡᠮᠳᠤ ᠤᠳᠤ ᠡᠸᠡᠩᠬᠢ ᠬᠡᠯᠡ  ᠰᠠᠶᠢᠬᠠᠨ ᠶᠠᠷᠢᠵᠦ ᠴᠢᠳᠠᠬᠤ ᠪᠠᠷ ᠪᠠᠷᠠᠬᠤ ᠦᠭᠡᠢ ᠲᠠᠭᠤᠷ ᠬᠡᠯᠡ ᠶᠢ ᠴᠤ ᠰᠤᠷᠴᠤ ᠡᠬᠢᠯᠡᠭᠰᠡᠨ ᠪᠢᠯᠡ᠃ 2005  ᠤᠨ ᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠤᠯᠠᠭᠠᠨᠮᠦ᠋ᠴᠢᠷ ᠤᠨ ᠤᠷᠠᠯᠢᠭ ᠤᠨ ᠨᠠᠶᠢᠷ ᠲᠤ  ᠬᠠᠮᠳᠤ ᠨᠢᠭᠡᠴᠢ ᠶᠢᠨ ᠲᠡᠷᠢᠬᠦᠨ ᠱᠠᠩᠨᠠᠯ ᠭᠠᠷᠳᠠᠭᠰᠠᠨ ᠢᠶᠠᠨ ᠡᠷᠳᠡᠮᠳᠤ ᠡᠷᠭᠢᠴᠡᠬᠦᠯᠦᠨ ᠶᠠᠷᠢᠬᠤ ᠳᠤ ᠤᠮᠤᠭᠰᠢᠯ  ᠪᠠᠭ᠋ᠠᠳᠤᠯ ᠤᠨ ᠰᠡᠳᠬᠢᠯᠭᠡ ᠢᠯᠡᠭᠡᠨ᠃ ᠲᠡᠷᠡ᠄ ︽ᠨᠢᠭᠡᠨ ᠬᠢᠷᠢ ᠲᠡᠩᠴᠡᠭᠰᠡᠨ ᠤᠯᠠᠭᠠᠨᠮᠦ᠋ᠴᠢᠷ ᠤᠨ ᠲᠤᠭᠯᠠᠭᠴᠢ ᠳᠤ  ᠲᠦᠷᠦᠯᠬᠢ ᠠᠪᠢᠶᠠᠰ ᠠᠴᠠ ᠨᠡᠩ ᠴᠢᠬᠤᠯᠠ ᠨᠢ ᠬᠠᠳᠠᠭᠤᠵᠢᠯᠳᠠᠢ ᠪᠤᠯᠪᠠᠰᠤᠷᠠᠯ ᠪᠠ ᠬᠦᠴᠢᠷ ᠤᠨ ᠡᠮᠦᠨ᠎ᠠ ᠠᠴᠠ  ᠡᠷᠡᠮᠡᠬᠡᠶᠢᠯᠡᠨ ᠤᠷᠤᠬᠤ ᠵᠤᠷᠢᠭ ᠰᠦᠰᠦ ᠪᠤᠯᠤᠨ᠎ᠠ᠂ ᠲᠤᠭᠯᠠᠯᠳᠠ᠂ ᠪᠤᠯᠪᠠᠰᠤᠷᠠᠯ ᠬᠢᠬᠦ ᠳᠡᠭᠡᠨ ᠡᠪ ᠦᠭᠡᠢ ᠦᠰᠦᠷᠭᠦ  ᠪᠤᠶᠤ ᠬᠡᠳᠦᠷᠡᠭᠰᠡᠨ ᠬᠦᠳᠡᠯᠦᠯ ᠬᠢᠭᠰᠡᠨ ᠠᠴᠠ ᠪᠡᠶ᠎ᠡ ᠪᠠᠨ ᠬᠡᠮᠳᠦᠭᠡᠬᠦ ᠪᠠᠶᠢᠳᠠᠯ ᠴᠤ ᠵᠦᠡᠭᠳᠡᠭᠡᠨ ᠭᠠᠷᠳᠠᠭ᠃ ᠪᠢ  ᠲᠡᠷᠡ ᠤᠳᠠᠭᠠᠨ ᠤ ᠤᠷᠠᠯᠢᠭ ᠤᠨ ᠨᠠᠶᠢᠷ ᠤᠨ ᠲᠤᠭᠯᠠᠯᠳᠠ ᠠᠴᠠ ᠡᠮᠦᠨ᠎ᠡ ᠬᠡᠳᠦᠷᠬᠡᠢ ᠴᠢᠩᠭ᠎ᠠ ᠪᠤᠯᠪᠠᠰᠤᠷᠠᠯ ᠪᠠ  ᠲᠠᠶᠢᠰᠠᠨ ᠲᠡᠭᠡᠷ᠎ᠡ ᠡᠪ ᠦᠭᠡᠢ ᠦᠰᠦᠷᠦᠭᠰᠡᠨ ᠠᠴᠠ ᠡᠪᠦᠳᠦᠭ ᠤᠨ ᠵᠠᠰᠤ ᠬᠡᠮᠳᠦᠵᠦ᠂ ᠲᠠᠶᠢᠰᠠᠨ ᠠᠴᠠ ᠪᠠᠭᠤᠮᠠᠭᠴᠠ  ᠡᠪᠡᠳᠦᠭᠡᠳ ᠬᠦᠳᠡᠯᠵᠦ ᠲᠡᠶᠢᠯᠬᠦ ᠦᠭᠡᠢ ᠪᠤᠯᠤᠭᠰᠠᠨ᠂ ᠲᠡᠭᠡᠭᠡᠳ ᠬᠠᠮᠳᠤ ᠠᠵᠢᠯᠯᠠᠭᠴᠢ ᠨᠠᠮᠠᠢᠢ ᠡᠭᠦᠷᠴᠤ ᠡᠮᠨᠡᠯᠭᠡ ᠳᠤ  ᠬᠦᠷᠭᠡᠭᠰᠡᠨ ᠪᠢᠯᠡ᠃ ᠭᠡᠪᠡᠴᠤ ᠮᠢᠨᠤ ᠬᠤᠪᠢ ᠳᠤ ᠱᠠᠩᠨᠠᠯ ᠲᠤᠰᠬᠤ ᠦᠶ᠎ᠡ ᠶᠢᠨ ᠪᠠᠶᠠᠷ ᠪᠠᠭ᠋ᠠᠳᠤᠯ ᠶᠡᠰᠤ ᠪᠡᠷᠳᠡᠯ ᠤᠨ  ᠰᠢᠨᠠᠯᠤᠯ ᠠᠴᠠ ᠬᠤᠯᠠ ᠲᠠᠪᠠᠭᠰᠠᠨ᠂ ᠬᠠᠮᠳᠤ ᠨᠢᠭᠡᠴᠢ ᠶᠢᠨ ᠢᠷᠠᠭᠤ ᠠᠯᠳᠠᠷ ᠢ ᠪᠢ ᠭᠡᠵᠢᠶᠡᠳᠡ ᠲᠡᠷᠢᠬᠦᠨ  ᠪᠠᠶᠢᠷᠢᠨ ᠳᠤ ᠲᠠᠯᠪᠢᠨ᠎ᠠ᠂ ᠶᠡᠷᠦ ᠶᠢᠨ ᠦᠶᠡᠰ ᠲᠡᠭᠡᠨ ᠴᠤ ᠬᠤᠪᠢ ᠬᠦᠮᠦᠨ ᠤ ᠰᠢᠯᠳᠠᠭᠠᠨ ᠠᠴᠠ ᠠᠵᠢᠯ ᠢᠶᠠᠨ  ᠰᠠᠭᠠᠳᠠᠭᠠᠬᠤ ᠠᠴᠠ ᠬᠢᠴᠢᠶᠡᠳᠡᠭ︾ ᠭᠡᠯ᠎ᠡ᠃ ᠵᠠᠯᠠᠭᠤ ᠦᠶ᠎ᠡ ᠶᠢᠨ ᠲᠤᠭᠯᠠᠭᠴᠢᠳ ᠤᠯᠠᠭᠠᠨᠮᠦ᠋ᠴᠢᠷ ᠢᠶᠠᠷ ︽ᠭᠡᠷ︾  ᠢᠶᠠᠨ ᠪᠤᠯᠭᠠᠵᠦ᠂ ᠬᠠᠮᠳᠤ ᠨᠡᠶᠢᠳᠡ ᠶᠢᠨ ᠢᠷᠠᠭᠤ ᠠᠯᠳᠠᠷ ᠢᠶᠠᠨ ᠬᠠᠮᠤᠭ ᠠᠴᠠ ᠨᠠᠨᠳᠢᠩᠨᠠᠵᠦ ᠶᠠᠪᠤᠳᠠᠭ ᠠᠴᠠ  ᠤᠯᠠᠭᠠᠨᠮᠦ᠋ᠴᠢᠷ ᠤᠨ ᠤᠢᠢᠯᠡᠰ ᠲᠠᠰᠤᠷᠠᠯᠳᠠ ᠦᠭᠡᠢ ᠬᠦᠭᠵᠢᠨ ᠪᠠᠳᠠᠷᠠᠬᠤ ᠡᠨᠧᠷᠬᠢ ᠬᠦᠴᠦᠨ ᠢᠶᠠᠨ ᠤᠯᠳᠠᠭ ᠠᠵᠢ᠃            ᠰᠢᠯᠢᠳᠡᠭ ᠤᠷᠠᠨ ᠪᠦᠳᠦᠭᠡᠯᠳᠡ ᠪᠠᠷ ᠤᠯᠠᠨ ᠲᠦᠮᠡᠨ ᠢᠶᠠᠨ ᠢᠪᠡᠭᠡᠨ᠎ᠡ᠂ ᠠᠷᠠᠳ ᠤᠨ ᠤᠷᠠᠯᠢᠭ ᠠᠷᠠᠳ ᠠᠴᠠ ᠢᠷᠡᠵᠦ ᠠᠷᠠᠳ ᠢᠶᠠᠨ ᠢᠪᠡᠭᠡᠳᠡᠭ᠂ ᠠᠷᠠᠳ ᠲᠦᠮᠡᠨ ᠤ ᠤᠶᠤᠨ  ᠰᠠᠨᠠᠭᠠᠨ ᠤ ᠰᠤᠶᠤᠯ ᠤᠨ ᠱᠠᠭᠠᠷᠳᠠᠯᠭ᠎ᠠ ᠶᠢ ᠬᠠᠨᠭ᠍ᠭᠠᠬᠤ ᠪᠤᠯ ᠤᠷᠠᠯᠢᠭ ᠤᠨ ᠠᠵᠢᠯᠳᠠᠨ ᠤ ᠵᠤᠷᠢᠯᠳᠠ ᠲᠤᠰᠤᠯᠳᠠ ᠪᠢᠯᠡ  ᠃ ᠡᠸᠡᠩᠬᠢ ᠬᠤᠰᠢᠭᠤᠨ ᠤ ᠤᠯᠠᠭᠠᠨᠮᠦ᠋ᠴᠢᠷ ᠨᠢ ᠬᠤᠰᠢᠭᠤᠨ ᠤ ᠪᠠᠨ ᠤᠯᠠᠨ ᠨᠡᠶᠢᠳᠡ ᠶᠢᠨ ᠰᠤᠶᠤᠯ ᠤᠨ  ᠪᠠᠶᠢᠭᠤᠯᠤᠯᠳᠠ ᠶᠢ ᠲᠦᠯᠬᠢᠨ ᠠᠬᠢᠭᠤᠯᠬᠤ ᠴᠢᠬᠤᠯᠠ ᠬᠦᠴᠦᠨ ᠪᠤᠯᠵᠦ᠂ ᠠᠷᠠᠳ ᠲᠦᠮᠡᠨ ᠤ ᠡᠳᠦᠷ ᠢᠷᠡᠬᠦᠶ᠎ᠡ  ᠨᠡᠮᠡᠭᠳᠡᠵᠦ ᠪᠠᠶᠢᠭ᠎ᠠ ᠰᠤᠶᠤᠯ ᠤᠨ ᠱᠠᠭᠠᠷᠳᠠᠯᠭ᠎ᠠ ᠶᠢ ᠬᠠᠨᠭ᠍ᠭᠠᠬᠤ ᠪᠠᠷ ᠵᠢᠳᠬᠦᠨ ᠴᠢᠷᠮᠠᠶᠢᠨ᠎ᠠ᠃            ᠤᠢᠢᠷ᠎ᠠ ᠶᠢᠨ ᠵᠢᠯ ᠤᠳ ᠢᠶᠠᠷ ᠡᠸᠡᠩᠭᠢ ᠬᠤᠰᠢᠭᠤᠨ ᠤ ᠤᠯᠠᠭᠠᠨᠮᠦ᠋ᠴᠢᠷ ᠤᠷᠠᠯᠢᠭ ᠤᠨ ᠰᠢᠨ᠎ᠡ ᠶᠢ  ᠡᠭᠦᠳᠬᠦ ᠶᠢ ᠴᠢᠬᠤᠯᠠᠴᠢᠯᠠᠵᠦ᠂ ᠵᠤᠬᠢᠶᠠᠨ ᠪᠦᠳᠦᠭᠡᠯᠭᠡ ᠶᠢᠨ ᠢᠶᠠᠨ ᠦᠵᠡᠯ ᠰᠠᠨᠠᠭᠠᠨ ᠤ ᠠᠭᠤᠯᠬᠤᠨ᠂  ᠢᠯᠡᠷᠡᠬᠦᠯᠦᠯ ᠤᠨ ᠠᠷᠭ᠎ᠠ ᠬᠡᠯᠪᠡᠷᠢ ᠶᠢ ᠪᠠᠶᠠᠯᠢᠭᠵᠢᠭᠤᠯᠵᠦ᠂ ᠦᠯᠡᠮᠵᠢ ᠤᠯᠠᠨ ᠰᠢᠯᠢᠳᠡᠭ ᠪᠦᠳᠦᠭᠡᠯ ᠢ ᠵᠤᠬᠢᠶᠠᠨ  ᠪᠦᠳᠦᠭᠡᠪᠡ᠃ ᠡᠷᠡᠭᠳᠡᠢ ᠶᠢᠨ ᠬᠠᠮᠳᠤ ᠶᠢᠨ ᠪᠦᠵᠢᠭ ︽ᠬᠦᠷᠢᠶᠡᠯᠡᠨ ᠠᠩᠨᠠᠬᠤ︾᠂ ︽ᠮᠦᠡᠭᠬᠦᠨ ᠠᠶᠠᠭ᠎ᠠ  ᠪᠤᠯᠢᠶᠠᠯᠳᠤᠬᠤ︾᠂ ᠲᠠᠭᠤᠯᠠᠯᠳᠤ ᠵᠦᠴᠦᠭᠡ ︽ᠰᠤᠯᠤᠩᠭᠠᠨ ᠵᠠᠮ︾᠂ ᠡᠮᠡᠭᠳᠡᠢ ᠶᠢᠨ ᠬᠠᠮᠳᠤ ᠶᠢᠨ ᠪᠦᠵᠢᠭ ︽ ᠲᠤᠯᠠᠭᠠᠬᠠᠨ ᠴᠠᠰᠤ︾ ᠵᠡᠷᠭᠡ ᠪᠦᠳᠦᠭᠡᠯ ᠤᠳ ᠨᠢ ᠤᠯᠠᠨ ᠲᠦᠮᠡᠨ ᠤ ᠱᠠᠭᠰᠢᠯ ᠪᠠᠭ᠋ᠠᠷᠬᠠᠯ᠂ ᠦᠨᠳᠦᠷ ᠦᠨᠡᠯᠡᠯᠳᠡ ᠶᠢ  ᠤᠯᠪᠠ᠃ ᠨᠡᠷᠡᠳᠤ ᠲᠤᠭᠯᠠᠭᠴᠢ᠂ ᠤᠳᠤᠷᠢᠳᠤᠭᠠᠴᠢ ᠲᠦᠮᠡᠨ ᠤ ᠤᠷᠠᠯᠢᠭ ᠤᠨ ᠬᠢᠨᠠᠭᠴᠢ ᠪᠠᠷ ᠬᠠᠷᠢᠭᠤᠴᠠᠭᠰᠠᠨ  ᠲᠠᠭᠤᠯᠠᠯᠳᠤ ᠪᠦᠵᠢᠭ ︽ᠰᠤᠯᠤᠩᠭᠠᠨ ᠵᠠᠮ︾ ᠨᠢ ᠰᠤᠯᠤᠨ ᠪᠠᠭᠠᠲᠤᠷᠴᠤᠳ ᠤᠨ ᠬᠢᠯᠢ ᠭᠢᠵᠠᠭᠠᠷ᠂ ᠤᠯᠤᠰ ᠤᠷᠤᠨ ᠤ  ᠨᠢᠭᠡᠳᠦᠯ ᠢᠶᠠᠨ ᠬᠠᠮᠠᠭᠠᠯᠠᠬᠤ ᠳᠤ ᠦᠵᠡᠬᠦᠯᠦᠭᠰᠡᠨ ᠭᠠᠪᠢᠶ᠎ᠠ ᠵᠢᠳᠬᠦᠯ ᠢ ᠮᠠᠭᠳᠠᠨ ᠲᠠᠭᠤᠯᠠᠵᠦ᠂ ᠰᠦᠷᠯᠢᠭ ᠦᠵᠡᠭᠳᠡᠯ᠂ ᠤᠷᠠᠨ ᠮᠡᠷᠭᠡᠵᠢᠯ᠂ ᠲᠤᠭᠳᠤᠯᠤᠮ᠎ᠠ ᠦᠯᠢᠭᠡᠷ ᠢᠶᠠᠷ ᠤᠷᠠᠨ ᠭᠤᠴᠤ ᠲᠠᠶᠢᠰᠠᠨ ᠤ ᠤᠷᠠᠯᠢᠭ ᠢ ᠢᠯᠡᠷᠡᠬᠦᠯᠤᠨ᠂  ᠨᠡᠶᠢᠭᠡᠮ ᠳᠤ ᠴᠢᠩᠭ᠎ᠠ ᠲᠤᠰᠬᠠᠯ ᠭᠠᠷᠴᠠᠢ᠃ ᠦᠵᠡᠭᠴᠢ ᠠᠴᠠ᠄ ︽ᠲᠡᠤᠬᠡᠨ ᠪᠤᠳᠠᠳᠤ ᠬᠡᠷᠡᠭ ᠢ ᠠᠮᠢᠯᠠᠭᠤᠯᠵᠦ᠂  ᠰᠤᠯᠤᠨ ᠠᠶᠢᠮᠠᠭ ᠤᠨ ᠵᠢᠷᠤᠮᠳᠤ ᠪᠠᠭᠠᠲᠤᠷᠴᠤᠳ ᠤᠨ ᠰᠡᠳᠬᠢᠯ ᠤᠶᠠᠷᠠᠭᠤᠯᠤᠮ᠎ᠠ ᠲᠡᠤᠭᠡᠳᠤ ᠲᠠᠭᠤᠯᠠᠯ ᠢ  ᠤᠷᠠᠯᠢᠭ ᠢᠶᠠᠷ ᠲᠠᠬᠢᠨᠳᠠ ᠢᠯᠡᠷᠡᠬᠦᠯᠪᠡ︾ ᠬᠡᠵᠦ ᠦᠨᠡᠯᠡᠭᠰᠡᠨ ᠪᠠᠶᠢᠨ᠎ᠠ᠃               ᠲᠡᠤᠭᠡ ᠰᠤᠶᠤᠯ ᠳᠤ ᠬᠠᠨᠳᠤᠬᠤ ᠬᠢᠨᠠᠮᠠᠭᠠᠢ ᠤᠪᠤᠷ ᠪᠤᠯ ᠤᠯᠠᠮᠵᠢᠯᠠᠨ ᠵᠠᠯᠭᠠᠮᠵᠢᠯᠠᠭᠴᠢ ᠶᠢᠨ ᠴᠢᠬᠤᠯᠠ ᠬᠡᠪ  ᠴᠢᠨᠠᠷ ᠮᠦᠨ᠂ ᠡᠸᠡᠩᠬᠢ ᠬᠤᠰᠢᠭᠤᠨ ᠤ ᠤᠯᠠᠭᠠᠨᠮᠦ᠋ᠴᠢᠷ ᠤᠨ ᠵᠤᠬᠢᠶᠠᠨ ᠪᠦᠳᠦᠭᠡᠯᠭᠡ ᠨᠢ ᠠᠮᠢᠳᠤᠷᠠᠯ ᠤᠨ  ᠬᠦᠷᠦᠰᠦᠨ ᠳᠤ ᠭᠦᠨ ᠦᠨᠳᠦᠰᠦᠯᠡᠨ᠂ ᠠᠮᠢᠳᠤᠷᠠᠯ ᠢ ᠦᠨᠡᠨ ᠪᠤᠳᠠᠳᠠᠢ ᠪᠠᠷ ᠲᠤᠰᠬᠠᠬᠤ ᠶᠢ ᠴᠢᠬᠤᠯᠠᠴᠢᠯᠠᠵᠦ᠂  ᠲᠡᠤᠭᠡ ᠶᠢᠨ ᠢᠷᠡᠯ ᠭᠠᠷᠤᠯ ᠢ ᠤᠢᠢᠯᠠᠭᠠᠵᠦ᠂ ᠠᠮᠢᠳᠤᠷᠠᠯ ᠠᠴᠠ ᠰᠠᠯᠤᠩᠬᠢᠷᠠᠬᠤ ᠦᠬᠡᠢ ᠪᠠᠶᠢᠬᠤ ᠶᠢ ᠪᠠᠷᠢᠮᠳᠠᠯᠠᠳᠠᠭ᠃  ︽ᠬᠦᠷᠢᠶᠡᠯᠡᠨ ᠠᠩᠨᠠᠬᠰᠠᠨ︾᠂ ︽ᠪᠤᠭᠤ ᠶᠢᠨ ᠱᠦᠭᠯᠦ︾ ᠵᠡᠷᠭᠡ ᠪᠦᠵᠢᠭ ᠢ ᠵᠤᠬᠢᠶᠠᠨ ᠪᠦᠳᠦᠭᠡᠭᠦ ᠶᠠᠪᠤᠴᠨ ᠳᠤ  ᠡᠷᠳᠡᠨ ᠤ ᠠᠩᠴᠢᠨ ᠠᠮᠢᠳᠤᠷᠠᠯ ᠢ ᠲᠤᠰᠬᠠᠭᠰᠠᠨ ᠲᠡᠤᠭᠡᠨ ᠮᠠᠲ᠋ᠧᠷᠢᠶᠠᠯ ᠢ ᠡᠮᠬᠢᠳᠭᠡᠨ ᠴᠤᠭᠯᠠᠭᠤᠯᠬᠤ ᠶᠢᠨ ᠬᠠᠮᠳᠤ  ᠠᠩᠴᠢᠨ ᠲᠤᠰᠬᠤᠨ ᠢᠶᠠᠷ ᠶᠠᠪᠤᠵᠦ᠂ ᠨᠠᠰᠤ ᠠᠬᠢᠭᠰᠠᠨ ᠠᠩᠴᠢᠳ ᠠᠴᠠ ᠲᠤᠬᠠᠢ ᠶᠢᠨ ᠦᠶ᠎ᠡ ᠶᠢᠨ ᠠᠡᠭ ᠠᠩᠨᠠᠯ ᠤᠨ  ᠪᠠᠶᠢᠳᠠᠯ ᠢ ᠨᠠᠷᠢᠯᠢᠭ ᠤᠢᠢᠯᠠᠭᠠᠭᠰᠠᠨ ᠰᠠᠭᠤᠷᠢᠨ ᠲᠡᠭᠡᠷ ᠎ᠡ ᠵᠤᠬᠢᠶᠠᠨ ᠪᠦᠳᠦᠭᠡᠭᠰᠡᠨ ᠪᠠᠶᠢᠨ᠎ᠠ᠃              ᠲᠡᠤᠭᠡ ᠶᠢᠨ ᠬᠦᠷᠳᠤ ᠪᠦᠮᠪᠦᠷᠢᠵᠦ᠂ ᠤᠨ ᠴᠠᠭ ᠡᠭᠡᠯᠵᠢᠯᠡᠭᠰᠡᠭᠡᠷ ᠡᠸᠡᠩᠭᠢ ᠬᠤᠰᠢᠭᠤᠨ ᠤ ᠤᠯᠠᠭᠠᠨᠮᠦ᠋ᠴᠢᠷ  56 ᠬᠠᠪᠤᠷ ᠨᠠᠮᠤᠷ ᠢ ᠲᠤᠭᠤᠯᠤᠨ᠂ ︽ᠲᠠᠯ᠎ᠠ ᠨᠤᠳᠤᠭ ᠤᠨ ᠤᠳᠬ᠎ᠠ ᠤᠷᠠᠯᠢᠭ ᠤᠨ ᠬᠦᠡᠭᠭᠡᠨ ᠮᠦᠷᠢᠳᠤ ᠴᠡᠷᠢᠭ︾  ᠰᠢᠵᠢᠷ ᠠᠯᠳᠠᠨ ᠬᠦᠭᠵᠢᠯᠳᠡ ᠶᠢᠨ ᠴᠠᠭ ᠡᠷᠢᠨ ᠢᠶᠠᠨ ᠤᠭᠳᠤᠨ ᠠᠪᠤᠯ᠎ᠠ᠃ ᠰᠢ ᠶᠢᠨ ᠫᠢᠡᠭ ᠶᠡᠷᠦᠩᠭᠡᠢ ᠱᠦᠵᠢ ᠶᠢᠨ  ᠰᠦᠨᠢᠳ ᠪᠠᠷᠠᠭᠤᠨ ᠬᠤᠰᠢᠭᠤᠨ ᠤ ᠤᠯᠠᠭᠠᠨᠮᠦ᠋ᠴᠢᠷ ᠲᠤ ᠢᠯᠡᠭᠡᠭᠰᠡᠨ ᠬᠠᠷᠢᠭᠤ ᠵᠠᠬᠢᠳᠠᠯ ᠨᠢ ᠡᠸᠡᠩᠬᠢ ᠬᠤᠰᠢᠭᠤᠨ ᠤ  ᠤᠯᠠᠭᠠᠨᠮᠦ᠋ᠴᠢᠷ ᠤᠨ ᠠᠵᠢᠯ ᠤᠢᠢᠯᠡᠰ ᠤᠨ ᠵᠦᠭᠯᠡᠬᠦᠷ᠂ ᠤᠶᠤᠨ ᠰᠠᠨᠠᠭᠠᠨ ᠤ ᠢᠳᠡᠪᠬᠢ ᠬᠦᠴᠣᠨ ᠪᠤᠯᠵᠦ᠂  ᠬᠤᠪᠢᠰᠬᠠᠯᠳᠤ ᠤᠳᠬ᠎ᠠ ᠤᠷᠠᠯᠢᠭ ᠤᠨ ᠤᠯᠠᠮᠵᠢᠯᠠᠯ ᠢᠶᠠᠨ ᠪᠠᠳᠠᠷᠠᠭᠤᠯᠤᠨ᠂ ᠲᠤᠷᠪᠢᠯᠢᠭ ᠰᠤᠳᠤᠨ  ᠪᠦᠳᠦᠭᠡᠯ ᠢᠶᠠᠷ ᠢᠶᠠᠨ ᠪᠠᠳᠠᠷᠠᠯᠳᠤ ᠲᠦᠷᠦ ᠶᠢᠨ ᠴᠤᠭ ᠵᠢᠪᠬᠤᠭ᠎ᠠ ᠶᠢ ᠵᠢᠷᠤᠭᠯᠠᠵᠦ᠂ ᠤᠳᠬ᠎ᠠ ᠤᠷᠠᠯᠢᠭ ᠤᠨ ᠲᠤᠷᠭᠠᠨ  ᠵᠠᠮ ᠢᠶᠠᠷ ᠢᠳᠡᠭᠡᠯ ᠲᠦᠭᠦᠷᠡᠩ ᠤᠷᠤᠭᠰᠢᠯᠠᠨᠠᠮ᠃
 
ᠢᠷᠡᠯᠲᠡ᠄ ᠬᠥᠯᠥᠨ ᠪᠣᠶᠢᠷ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号